| 10 ᠳ᠋ᠤᠭᠠᠷ ᠰᠠᠷ᠎ᠠ ᠶᠢᠨ 12 ᠤᠨ ᠡᠳᠤᠷ᠂ ᠪᠦᠬᠦ ᠤᠷᠤᠨ ᠤ ︽ᠬᠠᠷᠠᠭ᠎ᠠ ᠤᠯᠭᠤᠬᠤ︾ ᠨᠡᠶᠢᠬᠡᠮ ᠤᠨ | ᠠᠵᠢᠯᠯᠠᠭ᠎ᠠ ᠦᠬᠠᠢ ᠳᠤ ᠶᠠᠪᠤᠬᠳᠠᠵᠤ᠂ ᠦᠬᠠᠢ ᠬᠤᠳᠠ ᠶᠢᠨ ᠠᠷᠠᠳ ᠤᠨ ᠡᠮᠨᠡᠯᠬᠡ ᠶᠢᠨ ᠬᠤᠷᠢᠶᠠᠨ ᠳᠤ ᠡᠬᠢᠯᠠᠵᠠᠢ᠃ | | ᠦᠪᠡᠷᠳᠡᠬᠡᠨ ᠵᠠᠰᠠᠬᠤ ᠤᠷᠤᠨ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠨᠢᠬᠡᠳᠤᠮᠠᠯ ᠹᠷᠤᠨᠲ ᠤᠨ | ᠭᠡᠯᠳᠡᠰ ᠤᠨ ᠲᠠᠷᠤᠭ᠎ᠠ᠂ ᠦᠪᠤᠷ ᠮᠤᠩᠭᠤᠯ ᠤᠨ ᠬᠡᠷᠡᠯ ᠬᠢᠯᠪᠠᠭᠠᠳᠤ ᠤᠢᠢᠯᠡᠰ ᠤᠨ ᠠᠬᠢᠭᠤᠯᠬᠤ ᠨᠡᠶᠢᠬᠡᠮᠯᠢᠭ ᠤᠨ | ᠲᠠᠷᠤᠭ᠎ᠠ ᠪᠦ᠋ ᠰᠢᠶᠤᠤ ᠯᠢᠨ ᠡᠬᠢᠯᠡᠬᠦ ᠶᠤᠰᠤᠯᠠᠯ ᠳᠤ ᠤᠷᠤᠯᠴᠠᠪᠠ᠃ | ᠪᠦᠬᠦ ᠤᠷᠤᠨ ᠤ ︽ᠬᠠᠷᠠᠭ᠎ᠠ ᠤᠯᠭᠤᠬᠤ︾ ᠨᠡᠶᠢᠬᠡᠮ ᠤᠨ ᠠᠰᠠᠷᠡᠮᠵᠢ ᠶᠢᠨ ᠠᠵᠢᠯᠯᠠᠭ᠎ᠠ ᠶᠢ ᠦᠪᠤᠷ | ᠮᠤᠩᠭᠤᠯ ᠤᠨ ᠬᠡᠷᠡᠯ ᠬᠢᠯᠪᠠᠭᠠᠳᠤ ᠤᠢᠢᠯᠡᠰ ᠤᠨ ᠠᠬᠢᠭᠤᠯᠬᠤ ᠨᠡᠶᠢᠬᠡᠮᠯᠢᠭ᠂ ᠦᠪᠡᠷᠳᠡᠬᠡᠨ ᠵᠠᠰᠠᠬᠤ ᠤᠷᠤᠨ ᠤ | ᠤᠯᠠᠭᠠᠨ ᠵᠠᠭᠠᠯᠮᠠᠶᠢᠳᠠᠨ ᠤ ᠨᠡᠶᠢᠬᠡᠮᠯᠢᠭ᠂ ᠶᠠᠳᠠᠭᠤ ᠶᠢ ᠲᠡᠳᠬᠦᠬᠦ ᠰᠠᠭᠤᠷᠢ ᠮᠦᠩᠬᠦᠨ ᠤ ᠨᠡᠶᠢᠬᠡᠮᠯᠢᠭ᠂ ᠯᠤᠤ ᠨᠢᠦ | ᠰᠠᠭᠤᠷᠢ ᠮᠦᠩᠬᠦᠨ ᠤ ᠨᠡᠶᠢᠬᠡᠮᠯᠢᠭ ᠵᠡᠷᠬᠡ ᠨᠢᠬᠡᠴᠠ ᠡᠬᠦᠰᠬᠡᠵᠤ᠂ ᠪᠦᠬᠦ ᠤᠷᠤᠨ ᠤ ᠨᠠᠭᠠᠳᠤ ᠵᠠᠬ᠎ᠠ ᠶᠢᠨ ᠠᠮᠢᠳᠤᠷᠠᠯ | ᠪᠠᠳᠤᠯᠠᠪᠤᠷᠢ ᠶᠢᠨ ᠡᠳᠡᠬᠡᠳ᠂ ᠬᠦᠳᠡᠭᠡ ᠲᠤᠰᠬᠤᠨ ᠤ ᠲᠠᠪᠤᠨ ᠪᠠᠳᠤᠯᠭᠠᠳᠤ ᠡᠷᠤᠬᠡ ᠪᠤᠯᠤᠨ ᠪᠤᠰᠤᠳ ᠤᠨᠴᠠ | ᠬᠦᠴᠢᠷᠳᠠᠯ ᠲᠠᠢ ᠤᠯᠠᠨ ᠲᠦᠮᠡᠨ ᠤ ᠲᠤᠮᠳᠠᠬᠢ ᠴᠠᠭᠠᠨ ᠬᠠᠷᠠᠩ ᠡᠪᠡᠳᠴᠢᠳᠠᠨ ᠳᠤ ᠰᠦᠢᠳᠬᠡᠯ ᠬᠤᠷᠢᠶᠠᠬᠤ | ᠦᠬᠡᠢ ᠪᠠᠷ ᠮᠠᠰᠠ ᠵᠠᠰᠠᠯ ᠬᠢᠵᠤ᠂ ᠬᠦᠴᠢᠷᠳᠠᠯ ᠲᠠᠢ ᠡᠪᠡᠳᠴᠢᠳᠠᠨ ᠢ ᠬᠠᠪᠰᠤᠷᠴᠤ ᠠᠮᠢᠳᠤᠷᠠᠯ ᠤᠨ ᠶᠠᠰᠤ ᠴᠢᠨᠠᠷ ᠢ ᠨᠢ | ᠰᠠᠶᠢᠵᠢᠷᠠᠭᠤᠯᠬᠤ ᠪᠠᠷ ᠵᠤᠷᠢᠯᠭ᠎ᠠ ᠪᠤᠯᠭᠠᠵᠠᠢ᠃ ᠠᠵᠢᠯᠯᠠᠭ᠎ᠠ ᠶᠢ ᠡᠨᠡ ᠵᠢᠯ ᠤᠨ 6 ᠳ᠋ᠤᠭᠠᠷ ᠰᠠᠷ᠎ᠠ ᠶᠢᠨ 30 ᠤ | ᠡᠳᠤᠷ ᠠᠴᠠ ᠡᠬᠢᠯᠠᠵᠤ ᠬᠢᠩᠭᠠᠨ ᠠᠶᠢᠮᠠᠬ ᠤᠨ ᠷᠠᠰᠢᠶᠠᠨ ᠬᠤᠳᠠ ᠳᠤ ᠡᠬᠢᠯᠡᠬᠦᠯᠵᠤ᠂ ᠲᠡᠷᠡᠴᠢᠯᠠᠨ ᠲᠤᠭᠳᠠᠭᠰᠠᠨ ᠡᠮ | ᠡᠮᠨᠡᠯᠬᠡ ᠶᠢᠨ ᠪᠠᠶᠢᠭᠤᠯᠤᠮᠵᠢ ᠪᠤᠯᠤᠨ ᠮᠠᠰᠠ ᠵᠠᠰᠠᠯ ᠤᠨ ᠮᠠᠰᠢᠨ ᠲᠡᠷᠬᠡᠨ ᠳᠤ ᠨᠠᠶᠢᠳᠠᠵᠤ ᠮᠠᠰᠠ ᠵᠠᠰᠠᠯ ᠬᠢᠪᠠ᠃ | ᠡᠳᠤᠬᠡ ᠪᠤᠯᠳᠠᠯ᠎ᠠ᠂ ᠪᠦᠬᠦ ᠤᠷᠤᠨ ᠤ 10 ᠨᠡᠶᠢᠬᠡᠮ ᠬᠤᠳᠠ᠂ 83 ᠬᠤᠰᠢᠭᠤ ᠰᠢᠶᠠᠨ ︵ᠬᠤᠳᠠ᠂ ᠲᠤᠭᠤᠷᠢᠬ︶ ᠢ | ᠪᠦᠷᠬᠦᠵᠤ᠂ ᠨᠡᠬᠦᠳᠡᠯ ᠮᠠᠰᠠ ᠵᠠᠰᠠᠯ ᠤᠨ ᠮᠠᠰᠢᠨ ᠲᠡᠷᠭᠡ 1.3 ᠲᠦᠮᠠ ᠭᠠᠷᠤᠢ ᠺᠢᠯᠤᠮᠧᠲᠷ ᠠᠶᠠᠯᠠᠵᠤ᠂ ᠨᠡᠶᠢᠳᠠ 9. | 9 ᠲᠦᠮᠠ ᠭᠠᠷᠤᠢ ᠬᠦᠮᠤᠨ ᠢ ᠰᠢᠯᠢᠨ ᠪᠠᠶᠢᠴᠠᠭᠠᠵᠤ᠂ 2321 ᠲᠦᠮᠠ ᠭᠠᠷᠤᠢ ᠡᠪᠡᠳᠴᠢᠳᠠᠨ ᠳᠤ ᠬᠠᠷᠠᠭ᠎ᠠ | ᠤᠷᠤᠭᠤᠯᠬᠤ ᠮᠡᠰᠠ ᠵᠠᠰᠠᠯ ᠬᠢᠵᠤ᠂ ᠡᠪᠡᠳᠴᠢᠳᠠᠨ ᠤ ᠮᠠᠰᠠ ᠵᠠᠰᠠᠯ ᠤᠨ ᠲᠠᠷᠠᠭᠠᠬᠢ ᠬᠠᠷᠠᠭ᠎ᠠ | ᠵᠢᠱᠢᠭᠰᠡᠨᠵᠣᠷᠢᠯᠭᠠ ᠳᠠᠭᠠᠨ ᠬᠦᠷᠴᠠᠢ᠃ | ᠤᠳᠤᠬᠠᠨ ᠳᠤ᠂ ᠮᠠᠰᠠ ᠵᠠᠰᠠᠯ ᠬᠢᠭᠰᠡᠨ ᠠᠶᠢᠮᠠᠬ ᠬᠤᠳᠠ ᠶᠢᠨ ᠬᠢᠨ ᠡᠪᠡᠳᠴᠢᠳᠠᠨ ᠳᠤ ᠮᠠᠰᠠ ᠵᠠᠰᠠᠯ ᠤᠨ | ᠲᠠᠷᠠᠭᠠᠬᠢ ᠬᠠᠷᠢᠭᠤ ᠠᠶᠢᠯᠴᠢᠯᠠᠯᠳᠠ ᠬᠢᠵᠤ ᠪᠠᠶᠢᠨ᠎ᠠ᠃ ᠤᠢᠢᠯᠠᠭᠠᠬᠰᠠᠨ ᠢᠢᠨᠷ᠂ ᠲᠤᠰ ᠠᠵᠢᠯᠯᠠᠭ᠎ᠠ ᠨᠢ 2017 | ᠣᠨ ᠬᠦᠷᠳᠡᠯ᠎ᠠ ᠦᠷᠬᠦᠯᠵᠢᠯᠠᠵᠤ᠂ 1 ᠲᠦᠮᠡᠨ ᠶᠠᠳᠠᠭᠤ ᠬᠦᠴᠢᠷᠳᠠᠯ ᠲᠠᠢ ᠴᠠᠭᠠᠨ ᠬᠠᠷᠠᠩ ᠡᠪᠡᠳᠴᠢᠳᠠᠨ ᠢ | ᠬᠠᠪᠰᠤᠷᠴᠤ ᠲᠠᠬᠢᠨ ᠬᠠᠷᠠᠭ᠎ᠠ ᠤᠯᠭᠤᠨ᠎ᠠ᠃ |