ᠤᠮᠠᠷᠠᠲᠤ ᠬᠢᠵᠠᠭᠠᠷ᠎ᠤᠨ ᠰᠣᠶᠣᠯ᠎ᠤᠨ ᠪᠠᠢᠭᠤᠯᠤᠯᠲᠠ᠎ᠶ᠋ᠢ ᠳᠡᠭᠡᠭ᠌ᠰᠢᠯᠡᠭᠦᠯᠬᠦ᠌ ᠠᠵᠢᠯᠯᠠᠭᠠᠨ   -   ᠠᠵᠢᠯ ᠶᠠᠪᠤᠭ᠍ᠳᠠᠵᠤ ᠪᠤᠢ
ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠰᠢᠷᠢᠰ ᠨᠡᠪᠲᠡᠷᠡᠭᠦᠯᠭᠡ᠎ᠶ᠋ᠢᠨ ᠦᠵᠡᠭᠦᠯᠭᠡ  ᠪᠠᠭᠠᠷᠢᠨ ᠲᠠᠨᠢᠬᠢᠷ᠎ᠤᠨ ᠰᠡᠢᠯᠦᠮᠡᠯ
ᠨᠡᠶ᠋ᠢᠲᠡᠯᠡᠭᠰᠡᠨ ᠴᠠᠭ᠄ 2025-08-21

ᠪᠠᠭᠠᠷᠢᠨ ᠲᠠᠨᠢᠬᠢᠷ᠎ᠤᠨ ᠰᠡᠢᠯᠤᠮᠡᠯ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠭᠠᠷᠢᠨ ᠪᠠᠷᠠᠭᠤᠨ ᠬᠣᠰᠢᠭᠤᠨ᠎ᠳᠦ ᠣᠨᠴᠠ ᠭᠠᠷᠤᠯᠲᠠ᠎ᠲᠠᠢ ᠪᠠᠭᠠᠷᠢᠨ ᠲᠠᠨᠢᠬᠢᠷ᠎ᠢᠶᠠᠷ ᠰᠡᠢᠯᠦᠮᠡᠯ᠎ᠦᠨ ᠤᠷᠠᠯᠢᠭ᠋᠎ᠤᠨ ᠵᠣᠬᠢᠶᠠᠨ ᠪᠦᠲᠦᠭᠡᠯᠭᠡ ᠬᠢᠳᠡᠭ ᠭᠠᠷ ᠤᠷᠠᠯᠠᠯ ᠤᠷᠠᠨ ᠵᠢᠷᠤᠭ᠎ᠤᠨ ᠤᠷ᠎ᠠ ᠮᠡᠷᠭᠡᠱᠢᠯ ᠪᠣᠯᠣᠨ᠎ᠠ᠂ ᠭᠣᠣᠯᠳᠠᠭᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭᠠᠨᠬᠠᠳᠠ ᠬᠣᠲᠠ᠎ᠶᠢᠨ 12 ᠬᠣᠰᠢᠭᠤ ᠰᠢᠶᠠᠨ ᠲᠣᠭᠣᠷᠢᠭ᠋᠎ᠲᠤ ᠲᠠᠷᠬᠠᠵᠤ᠂ ᠥᠪᠥᠷ ᠮᠣᠩᠭᠣᠯ᠎ᠤᠨ ᠪᠤᠰᠤᠳ ᠭᠠᠵᠠᠷ ᠣᠷᠣᠨ ᠪᠠ ᠹᠦᠵᠢᠶᠠᠨ᠂ ᠵᠧᠵᠢᠶᠠᠩ ᠵᠡᠷᠭᠡ ᠭᠠᠵᠠᠷ᠎ᠲᠤ ᠴᠤ᠌ ᠲᠠᠷᠬᠠᠵᠤ ᠪᠠᠢᠳᠠᠭ᠃ 

ᠪᠠᠭᠠᠷᠢᠨ ᠲᠠᠨᠢᠬᠢᠷ᠎ᠤᠨ ᠰᠡᠢᠯᠦᠮᠡᠯ᠎ᠦᠨ ᠭᠣᠣᠯ ᠲᠦᠭᠦᠬᠡᠢ ᠮᠠᠲᠧᠷᠢᠶᠠᠯ ᠨᠢ ᠪᠠᠭᠠᠷᠢᠨ ᠲᠠᠨᠢᠬᠢᠷ᠂ ᠱᠢᠨᠵᠢᠯᠡᠭᠡᠨ᠎ᠦ ᠨᠡᠷ᠎ᠡ ᠨᠢ 《ᠲᠠᠮᠠᠭ᠎ᠠ᠎ᠶ᠋ᠢᠨ ᠴᠢᠯᠠᠭᠤ》᠂ ᠲᠠᠨᠢᠬᠢᠷ ᠴᠢᠯᠠᠭᠤ᠂ ᠹᠦ᠋ ᠬᠤᠸᠠᠩ ᠴᠢᠯᠠᠭᠤ᠂ ᠦᠭᠡᠬᠦᠨ ᠴᠢᠯᠠᠭᠤ᠂ ᠦᠩᠭᠡᠲᠤ ᠴᠢᠯᠠᠭᠤ᠂ ᠬᠡ ᠤᠭᠠᠯᠵᠠᠲᠤ ᠴᠢᠯᠠᠭᠤ ᠵᠡᠷᠭᠡ ᠲᠠᠪᠤᠨ ᠶᠡᠬᠡ ᠲᠥᠷᠥᠯ᠎ᠤᠨ ᠵᠠᠭᠤ ᠭᠠᠷᠤᠢ ᠵᠦᠢᠯ ᠬᠤᠪᠢᠶᠠᠭᠳᠠᠵᠤ᠂ ᠨᠠᠷᠢᠯᠢᠭ᠂ ᠠᠷᠢᠭᠤᠨ᠂ ᠵᠥᠭᠡᠯᠡᠨ᠂ ᠲᠣᠰᠣᠯᠢᠭ᠋᠂ ᠲᠦᠯᠭᠡᠨ᠂ ᠴᠠᠷᠴᠠᠮᠠᠯ᠎ᠢᠶᠠᠷ ᠨᠡᠢᠲᠡᠯᠢᠭ ᠣᠨᠴᠠᠯᠢᠭ᠋᠎ᠢᠶᠠᠨ ᠪᠣᠯᠭᠠᠵᠣ᠂ ᠳᠤᠮᠳᠠᠳᠤ ᠤᠯᠤᠰ᠎ᠤᠨ ᠬᠠᠳᠠᠭᠠᠯᠠᠮᠵᠢ᠎ᠪᠠᠷ ᠨᠡᠯᠢᠶᠡᠳ ᠶᠡᠬᠡ ᠲᠠᠮᠠᠭ᠎ᠠ᠎ᠶᠢᠨ ᠴᠢᠯᠠᠭᠤᠨ᠎ᠤ ᠲᠥᠷᠥᠯ ᠵᠦᠢᠯ ᠪᠣᠯᠣᠨ᠎ᠠ᠃ ᠰᠡᠢᠯᠦᠭ᠌ᠴᠢᠳ ᠲᠥᠷᠥᠯ ᠵᠦᠢᠯ᠎ᠢ ᠨᠢ ᠦᠨᠳᠦᠰᠦᠯᠡᠵᠦ᠍ ᠤᠷ᠎ᠠ ᠮᠡᠷᠭᠡᠵᠢᠯ᠎ᠢᠶᠠᠨ ᠲᠣᠬᠢᠷᠠᠭᠤᠯᠤᠨ ᠪᠠᠳᠠᠷᠠᠭᠤᠯᠵᠤ᠂ ᠣᠨᠴᠠ ᠦᠢᠯᠡᠳᠦᠭ᠌ᠰᠡᠨ ᠬᠢᠲᠤᠭ᠎ᠠ᠂ ᠴᠦᠴᠡ᠂ ᠬᠤᠰᠤᠭᠤᠷ᠂ ᠬᠢᠷᠦᠭᠡ᠂ ᠭᠢᠯᠠᠢᠯᠭᠠᠬᠤ ᠮᠠᠰᠢᠨ ᠵᠡᠷᠭᠡ ᠰᠡᠢᠯᠦᠮᠡᠯ᠎ᠦᠨ ᠪᠠᠭᠠᠵᠢ᠎ᠶ᠋ᠢ ᠠᠱᠢᠭ᠍ᠯᠠᠨ᠂ ᠭᠦᠳᠦᠭᠦᠷ ᠰᠡᠢᠯᠦᠮᠡᠯ᠂ ᠪᠣᠰᠣᠭ᠎ᠠ ᠰᠡᠢᠯᠦᠮᠡᠯ᠂ ᠴᠣᠭᠣᠯᠪᠣᠷᠢ ᠰᠡᠢᠯᠦᠮᠡᠯ ᠵᠡᠷᠭᠡ ᠣᠯᠠᠨ ᠵᠦᠢᠯ᠎ᠦᠨ ᠮᠡᠷᠭᠡᠵᠢᠯ᠎ᠦᠨ ᠠᠷᠭ᠎ᠠ ᠪᠠᠷᠢᠯ᠎ᠢᠶᠠᠷ ᠨᠠᠷᠢᠯᠢᠭ᠋ ᠰᠠᠢᠬᠠᠨ ᠪᠠᠭᠠᠷᠢᠨ ᠲᠠᠨᠢᠬᠢᠷ᠎ᠤᠨ ᠰᠡᠢᠯᠦᠮᠡᠯ᠎ᠦᠨ ᠤᠷᠠᠨ ᠪᠦᠲᠦᠭᠡᠯ᠎ᠢ ᠵᠣᠬᠢᠶᠠᠨ ᠪᠦᠲᠦᠭᠡᠳᠡᠭ᠃ 

ᠲᠡᠭᠦᠨ᠎ᠤ ᠦᠢᠯᠡᠳᠬᠦ ᠠᠯᠬᠤᠮ ᠳᠠᠷᠠᠭ᠎ᠠ ᠨᠢ ᠭᠣᠣᠯᠳᠠᠭᠤ ᠴᠢᠯᠠᠭᠤ ᠰᠣᠩᠭᠣᠬᠣ ᠪᠠ ᠲᠦᠰᠦᠪᠯᠡᠬᠦ᠌᠂ ᠵᠤᠬᠢᠶᠠᠨ ᠰᠡᠳᠭᠢᠮᠵᠢᠯᠡᠬᠦ᠌᠂ ᠣᠷᠠᠯᠠᠨ ᠵᠢᠷᠤᠬᠤ᠂ ᠬᠢᠲᠤᠭ᠎ᠠ ᠪᠠᠷᠢᠬᠤ᠂ ᠰᠡᠢᠯᠦᠨ ᠪᠦᠲᠦᠭᠡᠬᠦ᠌᠂ ᠱᠦᠷᠭᠦᠭᠡᠨ ᠭᠢᠯᠠᠢᠯᠭᠠᠬᠤ ᠵᠡᠷᠭᠡ ᠪᠠᠢᠳᠠᠭ᠃ ᠡᠩ᠎ᠦᠨ ᠪᠠᠭᠠᠷᠢᠨ ᠲᠠᠨᠢᠬᠢᠷ ᠨᠢ ᠤᠷᠠᠯᠢᠭ᠋᠎ᠤᠨ ᠵᠣᠬᠢᠶᠠᠨ ᠪᠦᠲᠦᠭᠡᠯᠭᠡ᠎ᠪᠡᠷ ᠳᠡᠮᠵᠢᠨ᠂ ᠨᠠᠷᠢᠯᠢᠭ᠋ ᠰᠠᠢᠬᠠᠨ ᠰᠡᠢᠯᠦᠮᠡᠯ ᠪᠠ ᠲᠠᠮᠠᠭ᠎ᠠ ᠪᠤᠯᠠᠭᠠᠨ ᠬᠣᠪᠢᠷᠠᠭᠤᠯᠵᠤ᠂ ᠤᠷᠠᠯᠢᠭ᠋᠎ᠤᠨ ᠦᠨ᠎ᠡ ᠥᠷᠲᠡᠭ ᠨᠢ ᠳᠠᠬᠢᠨ᠎ᠢᠶᠠᠷ ᠨᠡᠮᠡᠭᠳᠡᠨ᠂ ᠭᠠᠷᠮᠠᠭᠠᠢ ᠤᠷᠠᠨ ᠳᠠᠷᠬᠠᠨ᠎ᠤ ᠵᠣᠷᠢᠭ᠋ ᠰᠠᠨᠠᠭ᠎ᠠ᠎ᠶ᠋ᠢ ᠢᠯᠡᠷᠡᠭᠦᠯᠵᠦ᠂ ᠨᠡᠯᠢᠶᠡᠳ ᠥᠷᠭᠡᠨ ᠠᠭᠤᠳᠠᠮ ᠵᠠᠬ᠎ᠠ ᠳᠡᠯᠭᠡᠭᠦᠷ᠎ᠦᠨ ᠢᠷᠡᠭᠡᠳᠤᠢ᠎ᠶ᠋ᠢᠨ ᠲᠦᠯᠦᠪ ᠲᠠᠢ ᠪᠣᠯᠤᠭᠰᠠᠨ ᠪᠠᠢᠨ᠎ᠠ᠃ 

2021 ᠣᠨ᠎ᠳᠤ᠂ ᠪᠠᠭᠠᠷᠢᠨ ᠲᠠᠨᠢᠬᠢᠷ᠎ᠤᠨ ᠰᠡᠢᠯᠤᠮᠡᠯ ᠨᠢ ᠲᠠᠪᠤᠳᠤᠭᠠᠷ ᠪᠦᠯᠦᠭ᠎ᠤᠨ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ᠎ᠤᠨ ᠨᠡᠷᠡᠰ᠎ᠦᠨ ᠵᠢᠭ᠍ᠰᠠᠭᠠᠯᠲᠠ᠎ᠶ᠋ᠢᠨ ᠦᠷᠭᠡᠳᠭᠡᠯ ᠲᠦᠷᠦᠯ ᠵᠦᠢᠯ᠎ᠳᠦ ᠰᠣᠩᠭᠣᠭᠳᠠᠪᠠ᠃

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ