︵ᠬᠤᠶᠠᠷ︶ ᠤᠮᠠᠷᠠᠳᠤ ᠶᠢᠨ ᠭᠠᠵᠠᠷ ᠤᠷᠤᠨ ᠳᠤ ᠨᠠᠷᠠᠯᠠᠭ ᠭᠦᠯᠡᠮᠵᠢ ᠪᠠᠶᠢᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/10/19

       1. ᠨᠠᠷᠠᠯᠠᠭ ᠭᠦᠯᠡᠮᠵᠢ ᠪᠠᠶᠢᠭᠤᠯᠬᠤ ᠳᠤ ᠭᠠᠵᠠᠷ ᠲᠠᠯᠠᠪᠤᠷ ᠢ ᠭᠡᠷᠭᠢᠨ ᠰᠤᠩᠭᠤᠬᠤ ᠪᠤᠢ︖
ᠨᠠᠷᠠᠯᠠᠭ ᠭᠦᠯᠡᠮᠵᠢ ᠪᠠᠶᠢᠭᠤᠯᠬᠤ ᠳᠤ ᠡᠮᠦᠨ᠎ᠠ ᠲᠠᠯ᠎ᠠ ᠪᠠᠷ ᠢᠶᠠᠨ ᠠᠭᠤᠳᠠᠮ᠂ ᠨᠠᠷᠠᠨ ᠵᠦᠭ ᠬᠠᠨᠳᠤᠠᠠᠰᠠᠨ ᠬᠠᠭᠤᠷᠠᠶᠢᠯᠢᠬ ᠪᠠ ᠰᠡᠭᠦᠳᠡᠷ ᠦᠭᠡᠢ ᠲᠡᠭᠰᠢ ᠲᠦᠷᠪᠡᠯᠵᠢᠨ ᠲᠡᠭᠰᠢᠭᠡᠨ ᠭᠠᠵᠠᠷ ᠲᠠᠯᠠᠪᠤᠷ ᠢ ᠰᠤᠩᠭᠤᠨ᠎ᠠ᠃ ᠰᠠᠯᠭᠢ ᠬᠠᠯᠬᠠᠯᠠᠬᠤ ᠨᠠᠷᠡᠨ ᠵᠦᠭ ᠬᠠᠨᠳᠤᠠᠠᠰᠠᠨ ᠪᠦᠰᠡ ᠭᠠᠵᠠᠷ ᠢ ᠰᠤᠩᠭᠤᠨ᠂ ᠲᠦᠷᠪᠡᠨ ᠲᠠᠯ᠎ᠠ ᠪᠠᠷ ᠢᠶᠠᠨ ᠬᠠᠷᠰᠢᠯᠠᠯ ᠡᠳ᠋ ᠦᠭᠡᠢ᠂ ᠠᠭᠠᠭᠢᠮ᠎ᠠ ᠬᠠᠯᠠᠭᠤᠨ ᠳᠤ ᠪᠦᠭᠴᠢᠮᠳᠡᠭᠦ ᠦᠭᠡᠢ᠂ ᠰᠠᠯᠭᠢ ᠭᠡᠢ ᠨᠡᠪᠳᠡᠷᠡᠭᠦ ᠳᠤ ᠠᠰᠢᠠᠠᠳᠠᠢ ᠪᠠ ᠤᠷᠭᠤᠮᠠᠯ ᠤᠨ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠭᠢᠭᠤᠯᠬᠤ ᠳᠤ ᠠᠰᠢᠠᠠᠳᠠᠢ ᠪᠠᠶᠢᠬᠤ ᠶᠢ ᠱᠠᠭᠠᠷᠳᠠᠨ᠎ᠠ᠃ ᠤᠰᠤᠨ ᠤ ᠡᠭᠢ ᠰᠤᠷᠪᠤᠯᠵᠢ ᠠᠴᠠ ᠤᠶᠢᠷ᠎ᠠ᠂ ᠤᠰᠤᠨ ᠤ ᠬᠠᠨᠭ᠍ᠭᠠᠯᠳᠡ ᠡᠯᠪᠡᠭ᠂
        ᠤᠰᠤᠨ ᠤ ᠴᠢᠨᠠᠷ ᠰᠠᠶᠢᠨ᠂ ᠬᠤᠤᠷ ᠲᠠᠢ ᠡᠯᠧᠮᠧᠨ᠋ᠲ ᠤᠨ ᠪᠤᠭᠢᠷᠳᠤᠯ ᠦᠭᠡᠢ᠂ ᠡᠪᠤᠯ ᠤᠰᠤᠨ ᠤ ᠲᠤᠯᠠᠭᠠᠨ ᠤ ᠭᠡᠮᠵᠢᠶ᠎ᠠ ᠨᠢ ᠦᠨᠳᠤᠷ ᠭᠠᠵᠠᠷ ᠢ ᠰᠤᠩᠭᠤᠵᠤ᠂ ᠭᠦᠷᠦᠰᠤᠨ ᠲᠤᠤᠷᠠᠭᠢ ᠤᠰᠤᠨ ᠲᠦᠪᠰᠢᠨ ᠦᠨᠳᠤᠷ᠂ ᠤᠰᠤ ᠵᠠᠯᠠᠬᠤ ᠳᠤ ᠲᠦᠭᠦᠮ ᠪᠠᠶᠢᠬᠤ ᠶᠢ ᠱᠠᠭᠠᠷᠳᠠᠨ᠎ᠠ᠃ ᠲᠡᠭᠡᠭᠡᠪᠤᠷᠢ ᠪᠡ ᠪᠠᠷᠢᠯᠭ᠎ᠠ ᠳᠤ ᠲᠦᠭᠦᠮ ᠦᠵᠡᠭᠦᠯᠭᠦ ᠶᠢᠨ ᠲᠤᠰᠠᠳᠠ ᠵᠠᠰᠠᠮᠠᠯ ᠵᠠᠮ᠂ ᠤᠰᠤᠨ ᠤ ᠰᠤᠷᠪᠤᠯᠵᠢ᠂ ᠴᠠᠭᠢᠯᠭᠠᠨ ᠵᠡᠷᠭᠡ ᠨᠡᠯᠢᠶᠡᠳ ᠤᠶᠢᠷ᠎ᠠ ᠪᠠᠶᠢᠬᠤ ᠪᠠ ᠵᠠᠮ ᠲᠡᠭᠡᠭᠡᠪᠤᠷᠢ ᠳᠤ ᠲᠦᠭᠦᠮ ᠠᠰᠢᠠᠠᠳᠠᠢ ᠭᠠᠵᠠᠷ ᠢ ᠰᠤᠩᠭᠤᠨ᠎ᠠ᠃ ᠭᠦᠯᠡᠮᠵᠢ ᠶᠢ ᠪᠤᠭᠢᠷᠳᠤᠯ ᠲᠠᠢ ᠭᠠᠵᠠᠷ ᠤᠨ ᠰᠠᠯᠭᠢᠨ ᠤ ᠲᠤᠤᠷ᠎ᠠ ᠲᠠᠯ᠎ᠠ ᠳᠤ ᠪᠠᠶᠢᠭᠤᠯᠬᠤ ᠶᠢ ᠲᠠᠪᠴᠢᠵᠤ᠂ ᠪᠦᠷᠭᠦᠭᠦᠯ ᠤᠨ ᠪᠤᠭᠢᠷᠳᠤᠬᠤ ᠪᠠ ᠲᠤᠭᠤᠰᠤ ᠰᠠᠭᠤᠬᠤ ᠠᠴᠠ ᠰᠡᠷᠭᠡᠶᠢᠯᠡᠨ᠎ᠡ᠃
        2. ᠨᠠᠷᠠᠯᠠᠭ ᠭᠦᠯᠡᠮᠵᠢ ᠶᠢᠨ ᠪᠦᠳᠦᠴᠡ ᠪᠡ ᠢᠯᠡᠳᠭᠡᠮᠵᠢ ᠲᠤᠭ᠎ᠠ ᠶᠢ ᠭᠡᠷᠭᠢᠨ ᠲᠤᠠᠠᠳᠠᠭᠠᠬᠤ ᠪᠤᠢ︖
       ᠨᠠᠷᠠᠯᠠᠭ ᠭᠦᠯᠡᠮᠵᠢ ᠨᠢ ᠡᠮᠦᠨᠡᠰᠢ ᠬᠠᠨᠳᠤᠵᠤ ᠵᠡᠭᠦᠨᠰᠢ ᠪᠠᠷᠠᠭᠤᠠᠰᠢ ᠪᠠᠨ ᠤᠷᠳᠤᠯᠵᠢᠨ ᠪᠠᠶᠢᠬᠤ ᠶᠢ ᠱᠠᠭᠠᠷᠳᠠᠨ᠎ᠠ᠃ ᠤᠴᠢᠷ ᠨᠢ ᠤᠮᠠᠷᠠᠳᠤ ᠦᠷᠭᠡᠷᠢᠭ ᠤᠨ 40° ᠠᠴᠠ ᠤᠮᠠᠷᠠᠰᠢᠭᠢ ᠦᠨᠳᠤᠷ ᠦᠷᠭᠡᠷᠢᠭ ᠤᠨ ᠭᠠᠵᠠᠷ ᠤᠷᠤᠨ ᠤ ᠡᠪᠤᠯ ᠤᠨ ᠭᠠᠳᠠᠨᠠᠭᠢ ᠲᠤᠯᠠᠭᠠᠨ ᠤ ᠭᠡᠮᠵᠢᠶ᠎ᠠ ᠨᠢ ᠲᠤᠤᠷ᠎ᠠ᠂ ᠵᠡᠭᠦᠨ ᠤᠷᠤᠠᠠᠰᠢ ᠬᠠᠨᠳᠤᠠᠠᠰᠠᠨ ᠭᠦᠯᠡᠮᠵᠢ ᠶᠢᠨ ᠦᠷᠯᠦᠭᠡ ᠡᠷᠳᠡ ᠨᠡᠷᠡ ᠨᠢ ᠬᠠᠯᠬᠠᠯᠬᠠᠳᠠᠬᠤ ᠲᠤᠯᠠ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠢᠯᠡᠳᠳᠡ ᠲᠤᠤᠷ᠎ᠠ ᠪᠤᠶᠤ ᠰᠦᠯᠢᠶᠤᠤ ᠪᠦᠷᠭᠦᠭᠦᠯ ᠨᠢ ᠴᠠᠩᠳᠤᠠᠠᠰᠠᠨ ᠠᠴᠠ ᠪᠤᠯᠤᠭᠠᠳ ᠨᠠᠷᠠᠨ ᠤ ᠭᠡᠷᠡᠯ ᠢ ᠨᠦᠯᠦᠭᠡᠯᠡᠵᠤ᠂ ᠤᠷᠭᠤᠮᠠᠯ ᠤᠨ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠭᠢᠵᠠᠭᠠᠷᠯᠠᠳᠠᠭ᠃ ᠭᠦᠯᠡᠮᠵᠢ ᠨᠢ ᠪᠠᠷᠠᠭᠤᠨ ᠤᠷᠤᠠᠠᠰᠢ ᠬᠠᠨᠳᠤᠪᠠᠯ ᠦᠳᠡ ᠶᠢᠨ ᠬᠤᠶᠢᠨᠠᠭᠢ ᠨᠡᠷᠡᠨ ᠤ ᠭᠡᠷᠡᠯᠳᠦᠭᠦᠯᠭᠡ ᠠᠴᠠ ᠢᠯᠴᠢ ᠬᠤᠷᠢᠶᠠᠬᠤ ᠴᠠᠭ ᠢ ᠤᠷᠳᠤᠳᠬᠠᠬᠤ ᠪᠠ ᠰᠦᠨᠢ ᠶᠢᠨ ᠲᠤᠯᠠᠭᠠᠨ ᠢ ᠬᠠᠮᠠᠭᠠᠯᠠᠬᠤ ᠳᠤ ᠠᠰᠢᠠᠠᠳᠠᠢ ᠪᠠᠶᠢᠳᠠᠭ᠃
        ᠬᠤᠶᠠᠷ ᠰᠠᠭᠤᠷᠢ ᠭᠦᠯᠡᠮᠵᠢ ᠶᠢᠨ ᠬᠤᠭᠤᠷᠤᠨᠳᠤᠭᠢ ᠵᠠᠢ ᠶᠢ ᠪᠤᠯ ᠡᠪᠤᠯ ᠤᠨ ᠲᠦᠢᠯ ᠤᠨ ᠨᠠᠷᠠᠨ ᠤ ᠦᠨᠳᠤᠷ ᠤᠨ ᠦᠨᠴᠦᠭ ᠨᠢ ᠠᠯᠢ ᠪᠠᠭ᠎ᠠ ᠪᠤᠯᠬᠤ ᠦᠶᠡᠰ᠂ ᠡᠮᠦᠨ᠎ᠠ ᠰᠠᠭᠤᠷᠢ ᠭᠦᠯᠡᠮᠵᠢ ᠨᠢ ᠠᠷᠤ ᠰᠠᠭᠤᠷᠢ ᠭᠦᠯᠡᠮᠵᠢ ᠶᠢᠨ ᠨᠠᠷᠠᠨ ᠤ ᠭᠡᠷᠡᠯ ᠢ ᠬᠠᠯᠬᠠᠯᠠᠬᠤ ᠦᠭᠡᠢ ᠪᠠᠶᠢᠬᠤ ᠪᠠᠷ ᠪᠠᠷᠢᠮᠵᠢᠶᠠᠯᠠᠨ᠎ᠠ᠃ ᠶᠠᠷᠦᠩᠭᠡᠢ ᠳᠡᠭᠡᠨ ᠭᠦᠯᠡᠮᠵᠢ ᠶᠢᠨ ᠦᠨᠳᠤᠷ ᠢ 2.5~3.0m ᠪᠠᠶᠢᠯᠭᠠᠪᠠᠯ ᠲᠤᠭᠢᠷᠠᠮᠵᠢᠳᠡᠢ᠃ ᠰᠠᠯᠭᠢ ᠶᠡᠭᠡᠳᠡᠢ ᠭᠠᠵᠠᠷ ᠤᠷᠤᠨ ᠪᠤᠯ ᠵᠠᠮ ᠱᠤᠭᠤᠮ ᠨᠢ ᠰᠠᠯᠭᠢᠨ ᠤ ᠠᠮᠠ ᠪᠤᠯᠬᠤ ᠠᠴᠠ ᠰᠡᠷᠭᠡᠶᠢᠯᠡᠵᠤ᠂ ᠭᠦᠯᠡᠮᠵᠢ ᠪᠤᠶᠤ ᠲᠤᠮᠤ ᠰᠠᠷᠠᠪᠴᠢ ᠪᠠᠨ ᠵᠦᠷᠢᠭᠦᠯᠡᠨ ᠵᠢᠠᠠᠰᠠᠭᠠᠬᠤ ᠭᠡᠷᠡᠭᠳᠡᠢ᠃
        ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ ᠶᠠᠷᠦᠩᠭᠡᠢ ᠳᠡᠭᠡᠨ  50~80m ᠤᠨ ᠬᠤᠭᠤᠷᠤᠨᠳᠤ ᠪᠠᠶᠢᠯᠭᠠᠬᠤ ᠪᠤᠶᠤ ᠲᠠᠯᠠᠪᠠᠢ ᠶᠢ ᠨᠢ  0.5~1 ᠮᠤ᠋ ᠶᠢᠨ ᠬᠤᠭᠤᠷᠤᠨᠳᠤ ᠪᠠᠶᠢᠯᠭᠠᠨ᠎ᠠ᠃ ᠭᠡᠳᠦᠷᠭᠡᠢ ᠤᠷᠳᠤ ᠪᠤᠯ ᠰᠠᠯᠭᠢ ᠨᠡᠪᠳᠡᠷᠡᠭᠦ ᠳᠤ ᠭᠦᠴᠢᠷ ᠲᠠᠢ ᠪᠤᠯᠬᠤ ᠪᠠ ᠵᠢᠭᠳᠡᠭᠡᠨ ᠤᠰᠤᠯᠠᠬᠤ ᠳᠤ ᠴᠤ ᠪᠡᠷᠭᠡ ᠪᠤᠯᠤᠨ᠎ᠠ᠃
        ᠭᠦᠯᠡᠮᠵᠢ ᠶᠢᠨ ᠦᠨᠳᠤᠷ ᠭᠡᠳᠡᠭ ᠪᠤᠯ ᠭᠦᠯᠡᠮᠵᠢ ᠶᠢᠨ ᠨᠢᠷᠤᠭᠤ ᠠᠴᠠ ᠱᠠᠯᠠ ᠳᠤ ᠭᠦᠷᠬᠦ ᠡᠭ᠍ᠴᠡ ᠦᠨᠳᠤᠷ ᠢ ᠵᠢᠭᠠᠵᠤ ᠪᠠᠶᠢᠨ᠎ᠠ᠃ ᠶᠠᠷᠦᠩᠭᠡᠢ ᠳᠡᠭᠡᠨ 6~7m ᠤᠨ ᠠᠯᠭᠠᠰᠠᠯ ᠵᠠᠢ ᠲᠠᠢ ᠭᠦᠯᠡᠮᠵᠢ ᠶᠢᠨ ᠦᠨᠳᠤᠷ ᠢ 2.8~3.0m ᠪᠠᠶᠢᠯᠭᠠᠪᠠᠯ ᠲᠤᠭᠢᠷᠠᠮᠵᠢᠳᠡᠢ᠃
        ᠭᠦᠯᠡᠮᠵᠢ ᠶᠢᠨ ᠡᠮᠦᠨ᠎ᠠ ᠭᠡᠷᠡᠮ ᠤᠨ ᠦᠨᠴᠦᠭ ᠭᠡᠳᠡᠭ ᠪᠤᠯ ᠭᠦᠯᠡᠮᠵᠢ ᠶᠢᠨ ᠡᠮᠦᠨ᠎ᠠ ᠨᠢᠭᠤᠷ ᠤᠨ ᠢᠷᠤᠭᠠᠷ ᠭᠢᠭᠡᠳ ᠭᠠᠵᠠᠷ ᠤᠨ ᠲᠦᠪᠰᠢᠨ ᠲᠠᠢ ᠬᠠᠪᠴᠢᠠᠠᠰᠠᠨ ᠦᠨᠴᠦᠭ ᠢ ᠵᠢᠭᠠᠵᠤ ᠪᠠᠶᠢᠨ᠎ᠠ᠃ ᠡᠨᠡ ᠬᠦ ᠦᠨᠴᠦᠭ ᠨᠢ ᠭᠡᠷᠡᠯ ᠤᠨ ᠨᠡᠪᠳᠡᠷᠡᠯᠳᠡ ᠶᠢᠨ ᠨᠤᠷᠮ᠎ᠠ ᠶᠢ ᠨᠡᠯᠢᠶᠡᠳ ᠶᠡᠭᠡ ᠨᠦᠯᠦᠭᠡᠯᠡᠳᠡᠭ ᠪᠤᠯᠬᠤᠷ ᠨᠠᠷᠠᠯᠠᠭ ᠭᠦᠯᠡᠮᠵᠢ ᠶᠢᠨ ᠡᠮᠦᠨ᠎ᠠ ᠠᠳᠠᠷ ᠤᠨ ᠦᠨᠴᠦᠭ ᠢ ᠶᠠᠷᠦᠩᠭᠡᠢ ᠳᠡᠭᠡᠨ 58°~60° ᠪᠠᠶᠢᠯᠭᠠᠨ᠎ᠠ᠃ ᠭᠦᠯᠡᠮᠵᠢ ᠶᠢᠨ ᠡᠮᠦᠨ᠎ᠠ ᠨᠢᠭᠤᠷ ᠤᠨ ᠭᠡᠯᠪᠡᠷᠢ ᠶᠢ ᠪᠦᠭᠡᠷᠡᠩᠬᠡᠢ ᠭᠤᠯᠳᠤᠩ ᠨᠠᠯᠠᠤ ᠭᠡᠯᠪᠡᠷᠢ ᠲᠠᠢ ᠪᠠᠶᠢᠯᠭᠠᠨ᠎ᠠ᠃
       ᠭᠦᠯᠡᠮᠵᠢ ᠶᠢᠨ ᠠᠷᠤ ᠭᠡᠷᠡᠮ ᠤᠨ ᠦᠨᠴᠦᠭ ᠭᠡᠳᠡᠭ ᠪᠤᠯ ᠭᠦᠯᠡᠮᠵᠢ ᠶᠢᠨ ᠠᠷᠤ ᠭᠡᠷᠡᠮ ᠭᠢᠭᠡᠳ ᠬᠤᠶᠢᠳᠤ ᠭᠡᠷᠡᠮ ᠤᠨ ᠤᠷᠤᠢ ᠶᠢᠨ ᠭᠡᠰᠡᠭ ᠤᠨ ᠭᠡᠪᠳᠡᠭᠡ ᠱᠤᠭᠤᠮ ᠤᠨ ᠬᠠᠪᠴᠢᠠᠠᠰᠠᠨ ᠦᠨᠴᠦᠭ ᠢ ᠵᠢᠭᠠᠵᠤ ᠪᠠᠶᠢᠨ᠎ᠠ᠃ ᠠᠷᠤ ᠭᠡᠷᠡᠮ ᠤᠨ ᠦᠯᠢᠢᠭᠰᠡᠨ ᠦᠨᠴᠦᠭ ᠢ 30°~40° ᠪᠠᠶᠢᠯᠭᠠᠵᠤ᠂ ᠭᠦᠯᠡᠮᠵᠢ ᠶᠢᠨ ᠨᠢᠷᠤᠭᠤ ᠭᠢᠭᠡᠳ ᠠᠷᠤ ᠭᠡᠷᠡᠮ ᠤᠨ ᠤᠷᠤᠢ ᠶᠢᠨ ᠭᠡᠰᠡᠭ ᠤᠨ ᠦᠨᠳᠤᠷ ᠤᠨ ᠵᠦᠷᠢᠶ᠎ᠠ ᠶᠢ  80~100cm ᠪᠠᠶᠢᠯᠭᠠᠨ᠎ᠠ᠃ ᠢᠡᠭᠭᠢᠪᠡᠯ ᠬᠠᠭᠢᠷ ᠭᠦᠢᠳᠡᠨ ᠤᠯᠠᠷᠢᠯ ᠳᠤ ᠨᠡᠩ ᠤᠯᠠᠨ ᠰᠢᠭᠤᠳ ᠲᠤᠰᠤᠯᠳᠠ ᠶᠢᠨ ᠭᠡᠷᠡᠯ ᠨᠢ ᠬᠤᠶᠢᠳᠤ ᠭᠡᠷᠡᠮ ᠵᠢᠴᠢ ᠬᠤᠶᠢᠳᠤ ᠨᠢᠭᠤᠷ ᠲᠡᠭᠡᠷ᠎ᠡ ᠲᠤᠰᠴᠤ᠂ ᠲᠤᠯᠠᠭᠠᠨ ᠢ ᠬᠠᠳᠠᠭᠠᠯᠠᠬᠤ ᠳᠤ ᠠᠰᠢᠠᠠᠳᠠᠢ ᠪᠠᠶᠢᠳᠠᠭ᠃
       ᠬᠤᠶᠢᠳᠤ ᠨᠢᠭᠤᠷ ᠨᠢ ᠭᠡᠳᠦᠷᠭᠡᠢ ᠤᠷᠳᠤ ᠪᠤᠯᠪᠠᠯ ᠡᠪᠤᠯ ᠨᠡᠷᠡᠨ ᠤ ᠦᠨᠳᠤᠷ ᠤᠨ ᠦᠨᠴᠦᠭ ᠨᠡᠯᠢᠶᠡᠳ ᠪᠠᠭᠠᠰᠬᠤ ᠦᠶᠡᠰ᠂ ᠭᠡᠷᠡᠯ ᠬᠠᠯᠬᠠᠯᠠᠬᠤ ᠦᠵᠡᠭᠳᠡᠯ ᠭᠠᠷᠳᠠᠭ᠃
       ᠡᠶᠢᠮᠤ ᠠᠴᠠ ᠬᠤᠶᠢᠳᠤ ᠨᠢᠭᠤᠷ ᠤᠨ ᠭᠡᠪᠳᠡᠭᠡ ᠲᠤᠰᠤᠯᠳᠠ ᠶᠢᠨ ᠤᠷᠳᠤ ᠶᠢ  1~1.6m ᠪᠠᠶᠢᠯᠭᠠᠪᠠᠯ ᠲᠤᠭᠢᠷᠠᠮᠵᠢᠳᠡᠢ᠃
       3. ᠭᠦᠯᠡᠮᠵᠢ ᠶᠢᠨ ᠭᠡᠷᠡᠮ ᠢ ᠭᠡᠳᠦᠢ ᠵᠤᠵᠠᠭᠠᠨ ᠪᠠᠶᠢᠭᠤᠯᠬᠤ ᠪᠤᠢ︖
       ᠨᠠᠷᠠᠯᠠᠭ ᠭᠦᠯᠡᠮᠵᠢ ᠶᠢᠨ ᠭᠡᠷᠡᠮ ᠪᠤᠯᠤᠨ ᠠᠷᠤ ᠭᠡᠷᠡᠮ ᠨᠢ ᠭᠦᠨᠳᠤ ᠶᠢᠨ ᠲᠠᠭᠠᠭᠠᠴᠠ ᠶᠢᠨ ᠦᠢᠯᠡᠳᠦᠯ ᠦᠵᠡᠭᠦᠯᠭᠦ ᠮᠦᠷᠳᠡᠭᠡᠨ ᠪᠠᠰᠠ ᠲᠤᠯᠠᠭᠠᠨ ᠢ ᠬᠠᠮᠠᠭᠠᠯᠠᠨ ᠢᠯᠴᠢ ᠬᠤᠷᠠᠮᠳᠤᠭᠤᠯᠬᠤ ᠦᠢᠯᠡᠳᠦᠯ ᠦᠵᠡᠭᠦᠯᠳᠡᠭ᠃ ᠭᠡᠷᠡᠮ ᠳᠤ ᠪᠤᠯ ᠬᠠᠮᠤᠭ ᠤᠨ ᠰᠠᠶᠢᠨ ᠨᠢ ᠲᠤᠳᠤᠭᠠᠳᠤ ᠲᠠᠪᠬᠤᠷᠭ᠎ᠠ ᠳᠤ ᠢᠯᠴᠢ ᠬᠤᠷᠠᠮᠳᠤᠭᠤᠯᠬᠤ ᠢᠯᠡᠳᠭᠡᠮᠵᠢ ᠲᠤᠭ᠎ᠠ ᠪᠠᠷ ᠶᠡᠭᠡ᠂ ᠭᠠᠳᠠᠷ ᠲᠠᠪᠬᠤᠷᠭ᠎ᠠ ᠳᠤ ᠢᠯᠴᠢ ᠲᠠᠮᠵᠢᠭᠤᠯᠬᠤ ᠨᠤᠷᠮ᠎ᠠ ᠪᠠᠷ ᠪᠠᠭ᠎ᠠ ᠮᠠᠲ᠋ᠧᠷᠢᠶᠠᠯ ᠢ ᠰᠤᠩᠭᠤᠨ ᠭᠡᠷᠡᠭᠯᠡᠨ᠎ᠡ᠃ ᠬᠤᠶᠢᠳᠤ ᠭᠡᠷᠡᠮ ᠤᠨ ᠦᠷᠭᠡᠨ ᠢ ᠭᠤᠷᠪᠡᠨ ᠵᠦᠢᠯ ᠢᠶᠠᠷ ᠬᠤᠪᠢᠶᠠᠵᠤ ᠪᠤᠯᠤᠨ᠎ᠠ᠃ ① ᠮᠠᠰᠢᠨ ᠢᠶᠠᠷ ᠭᠡᠷᠡᠮ ᠪᠠᠷᠢᠬᠤ ᠳᠤ ᠬᠤᠶᠢᠳᠤ ᠭᠡᠷᠡᠮ ᠤᠨ ᠰᠠᠭᠤᠷᠢ ᠶᠢᠨ ᠦᠷᠭᠡᠨ ᠢ  4 ~4.5m᠂ ᠲᠡᠭᠡᠷ᠎ᠠ ᠲᠠᠯ᠎ᠠ ᠶᠢᠨ ᠦᠷᠭᠡᠨ ᠢ 2~2.5m ᠪᠠᠶᠢᠯᠭᠠᠨ᠎ᠠ᠃ ② ᠰᠢᠷᠤᠢ ᠪᠠᠷ ᠪᠤᠶᠤ ᠰᠢᠪᠠᠷ ᠭᠡᠷᠡᠮ ᠪᠤᠰᠬᠠᠬᠤ ᠳᠤ ᠭᠡᠷᠡᠮ ᠤᠨ ᠰᠠᠭᠤᠷᠢ ᠶᠢᠨ ᠦᠷᠭᠡᠨ ᠢ  2~2.5m᠂ ᠲᠡᠭᠡᠷ᠎ᠡ ᠲᠠᠯ᠎ᠠ ᠶᠢᠨ ᠦᠷᠭᠡᠨ ᠢ 1m ᠪᠠᠶᠢᠯᠭᠠᠵᠤ᠂ ᠭᠡᠷᠡᠮ ᠪᠤᠰᠬᠠᠬᠤ ᠳᠠᠭᠠᠨ ᠤᠷᠢᠳ ᠢᠶᠠᠷ ᠰᠢᠷᠤᠢ ᠪᠠᠨ ᠪᠠᠭ᠎ᠠ ᠴᠢᠭᠢᠭᠳᠦᠭᠦᠯᠵᠤ᠂ ᠨᠢᠭᠡᠨ ᠲᠠᠪᠬᠤᠷ ᠰᠢᠷᠤᠢ ᠨᠢᠭᠡᠨ ᠲᠠᠪᠬᠤᠷ ᠡᠪᠡᠰᠤ ᠪᠠᠷ ᠲᠠᠪᠬᠤᠷᠭ᠎ᠠ ᠲᠠᠷᠠᠭᠠᠯᠠᠨ ᠨᠦᠳᠦᠵᠤ ᠬᠠᠨᠭ᠍ᠳᠠᠨ᠎ᠠ᠃ ③ ᠲᠤᠭᠤᠰᠬᠠᠨ ᠭᠡᠷᠡᠮ ᠪᠠᠷᠢᠬᠤ ᠳᠤ᠂ ᠭᠡᠷᠡᠮ ᠤᠨ ᠦᠷᠭᠡᠨ ᠢ 0.48m ᠪᠠᠶᠢᠯᠭᠠᠵᠤ᠂ ᠭᠠᠳᠠᠷ ᠭᠡᠷᠡᠮ ᠤᠨ ᠦᠷᠭᠡᠨ ᠢ 0.24m᠂ ᠲᠤᠳᠤᠷ᠎ᠠ ᠭᠡᠷᠡᠮ ᠤᠨ ᠦᠷᠭᠡᠨ ᠢ  0.12m ᠪᠠᠶᠢᠯᠭᠠᠵᠤ᠂ ᠭᠠᠳᠠᠷ ᠲᠤᠳᠤᠷ᠎ᠠ ᠭᠡᠷᠡᠮ ᠤᠨ ᠬᠤᠭᠤᠷᠤᠨᠳᠤ ᠢᠯᠴᠢ ᠪᠠᠳᠠᠷᠠᠭᠠᠬᠤ ᠮᠠᠲ᠋ᠧᠷᠢᠶᠠᠯ ᠢ ᠲᠦᠭᠵᠢᠨ ᠭᠢᠨ᠎ᠠ᠃
       4. ᠭᠦᠯᠡᠮᠵᠢ ᠶᠢ ᠶᠠᠮᠠᠷ ᠠᠯᠬᠤᠮ ᠲᠠᠷᠠᠭᠠᠯᠠᠯ ᠢᠶᠠᠷ ᠪᠠᠶᠢᠭᠤᠯᠬᠤ ᠪᠤᠢ︖
         ᠨᠠᠷᠠᠯᠠᠭ ᠭᠦᠯᠡᠮᠵᠢ ᠶᠢᠨ ᠲᠤᠮᠤ ᠰᠠᠷᠠᠪᠴᠢ ᠶᠢᠨ ᠭᠡᠷᠡᠮ ᠢ ᠪᠤᠰᠬᠠᠬᠤ ᠳᠤ ᠶᠡᠭᠡ ᠲᠦᠯᠦᠪ ᠬᠤᠶᠠᠷ ᠵᠦᠢᠯ ᠤᠨ ᠠᠷᠭ᠎ᠠ ᠪᠠᠶᠢᠨ᠎ᠠ᠃ ᠨᠢᠭᠡ ᠨᠢ ᠰᠢᠷᠤᠢ ᠶᠢᠨ ᠭᠡᠷᠡᠮ᠂ ᠡᠭᠦᠨ ᠳᠤ ᠬᠠᠪᠳᠠᠭᠠᠶᠢᠯᠠᠨ ᠭᠡᠷᠡᠮ ᠪᠤᠰᠬᠠᠬᠤ ᠪᠡ ᠡᠪᠡᠰᠤ ᠰᠢᠪᠠᠷ ᠢᠶᠠᠷ ᠭᠡᠷᠡᠮ ᠨᠦᠳᠦᠨ ᠪᠤᠰᠬᠠᠬᠤ ᠪᠤᠶᠤ ᠮᠠᠰᠢᠨ ᠢᠶᠠᠷ ᠭᠡᠷᠡᠮ ᠪᠤᠰᠬᠠᠬᠤ ᠭᠡᠯᠪᠡᠷᠢ ᠪᠠᠷ ᠪᠤᠰᠬᠠᠨ᠎ᠠ᠃
        ᠨᠦᠭᠦᠭᠡ ᠨᠢ ᠲᠤᠭᠤᠰᠬ᠎ᠠ ᠪᠠᠷ ᠭᠡᠷᠡᠮ ᠪᠠᠷᠢᠨ᠎ᠠ᠃ ᠭᠦᠯᠡᠮᠵᠢ ᠶᠢᠨ ᠡᠮᠦᠨ᠎ᠠ ᠭᠡᠷᠡᠮ ᠢ ᠦᠷᠭᠡᠨ ᠨᠢ 24cm᠂ ᠦᠨᠳᠤᠷ ᠨᠢ 40cm ᠢᠶᠠᠷ ᠳᠤᠭᠤᠰᠬᠠᠨ ᠭᠡᠷᠡᠮ ᠪᠠᠷᠢᠨ᠎ᠠ᠃ 0.8~1m ᠠᠯᠤᠰᠯᠠᠬᠤ ᠪᠦᠷᠢ ᠨᠢᠭᠡᠨ ᠰᠢᠷᠪᠤᠰᠤ ᠪᠤᠯᠤᠳ ᠤᠨ ᠦᠵᠦᠭᠦᠷ ᠰᠠᠭᠤᠯᠭᠠᠵᠤ᠂ ᠲᠤᠭᠤᠰᠬᠠᠨ ᠭᠡᠷᠡᠮ ᠤᠨ ᠲᠡᠭᠡᠷ᠎ᠡ ᠳ᠋ᠢᠶᠠᠮᠧᠲᠷ ᠨᠢ 12~14mm ᠤᠨ ᠰᠢᠷᠪᠤᠰᠤ ᠪᠤᠯᠤᠳ ᠲᠡᠭᠰᠢᠭᠡᠨ ᠲᠠᠯᠪᠢᠵᠤ᠂ ᠰᠢᠷᠪᠤᠰᠤ ᠪᠤᠯᠤᠳ ᠤᠨ ᠦᠵᠦᠭᠦᠷ ᠲᠡᠭᠡᠷ᠎ᠡ ᠪᠠᠨ ᠭᠠᠨᠭ᠍ᠨᠠᠵᠤ ᠵᠠᠯᠭᠠᠨ᠎ᠠ᠃ ᠭᠡᠷᠡᠮ ᠢ ᠪᠠᠳᠤ ᠪᠠᠭᠢ ᠪᠤᠯᠭᠠᠬᠤ ᠶᠢᠨ ᠲᠤᠰᠠᠳᠠ ᠭᠠᠵᠠᠷ ᠤᠨ ᠭᠠᠳᠠᠷᠭᠤ ᠠᠴᠠ 40~50cm ᠭᠦᠨ ᠠᠴᠠ ᠰᠠᠭᠤᠷᠢᠯᠠᠨ ᠪᠠᠷᠢᠵᠤ᠂ ᠭᠡᠷᠡᠮ ᠢ ᠪᠠᠷᠢᠭᠠᠳ ᠭᠠᠵᠠᠷ ᠤᠨ ᠭᠠᠳᠠᠷᠭᠤ ᠠᠴᠠ ᠦᠨᠳᠤᠷ ᠪᠤᠯᠬᠤ ᠦᠶᠡᠰ᠂ ᠭᠦᠷᠦᠰᠤ ᠰᠢᠷᠤᠢ ᠶᠢᠨ ᠤᠰᠤ ᠨᠢ ᠭᠡᠷᠡᠮ ᠢ ᠲᠠᠭᠠᠨ ᠠᠭᠤᠷᠰᠢᠬᠤ ᠠᠴᠠ ᠰᠡᠷᠭᠡᠶᠢᠯᠡᠨ᠂ ᠭᠡᠷᠡᠮ ᠤᠨ ᠰᠠᠭᠤᠷᠢ ᠶᠢᠨ ᠢᠶᠠᠨ ᠲᠡᠭᠡᠭᠦᠷ ᠨᠢ 0.1mm ᠤᠨ ᠰᠦᠯᠢᠶᠤᠤ ᠪᠦᠷᠭᠦᠭᠦᠯ ᠲᠠᠪᠢᠰᠦᠨ᠎ᠠ᠃
        ᠭᠦᠯᠡᠮᠵᠢ ᠶᠢᠨ ᠠᠷᠤ ᠭᠡᠷᠡᠮ ᠤᠨ ᠨᠠᠯᠠᠤ ᠶᠢᠨ ᠤᠷᠳᠤ ᠶᠢ 1.5~2.0m ᠪᠠᠶᠢᠯᠭᠠᠵᠤ᠂ ᠪᠤᠯᠤᠳ ᠭᠤᠯᠳᠤᠩ ᠵᠢᠶᠠᠰᠠ ᠰᠦᠷᠤ ᠶᠢᠨ ᠠᠷᠤ ᠭᠡᠷᠡᠮ ᠳᠤ ᠱᠦᠢᠨᠢ ᠪᠠᠷ ᠤᠷᠢᠳᠴᠢᠯᠠᠨ ᠦᠢᠯᠡᠳᠦᠭᠰᠡᠨ ᠬᠠᠪᠳᠠᠰᠤ ᠪᠤᠶᠤ ᠮᠤᠳᠤᠨ ᠬᠠᠪᠳᠠᠰᠤ ᠲᠠᠪᠢᠰᠴᠤ᠂ ᠡᠭᠦᠨ ᠤ ᠲᠡᠭᠡᠷ᠎ᠡ ᠪᠠᠰᠠ ᠨᠢᠭᠡᠨ ᠲᠠᠪᠬᠤᠷ ᠪᠧᠨ᠋ᠽᠸᠠ ᠤ ᠪᠦᠭᠡᠭᠡᠨᠡᠷᠡᠯ ᠤᠨ ᠬᠠᠪᠳᠠᠰᠤ ᠲᠠᠯᠪᠢᠵᠤ᠂ ᠲᠠᠷᠠᠭ᠎ᠠ ᠪᠠᠷ ᠨᠢ ᠨᠡᠭᠦᠷᠡᠰᠤᠨ ᠤ ᠰᠢᠳ᠋ᠬᠠᠰᠠᠨ ᠰᠢᠭᠠᠷᠤ ᠲᠠᠯᠪᠢᠵᠤ᠂ ᠬᠠᠮᠤᠭ ᠤᠨ ᠲᠡᠭᠡᠳᠤ ᠲᠠᠪᠬᠤᠷ ᠢ ᠱᠦᠢᠨᠢ ᠪᠤᠶᠤ ᠴᠠᠭᠠᠨ ᠴᠤᠬᠤᠢ ᠪᠠᠷ ᠢᠯᠢᠵᠤ᠂ ᠤᠰᠤ ᠶᠢ ᠰᠡᠷᠭᠡᠶᠢᠯᠡᠨ᠎ᠡ᠃
         ︵1︶ ᠬᠤᠯᠤᠰᠤ ᠮᠤᠳᠤ ᠪᠠᠷ ᠭᠤᠯᠳᠤᠩ ᠵᠢᠶᠠᠰᠠ ᠪᠤᠰᠬᠠᠬᠤ᠃ ᠬᠤᠯᠤᠰᠤᠨ ᠪᠤᠯᠠᠭᠠᠷᠢ ᠪᠤᠶᠤ ᠮᠤᠳᠤᠨ ᠪᠤᠯᠠᠭᠠᠷᠢ ᠪᠠᠷ ᠭᠤᠯᠳᠤᠩ ᠵᠢᠶᠡᠰᠡ ᠪᠤᠰᠬᠠᠵᠤ᠂ ᠤᠷᠳᠤ ᠶᠢ ᠨᠢ ᠲᠠᠭᠠᠭᠤᠯᠤᠨ  3m ᠠᠯᠤᠰᠯᠠᠬᠤ ᠪᠦᠷᠢ ᠨᠢᠭᠡ ᠪᠤᠯᠠᠭᠠᠷᠢ ᠪᠤᠯᠵᠤ᠂ ᠦᠷᠭᠡᠨ ᠢᠶᠠᠷ ᠨᠢ 4~5 ᠮᠦᠷ ᠪᠤᠯᠠᠭᠠᠷᠢ ᠪᠤᠰᠬᠠᠵᠤ᠂ ᠨᠢᠭᠡᠳᠦᠭᠡᠷ ᠮᠦᠷ ᠤᠨ ᠪᠤᠯᠠᠭᠠᠷᠢ ᠶᠢ ᠬᠤᠶᠢᠳᠤ ᠪᠤᠯᠠᠭᠠᠷᠢ ᠭᠡᠨ᠎ᠠ᠃ ᠲᠠᠷᠠ ᠨᠢ ᠠᠷᠤ ᠨᠠᠯᠠᠤ ᠲᠠᠯ᠎ᠠ ᠪᠠ ᠡᠮᠦᠨ᠎ᠠ ᠭᠡᠷᠡᠮ ᠵᠢᠴᠢ ᠡᠪᠡᠰᠤᠨ ᠪᠦᠳᠡᠭᠡᠯᠭᠡ ᠶᠢ ᠲᠤᠯᠬᠤ ᠭᠤᠤᠯ ᠲᠤᠯᠭᠠᠭᠤᠷᠢ ᠪᠤᠯᠤᠨ᠎ᠠ᠃ ᠡᠶᠢᠮᠤ ᠠᠴᠠ ᠲᠡᠭᠦᠨ ᠤ ᠲᠠᠭᠠᠭᠠᠴᠠ ᠶᠢᠨ ᠭᠦᠴᠤ ᠨᠢ ᠮᠠᠰᠢ ᠶᠡᠭᠡ ᠪᠠᠶᠢᠳᠠᠭ᠃ ᠶᠠᠷᠦᠩᠭᠡᠢ ᠳᠡᠭᠡᠨ ᠬᠤᠶᠢᠨ᠎ᠠ ᠪᠤᠯᠠᠭᠠᠷᠢ ᠶᠢ 4.4m ᠪᠠᠶᠢᠯᠭᠠᠵᠤ᠂ ᠭᠠᠵᠠᠷ ᠲᠤ 0.5m ᠪᠤᠯᠠᠵᠤ᠂ ᠭᠠᠵᠠᠷ ᠲᠡᠭᠡᠷᠡᠭᠢ ᠦᠨᠳᠤᠷ ᠢ ᠨᠢ 3.9m ᠪᠠᠶᠢᠯᠭᠠᠨ᠎ᠠ᠃ ᠪᠤᠯᠠᠭᠠᠷᠢ ᠪᠠᠨ ᠪᠤᠯᠠᠬᠤ ᠳᠤ᠂ ᠨᠢᠭᠡ ᠳᠤ ᠪᠤᠯᠠᠭᠠᠷᠢ ᠶᠢᠨ ᠢᠶᠠᠨ ᠨᠦᠭᠡᠨ ᠤ ᠢᠷᠤᠭᠠᠷ ᠲᠤᠨᠢ ᠴᠢᠯᠠᠭᠤ ᠲᠠᠪᠢᠰᠴᠤ᠂ ᠪᠤᠯᠠᠭᠠᠷᠢ ᠨᠢ ᠲᠠᠷᠤᠯᠳᠠ ᠳᠤ ᠤᠴᠠᠷᠠᠵᠤ ᠲᠤᠷᠤᠠᠠᠰᠢ ᠰᠠᠭᠤᠬᠤ ᠠᠴᠠ ᠰᠡᠷᠭᠡᠶᠢᠯᠡᠨ᠎ᠠ︔ ᠬᠤᠶᠠᠷ ᠲᠤ ᠪᠤᠯᠠᠭᠠᠷᠢ ᠶᠢᠨ ᠤᠷᠤᠢ ᠶᠢᠨ ᠭᠡᠰᠡᠭ ᠢ ᠬᠤᠶᠢᠳᠤ ᠭᠡᠷᠡᠮ ᠵᠦᠭ 8~10cm ᠬᠠᠵᠠᠶᠢᠯᠭᠠᠵᠤ᠂ ᠬᠤᠶᠢᠳᠤ ᠨᠠᠯᠠᠤ ᠶᠢᠨ ᠭᠦᠨᠳᠤ ᠶᠢᠨ ᠭᠦᠴᠤᠨ ᠢ ᠲᠡᠩᠴᠡᠭᠦᠯᠦᠨ᠎ᠠ᠃ ᠬᠤᠶᠢᠳᠤ ᠪᠤᠯᠠᠭᠠᠷᠢ ᠶᠢᠨ ᠢᠶᠠᠨ ᠲᠡᠭᠡᠷ᠎ᠠ ᠡᠮᠦᠨ᠎ᠠ ᠤᠮᠠᠷ᠎ᠠ ᠶᠢᠨ ᠴᠢᠭᠯᠡᠯ ᠢᠶᠠᠷ ᠭᠦᠨᠳᠡᠯᠡᠨ ᠨᠢᠷᠤᠭᠤ ᠲᠠᠯᠪᠢᠵᠤ᠂ ᠡᠭᠦᠨ ᠳᠤ ᠪᠤᠯᠤᠳ ᠭᠤᠤᠷᠰᠤ᠂ ᠱᠦᠢᠨᠢ᠂ ᠮᠤᠳᠤᠨ ᠮᠠᠲ᠋ᠧᠷᠢᠶᠠᠯ ᠢᠶᠠᠷ ᠴᠦᠮ ᠨᠢᠷᠤᠭᠤ ᠭᠢᠵᠤ ᠪᠤᠯᠤᠨ᠎ᠠ᠃ ᠭᠦᠯᠡᠮᠵᠢ ᠶᠢᠨ ᠡᠮᠦᠨ᠎ᠠ ᠮᠦᠷ ᠤᠨ ᠪᠤᠯᠠᠭᠠᠷᠢ ᠶᠢ ᠡᠮᠦᠨ᠎ᠠ ᠪᠤᠯᠠᠭᠠᠷᠢ ᠭᠡᠨ᠎ᠡ᠃ ᠡᠮᠦᠨ᠎ᠠ ᠪᠤᠯᠠᠭᠠᠷᠢ ᠶᠢᠨ ᠰᠠᠭᠤᠷᠢ ᠶᠢ ᠭᠦᠯᠡᠮᠵᠢ ᠶᠢᠨ ᠡᠮᠦᠨ᠎ᠠ ᠰᠠᠭᠤᠷᠢ ᠠᠴᠠ 1m ᠵᠠᠢ ᠲᠠᠢ ᠪᠤᠯᠠᠵᠤ᠂ ᠭᠠᠵᠠᠷ ᠲᠤ 0.3m ᠪᠤᠯᠠᠵᠤ᠂ ᠭᠠᠵᠠᠷ ᠲᠡᠭᠡᠷ᠎ᠡ 1.2m ᠦᠯᠡᠳᠡᠭᠡᠨ᠎ᠡ᠃ ᠡᠮᠦᠨ᠎ᠠ ᠪᠤᠯᠠᠭᠠᠷᠢ ᠶᠢ ᠪᠤᠯᠠᠬᠤ ᠳᠤ ᠪᠤᠯᠠᠭᠠᠷᠢ ᠶᠢᠨ ᠤᠷᠤᠢ ᠶᠢᠨ ᠭᠡᠰᠡᠭ ᠢ ᠡᠮᠦᠨᠡᠰᠢ ᠪᠠᠨ 0.3m ᠬᠠᠵᠠᠶᠢᠯᠭᠠᠨ᠎ᠠ᠃ ᠲᠡᠭᠦᠨ ᠤ ᠭᠤᠤᠯ ᠦᠢᠯᠡᠳᠦᠯ ᠨᠢ ᠭᠡᠪᠡᠯ ᠭᠦᠯᠡᠮᠵᠢ ᠶᠢᠨ ᠡᠮᠦᠨ᠎ᠠ ᠭᠡᠷᠡᠮ ᠤᠨ ᠤᠮᠠᠷᠠᠰᠢᠭᠢ ᠲᠠᠷᠤᠯᠳᠠ ᠶᠢ ᠡᠭᠦᠷᠭᠡᠯᠡᠨ᠎ᠡ᠃ ᠡᠮᠦᠨ᠎ᠠ ᠬᠤᠶᠢᠨᠠᠭᠢ ᠬᠤᠶᠠᠷ ᠮᠦᠷ ᠪᠤᠯᠠᠭᠠᠷᠢ ᠶᠢᠨ ᠬᠤᠭᠤᠷᠤᠨᠳᠤ  2~3 ᠮᠦᠷ ᠪᠤᠯᠠᠭᠠᠷᠢ ᠪᠤᠯᠠᠵᠤ᠂ ᠮᠦᠷ ᠪᠦᠷᠢ ᠶᠢᠨ ᠪᠤᠯᠠᠭᠠᠷᠢ ᠶᠢ ᠭᠠᠵᠠᠷ ᠲᠤ  30~40cm ᠪᠤᠯᠠᠵᠤ᠂ ᠨᠦᠭᠡᠨ ᠤ ᠢᠷᠤᠭᠠᠷ ᠲᠤᠨᠢ ᠬᠤᠶᠠᠷ ᠲᠠᠪᠬᠤᠷ ᠲᠤᠭᠤᠰᠬ᠎ᠠ ᠪᠤᠶᠤ ᠴᠢᠯᠠᠭᠤ ᠲᠠᠪᠢᠰᠴᠤ᠂ ᠮᠦᠷ ᠢᠶᠠᠨ ᠵᠡᠭᠦᠨᠰᠢ ᠪᠠᠷᠠᠭᠤᠠᠰᠢ ᠬᠤᠶᠢᠰᠢ ᠤᠷᠤᠠᠠᠰᠢ ᠵᠢᠭᠳᠡᠭᠡᠨ ᠪᠠᠶᠢᠯᠭᠠᠨ᠎ᠠ᠃ 14mm ᠤᠨ ᠪᠤᠯᠤᠳ ᠤᠳᠠᠰᠤᠨ ᠲᠡᠭᠡᠰᠤ ᠪᠠᠷ ᠮᠦᠷ ᠪᠦᠷᠢ ᠶᠢᠨ ᠪᠤᠯᠠᠭᠠᠷᠢ ᠪᠠᠨ ᠬᠤᠯᠪᠤᠵᠤ᠂ ᠪᠤᠯᠤᠳ ᠤᠳᠠᠰᠤᠨ ᠲᠡᠭᠡᠰᠤ ᠪᠠᠨ ᠤᠳᠠᠰᠤ ᠴᠢᠩᠭᠠᠯᠠᠬᠤ ᠮᠠᠰᠢᠨ ᠢᠶᠠᠷ ᠴᠢᠩᠭ᠎ᠠ ᠲᠠᠳᠠᠵᠤ᠂ ᠬᠤᠶᠠᠷ ᠦᠵᠦᠭᠦᠷ ᠢ ᠨᠢ ᠵᠠᠩᠭᠢᠶ᠎ᠠ ᠭᠠᠷᠭᠠᠨ ᠲᠠᠳᠠᠨ᠎ᠠ᠃ ᠪᠤᠯᠠᠭᠠᠷᠢ ᠭᠢᠭᠡᠳ ᠪᠤᠯᠤᠳ ᠤᠳᠠᠰᠤᠨ ᠲᠡᠭᠡᠰᠤᠨ ᠤ ᠰᠠᠷᠠᠪᠴᠢᠨ ᠲᠡᠭᠡᠷ᠎ᠡ ᠭᠤᠯᠳᠤᠩ ᠵᠢᠶᠠᠰᠡ ᠪᠤᠰᠬᠠᠵᠤ ᠡᠮᠦᠨ᠎ᠠ ᠠᠳᠠᠷ ᠪᠤᠯᠭᠠᠨ᠎ᠠ᠃ ᠲᠤᠰ ᠲᠦᠷᠦᠯ ᠤᠨ ᠭᠦᠯᠡᠮᠵᠢ ᠶᠢᠨ ᠵᠢᠶᠠᠰᠠ ᠪᠤᠰᠬᠠᠬᠤ ᠦᠨ᠎ᠠ ᠨᠢ ᠭᠢᠮᠳᠡ᠂ ᠪᠡᠯᠡ ᠤᠷᠤᠭᠤᠯᠤᠯᠳᠠ ᠪᠠᠭ᠎ᠠ ᠪᠠᠶᠢᠳᠠᠭ᠂ ᠭᠡᠪᠡᠴᠤ ᠪᠠᠰᠠ ᠲᠠᠷᠠ ᠨᠢ ᠲᠤᠯᠭᠠᠭᠤᠷᠢ ᠤᠯᠠᠨ ᠲᠠᠢ ᠪᠤᠯᠬᠤᠷ ᠠᠵᠢᠯᠯᠠᠬᠤ ᠳᠤ ᠲᠦᠭᠦᠮ ᠦᠭᠡᠢ᠂ ᠭᠡᠷᠡᠯ ᠬᠠᠯᠬᠠᠯᠠᠬᠤ ᠨᠢ ᠶᠡᠭᠡ ᠪᠦᠭᠡᠳ ᠵᠢᠯ ᠵᠢᠯ ᠰᠠᠯᠪᠢᠵᠤ ᠵᠠᠰᠠᠬᠤ ᠴᠢᠬᠤᠯᠠ ᠲᠠᠢ ᠪᠠᠶᠢᠳᠠᠭ᠃  
       ︵2︶ ᠪᠤᠯᠤᠳ ᠰᠢᠷᠪᠤᠰᠤ ᠪᠤᠶᠤ ᠪᠤᠯᠤᠳ ᠭᠤᠤᠷᠰᠤ ᠶᠢᠨ ᠭᠤᠯᠳᠤᠩ ᠵᠢᠶᠠᠰᠠ᠃ ᠪᠤᠯᠤᠳ ᠰᠢᠷᠪᠤᠰᠤ ᠪᠤᠶᠤ ᠪᠤᠯᠤᠳ ᠭᠤᠤᠷᠰᠤ ᠶᠢ ᠭᠠᠨᠭ᠍ᠨᠠᠨ ᠵᠠᠯᠭᠠᠵᠤ ᠬᠤᠶᠠᠷ ᠭᠤᠯᠳᠤᠩ ᠵᠢᠶᠠᠰᠠ ᠪᠤᠰᠬᠠᠨ᠂ ᠶᠠᠷᠦᠩᠭᠡᠢ ᠳᠡᠭᠡᠨ 1m ᠪᠦᠷᠢ ᠨᠢᠭᠡ ᠵᠢᠶᠡᠰᠡ ᠪᠤᠰᠬᠠᠵᠤ᠂  14mm ᠤᠨ ᠳ᠋ᠢᠶᠠᠮᠧᠲᠷ ᠲᠠᠢ ᠪᠤᠯᠤᠳ ᠰᠢᠷᠪᠤᠰᠤ ᠪᠠᠷ ᠲᠠᠳᠠᠬᠤ ᠰᠢᠷᠪᠤᠰᠤ ᠪᠤᠯᠭᠠᠨ᠂ ᠭᠦᠨᠳᠡᠯᠡᠨ ᠢᠶᠠᠷ ᠨᠢ 5~6 ᠮᠦᠷ ᠲᠠᠳᠠᠵᠤ᠂ ᠬᠠᠷᠢᠯᠴᠠᠨ ᠰᠦᠯᠵᠢᠯᠳᠦᠬᠦᠯᠤᠨ᠎ᠠ᠃ ᠭᠦᠯᠡᠮᠵᠢ ᠶᠢᠨ ᠨᠢᠷᠤᠭᠤᠨ ᠠᠴᠠ ᠭᠦᠨᠳᠡᠯᠡᠨ ᠢᠶᠠᠷ 16mm ᠤᠨ ᠳ᠋ᠢᠶᠠᠮᠧᠲᠷ ᠲᠠᠢ ᠪᠤᠯᠤᠳ ᠰᠢᠷᠪᠤᠰᠤ ᠶᠢ ᠲᠠᠳᠠᠵᠤ᠂ ᠬᠤᠶᠠᠷ ᠦᠵᠦᠭᠦᠷ ᠢ ᠨᠢ ᠵᠠᠩᠭᠢᠶᠠᠴᠢᠯᠠᠨ ᠴᠢᠩᠭ᠎ᠠ ᠲᠠᠳᠠᠨ᠎ᠠ᠃ ᠲᠠᠳᠠᠯᠳᠠ ᠭᠢᠭᠡᠳ ᠭᠤᠯᠳᠤᠩ ᠵᠢᠶᠠᠰᠠ ᠶᠢᠨ ᠠᠭᠤᠯᠵᠠᠭᠤᠷ ᠲᠤ ᠵᠢᠰᠢᠭᠦᠤ ᠵᠢᠶᠠᠰᠠ ᠪᠤᠰᠬᠠᠨ᠎ᠠ᠃ ᠡᠨᠡ ᠲᠦᠷᠦᠯ ᠤᠨ ᠭᠦᠯᠡᠮᠵᠢ ᠶᠢᠨ ᠦᠨ᠎ᠠ ᠬᠠᠨᠭ᠍ᠰᠢ ᠨᠢ ᠦᠨᠳᠤᠷ᠂ ᠪᠡᠯᠡ ᠤᠷᠤᠭᠤᠯᠤᠯᠳᠠ ᠨᠢ ᠨᠡᠯᠢᠶᠡᠳ ᠶᠡᠭᠡ ᠪᠠᠶᠢᠳᠠᠭ ᠪᠤᠯᠪᠠᠴᠤ᠂ ᠪᠤᠯᠤᠳ ᠰᠢᠷᠪᠤᠰᠤ ᠪᠠᠷ ᠭᠤᠯᠳᠤᠩ ᠵᠢᠶᠠᠰᠠ ᠪᠤᠰᠬᠠᠠᠠᠰᠠᠨ ᠪᠤᠯᠬᠤᠷ ᠭᠡᠷᠡᠯ ᠬᠠᠯᠬᠠᠯᠠᠬᠤ ᠨᠢ ᠪᠠᠭ᠎ᠠ᠂ ᠲᠤᠯᠭᠠᠭᠤᠷᠢ ᠦᠭᠡᠢ ᠲᠤᠯᠠ ᠠᠵᠢᠯᠯᠠᠵᠤ ᠬᠠᠮᠢᠶᠠᠷᠬᠤ ᠭᠦᠮᠦᠰ ᠲᠤ ᠲᠦᠭᠦᠮ ᠪᠦᠭᠡᠳ ᠰᠠᠯᠪᠢᠯᠳᠡ ᠵᠠᠰᠡᠯᠳᠡ ᠶᠢᠨ ᠵᠠᠷᠤᠳᠠᠯ ᠪᠠᠭ᠎ᠠ᠂ ᠡᠯᠡᠭᠳᠡᠯ ᠤᠨ ᠬᠤᠭᠤᠴᠠᠭ᠎ᠠ ᠨᠢ ᠤᠷᠳᠤ ᠪᠠᠶᠢᠳᠠᠭ᠃
       5. ᠭᠦᠯᠡᠮᠵᠢ ᠶᠢᠨ ᠪᠦᠷᠭᠦᠭᠦᠯ ᠢ ᠭᠡᠷᠭᠢᠨ ᠪᠦᠷᠢᠭᠦ ᠪᠤᠢ︖
     ᠭᠦᠯᠡᠮᠵᠢ ᠳᠤ ᠪᠦᠷᠭᠦᠭᠦᠯ ᠪᠦᠷᠢᠭᠦ ᠳᠤ ᠬᠠᠮᠤᠭ ᠤᠨ ᠰᠠᠶᠢᠨ ᠨᠢ ᠭᠤᠷᠪᠡᠨ ᠭᠡᠮᠵᠢᠶᠠᠨ ᠤ ᠪᠦᠷᠭᠦᠭᠦᠯ ᠭᠡᠷᠡᠭᠯᠡᠨ᠎ᠠ᠃ ᠲᠡᠭᠡᠳᠤ ᠠᠭ ᠤᠨ ᠦᠷᠭᠡᠨ ᠨᠢ 2.5m᠂ ᠲᠤᠮᠳᠠ ᠠᠭ ᠤᠨ ᠦᠷᠭᠡᠨ ᠨᠢ 5~7m᠂ ᠲᠤᠤᠷ᠎ᠠ ᠠᠭ ᠤᠨ ᠦᠷᠭᠡᠨ ᠨᠢ 1.5m᠂ ᠭᠡᠪᠴᠢᠶ᠎ᠠ  ᠪᠦᠷᠢ ᠶᠢᠨ ᠭᠢᠨᠢ ᠲᠡᠭᠡᠷ᠎ᠡ ᠲᠤᠤᠷ᠎ᠠ ᠵᠠᠯᠭᠠᠭᠠᠰᠤ ᠶᠢᠨ ᠭᠠᠵᠠᠷ ᠲᠠᠢ ᠰᠦᠯᠢᠶᠤᠤ ᠭᠦᠪᠡᠭᠡ ᠶᠢ ᠬᠠᠭᠠᠷᠢᠵᠤ ᠲᠠᠳᠠᠭᠤᠷᠭ᠎ᠠ ᠭᠠᠷᠭᠠᠵᠤ᠂ ᠲᠤᠮᠳᠠᠭᠤᠷ ᠨᠢ ᠲᠡᠭᠡᠰᠤ ᠲᠠᠳᠠᠵᠤ᠂ ᠴᠠᠰᠤ ᠪᠤᠷᠤᠭᠠᠨ ᠤ ᠤᠰᠤ ᠰᠠᠷᠠᠪᠴᠢᠨ ᠳᠤ ᠤᠷᠤᠰᠤᠨ ᠤᠷᠤᠬᠤ ᠶᠢ ᠰᠠᠷᠭᠡᠶᠢᠯᠡᠵᠤ᠂ ᠪᠦᠷᠭᠦᠭᠦᠯ ᠪᠦᠷᠢᠭᠦ ᠳᠤ ᠲᠡᠭᠡᠷᠡᠭᠢ ᠪᠠᠷ ᠨᠢ ᠲᠤᠤᠷᠠᠭᠢ ᠪᠠᠨ ᠨᠤᠭᠤᠯᠤᠨ ᠲᠠᠷᠤᠨ᠎ᠠ᠃ ᠦᠢᠯᠡᠳᠪᠤᠷᠢᠯᠡᠯ ᠲᠡᠭᠡᠷ᠎ᠡ ᠭᠡᠷᠡᠭᠯᠡᠭᠦ ᠳᠤ ᠨᠦᠭᠡᠯᠡᠨ ᠤᠶᠤᠵᠤ ᠰᠠᠯᠭᠢ ᠭᠠᠷᠭᠠᠨ᠎ᠠ᠃ ᠪᠦᠷᠭᠦᠭᠦᠯ ᠪᠦᠷᠢᠭᠦ ᠳᠡᠭᠡᠨ ᠪᠦᠷᠭᠦᠭᠦᠯ ᠢᠶᠠᠨ ᠲᠠᠯᠠᠨ ᠴᠢᠩᠭ᠎ᠠ ᠲᠠᠳᠠᠵᠤ᠂ ᠲᠡᠭᠡᠷ᠎ᠡ ᠲᠠᠯ᠎ᠠ ᠶᠢᠨ ᠪᠦᠷᠭᠦᠭᠦᠯ ᠤᠨ ᠭᠠᠳᠠᠷ ᠭᠦᠪᠡᠭᠡ ᠶᠢ ᠭᠦᠯᠡᠮᠵᠢ ᠶᠢᠨ ᠠᠷᠤ ᠨᠠᠯᠠᠤ ᠲᠠᠯ᠎ᠠ ᠲᠡᠭᠡᠷ᠎ᠡ ᠲᠤᠠᠠᠳᠠᠪᠤᠷᠢᠵᠢᠭᠤᠯᠤᠨ᠎ᠠ᠃ ᠲᠤᠤᠷ᠎ᠠ ᠲᠠᠯ᠎ᠠ ᠶᠢᠨ ᠪᠦᠷᠭᠦᠭᠦᠯ ᠤᠨ ᠭᠦᠪᠡᠭᠡ ᠵᠠᠬ᠎ᠠ ᠶᠢ ᠡᠮᠦᠨ᠎ᠠ ᠭᠡᠷᠡᠮ ᠤᠨ ᠦᠨᠴᠦᠭ ᠲᠤ ᠰᠢᠷᠤᠢ ᠪᠠᠷ ᠨᠢᠠᠠᠳᠠ ᠲᠠᠷᠤᠨ᠎ᠠ᠃ ᠭᠤᠯᠳᠤᠩ ᠵᠢᠶᠠᠰᠠ ᠪᠦᠷᠢ ᠶᠢᠨ ᠬᠤᠭᠤᠷᠤᠨᠳᠤ ᠪᠦᠷᠭᠦᠭᠦᠯ ᠲᠠᠷᠤᠬᠤ ᠤᠳᠠᠰᠤ ᠪᠠᠷ ᠴᠢᠩᠭ᠎ᠠ ᠲᠠᠷᠤᠵᠤ᠂ ᠲᠠᠷᠤᠬᠤ ᠪᠦᠰᠡᠯᠡᠭᠦᠷ ᠲᠡᠭᠡᠰᠤ ᠪᠠᠨ ᠭᠠᠵᠠᠷ ᠲᠡᠭᠡᠷᠡᠭᠢ ᠵᠠᠩᠭᠤ ᠳᠤ ᠲᠤᠠᠠᠳᠠᠪᠤᠷᠢᠵᠢᠭᠤᠯᠤᠨ᠎ᠠ᠃
       6. ᠭᠦᠯᠡᠮᠵᠢ ᠳᠤ ᠶᠠᠮᠠᠷ ᠲᠤᠰᠠᠯᠠᠬᠤ ᠲᠦᠭᠦᠭᠡᠷᠤᠮᠵᠢ ᠲᠤᠭᠢᠷᠠᠭᠤᠯᠬᠤ ᠪᠤᠢ︖
       ᠤᠰᠤᠯᠠᠯᠳᠠ ᠶᠢᠨ ᠰᠢᠰᠲ᠋ᠧᠮ᠄ ᠨᠠᠷᠠᠯᠠᠭ ᠭᠦᠯᠡᠮᠵᠢ ᠶᠢᠨ ᠤᠰᠤᠯᠠᠯᠳᠠ ᠨᠢ ᠡᠪᠤᠯ ᠤᠨ ᠬᠠᠭᠢᠷ ᠭᠦᠢᠳᠡᠨ ᠤᠯᠠᠷᠢᠯ ᠢᠶᠠᠷ ᠭᠤᠤᠯᠳᠠᠯᠭ᠎ᠠ ᠪᠤᠯᠭᠠᠵᠤ᠂ ᠢᠯᠡ ᠤᠰᠤ ᠪᠠᠷ ᠤᠰᠤᠯᠠᠳᠠᠭ ᠦᠭᠡᠢ᠂ ᠭᠤᠤᠯ ᠨᠢ ᠭᠤᠤᠷᠰᠤ ᠶᠢᠨ ᠬᠤᠭᠤᠯᠠᠢ ᠪᠠᠷ ᠤᠰᠤᠯᠠᠬᠤ ᠪᠠ ᠲᠤᠰᠤᠯᠠᠭᠤᠯᠤᠨ ᠤᠰᠤᠯᠠᠳᠠᠭ᠃
       ᠠᠵᠢᠯᠯᠠᠬᠤ ᠦᠷᠦᠭᠡ᠄ ᠠᠵᠢᠯᠯᠠᠬᠤ ᠦᠷᠦᠭᠡ ᠪᠤᠯ ᠠᠵᠢᠯᠳᠠᠳ ᠤᠨ ᠠᠮᠠᠷᠠᠬᠤ ᠭᠠᠵᠠᠷ ᠲᠠᠯᠠᠪᠤᠷ ᠪᠤᠯᠤᠨ᠎ᠠ᠃ ᠪᠠᠰᠠ ᠵᠢᠵᠢᠭ ᠲᠠᠷᠢᠶᠠᠨ ᠪᠠᠭᠠᠵᠢ ᠪᠡ ᠵᠠᠷᠢᠮ ᠦᠢᠯᠡᠳᠪᠤᠷᠢᠯᠡᠯ ᠤᠨ ᠭᠡᠷᠡᠭᠰᠡᠯ ᠢ ᠲᠠᠯᠪᠢᠳᠠᠬ ᠭᠠᠵᠠᠷ ᠪᠤᠯᠤᠨ᠎ᠠ᠃ ᠨᠡᠩ ᠴᠤ ᠭᠦᠯᠡᠮᠵᠢᠨ ᠳᠤ ᠭᠠᠷᠴᠤ ᠤᠷᠤᠬᠤ ᠳᠤ  ᠨᠡᠮᠳᠡᠯᠳᠡ ᠶᠢᠨ ᠦᠢᠯᠡᠳᠦᠯ ᠦᠵᠡᠭᠦᠯᠳᠡᠭ ᠪᠠ ᠭᠦᠢᠳᠡᠨ ᠠᠭᠤᠷ ᠠᠮᠢᠰᠬᠤᠯ ᠭᠦᠯᠡᠮᠵᠢᠨ ᠳᠤ ᠰᠢᠭᠤᠳ ᠤᠷᠤᠬᠤ ᠶᠢ ᠰᠡᠷᠭᠡᠶᠢᠯᠡᠵᠤ ᠪᠤᠯᠳᠠᠭ᠃
       ᠭᠦᠢᠳᠡᠨ ᠢ ᠰᠡᠷᠭᠡᠶᠢᠯᠡᠭᠦ ᠭᠤᠤ᠄ ᠭᠦᠢᠳᠡᠨ ᠢ ᠰᠡᠷᠭᠡᠶᠢᠯᠡᠭᠦ ᠭᠤᠤ ᠶᠢ ᠭᠦᠯᠡᠮᠵᠢ ᠶᠢᠨ ᠡᠮᠦᠨ᠎ᠠ ᠲᠠᠯ᠎ᠠ ᠪᠠᠷ ᠪᠠᠶᠢᠷᠢᠯᠠᠭᠤᠯᠵᠤ᠂ ᠦᠷᠭᠡᠨ ᠨᠢ 30~40cm᠂ ᠭᠦᠨ ᠨᠢ ᠭᠦᠯᠳᠡᠭᠦ ᠲᠠᠪᠬᠤᠷᠭ᠎ᠠ ᠠᠴᠠ ᠭᠦᠨ᠂ ᠭᠦᠯᠡᠮᠵᠢ ᠶᠢᠨ ᠤᠷᠳᠤ ᠠᠴᠠ ᠵᠢᠭᠠᠬᠠᠨ ᠤᠷᠳᠤ ᠰᠢᠬ  ᠭᠤᠤ ᠮᠠᠯᠳᠠᠵᠤ᠂ ᠭᠤᠤ ᠳᠠᠭᠠᠨ ᠠᠳᠤᠭᠤᠨ ᠤ ᠬᠤᠮᠤᠯ᠂ ᠲᠤᠳᠤᠷᠭᠠᠨ ᠬᠠᠯᠢᠰᠤ ᠪᠤᠶᠤ ᠡᠰᠢ ᠭᠤᠤᠷᠰᠤ ᠶᠢᠨ ᠭᠡᠪᠡᠭ ᠵᠡᠷᠭᠡ ᠶᠢ ᠲᠦᠭᠦᠷᠭᠡᠵᠤ᠂ ᠭᠢᠰᠭᠢᠯᠡᠨ ᠲᠠᠷᠤᠵᠤ ᠰᠢᠷᠤᠢ ᠪᠠᠷ ᠨᠢᠠᠠᠳᠠ ᠲᠠᠷᠤᠵᠤ ᠲᠠᠯᠪᠢᠨ᠎ᠠ᠃
       7. ᠭᠦᠯᠡᠮᠵᠢ ᠶᠢᠨ ᠪᠦᠷᠭᠦᠭᠦᠯ ᠳᠤ ᠶᠠᠮᠠᠷ ᠶᠠᠮᠠᠷ ᠮᠠᠲ᠋ᠧᠷᠢᠶᠠᠯ ᠪᠠᠶᠢᠬᠤ ᠪᠤᠢ︖
        ᠨᠢᠭᠡ᠂ PVC ᠪᠦᠷᠭᠦᠭᠦᠯ᠃ ᠲᠤᠰ ᠪᠦᠷᠭᠦᠭᠦᠯ ᠨᠢ ᠲᠤᠯᠠᠭᠠᠨ ᠢ ᠬᠠᠳᠠᠭᠠᠯᠠᠬᠤ ᠨᠢ ᠰᠠᠶᠢᠨ᠂ ᠲᠤᠤᠷ᠎ᠠ ᠬᠠᠯᠠᠭᠤᠨ ᠳᠤ ᠲᠠᠰᠪᠤᠷᠢᠳᠡᠢ ᠪᠤᠯᠪᠠᠴᠤ ᠬᠤᠭ ᠲᠤᠭᠤᠰᠤ ᠶᠢ ᠰᠡᠷᠭᠡᠶᠢᠯᠡᠭᠦ ᠨᠢ ᠪᠠᠷᠤᠠᠠᠳᠠᠢ᠂ ᠭᠦᠴᠦᠳᠡᠢ ᠲᠠᠳᠠᠬᠤ ᠶᠢ ᠲᠠᠭᠠᠭᠠᠬᠤ ᠦᠭᠡᠢ᠂ ᠰᠡᠭᠦᠯ ᠤᠨ ᠦᠶ᠎ᠠ ᠳᠤ ᠭᠡᠷᠡᠯ ᠲᠤᠰᠬᠤ ᠨᠢ ᠪᠠᠷᠤᠠᠠᠳᠠᠢ ᠪᠠᠶᠢᠳᠠᠭ᠂ ᠮᠤ᠋ ᠪᠦᠷᠢ 130kg ᠭᠡᠷᠡᠭᠯᠡᠨ᠎ᠠ᠃ ᠬᠤᠶᠠᠷ᠂ PE ᠪᠦᠷᠭᠦᠭᠦᠯ᠃ ᠲᠤᠰ ᠪᠦᠷᠭᠦᠭᠦᠯ ᠨᠢ ᠲᠠᠳᠠᠯᠳᠠ ᠳᠤ ᠲᠠᠭᠠᠭᠠᠴᠠ ᠲᠠᠢ᠂ ᠭᠡᠷᠡᠯ ᠲᠤᠰᠬᠤ ᠨᠢ ᠰᠠᠶᠢᠨ᠂ ᠲᠤᠯᠠᠭᠠᠨ ᠢ ᠬᠠᠳᠠᠭᠠᠯᠠᠬᠤ ᠨᠢ ᠰᠠᠶᠢᠨ᠂ ᠬᠤᠭ ᠲᠤᠭᠤᠰᠤ ᠰᠡᠷᠭᠡᠶᠢᠯᠡᠭᠦ ᠨᠢ ᠰᠠᠶᠢᠨ᠂ ᠮᠤ᠋ ᠪᠦᠷᠢ 100kg ᠭᠡᠷᠡᠭᠯᠡᠨ᠎ᠠ᠃ ᠭᠤᠷᠪᠡ᠂ EVA ᠪᠦᠷᠭᠦᠭᠦᠯ᠃ ᠪᠦᠭᠡᠭᠡᠨᠡᠷᠡᠯ ᠡᠲ᠋ᠧᠨ ᠤ ᠼᠤᠤ  ᠭᠦᠴᠢᠯ ᠤᠨ ᠡᠲᠸᠠ ᠪᠦᠷᠭᠦᠭᠦᠯ ᠪᠤᠯᠤᠨ᠎ᠠ᠃ ᠡᠨᠡ ᠨᠢ ᠲᠠᠳᠠᠬᠤ ᠳᠤ ᠪᠦᠭᠡ᠂ ᠭᠡᠷᠡᠯ ᠲᠤᠰᠬᠤ ᠳᠤ ᠰᠠᠶᠢᠨ᠂ ᠲᠤᠤᠷ᠎ᠠ ᠬᠠᠯᠠᠭᠤᠨ ᠳᠤ ᠲᠠᠰᠪᠤᠷᠢᠳᠡᠢ᠂ ᠲᠤᠯᠠᠭᠠᠨ ᠢ ᠬᠠᠳᠠᠭᠠᠯᠠᠵᠤ᠂ ᠲᠤᠭᠤᠰᠤ ᠶᠢ ᠠᠷᠢᠯᠭᠠᠵᠤ᠂ ᠤᠰᠤ ᠲᠤᠰᠤᠯᠠᠬᠤ ᠨᠢ ᠰᠠᠶᠢᠨ ᠪᠠᠶᠢᠵᠤ᠂ ᠮᠤ᠋ ᠪᠦᠷᠢ 100kg ᠭᠡᠷᠡᠭᠯᠡᠨ᠎ᠠ᠂ ᠭᠡᠪᠡᠴᠤ ᠮᠠᠰᠢ ᠦᠨ᠎ᠠ ᠲᠠᠢ ᠪᠠᠶᠢᠳᠠᠭ᠃
       ᠭᠦᠢᠳᠡᠨ ᠢ ᠰᠡᠷᠭᠡᠶᠢᠯᠡᠭᠦ ᠴᠠᠭᠠᠰᠤᠨ ᠪᠦᠳᠡᠭᠡᠯᠭᠡ᠄ ᠡᠨᠡ ᠨᠢ 12 ᠲᠠᠪᠬᠤᠷ ᠢᠯᠳᠠᠰᠤᠨ ᠴᠠᠭᠠᠰᠤ ᠪᠠᠷ ᠪᠦᠷᠢᠯᠳᠦᠵᠤ᠂ ᠭᠡᠮᠵᠢᠶ᠎ᠠ ᠨᠢ  2.5m × 7.5m ᠪᠠᠶᠢᠵᠤ᠂ ᠮᠤ᠋ ᠪᠦᠷᠢ 42 ᠭᠡᠰᠡᠭ ᠭᠡᠷᠡᠭᠯᠡᠨ᠎ᠡ᠂ 15~20 ᠵᠢᠯ ᠭᠡᠷᠡᠭᠯᠡᠵᠤ ᠪᠤᠯᠤᠨ᠎ᠠ᠃ ᠭᠡᠪᠡᠴᠤ ᠦᠨ᠎ᠠ ᠦᠷᠳᠡᠭ ᠨᠢ ᠦᠨᠳᠤᠷ᠂ ᠴᠠᠰᠤ ᠪᠤᠷᠤᠭᠠᠨ ᠤ ᠤᠰᠤᠨ ᠳᠤ ᠲᠠᠪᠳᠦᠭᠦ ᠨᠢ ᠠᠮᠠᠷᠬᠠᠨ ᠪᠠᠶᠢᠳᠠᠭ᠃
        ᠲᠤᠯᠠᠭᠠᠨ ᠢ ᠬᠠᠳᠠᠭᠠᠯᠠᠬᠤ ᠪᠦᠳᠡᠭᠡᠯᠭᠡ᠄ ᠡᠨᠡ ᠨᠢ ᠲᠤᠳᠤᠭᠠᠳᠤ ᠭᠤᠤᠯ ᠪᠠ ᠭᠠᠳᠠᠷ ᠬᠠᠯᠢᠰᠤ ᠪᠠᠷ ᠪᠦᠷᠢᠳᠦᠭᠰᠡᠨ ᠲᠤᠯᠠᠭᠠᠨ ᠢ ᠬᠠᠳᠠᠭᠠᠯᠠᠬᠤ ᠴᠢᠨᠠᠷ ᠢᠶᠠᠷ ᠨᠡᠯᠢᠶᠡᠳ ᠰᠠᠶᠢᠨ ᠪᠠᠶᠢᠳᠠᠭ ᠪᠦᠳᠡᠭᠡᠯᠭᠡ ᠪᠤᠯᠤᠨ᠎ᠠ᠃ ᠭᠦᠪᠤᠩ ᠪᠦᠳᠡᠭᠡᠯᠭᠡ ᠶᠢ ᠪᠤᠭᠤᠳᠠᠯ ᠤᠨ ᠪᠦᠰ ᠪᠡ ᠭᠠᠵᠠᠷ ᠤᠨ᠋ᠬᠠᠰᠠᠨ ᠭᠦᠪᠤᠩ ᠢᠶᠠᠷ ᠭᠢᠳᠡᠭ᠃ ᠭᠡᠮᠵᠢᠶ᠎ᠠ ᠨᠢ 2.5m × 7.5m᠂  ᠮᠤ᠋ ᠪᠦᠷᠢ 40 ᠭᠡᠰᠡᠭ ᠭᠡᠷᠡᠭᠰᠡᠵᠤ 10℃ ᠤᠷᠴᠢᠮ ᠲᠤᠯᠠᠭᠠᠨ ᠢ ᠬᠠᠳᠠᠭᠠᠯᠠᠵᠤ᠂ ᠠᠷᠪᠡᠭᠠᠳ ᠵᠢᠯ ᠭᠡᠷᠡᠭᠯᠡᠵᠤ ᠪᠤᠯᠳᠠᠭ᠃
       ᠭᠡᠷᠡᠯ ᠤᠨ ᠬᠠᠯᠬᠠᠪᠴᠢ᠄ ᠭᠤᠤᠯᠳᠠᠭᠤ ᠵᠤᠨ ᠤ ᠠᠭᠠᠭᠢᠮ᠎ᠠ ᠬᠠᠯᠠᠭᠤᠨ ᠳᠤ ᠨᠡᠷᠡᠨ ᠤ ᠭᠡᠷᠡᠯ ᠢ ᠬᠠᠯᠬᠠᠯᠠᠬᠤ ᠳᠤ ᠭᠡᠷᠡᠭᠯᠡᠵᠤ᠂ ᠠᠳᠠᠯᠢ ᠪᠤᠰᠤ ᠬᠠᠯᠬᠠᠯᠠᠯᠳᠠ ᠶᠢᠨ ᠨᠤᠷᠮ᠎ᠠ ᠬᠤᠪᠢᠶᠠᠳᠠᠭ᠃ ᠶᠠᠷᠦᠩᠭᠡᠢ ᠳᠡᠭᠡᠨ ᠦᠢᠯᠡᠳᠪᠤᠷᠢᠯᠡᠯ ᠳᠤ ᠪᠠᠶᠢᠡᠭᠭᠤ ᠭᠡᠷᠡᠭᠯᠡᠳᠡᠭ ᠭᠡᠷᠡᠯ ᠬᠠᠯᠬᠠᠯᠠᠬᠤ ᠨᠤᠷᠮ᠎ᠠ ᠨᠢ  45%~65% ᠪᠤᠯᠤᠨ᠎ᠠ᠃ ᠭᠡᠷᠡᠯ ᠤᠨ ᠬᠠᠯᠬᠠᠪᠴᠢ ᠶᠢ ᠭᠡᠷᠡᠭᠯᠡᠪᠡᠯ ᠨᠠᠷᠠᠨ ᠤ ᠬᠤᠷᠴᠠ ᠲᠤᠰᠤᠯᠳᠠ ᠶᠢ ᠮᠤᠬᠤᠭᠤᠵᠤ᠂ ᠭᠦᠯᠡᠮᠵᠢᠨ ᠲᠤᠳᠤᠷᠠᠭᠢ ᠬᠠᠯᠠᠭᠤᠨ ᠤ ᠭᠡᠮᠵᠢᠶ᠎ᠠ ᠶᠢ ᠪᠠᠭᠤᠷᠠᠭᠤᠯᠵᠤ᠂ ᠰᠢᠷᠦᠭᠦᠨ ᠪᠤᠷᠤᠭᠠᠨ ᠲᠤᠭᠢᠶᠠᠯᠳᠤᠪᠠᠯ ᠪᠠᠰᠠ ᠪᠤᠷᠤᠭᠠᠨ ᠤ ᠴᠤᠭᠢᠯᠳᠠ ᠶᠢ ᠪᠠᠭᠤᠷᠠᠭᠤᠯᠳᠠᠭ᠃
        8. ᠤᠳᠤᠬᠠᠨ ᠳᠤ ᠮᠠᠨ ᠤ ᠤᠷᠤᠨ ᠳᠤ ᠨᠠᠷᠠᠯᠠᠭ ᠭᠦᠯᠡᠮᠵᠢ ᠶᠢᠨ ᠶᠠᠮᠠᠷ ᠭᠤᠤᠯ ᠪᠦᠳᠦᠴᠡ ᠶᠢᠨ ᠲᠦᠷᠦᠯ ᠪᠠᠶᠢᠬᠤ ᠪᠤᠢ︖
       ᠤᠳᠤ ᠲᠡᠭᠡᠷ᠎ᠠ ᠪᠠᠨ 43 ᠭᠡᠯᠪᠡᠷᠢ ᠶᠢᠨ ᠨᠠᠷᠠᠯᠠᠭ ᠭᠦᠯᠡᠮᠵᠢ ᠶᠢ ᠮᠠᠨ ᠤ ᠤᠷᠤᠨ ᠳᠤ ᠨᠡᠯᠢᠶᠡᠳ ᠲᠦᠭᠡᠮᠡᠯ ᠭᠡᠷᠡᠭᠯᠡᠵᠤ ᠪᠠᠶᠢᠨ᠎ᠠ᠃ ᠶᠠᠷᠦᠩᠭᠡᠢ ᠳᠡᠭᠡᠨ ᠪᠠᠷᠢᠯᠭ᠎ᠠ ᠶᠢᠨ ᠲᠠᠯᠠᠪᠠᠢ ᠨᠢ 0.5~1.2 ᠮᠤ᠋ ᠶᠢᠨ ᠬᠤᠭᠤᠷᠤᠨᠳᠤ ᠪᠠᠶᠢᠳᠠᠭ᠃ ᠡᠪᠤᠯ ᠤᠨ ᠬᠠᠭᠢᠷ ᠭᠦᠢᠳᠡᠨ ᠳᠤ ᠲᠤᠯᠠᠭᠠᠨ ᠢ ᠨᠡᠮᠡᠭᠳᠡᠭᠦᠯᠭᠦ ᠦᠭᠡᠢ ᠪᠠᠷ ᠰᠠᠷᠠᠪᠴᠢᠨ ᠤ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠨᠢ 6℃~7℃ ᠪᠠᠶᠢᠵᠤ᠂ ᠬᠠᠮᠤᠭ ᠤᠨ ᠦᠨᠳᠤᠷ ᠲᠤᠯᠠᠭᠠᠨ ᠤ ᠭᠡᠮᠵᠢᠶ᠎ᠠ ᠨᠢ 28℃~30℃ ᠲᠤ ᠭᠦᠷᠳᠡᠭ᠃ ᠵᠢᠯ ᠲᠤᠵᠢ ᠭᠤᠸᠠ ᠶᠢᠨ ᠲᠦᠷᠦᠯ᠂ ᠬᠠᠰᠢ ᠶᠢᠨ ᠲᠦᠷᠦᠯ ᠤᠨ ᠨᠤᠭᠤᠭ᠎ᠠ ᠴᠠᠭ᠎ᠠ ᠲᠠᠷᠢᠵᠤ ᠪᠤᠯᠤᠨ᠎ᠠ᠃ ᠪᠤᠳᠠᠳᠠᠢ ᠪᠦᠳᠦᠴᠡ ᠶᠢᠨ ᠤᠨᠴᠠᠯᠢᠭ ᠨᠢ ᠲᠤᠤᠷᠠᠭᠢ ᠮᠡᠳᠤ ᠪᠠᠶᠢᠳᠠᠭ᠃
       ︵1︶ ᠠᠷᠤ ᠭᠡᠷᠡᠮ᠄ ᠶᠠᠷᠦᠩᠭᠡᠢ ᠳᠡᠭᠡᠨ ᠨᠠᠷᠢᠮᠤ ᠶᠢᠨ ᠡᠰᠢ ᠪᠡ ᠰᠢᠪᠠᠷ ᠢᠶᠠᠷ ᠭᠡᠷᠡᠮ ᠲᠠᠪᠳᠡᠨ ᠴᠤᠠᠠᠴᠠᠯᠠᠵᠤ᠂ ᠰᠠᠭᠤᠷᠢ ᠨᠢ  2m᠂ ᠤᠷᠤᠢ ᠨᠢ 1.1m᠂ ᠭᠡᠷᠡᠮ ᠤᠨ ᠲᠤᠳᠤᠷᠠᠭᠢ ᠦᠨᠳᠤᠷ ᠨᠢ 3.1~3.3m᠂ ᠭᠦᠨᠴᠡ ᠨᠢ 0.3m ᠠᠴᠠ ᠲᠠᠪᠠᠳᠠᠭ ᠦᠭᠡᠢ᠃
       ︵2︶ ᠠᠯᠭᠠᠰᠠᠯ ᠵᠠᠢ᠄ ᠭᠦᠯᠡᠮᠵᠢ ᠶᠢᠨ ᠡᠮᠦᠨ᠎ᠠ ᠰᠠᠷᠠᠪᠴᠢᠨ ᠠᠴᠠ ᠠᠷᠤ ᠭᠡᠷᠡᠮ ᠤᠨ ᠲᠤᠳᠤᠭᠠᠳᠤ ᠭᠡᠷᠡᠮ ᠭᠦᠷᠳᠡᠯᠡᠭᠢ ᠵᠠᠢ ᠨᠢ 5.8~6.0m ᠪᠠᠶᠢᠳᠠᠭ᠃
       ︵3︶ ᠲᠤᠮᠳᠡᠭᠢ ᠵᠠᠢ᠄ ᠠᠷᠤ ᠭᠡᠷᠡᠮ ᠤᠨ ᠤᠷᠤᠢ ᠭᠢᠭᠡᠳ ᠰᠠᠷᠠᠪᠴᠢᠨ ᠤ ᠵᠢᠶᠠᠰᠠ ᠶᠢᠨ ᠰᠤᠯᠪᠢᠴᠠᠯ ᠤᠨ ᠴᠡᠭ ᠠᠴᠠ ᠭᠠᠵᠠᠷ ᠬᠦᠷᠳᠡᠯᠡᠭᠢ ᠡᠭ᠍ᠴᠠ ᠵᠠᠢ ᠨᠢ 3.6~3.8m ᠪᠠᠶᠢᠳᠠᠭ᠃
      ︵4︶ ᠰᠠᠷᠠᠪᠴᠢᠨ ᠵᠢᠶᠠᠰᠠ᠄ ᠪᠤᠯᠤᠳ ᠵᠢᠶᠠᠰᠠ ᠳᠤ 4 ᠢᠮᠠᠬᠤ ᠶᠢᠨ ᠪᠤᠯᠤᠳ ᠭᠤᠤᠷᠰᠤ ᠭᠢᠭᠡᠳ 12 ᠢᠮᠠᠬᠤ ᠶᠢᠨ ᠪᠦᠳᠦᠭᠦᠨ ᠲᠤᠭᠤᠷᠢᠭ ᠪᠤᠯᠤᠳ ᠢᠶᠠᠷ ᠭᠡᠯᠭᠢᠶᠡᠰᠤ ᠪᠤᠯᠭᠠᠵᠤ ᠪᠤᠯᠤᠳ ᠵᠢᠶᠠᠰᠡ ᠪᠦᠷᠢ ᠶᠢᠨ ᠤᠷᠳᠤ ᠨᠢ 7~7.5m ᠪᠠᠶᠢᠳᠠᠭ᠃
       ︵5︶ ᠠᠷᠤ ᠨᠠᠯᠠᠤ ᠤᠷᠤᠢ᠄ ᠠᠷᠤ ᠨᠠᠯᠠᠤ ᠤᠷᠤᠢ ᠶᠢᠨ ᠲᠤᠯᠠᠭᠠᠨ ᠢ ᠬᠠᠳᠠᠭᠠᠯᠠᠬᠤ ᠪᠦᠷᠭᠦᠭᠦᠯ ᠡᠳ᠋ ᠤᠨ ᠵᠢᠶᠠᠰᠡᠨ ᠤ ᠤᠷᠳᠤ ᠨᠢ 1.4~1.6m᠂ ᠲᠤᠳᠤᠷ᠎ᠠ ᠭᠡᠷᠡᠮ ᠤᠨ ᠲᠤᠳᠤᠷ᠎ᠠ ᠲᠠᠯ᠎ᠠ ᠭᠦᠷᠳᠡᠯ᠎ᠠ 0.3~0.5m᠂ ᠠᠷᠤ ᠨᠠᠯᠠᠤ ᠶᠢᠨ ᠪᠦᠳᠡᠭᠡᠯᠭᠡ ᠶᠢᠨ ᠦᠯᠢᠢᠭᠰᠡᠨ ᠦᠨᠴᠦᠭ ᠨᠢ 27° ᠪᠠᠶᠢᠳᠠᠭ᠃ ᠠᠷᠤ ᠨᠠᠯᠠᠤ ᠤᠷᠤᠢ ᠳᠤ ᠶᠠᠷᠦᠩᠭᠡᠢ ᠳᠡᠭᠡᠨ ᠡᠰᠢ ᠭᠤᠤᠷᠰᠤ ᠲᠠᠪᠢᠰᠭᠦ ᠪᠠ 0.3~0.5m ᠵᠤᠵᠠᠭᠠᠨ ᠪᠠᠶᠢᠵᠤ᠂ ᠲᠡᠭᠡᠭᠦᠷ ᠨᠢ ᠨᠢᠭᠡᠨ ᠲᠠᠪᠬᠤᠷ ᠡᠪᠡᠰᠤ ᠲᠠᠢ ᠰᠢᠪᠠᠷ ᠪᠠᠷ ᠲᠠᠷᠤᠳᠠᠭ᠃
     ᠵᠤᠵᠠᠭᠠᠨ ᠭᠡᠷᠡᠮ ᠪᠦᠭᠦᠢ ᠨᠠᠷᠠᠯᠠᠭ ᠭᠦᠯᠡᠮᠵᠢ ᠪᠤᠯ ᠤᠯᠠᠭᠠᠠᠬᠠᠳᠠ ᠬᠤᠳᠠ ᠶᠢᠨ ᠠᠭᠤᠯᠠ ᠶᠢᠨ ᠴᠤᠠᠠᠴᠠ ᠶᠢ ᠠᠰᠢᠠᠠᠯᠠᠨ ᠪᠠᠶᠢᠭᠤᠯᠤᠠᠠᠰᠠᠨ ᠨᠠᠷᠠᠯᠠᠭ ᠭᠦᠯᠡᠮᠵᠢ ᠪᠤᠯᠤᠨ᠎ᠠ᠃ ᠲᠡᠭᠦᠨ ᠤ ᠤᠨᠴᠠᠯᠢᠭ ᠨᠢ ᠭᠡᠪᠡᠯ ᠲᠤᠯᠠᠭᠠᠨ ᠢ ᠬᠠᠳᠠᠯᠠᠭᠠᠬᠤ ᠴᠢᠨᠠᠷ ᠢᠶᠠᠷ ᠰᠠᠶᠢᠨ ᠪᠠᠶᠢᠳᠠᠭ᠃ ᠪᠤᠳᠠᠳᠠᠢ ᠪᠠᠶᠢᠳᠠᠯ ᠨᠢ ᠭᠡᠪᠡᠯ ᠲᠤᠤᠷᠠᠭᠢ ᠮᠡᠳᠤ ᠪᠠᠶᠢᠨ᠎ᠠ᠃
       ︵1︶ ᠮᠠᠰᠢᠨ ᠢᠶᠠᠷ ᠪᠤᠰᠬᠠᠭᠰᠠᠨ ᠵᠤᠵᠠᠭᠠᠨ ᠭᠡᠷᠡᠮ ᠤᠨ ᠴᠤᠠᠠᠴᠠ ᠶᠢᠨ ᠰᠠᠭᠤᠷᠢ ᠶᠢᠨ ᠦᠷᠭᠡᠨ ᠨᠢ 4~4.5m᠂ ᠤᠷᠤᠢ ᠶᠢᠨ ᠦᠷᠭᠡᠨ ᠨᠢ 2~2.5m ᠪᠠᠶᠢᠳᠠᠭ᠃
       ᠭᠡᠷᠡᠮ ᠪᠤᠰᠬᠠᠬᠤ ᠳᠠᠭᠠᠨ ᠨᠢᠭᠡ ᠰᠠᠭᠤᠷᠢ ᠰᠢᠷᠤᠢ ᠮᠠᠯᠳᠠᠬᠤ ᠮᠠᠰᠢᠨ ᠪᠡ ᠨᠢᠭᠡ ᠰᠠᠭᠤᠷᠢ ᠭᠢᠨᠵᠢᠨ ᠭᠦᠷᠳᠦᠳᠤ ᠲᠷᠠᠺᠲ᠋ᠤᠷ ᠢ ᠬᠠᠪᠰᠤᠷᠭᠠᠨ ᠭᠡᠷᠡᠭᠯᠡᠵᠡᠢ᠃ ᠡᠭᠢᠯᠡᠵᠤ ᠠᠵᠢᠯᠯᠠᠬᠤ ᠳᠠᠭᠠᠨ ᠭᠡᠷᠡᠮ ᠤᠨ ᠰᠠᠭᠤᠷᠢ ᠶᠢᠨ ᠴᠢᠯᠦᠭᠡᠳᠤ ᠱᠤᠭᠤᠮ ᠢ 6m ᠦᠷᠭᠡᠨ ᠪᠠᠶᠢᠯᠭᠠᠵᠤ᠂ ᠰᠢᠷᠤᠢ ᠮᠠᠯᠳᠠᠬᠤ ᠮᠠᠰᠢᠨ ᠢᠶᠠᠷ ᠰᠢᠷᠤᠢ ᠤᠪᠤᠭᠠᠯᠠᠨ᠂ 40~50cm  ᠤᠪᠤᠭᠠᠯᠠᠬᠤ ᠪᠦᠷᠢ ᠲᠷᠠᠺᠲ᠋ᠤᠷ ᠢᠶᠠᠷ ᠨᠢᠭᠡ ᠤᠳᠠᠭ᠎ᠠ ᠨᠢᠠᠠᠳᠠ ᠲᠠᠷᠤᠵᠤ ᠭᠡᠷᠡᠮ ᠢ ᠪᠠᠭᠢᠯᠡᠭᠦᠨ ᠪᠤᠯᠭᠠᠵᠤ᠂ 4~5 ᠤᠳᠠᠭ᠎ᠠ ᠨᠢᠠᠠᠳᠠ ᠲᠠᠷᠤᠵᠤ᠂ ᠭᠡᠷᠡᠮ ᠨᠢ ᠱᠠᠭᠠᠷᠳ᠋ᠬᠠᠰᠠᠨ ᠦᠨᠳᠤᠷ ᠲᠤ ᠭᠦᠷᠦᠭᠰᠡᠨ ᠦᠶ᠎ᠠ ᠳᠤ ᠭᠡᠷᠡᠮ ᠤᠨ ᠡᠮᠦᠨ᠎ᠠ ᠲᠠᠯ᠎ᠠ ᠶᠢ ᠨᠢ ᠬᠤᠰᠤᠨ ᠲᠡᠭᠰᠢᠯᠡᠵᠤ᠂ ᠬᠤᠰᠤᠬᠤ ᠳᠠᠭᠠᠨ ᠵᠢᠰᠢᠭᠦᠤ ᠬᠤᠰᠤᠵᠤ ᠭᠡᠷᠡᠮ ᠤᠨ ᠰᠠᠭᠤᠷᠢ ᠶᠢ ᠭᠡᠷᠡᠮ ᠤᠨ ᠲᠡᠭᠡᠷ᠎ᠡ ᠲᠠᠯ᠎ᠠ ᠠᠴᠠ ᠤᠷᠤᠠᠠᠰᠢ ᠪᠠᠨ 0.3m ᠵᠢᠰᠢᠭᠦᠤ ︵ᠨᠠᠯᠠᠤ︶ ᠪᠤᠯᠭᠠᠵᠠᠢ᠃
      ︵2︶ ᠭᠦᠯᠡᠮᠵᠢᠨ ᠤ ᠲᠤᠳᠤᠷᠠᠭᠢ ᠭᠠᠵᠠᠷ ᠢ ᠲᠡᠭᠰᠢᠯᠡᠨ ᠤᠰᠤᠯᠠᠵᠤ ᠯᠠᠪᠳᠠᠭᠤᠨ ᠪᠤᠯᠭᠠᠨ ᠭᠡᠷᠡᠮ ᠦᠷᠦᠵᠡᠢ᠃ ᠭᠦᠯᠡᠮᠵᠢ ᠶᠢᠨ ᠬᠤᠶᠢᠳᠤ ᠭᠡᠷᠡᠮ ᠢ ᠪᠠᠶᠢᠭᠤᠯᠤᠠᠠᠰᠠᠨ ᠤ ᠪᠠᠨ ᠰᠡᠭᠦᠯᠡᠷ ᠡᠩ ᠲᠠᠷᠢᠭᠦᠨ ᠳᠤ ᠴᠠᠭ ᠲᠠᠷᠤᠢ ᠳᠤᠨᠢ ᠭᠦᠯᠡᠮᠵᠢ ᠶᠢᠨ ᠲᠤᠳᠤᠷᠠᠭᠢ ᠭᠠᠵᠠᠷ ᠢ ᠲᠡᠭᠰᠢᠯᠡᠵᠤ᠂ ᠲᠠᠷᠠᠭ᠎ᠠ ᠪᠠᠷ ᠨᠢ ᠶᠡᠭᠡ ᠪᠠᠷ ᠤᠰᠤᠯᠠᠵᠤ ᠭᠠᠵᠠᠷ ᠢᠶᠠᠨ ᠲᠤᠠᠠᠳᠠᠪᠤᠷᠢᠵᠢᠭᠤᠯᠵᠠᠢ᠃ ᠬᠤᠶᠠᠷ ᠲᠤ᠂ ᠲᠤᠭᠤᠰᠬᠠᠨ ᠭᠡᠷᠡᠮ ᠪᠠᠷᠢᠵᠤ ᠭᠦᠯᠡᠮᠵᠢ ᠶᠢᠨ ᠡᠮᠦᠨ᠎ᠠ ᠭᠦᠪᠡᠭᠡ ᠪᠠᠷ ᠨᠢ 24cm ᠦᠷᠭᠡᠨ᠂ 40cm ᠦᠨᠳᠤᠷ ᠳᠤᠭᠤᠰᠬᠠᠨ ᠭᠡᠷᠡᠮ ᠪᠠᠷᠢᠵᠤ ᠭᠠᠷᠭᠠᠵᠠᠢ᠃ 1m ᠠᠯᠤᠰᠯᠠᠬᠤ ᠪᠦᠷᠢ ᠨᠢᠭᠡᠨ ᠪᠤᠯᠤᠳ ᠰᠢᠷᠪᠤᠰᠤ ᠶᠢᠨ ᠦᠵᠦᠭᠦᠷ ᠰᠠᠭᠤᠯᠭᠠᠵᠤ᠂ ᠲᠤᠭᠤᠰᠬᠠᠨ ᠭᠡᠷᠡᠮ ᠤᠨ ᠲᠡᠭᠡᠷ᠎ᠡ ᠪᠠᠨ 12~14mm ᠤᠨ ᠳ᠋ᠢᠶᠠᠮᠧᠲᠷ ᠪᠦᠭᠦᠢ ᠨᠢᠭᠡ ᠪᠤᠯᠤᠳ ᠰᠢᠷᠪᠤᠰᠤ ᠲᠠᠯᠪᠢᠵᠤ᠂ ᠡᠭᠦᠨ ᠢ ᠪᠠᠨ ᠪᠤᠯᠤᠳ ᠰᠢᠷᠪᠤᠰᠤ ᠶᠢᠨ ᠦᠵᠦᠭᠦᠷ ᠲᠠᠢ ᠭᠠᠨᠭ᠍ᠨᠠᠨ ᠵᠠᠯᠭᠠᠵᠠᠢ᠃
      ︵3︶ ᠭᠤᠯᠳᠤᠩ ᠵᠢᠶᠠᠰᠡ ᠤᠠᠠᠰᠠᠷᠬᠠᠰᠠᠨ ᠪᠠ ᠬᠤᠶᠢᠳᠤ ᠨᠠᠯᠠᠤ ᠤᠷᠤᠢ ᠶᠢ ᠪᠠᠶᠢᠭᠤᠯᠵᠠᠢ᠃ ᠭᠦᠯᠡᠮᠵᠢ ᠶᠢᠨ ᠪᠤᠯᠤᠳ ᠭᠤᠯᠳᠤᠩ ᠵᠢᠶᠠᠰᠠ ᠶᠢᠨ ᠲᠡᠭᠡᠷ᠎ᠡ ᠲᠠᠯ᠎ᠠ ᠳᠤᠨᠢ 6 ᠢᠮᠠᠬᠤ ᠶᠢᠨ ᠪᠤᠯᠤᠳ ᠭᠤᠤᠷᠰᠤ ᠪᠤᠶᠤ 16 ᠨᠤᠮᠧᠷ ᠤᠨ ᠪᠤᠯᠤᠳ ᠰᠢᠷᠪᠤᠰᠤ ᠶᠢ ᠰᠤᠩᠭᠤᠵᠤ᠂ ᠲᠤᠤᠷ᠎ᠠ ᠲᠠᠯ᠎ᠠ ᠳᠤᠨᠢ 12 ᠨᠤᠮᠧᠷ ᠤᠨ ᠪᠤᠯᠤᠳ ᠰᠢᠷᠪᠤᠰᠤ ᠶᠢ ᠰᠤᠩᠭᠤᠵᠤ᠂ ᠭᠡᠪᠡᠯᠢ ᠶᠢᠨ ᠱᠤᠩ ᠳᠤ 9~12 ᠨᠤᠮᠧᠷ ᠤᠨ ᠪᠤᠯᠤᠳ ᠰᠢᠷᠪᠤᠰᠤ ᠶᠢ ᠰᠤᠩᠭᠤᠵᠤ᠂ ᠬᠤᠭᠤᠷᠤᠨᠳᠤᠭᠢ ᠵᠠᠢ ᠶᠢ ᠨᠢ 1m ᠪᠠᠶᠢᠯᠭᠠᠵᠠᠢ᠃ ᠭᠤᠯᠳᠤᠩ ᠵᠢᠶᠠᠰᠠ ᠶᠢᠨ ᠬᠤᠶᠠᠷ ᠲᠠᠯ᠎ᠠ ᠶᠢ ᠭᠦᠯᠡᠮᠵᠢ ᠶᠢᠨ ᠡᠮᠦᠨ᠎ᠠ ᠭᠦᠪᠡᠭᠡᠨ ᠤ ᠲᠤᠭᠤᠰᠬᠠᠨ ᠭᠡᠷᠡᠮ ᠪᠡ ᠬᠤᠶᠢᠳᠤ ᠭᠡᠷᠡᠮ ᠤᠨ ᠲᠡᠭᠡᠷ᠎ᠡ ᠲᠤᠰ ᠲᠤᠰ ᠲᠤᠠᠠᠳᠠᠪᠤᠷᠢᠵᠢᠭᠤᠯᠤᠠᠠᠰᠠᠨ ᠪᠠᠶᠢᠨ᠎ᠠ᠃ ᠭᠦᠯᠡᠮᠵᠢ ᠶᠢᠨ ᠬᠤᠶᠢᠳᠤ ᠨᠠᠯᠠᠤ ᠵᠢᠶᠠᠰᠠ ᠶᠢᠨ ᠤᠷᠳᠤ ᠶᠢ 1.5~2.0m ᠪᠠᠶᠢᠯᠭᠠᠵᠤ᠂ ᠱᠦᠢᠨᠢ ᠶᠢᠨ ᠤᠷᠢᠳᠴᠢᠯᠠᠨ ᠦᠢᠯᠡᠳᠦᠭᠰᠡᠨ ᠮᠠᠲ᠋ᠧᠷᠢᠶᠠᠯ ᠪᠤᠯᠤᠨ ᠮᠤᠳᠤᠨ ᠬᠠᠪᠳᠠᠰᠤ ᠶᠢ ᠬᠤᠶᠢᠳᠤ ᠨᠠᠯᠠᠤ ᠶᠢᠨ ᠲᠤᠤᠷ᠎ᠠ ᠲᠠᠯ᠎ᠠ ᠳᠤ ᠲᠠᠪᠢᠰᠴᠤ᠂ ᠲᠠᠷᠠᠭ᠎ᠠ ᠪᠠᠷ ᠨᠢ ᠨᠢᠭᠡᠨ ᠲᠠᠪᠬᠤᠷ ᠪᠦᠭᠡᠭᠡᠨᠡᠷᠡᠯ ᠡᠲᠸᠠ ᠬᠠᠪᠳᠠᠰᠤ ᠲᠠᠯᠪᠢᠨ᠂ ᠲᠡᠭᠡᠭᠦᠷ ᠨᠢ ᠰᠢᠳ᠋ᠬᠠᠰᠠᠨ ᠨᠡᠭᠦᠷᠡᠰᠤᠨ ᠤ ᠰᠢᠭᠠᠷᠤ ᠲᠠᠪᠢᠰᠴᠤ᠂ ᠬᠠᠮᠤᠭ ᠤᠨ ᠰᠡᠭᠦᠯ ᠳᠤᠨᠢ ᠤᠰᠤ ᠰᠡᠷᠭᠡᠶᠢᠯᠡᠭᠦ ᠰᠢᠢᠳᠪᠤᠷᠢᠯᠡᠯᠳᠡ ᠭᠢᠭᠰᠡᠨ ᠪᠠᠶᠢᠨ᠎ᠠ᠃  


ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ