9 ᠳ᠋ᠦ᠍ᠭᠡᠷ ᠰᠠᠷ᠎ᠠ᠎ᠶᠢᠨ 21 ᠦ ᠡᠳᠦᠷ᠂ ᠠᠩᠬᠠᠳᠤᠭᠠᠷ ᠬᠤᠭᠤᠴᠠᠭᠠᠨ᠎ᠤ ᠥᠪᠥᠷ ᠮᠣᠩᠭᠣᠯ᠎ᠤᠨ ᠦᠨᠳᠦᠰᠦᠲᠡᠨ᠎ᠦ ᠭᠠᠷ ᠤᠷᠠᠯᠠᠯ᠎ᠤᠨ ᠠᠵᠤ ᠦᠢᠯᠡᠰ᠎ᠦᠨ ᠠᠭᠤᠰᠤᠯᠴᠠᠭᠰᠠᠨ ᠡᠭᠦᠳᠦᠯᠲᠡ ᠬᠥᠭᠵᠢᠯᠲᠡ᠎ᠶᠢᠨ ᠶᠡᠬᠡ ᠬᠤᠷᠠᠯ ᠵᠢᠴᠢ ᠦᠨᠳᠦᠰᠦᠲᠡᠨ᠎ᠦ ᠬᠤᠪᠴᠠᠰᠤ ᠵᠠᠰᠠᠯ᠎ᠤᠨ ᠨᠠᠷᠠᠲᠤ ᠲᠥᠷᠥᠯ ᠲᠡᠮᠳᠡᠭᠲᠦ᠎ᠶᠢᠨ ᠰᠣᠨᠢᠨ ᠮᠡᠳᠡᠭᠡ ᠨᠡᠢᠲᠡᠯᠡᠬᠦ ᠬᠤᠷᠠᠯ ᠬᠥᠬᠡᠬᠣᠲᠠ᠎ᠳᠤ ᠶᠠᠪᠤᠭᠳᠠᠪᠠ᠃
ᠶᠡᠬᠡ ᠬᠤᠷᠠᠯ᠎ᠳᠤ ᠳᠤᠮᠳᠠᠳᠤ ᠤᠯᠤᠰ᠎ᠤᠨ ᠭᠠᠷ ᠤᠷᠠᠯᠠᠯ ᠤᠷᠠᠨ ᠵᠢᠷᠤᠭ᠎ᠤᠨ ᠡᠷᠳᠡᠮ ᠰᠢᠨᠵᠢᠯᠡᠭᠡᠨ᠎ᠦ ᠨᠡᠢᠭᠡᠮᠯᠢᠭ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠤᠰᠬᠠᠢ ᠵᠥᠪᠯᠡᠯ᠎ᠦᠨ ᠳᠡᠳ᠋ ᠨᠠᠷᠢᠨ ᠪᠢᠴᠢᠭ᠎ᠦᠨ ᠳᠠᠷᠤᠭ᠎ᠠ ᠯᠢ ᠶᠤᠸᠠᠨ ᠶᠤᠸᠠᠨ᠎ᠢ ᠣᠨᠴᠠ ᠤᠷᠢᠵᠤ ᠭᠣᠣᠯ ᠵᠤᠷᠢᠯᠳᠠᠳᠤ ᠶᠠᠷᠢᠶ᠎ᠠ ᠢᠯᠡᠳᠬᠡᠯ ᠬᠢᠯᠭᠡᠪᠡ᠃ ᠲᠡᠷᠡ 《ᠳᠤᠮᠳᠠᠳᠤ ᠤᠯᠤᠰ᠎ᠤᠨ ᠭᠤᠸ᠎ᠠ ᠰᠠᠢᠬᠠᠨ᠎ᠢ ᠣᠯᠵᠤ ᠬᠠᠷᠠᠬᠤᠢ — ᠭᠠᠷ ᠤᠷᠠᠯᠠᠯ ᠬᠢᠭᠡᠳ ᠳᠤᠮᠳᠠᠳᠤ᠎ᠶᠢᠨ ᠪᠣᠯᠪᠠᠰᠤᠨ᠎ᠤ ᠲᠡᠮᠳᠡᠭ》 ᠭᠡᠬᠦ ᠰᠡᠳᠦᠪ᠎ᠢᠶᠡᠷ ᠭᠠᠷ ᠤᠷᠠᠯᠠᠯ ᠨᠢ ᠳᠤᠮᠳᠠᠳᠤ᠎ᠶᠢᠨ ᠰᠣᠶᠣᠯ᠎ᠤᠨ ᠤᠳᠤᠮᠰᠢᠯ᠎ᠢ ᠠᠴᠢᠶᠠᠯᠠᠵᠤ᠂ ᠦᠨᠳᠦᠰᠦᠲᠡᠨ᠎ᠦ ᠰᠡᠳᠬᠢᠯᠭᠡ᠎ᠶᠢ ᠬᠣᠯᠪᠣᠭᠰᠠᠨ ᠴᠢᠬᠤᠯᠠ ᠦᠢᠯᠡᠳᠦᠯ ᠲᠡᠢ ᠪᠠᠢᠬᠤ᠎ᠶᠢ ᠭᠦᠨᠵᠡᠭᠡᠢ ᠲᠠᠢᠯᠪᠤᠷᠢᠯᠠᠭᠰᠠᠨ ᠪᠥᠭᠡᠳ ᠤᠷᠢᠳᠠᠴᠢ ᠣᠨᠣᠯᠵᠢᠬᠤᠨ ᠪᠠ ᠦᠢᠯᠡᠳᠦᠯᠭᠡ᠎ᠶᠢᠨ ᠵᠢᠱ᠌ᠢᠶ᠎ᠡ᠎ᠶᠢ ᠬᠤᠪᠢᠶᠠᠯᠴᠠᠵᠠᠢ᠃
ᠬᠤᠷᠠᠯ ᠳᠡᠭᠡᠷ᠎ᠡ᠂ ᠲᠤᠰᠬᠠᠢ ᠮᠡᠷᠭᠡᠵᠢᠯᠲᠡᠨ ᠡᠷᠳᠡᠮᠲᠡᠨ᠂ ᠠᠵᠢᠯ ᠲᠦᠷᠦᠯ᠎ᠦᠨ ᠲᠥᠯᠥᠭᠡᠯᠡᠭᠴᠢ 《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ᠎ᠶᠢᠨ ᠰᠣᠶᠣᠯ᠎ᠤᠨ ᠦᠢᠯᠡᠳᠦᠯᠭᠡ ᠬᠢᠭᠡᠳ ᠦᠨᠳᠦᠰᠦᠲᠡᠨ᠎ᠦ ᠭᠠᠷ ᠤᠷᠠᠯᠠᠯ᠎ᠤᠨ ᠰᠢᠨ᠎ᠡ ᠡᠭᠦᠳᠦᠯᠲᠡ》᠂ 《ᠦᠨᠳᠦᠰᠦᠲᠡᠨ᠎ᠦ ᠭᠠᠷ ᠤᠷᠠᠯᠠᠯ᠎ᠤᠨ ᠠᠵᠤ ᠦᠢᠯᠡᠰᠵᠢᠯᠲᠡ ᠬᠢᠭᠡᠳ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠶᠢ ᠵᠣᠬᠢᠴᠠᠭᠤᠯᠤᠨ ᠬᠥᠭᠵᠢᠭᠦᠯᠬᠦ ᠠᠷᠭ᠎ᠠ ᠵᠠᠮ᠎ᠤᠨ ᠰᠦᠪᠡᠭᠴᠢᠯᠡᠯᠲᠡ》 ᠭᠡᠬᠦ ᠬᠣᠶᠠᠷ ᠶᠡᠬᠡ ᠵᠥᠪᠯᠡᠬᠦ ᠰᠡᠳᠦᠪ᠎ᠦᠨ ᠲᠣᠭᠣᠷᠢᠨ᠎ᠳᠤ ᠭᠦᠨᠵᠡᠭᠡᠢ ᠰᠤᠳᠤᠯᠤᠨ ᠶᠠᠷᠢᠯᠴᠠᠵᠤ᠂ ᠦᠨᠳᠦᠰᠦᠲᠡᠨ᠎ᠦ ᠭᠠᠷ ᠤᠷᠠᠯᠠᠯ᠎ᠤᠨ ᠪᠦᠲᠦᠭᠡᠯᠴᠢ ᠤᠯᠠᠷᠢᠭᠤᠯᠤᠯᠲᠠ ᠪᠠ ᠰᠢᠨ᠎ᠡ ᠡᠭᠦᠳᠦᠯᠲᠡ ᠲᠡᠢ ᠬᠥᠭᠵᠢᠯᠲᠡ᠎ᠳᠦ ᠠᠷᠭ᠎ᠠ ᠤᠬᠠᠭᠠᠨ ᠳᠡᠪᠰᠢᠭᠦᠯᠵᠡᠢ᠃
ᠶᠡᠬᠡ ᠬᠤᠷᠠᠯ᠎ᠤᠨ ᠠᠬᠤᠢ ᠲᠠᠯᠠᠪᠠᠢ᠎ᠳᠤ ᠪᠠᠰᠠ ᠦᠨᠳᠦᠰᠦᠲᠡᠨ᠎ᠦ ᠭᠠᠷ ᠤᠷᠠᠯᠠᠯ᠎ᠤᠨ 《ᠠᠭᠤᠰᠤᠯᠴᠠᠨ ᠡᠭᠦᠳᠬᠦ ᠣᠷᠣᠨ ᠵᠠᠢ》 ᠭᠡᠬᠦ ᠳᠡᠯᠭᠡᠨ ᠦᠵᠡᠭᠦᠯᠵᠦ ᠪᠡᠶᠡᠴᠢᠯᠡᠨ ᠣᠢᠯᠠᠭᠠᠬᠤ ᠲᠣᠭᠣᠷᠢᠭ᠋ ᠭᠠᠷᠭᠠᠵᠤ᠂ ᠪᠦᠬᠦ ᠣᠷᠣᠨ᠎ᠤ ᠡᠯ᠎ᠡ ᠠᠢᠮᠠᠭ ᠬᠤᠳᠠ᠎ᠶᠢᠨ ᠨᠠᠷᠢᠯᠢᠭ᠋ ᠰᠠᠢᠬᠠᠨ ᠭᠠᠷ ᠤᠷᠠᠯᠠᠯ᠎ᠤᠨ ᠰᠣᠳᠣᠨ ᠪᠦᠲᠦᠭᠡᠯ᠎ᠦᠳ᠎ᠢ ᠳᠡᠯᠭᠡᠨ ᠦᠵᠡᠭᠦᠯᠵᠡᠢ᠃ ᠦᠳᠡᠰᠢ ᠨᠢ᠂ ᠦᠨᠳᠦᠰᠦᠲᠡᠨ᠎ᠦ ᠬᠤᠪᠴᠠᠰᠤ ᠵᠠᠰᠠᠯ᠎ᠤᠨ ᠨᠠᠷᠠᠲᠤ ᠲᠥᠷᠥᠯ ᠲᠡᠮᠳᠡᠭᠲᠦ᠎ᠶᠢᠨ ᠰᠣᠨᠢᠨ ᠮᠡᠳᠡᠭᠡ ᠨᠡᠢᠲᠡᠯᠡᠬᠦ ᠲᠤᠰᠬᠠᠢ ᠬᠤᠷᠠᠯ᠎ᠢ ᠶᠠᠪᠤᠭᠳᠠᠭᠤᠯᠵᠤ᠂ ᠲᠣᠰ ᠭᠠᠵᠠᠷ᠎ᠤᠨ ᠨᠠᠷᠠᠲᠤ ᠲᠥᠷᠥᠯ ᠲᠡᠮᠳᠡᠭᠲᠦ ᠬᠢᠭᠡᠳ ᠰᠢᠨ᠎ᠡ ᠰᠣᠳᠣᠨ ᠵᠢᠷᠤᠭᠯᠠᠭᠴᠢ ᠤᠯᠠᠮᠵᠢᠯᠠᠯᠲᠤ ᠡᠯᠧᠮᠧᠨ᠋ᠲ ᠪᠠ ᠣᠲᠣ᠌ ᠦᠶ᠎ᠡ᠎ᠶᠢᠨ ᠭᠤᠸ᠎ᠠ ᠵᠦᠢ᠎ᠶᠢ ᠠᠭᠤᠰᠬᠠᠭᠰᠠᠨ ᠰᠢᠨ᠎ᠡ ᠮᠠᠶᠢᠭ᠋᠎ᠤᠨ ᠬᠤᠪᠴᠠᠰᠤ ᠵᠠᠰᠠᠯ᠎ᠤᠨ ᠦᠵᠡᠰᠬᠦᠯᠡᠩ᠎ᠢ ᠠᠪᠴᠢᠷᠠᠵᠤ᠂ ᠤᠮᠠᠷᠠᠲᠤ ᠬᠢᠵᠠᠭᠠᠷ᠎ᠤᠨ ᠰᠣᠶᠣᠯ᠎ᠤᠨ ᠴᠣᠭ ᠵᠢᠪᠬᠤᠭ᠎ᠠ᠎ᠶᠢ ᠢᠯᠡᠷᠡᠭᠦᠯᠪᠡ᠃
ᠶᠡᠬᠡ ᠬᠤᠷᠠᠯ᠎ᠤᠨ ᠬᠤᠭᠤᠴᠠᠭᠠᠨ᠎ᠳᠤ᠂ ᠬᠤᠷᠠᠯ᠎ᠳᠤ ᠣᠷᠣᠯᠴᠠᠭᠰᠠᠨ ᠬᠦᠨᠳᠦᠲᠦ ᠵᠣᠴᠢᠳ ᠪᠦᠰᠡᠭᠦᠢ ᠰᠢᠨ᠎ᠡ᠎ᠶᠢ ᠡᠭᠦᠳᠦᠨ ᠦᠢᠯᠡᠰ ᠪᠣᠰᠬᠠᠬᠤ ᠰᠠᠭᠤᠷᠢᠨ᠂ ᠮᠧᠩ ᠯᠢᠶᠠᠩ ᠦᠨᠳᠦᠰᠦᠲᠡᠨ᠎ᠦ ᠵᠠᠩ ᠦᠢᠯᠡ᠎ᠶᠢᠨ ᠬᠦᠷᠢᠶᠡᠯᠡᠩ ᠵᠡᠷᠭᠡ ᠭᠠᠵᠠᠷ᠎ᠲᠤ ᠬᠦᠷᠴᠦ ᠲᠤᠬᠠᠢ᠎ᠶᠢᠨ ᠭᠠᠵᠠᠷ᠎ᠲᠤ ᠨᠢ ᠪᠠᠢᠴᠠᠭᠠᠨ ᠰᠤᠳᠤᠯᠤᠯᠲᠠ ᠬᠢᠵᠦ᠂ ᠦᠨᠳᠦᠰᠦᠲᠡᠨ᠎ᠦ ᠭᠠᠷ ᠤᠷᠠᠯᠠᠯ᠎ᠢᠶᠠᠷ ᠠᠵᠤ ᠦᠢᠯᠡᠰ᠎ᠦᠨ ᠴᠢᠳᠠᠮᠵᠢ᠎ᠶᠢ ᠡᠷᠴᠢᠮᠯᠡᠬᠦ᠂ ᠠᠵᠢᠯ ᠣᠯᠭᠣᠯᠲᠠ᠎ᠶᠢ ᠳᠠᠢᠴᠢᠯᠠᠬᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠶᠢ ᠠᠬᠢᠭᠤᠯᠬᠤ ᠠᠮᠢᠳᠤᠯᠢᠭ᠋ ᠦᠢᠯᠡᠳᠦᠯᠭᠡ᠎ᠶᠢ ᠭᠦᠨᠵᠡᠭᠡᠢ ᠣᠢᠯᠠᠭᠠᠪᠠ᠃