ᠶᠡᠬᠡ ᠵᠤᠤ ᠰᠦᠮ᠎ᠡ᠎ᠶᠢᠨ ᠬᠢᠲᠠᠳ ᠨᠡᠷ᠎ᠡ ᠨᠢ 《ᠡᠦ ᠯᠢᠶᠠᠩ ᠰᠧ (无量寺) 》 ᠭᠡᠳᠡᠭ᠂ ᠮᠣᠩᠭᠣᠯ᠎ᠢᠶᠠᠷ 《ᠶᠡᠬᠡ ᠵᠤᠤ》 ᠭᠡᠵᠦ᠂ 《ᠶᠡᠬᠡ ᠰᠦᠮ᠎ᠡ》 ᠭᠡᠰᠡᠨ ᠤᠳᠬ᠎ᠠ ᠲᠠᠢ᠃ ᠬᠥᠬᠡᠬᠣᠲᠠ᠎ᠶᠢᠨ ᠢᠦᠢ ᠴᠤᠸᠠᠨ ᠲᠣᠭᠣᠷᠢᠭ᠋᠎ᠤᠨ ᠶᠡᠬᠡ ᠵᠤᠤ ᠡᠮᠦᠨ᠎ᠡ ᠵᠡᠭᠡᠯᠢ᠎ᠳᠤ ᠪᠠᠢᠷᠢᠯᠠᠵᠤ᠂ ᠮᠢᠩ ᠤᠯᠤᠰ᠎ᠤᠨ ᠸᠠᠨ ᠯᠢ᠎ᠶᠢᠨ ᠳᠣᠯᠣᠳᠤᠭᠠᠷ ᠣᠨ (1579 ᠣᠨ)᠎ᠠᠴᠠ ᠡᠬᠢᠯᠡᠨ ᠪᠠᠢᠭᠤᠯᠪᠠ᠂ ᠮᠢᠩ ᠤᠯᠤᠰ᠎ᠤᠨ ᠦᠶ᠎ᠡ᠎ᠳᠦ 《ᠾᠥᠩ ᠼᠢ ᠰᠧ (弘慈寺) 》 ᠭᠡᠳᠡᠭ᠂ ᠲᠡᠦᠬᠡᠨ ᠳᠡᠭᠡᠷ᠎ᠡ ᠪᠠᠰᠠ 《ᠮᠥᠩᠭᠥᠨ ᠪᠤᠷᠬᠠᠨᠲᠤ ᠰᠦᠮ᠎ᠡ》᠂ 《ᠶᠡᠬᠡ ᠬᠥᠯᠭᠡᠨ ᠨᠣᠮᠣᠨ ᠬᠦᠷᠳᠦᠨ ᠰᠦᠮ᠎ᠡ》᠂ 《ᠭᠠᠨᠵᠤᠤᠷ ᠰᠦᠮ᠎ᠡ》᠂ 《ᠬᠠᠭᠠᠨ᠎ᠤ ᠰᠦᠮ᠎ᠡ》 ᠭᠡᠬᠦ ᠮᠡᠲᠦ᠎ᠶᠢᠨ ᠤᠯᠠᠨ ᠵᠦᠢᠯ᠎ᠦᠨ ᠨᠡᠷᠡᠢᠳᠦᠯ᠎ᠲᠠᠢ᠂ ᠴᠢᠩ ᠤᠯᠤᠰ᠎ᠤᠨ ᠳᠡᠭᠡᠳᠦ ᠡᠷᠳᠡᠮᠲᠦ᠎ᠶᠢᠨ ᠲᠠᠪᠤᠳᠤᠭᠠᠷ ᠣᠨ (1640 ᠣᠨ)᠎ᠳᠤ ᠰᠡᠯᠪᠢᠨ ᠵᠠᠰᠠᠭᠰᠠᠨ᠎ᠤ ᠲᠠᠷᠠᠭ᠎ᠠ ᠴᠠᠭᠯᠠᠰᠢ ᠦᠭᠡᠢ ᠰᠦᠮ᠎ᠡ ᠬᠡᠮᠡᠭᠡᠳ ᠣᠳᠣ᠌ ᠪᠣᠯᠵᠠᠢ᠃
ᠶᠡᠬᠡ ᠵᠣᠣ᠎ᠶᠢᠨ ᠲᠠᠯᠠᠪᠠᠶ ᠨᠢ ᠪᠠᠷᠤᠭ 3 ᠲᠦᠮᠡᠨ ᠺᠤᠸᠠᠳ᠋ ᠮᠧᠲᠷ᠂ ᠰᠦᠮ᠎ᠡ ᠬᠡᠢᠳ᠎ᠢᠶᠡᠨ ᠡᠮᠦᠨᠡᠰᠢ ᠬᠠᠨᠳᠤᠭᠤᠯᠤᠨ ᠪᠠᠷᠢᠪᠠ᠂ ᠭᠣᠣᠯ ᠪᠠᠷᠢᠯᠭ᠎ᠠ᠎ᠪᠠᠨ ᠳᠣᠯᠣᠭᠠᠨ ᠲᠠᠩᠬᠢᠮ᠎ᠲᠤ ᠰᠦᠮ᠎ᠡ ᠬᠡᠯᠪᠡᠷᠢ ᠲᠡᠢ ᠪᠠᠢᠷᠢᠯᠠᠭᠤᠯᠵᠤ᠂ ᠭᠣᠣᠯ ᠲᠡᠩᠭᠡᠯᠢᠭ᠎ᠦᠨ ᠱᠤᠭᠤᠮ᠎ᠢ ᠳᠠᠭᠠᠵᠤ ᠴᠠᠮᠬᠠᠭ ᠡᠭᠦᠳᠡ᠂ ᠰᠦᠮ᠎ᠡ᠎ᠶᠢᠨ ᠬᠠᠭᠠᠯᠭ᠎ᠠ᠂ ᠮᠠᠬᠠᠷᠠᠨᠽᠠ᠎ᠶᠢᠨ ᠳᠤᠭᠠᠩ᠂ ᠪᠣᠳᠢ᠎ᠶᠢᠨ ᠳᠤᠭᠠᠩ᠂ ᠶᠡᠬᠡ ᠳᠤᠭᠠᠩ᠂ ᠰᠤᠳᠤᠷ ᠬᠠᠳᠠᠭᠠᠯᠠᠬᠤ ᠲᠠᠭᠲᠤ᠂ ᠵᠡᠭᠦᠨ ᠪᠠᠷᠠᠭᠤᠨ ᠵᠢᠭᠦᠷ᠎ᠦᠨ ᠬᠠᠷᠰᠢ᠂ ᠵᠢᠭᠦᠷ᠎ᠦᠨ ᠭᠡᠷ ᠵᠡᠷᠭᠡ ᠪᠠᠷᠢᠯᠭ᠎ᠠ᠎ᠶᠢ ᠪᠠᠢᠭᠤᠯᠵᠠᠢ᠂ ᠳᠠᠭᠠᠯᠲᠠ ᠪᠠᠷᠢᠯᠭ᠎ᠠ᠎ᠳᠤ ᠨᠢ ᠷᠠᠭᠢᠨ ᠰᠦᠮ᠎ᠡ᠂ ᠬᠠᠰ ᠪᠤᠷᠬᠠᠨ᠎ᠤ ᠲᠣᠭᠠᠩ᠂ ᠪᠣᠳᠢᠰᠠᠳ᠋ᠸ᠎ᠠ᠎ᠶᠢᠨ ᠳᠤᠭᠠᠩ᠂ ᠮᠠᠢᠳᠠᠷᠢ᠎ᠶᠢᠨ ᠳᠤᠭᠠᠩ ᠵᠡᠷᠭᠡ ᠪᠠᠢᠳᠠᠭ ᠮᠥᠷᠲᠡᠭᠡᠨ ᠰᠦᠮ᠎ᠡ᠎ᠶᠢᠨ ᠭᠠᠳᠠᠭᠤᠷ ᠨᠢ ᠪᠠᠰᠠ ᠰᠦᠮ᠎ᠡ᠎ᠶᠢ ᠲᠣᠭᠣᠷᠢᠭ᠍ᠰᠠᠨ ᠭᠣᠣᠯ ᠵᠠᠮ ᠵᠢᠴᠢ ᠵᠡᠭᠦᠨ ᠪᠠᠷᠠᠭᠤᠨ ᠰᠠᠩ ᠬᠠᠭᠠᠯᠭ᠎ᠠ ᠲᠠᠢ᠂ ᠶᠡᠬᠡ ᠳᠤᠭᠠᠩ ᠨᠢ ᠰᠦᠮ᠎ᠡ᠎ᠶᠢᠨ ᠳᠣᠲᠣᠷᠠᠬᠢ ᠭᠣᠣᠯ ᠪᠠᠷᠢᠯᠭ᠎ᠠ ᠪᠣᠯᠣᠨ᠎ᠠ᠂ ᠲᠥᠪᠡᠳ ᠬᠢᠲᠠᠳ ᠬᠡᠪ ᠨᠠᠮᠪᠠ ᠤᠶᠠᠯᠳᠤᠭᠰᠠᠨ ᠪᠠᠷᠢᠯᠭ᠎ᠠ ᠶ᠋ᠢᠨ ᠬᠡᠯᠪᠡᠷᠢ᠎ᠶᠢ ᠬᠡᠷᠡᠭᠯᠡᠭᠰᠡᠨ᠎ᠢᠶᠡᠷ ᠪᠦᠬᠦᠶ᠋ᠢᠯᠡ ᠳᠤᠭᠠᠩ ᠨᠢ ᠥᠩᠭᠡ ᠭᠢᠯᠪᠠᠭ᠎ᠠ ᠰᠠᠴᠤᠷᠠᠨ᠂ ᠲᠥᠪ ᠶᠡᠬᠡᠮᠰᠦᠭ ᠪᠠᠢᠳᠠᠭ᠃
ᠡᠨᠳᠡ ᠪᠠᠰᠠ ᠬᠣᠶᠠᠷ ᠵᠡᠭᠡᠯᠢ᠎ᠶᠢ ᠳᠤᠷᠠᠳᠤᠭᠤᠰᠢᠲᠠᠢ᠂ ᠨᠢᠭᠡ ᠨᠢ ᠰᠠᠢ ᠱᠠᠩ ᠬᠠᠭᠤᠴᠢᠨ ᠵᠡᠭᠡᠯᠢ᠂ ᠨᠦᠭᠦᠭᠡ ᠨᠢ ᠲᠦᠩ ᠱᠦᠨ ᠶᠡᠬᠡ ᠭᠤᠳᠤᠮᠵᠢ ᠪᠣᠯᠣᠨ᠎ᠠ᠂ ᠰᠠᠢ ᠱᠠᠩ ᠬᠠᠭᠤᠴᠢᠨ ᠵᠡᠭᠡᠯᠢ᠎ᠳᠦ ᠡᠷᠲᠡᠨ᠎ᠦ ᠡᠳ᠋ᠯᠡᠯ᠂ ᠠᠷᠠᠳ᠎ᠤᠨ ᠵᠠᠩ ᠦᠢᠯᠡ᠂ ᠪᠦᠷᠢᠨ ᠪᠠᠷᠠᠭ᠎ᠠ᠂ ᠭᠠᠷ ᠤᠷᠠᠯᠠᠯ᠎ᠤᠨ ᠪᠦᠲᠦᠭᠡᠭᠳᠡᠬᠦᠨ ᠨᠢ ᠨᠢᠳᠦ ᠳᠦᠭᠦᠷᠡᠩ ᠨᠡᠯ ᠡᠷᠳᠡᠨᠢ ᠪᠠᠢᠳᠠᠭ᠃
ᠲᠦᠩ ᠱᠦᠨ ᠶᠡᠬᠡ ᠭᠤᠳᠤᠮᠵᠢ ᠨᠢ ᠶᠡᠬᠡ ᠵᠤᠤ ᠠᠭᠤᠳᠠᠮ ᠲᠠᠯᠠᠪᠠᠢ᠎ᠶᠢᠨ ᠪᠠᠷᠠᠭᠤᠨ ᠲᠠᠯ᠎ᠠ᠎ᠪᠠᠷ᠂ ᠰᠠᠢ ᠱᠠᠩ ᠬᠠᠭᠤᠴᠢᠨ ᠵᠡᠭᠡᠯᠢ᠎ᠶᠢᠨ ᠡᠮᠦᠨ᠎ᠡ ᠲᠠᠯ᠎ᠠ᠎ᠳᠤ ᠪᠠᠢᠷᠢᠯᠠᠵᠤ ᠪᠠᠢᠳᠠᠭ᠂ 2013 ᠣᠨ᠎ᠤ ᠰᠡᠭᠦᠯᠴᠢ᠎ᠡᠴᠡ ᠡᠬᠢᠯᠡᠨ ᠪᠠᠢᠭᠤᠯᠤᠭᠰᠠᠨ ᠪᠦᠬᠦ ᠤᠷᠳᠤ ᠨᠢ 250 ᠮᠧᠲ᠋ᠷ᠂ ᠪᠠᠷᠤᠭ 5600 ᠺᠤᠸᠠᠳ᠋ ᠮᠧᠲ᠋ᠷ ᠲᠠᠯᠠᠪᠠᠢ᠎ᠲᠠᠢ ᠰᠠᠢ ᠱᠠᠩ ᠠᠮᠲᠠᠲᠤ ᠢᠳᠡᠭᠡᠨ᠎ᠦ ᠵᠡᠭᠡᠯᠢ ᠪᠣᠯᠣᠨ᠎ᠠ᠃ ᠲᠦᠩ ᠱᠦᠨ ᠶᠡᠬᠡ ᠭᠤᠳᠤᠮᠵᠢ᠎ᠶᠢᠨ ᠵᠠᠮ ᠳᠠᠭᠠᠤ ᠬᠤᠳᠠᠯᠳᠤᠭᠠᠨ᠎ᠤ ᠫᠦᠰᠡ ᠤᠯᠠᠨ ᠪᠠᠢᠵᠤ᠂ ᠭᠤᠳᠤᠮᠵᠢᠨ᠎ᠳᠤ ᠭᠣᠣᠯᠳᠠᠭᠤ ᠱᠣᠣᠮᠠᠢ᠂ ᠮᠣᠩᠭᠣᠯ ᠱᠠᠯᠪᠢᠩ᠂ ᠴᠤᠪᠤᠳᠠᠢ᠂ ᠪᠣᠷᠴᠠ᠂ ᠭᠠᠷ ᠦᠢᠯᠡᠳᠪᠦᠷᠢ᠎ᠶᠢᠨ ᠳ᠋ᠧᠦᠹᠦ᠋ ᠵᠡᠷᠭᠡ ᠨᠢ ᠪᠦᠷ ᠥᠪᠥᠷ ᠮᠣᠩᠭᠣᠯ᠎ᠤᠨ ᠵᠢᠴᠢ ᠡᠯ᠎ᠡ ᠭᠠᠵᠠᠷ᠎ᠤᠨ ᠭᠠᠷ ᠦᠢᠯᠡᠳᠪᠦᠷᠢ᠎ᠶᠢᠨ ᠰᠤᠯᠠ ᠢᠳᠡᠭᠡᠨ ᠪᠠᠢᠵᠤ᠂ ᠲᠤᠬᠠᠢ᠎ᠶᠢᠨ ᠦᠶ᠎ᠡ᠎ᠶᠢᠨ ᠬᠦᠢ ᠬᠤᠸᠠ ᠬᠤᠳᠠ᠎ᠶᠢᠨ ᠬᠠᠭᠤᠴᠢᠨ ᠦᠨᠦᠷ ᠠᠮᠲᠠ᠎ᠶᠢ ᠲᠠᠬᠢᠨ ᠢᠯᠡᠷᠡᠭᠦᠯᠬᠦ᠎ᠪᠡᠷ ᠳᠠᠮᠵᠢᠭᠤᠯᠤᠨ ᠥᠪᠡᠷᠮᠢᠴᠡ ᠣᠨᠴᠠᠯᠢᠭ᠋᠎ᠲᠠᠢ ᠬᠤᠳᠠᠯᠳᠤᠭᠠᠨ᠎ᠤ ᠵᠡᠭᠡᠯᠢ᠎ᠶᠢ ᠪᠦᠷᠢᠯᠳᠦᠭᠦᠯᠵᠡᠢ᠃ ᠲᠦᠩ ᠱᠦ᠋ᠨ ᠶᠡᠬᠡ ᠭᠤᠳᠤᠮᠵᠢ᠎ᠶᠢᠨ ᠪᠦᠬᠦ ᠪᠠᠷᠢᠯᠭ᠎ᠠ ᠨᠢ ᠮᠢᠩ ᠤᠯᠤᠰ ᠴᠢᠩ ᠤᠯᠤᠰ᠎ᠤᠨ ᠦᠶ᠎ᠡ᠎ᠶᠢᠨ ᠣᠨᠴᠠᠯᠢᠭ᠋᠎ᠢ ᠭᠦᠢᠴᠡᠳ ᠢᠯᠡᠷᠡᠭᠦᠯᠦᠨ᠂ ᠵᠢᠭᠤᠯᠴᠢᠯᠠᠭᠰᠠᠳ᠎ᠲᠤ ᠣᠷᠣᠨ ᠨᠤᠲᠤᠭ᠎ᠤᠨ ᠵᠢᠩᠬᠢᠨᠢ ᠠᠮᠲᠠᠲᠤ ᠢᠳᠡᠭᠡᠨ᠎ᠢ ᠠᠮᠲᠠᠯᠠᠭᠤᠯᠬᠤ᠎ᠶᠢᠨ ᠵᠡᠷᠭᠡ᠎ᠳᠦ ᠥᠪᠡᠷᠮᠢᠴᠡ ᠣᠨᠴᠠᠯᠢᠭ᠋᠎ᠲᠠᠢ ᠭᠠᠵᠠᠷ ᠣᠷᠣᠨ ᠪᠠ ᠦᠨᠳᠦᠰᠦᠲᠡᠨ᠎ᠦ ᠵᠠᠩ ᠦᠢᠯᠡ᠎ᠶᠢ ᠨᠡᠩ ᠢᠯᠡᠭᠦᠦ ᠮᠡᠳᠡᠷᠡᠭᠦᠯᠵᠦ᠂ ᠬᠤᠳᠠ᠎ᠶᠢᠨ ᠲᠥᠪ᠎ᠦᠨ ᠠᠯᠭᠤᠷ ᠲᠠᠢᠪᠤᠭᠤ ᠠᠮᠢᠳᠤᠷᠠᠯ᠎ᠢ ᠪᠦᠷᠢᠨ ᠲᠡᠭᠦᠯᠳᠡᠷ ᠣᠢᠯᠠᠭᠠᠭᠤᠯᠳᠠᠭ᠃
2014 ᠣᠨ᠎ᠳᠤ ᠢᠦᠢ ᠴᠤᠸᠠᠨ ᠲᠣᠭᠣᠷᠢᠭ ᠨᠢ ᠶᠡᠬᠡ ᠵᠤᠤ᠎ᠶᠢᠨ ᠲᠡᠦᠬᠡ ᠰᠣᠶᠣᠯ᠎ᠤᠨ ᠵᠢᠭᠤᠯᠴᠢᠯᠠᠯ᠎ᠤᠨ ᠣᠷᠣᠨ᠎ᠤ ᠤᠯᠤᠰ᠎ᠤᠨ 4A ᠳᠡᠰ᠎ᠤᠨ ᠵᠢᠭᠤᠯᠴᠢᠯᠠᠯ᠎ᠤᠨ ᠦᠵᠡᠮᠵᠢ᠎ᠶᠢᠨ ᠣᠷᠣᠨ᠎ᠢ ᠡᠭᠦᠳᠦᠨ ᠪᠠᠶ᠋ᠢᠭᠤᠯᠬᠤ ᠠᠵᠢᠯ᠎ᠢ ᠡᠬᠢᠯᠡᠭᠦᠯᠵᠦ᠂ 2016 ᠣᠨ᠎ᠤ 2 ᠳ᠋ᠤᠭᠠᠷ ᠰᠠᠷ᠎ᠠ᠎ᠳᠤ ᠤᠯᠤᠰ᠎ᠤᠨ 4A ᠳᠡᠰ᠎ᠤᠨ ᠵᠢᠭᠤᠯᠴᠢᠯᠠᠯ᠎ᠤᠨ ᠦᠵᠡᠮᠵᠢ᠎ᠶᠢᠨ ᠣᠷᠣᠨ᠎ᠢᠶᠠᠷ ᠦᠨᠡᠯᠡᠭᠳᠡᠪᠡ᠃