ᠲᠤᠮᠳᠡᠳᠦ ᠮᠤᠩᠭᠤᠯ ᠤᠨ ᠰᠤᠶᠤᠯ ᠤᠨ ᠰᠤᠯᠢᠯᠴᠠᠭᠠᠨ ᠤ ᠭᠠᠷᠠᠭ ᠤᠨ ᠠᠵᠢᠯᠯᠠᠭ᠎ᠠ ᠶᠢᠨ ᠡᠬᠢᠯᠠᠯᠳᠠ ᠶᠢᠨ ᠶᠤᠰᠤᠯᠠᠯ ᠤᠨ ᠦᠳᠡᠰᠢᠯᠡᠭᠡ ᠬᠦᠬᠡᠬᠤᠳᠠ ᠳᠤ ᠦᠪᠡᠳᠡᠭᠰᠢ ᠶᠡᠬᠡᠪᠡᠷ ᠶᠠᠪᠤᠬᠳᠠᠪᠠ
ᠨᠡᠶᠢᠲᠡᠯᠡᠭᠰᠡᠨ ᠴᠠᠭ᠄
2015/10/23
     10 ᠳ᠋ᠤᠭᠠᠷ ᠰᠠᠷ᠎ᠠ ᠶᠢᠨ 22᠎ ᠤᠨ ᠤᠷᠤᠢ᠂ ᠲᠤᠮᠳᠡᠳᠦ ᠮᠤᠩᠭᠤᠯ ᠬᠤᠶᠡᠷ ᠤᠯᠤᠰ ᠤᠨ ᠰᠤᠶᠤᠯ ᠤᠨ ᠰᠤᠯᠢᠯᠴᠠᠭᠠᠨ ᠤ ᠭᠠᠷᠠᠭ ᠤᠨ ᠠᠵᠢᠯᠯᠠᠭ᠎ᠠ ᠶᠢᠨ ᠡᠬᠢᠯᠠᠯᠳᠠ ᠶᠢᠨ ᠶᠤᠰᠤᠯᠠᠯ ᠤᠨ ᠦᠳᠡᠰᠢᠯᠡᠭᠡ ᠦᠪᠤᠷ ᠮᠤᠩᠭᠤᠯ ᠤᠨ ᠤᠯᠠᠭᠠᠨ ᠲᠢᠶᠠᠲᠷ ᠲᠤ ᠶᠠᠪᠤᠬᠳᠠᠪᠠ᠃      10 ᠳ᠋ᠤᠭᠠᠷ ᠰᠠᠷ᠎ᠠ ᠶᠢᠨ 22᠎ ᠤᠨ ᠤᠷᠤᠢ᠂ ᠦᠪᠤᠷ ᠮᠤᠩᠭᠤᠯ ᠤᠨ ᠤᠯᠠᠭᠠᠨ ᠲᠢᠶᠠᠲᠷ ᠲᠤ ᠦᠡᠭᠭᠡ ᠶᠢᠨ ᠳ᠋ᠧᠩ ᠲᠤᠸᠠᠯᠠᠨ ᠡᠭᠡᠰᠢᠭ ᠲᠠᠭᠤᠤ ᠤᠶᠠᠩᠭᠠᠷᠠᠨ ᠪᠡᠶᠡᠷ ᠪᠠᠭᠳᠤᠯ ᠢᠶᠠᠷ ᠪᠢᠯᠬᠠᠨ᠎ᠠ᠃ ᠲᠤᠮᠳᠡᠳᠦ ᠮᠤᠩᠭᠤᠯ ᠬᠤᠶᠡᠷ ᠤᠯᠤᠰ ᠤᠨ ᠨᠦᠬᠦᠷᠯᠠᠯ ᠬᠢᠭᠡᠳ ᠡᠶ᠎ᠡ ᠨᠠᠶᠢᠷᠠᠮᠳᠠᠯ ᠢᠶᠠᠷ ᠭᠤᠤᠯ ᠰᠡᠳᠤᠪ ᠪᠤᠯᠭᠠᠬᠰᠡᠨ ᠲᠤᠮᠳᠡᠳᠦ ᠤᠯᠤᠰ — ᠮᠤᠩᠭᠤᠯ ᠤᠯᠤᠰ ᠤᠨ ᠰᠤᠶᠤᠯ ᠤᠨ ᠰᠤᠯᠢᠯᠴᠠᠭᠠᠨ ᠤ ᠭᠠᠷᠠᠭ ᠤᠨ ᠠᠵᠢᠯᠯᠠᠭ᠎ᠠ ᠶᠢᠨ ᠡᠬᠢᠯᠠᠯᠳᠠ ᠶᠢᠨ ᠶᠤᠰᠤᠯᠠᠯ ᠤᠨ ᠦᠳᠡᠰᠢᠯᠡᠭᠡ ᠦᠪᠤᠷ ᠮᠤᠩᠭᠤᠯ ᠤᠨ ᠤᠯᠠᠭᠠᠨ ᠲᠢᠶᠠᠲᠷ ᠲᠤ ᠦᠪᠡᠳᠡᠭᠰᠢ ᠶᠡᠬᠡᠪᠡᠷ ᠶᠠᠪᠤᠬᠳᠠᠪᠠ᠃      ᠮᠤᠩᠭᠤᠯ ᠤᠯᠤᠰ ᠤᠨ ᠲᠡᠳ᠋ ᠶᠡᠷᠦᠩᠬᠡᠢ ᠰᠠᠶᠢᠳ ᠼ᠊ · ᠤᠶᠤᠨᠪᠠᠭᠠᠳᠤᠷ ᠵᠡᠷᠭᠡ ᠮᠤᠩᠭᠤᠯ ᠤᠯᠤᠰ ᠤᠨ ᠵᠤᠴᠢᠳ ᠪᠣᠯᠣᠨ ᠦᠪᠡᠷᠳᠡᠭᠡᠨ ᠵᠠᠰᠠᠬᠤ ᠤᠷᠤᠨ ᠤ ᠨᠠᠮ ᠵᠠᠰᠠᠭ ᠴᠡᠷᠢᠭ ᠤᠨ ᠤᠳᠤᠷᠢᠳᠤᠯᠭ᠎ᠠ ᠸᠠᠩ ᠵᠢᠶᠦ᠋ᠨ᠂ ᠪᠠᠭᠠᠳᠤᠷ᠂ ᠴᠧ ᠬᠤᠸᠠ ᠰᠦᠡᠭ᠂ ᠶᠠᠩ ᠵᠢᠶᠦ᠋ᠨ ᠰᠢᠩ᠂ ᠯᠢ ᠵᠢᠶᠠ᠂ ᠤᠯᠠᠭᠠᠨ᠂ ᠹᠦ᠋ ᠲᠠᠢ ᠽᠸᠡᠭ᠂ ᠪᠦ᠋ ᠰᠢᠶᠤᠤ ᠯᠢᠨ᠂ ᠨᠠᠰᠦᠨᠮᠦ᠋ᠡᠭᠭᠡ ᠵᠢᠴᠢ ᠲᠤᠮᠳᠡᠳᠦ ᠤᠯᠤᠰ ᠤᠨ ᠮᠤᠩᠭᠤᠯ ᠤᠯᠤᠰ ᠲᠤ ᠰᠠᠭᠤᠭ᠎ᠠ ᠤᠨᠴᠠ ᠲᠤᠮᠢᠯᠠᠬᠰᠡᠨ ᠪᠦᠷᠢᠨ ᠡᠷᠭᠡᠳᠦ ᠡᠯᠴᠢᠨ ᠰᠠᠶᠢᠳ ᠰᠢᠩ ᠬᠠᠢ ᠮᠢᠩ ᠨᠠᠷ ᠦᠳᠡᠰᠢᠯᠡᠭᠡ ᠶᠢ ᠰᠤᠨᠢᠷᠬᠠᠪᠠ᠃      ᠦᠳᠡᠰᠢᠯᠡᠭᠡ ᠨᠢ ︽ᠲᠠᠯ᠎ᠠ ᠨᠤᠳᠤᠭ ᠲᠤ ᠬᠠᠮᠳᠤ ᠪᠠᠷ ᠠᠶᠠᠯᠠᠬᠤ ᠶᠢᠷᠳᠢᠨᠴᠦ ᠶᠢᠨ ᠪᠠᠶᠠᠰᠤᠯ ᠠᠶᠠᠯᠭᠤ︾ ᠬᠡᠮᠡᠬᠦ ᠬᠦᠭᠵᠢᠶᠠᠨᠳᠦ ᠲᠠᠭᠤᠤ ᠪᠦᠵᠢᠭ ᠤᠨ ᠲᠤᠮᠳᠠ ᠬᠦᠰᠢᠭᠡ ᠪᠠᠨ ᠰᠡᠬᠦᠵᠦ᠂ ︽ᠲᠤᠩᠭᠠᠯᠠᠭ ᠤᠰᠤᠨ ᠮᠡᠳᠦ ᠨᠢᠭᠡᠳᠤᠨ ᠲᠠᠮᠡᠤᠯᠤᠶ᠎ᠠ︾᠂ ︽ᠲᠤᠷᠭᠠᠨ ᠵᠠᠮ — ᠨᠠᠶᠢᠳᠠ ᠶᠢᠨ ᠬᠦᠭᠵᠢᠯ ᠴᠡᠴᠡᠭᠯᠡᠯᠳᠠ ᠶᠢᠨ ᠪᠤᠳᠤᠯᠭ᠎ᠠ︾᠂ ︽ᠡᠬᠦᠷᠢᠳᠠ ᠶᠢᠨ ᠨᠦᠬᠦᠷᠯᠠᠯ — ᠤᠯᠠᠮ ᠲᠡᠪᠵᠢᠬᠦ ᠶᠢᠨ ᠢᠷᠤᠭᠡᠯ︾ ᠬᠢᠭᠡᠳ ᠲᠡᠭᠦᠰᠬᠡᠯ ᠬᠡᠬᠦ ᠲᠦᠷᠪᠡᠨ ᠪᠦᠯᠦᠭ ᠎ ᠢᠶᠠᠷ ᠪᠦᠷᠢᠯᠳᠦᠨ ︽ᠨᠢᠭᠡ ᠪᠦᠰᠠ ᠨᠢᠭᠡ ᠵᠠᠮ︾᠎ ᠤᠨ ᠠᠤᠭ᠎ᠠ ᠪᠤᠳᠤᠯᠭ᠎ᠠ ᠨᠢ ᠲᠤᠮᠳᠡᠳᠦ ᠮᠤᠩᠭᠤᠯ ᠬᠤᠶᠡᠷ ᠤᠯᠤᠰ ᠵᠢᠴᠢ ᠬᠦᠷᠰᠢ ᠤᠷᠤᠨ ᠤ ᠠᠵᠦ ᠠᠬᠤᠢ ᠰᠤᠶᠤᠯ ᠤᠨ ᠬᠠᠷᠢᠯᠴᠠᠭ᠎ᠠ ᠬᠠᠮᠳᠤᠷᠠᠯᠴᠠᠭ᠎ᠠ ᠶᠢᠨ ᠰᠢᠨ᠎ᠠ ᠬᠦᠭᠵᠢᠯᠳᠠ ᠶᠢ ᠲᠤᠰᠬᠠᠵᠠᠢ᠃ ᠢᠵᠠᠭᠤᠷ ᠤᠷᠠᠯᠢᠭ ᠤᠨ ᠤᠬᠢ ᠱᠦᠯᠳᠦ ᠬᠡᠮᠡᠭᠳᠡᠭᠰᠡᠨ ᠮᠤᠩᠭᠤᠯ ᠤᠷᠳᠦ ᠶᠢᠨ ᠲᠠᠭᠤᠤ᠂ ᠬᠦᠬᠡᠮᠡᠢ᠂ ᠮᠤᠷᠢᠨ ᠬᠤᠭᠤᠷ ᠤᠨ ᠭᠠᠶᠢᠬᠠᠮᠰᠢᠬᠳᠦ ᠡᠭᠡᠰᠢᠭ ᠴᠤᠤᠷᠢᠶᠡᠳᠤᠵᠦ᠂ ᠪᠠᠯᠧᠲ ᠪᠦᠵᠢᠭ᠂ ᠤᠷᠤᠰ ᠪᠦᠵᠢᠭ᠂ ᠪᠡᠶᠡᠯᠡᠭᠡ᠂ ᠤᠷᠡᠨ ᠨᠤᠭᠤᠷᠠᠯᠳᠠ᠂ ᠮᠤᠩᠭᠤᠯ ᠬᠤᠪᠴᠡᠰᠦ ᠵᠠᠰᠠᠯ ᠤᠨ ᠦᠵᠡᠬᠦᠯᠤᠯᠭᠡ᠂ ᠪᠡᠭᠡᠵᠢᠩ ᠵᠦᠴᠦᠭᠡ᠂ ᠨᠠᠶᠢᠷᠠᠯ ᠬᠦᠭᠵᠢᠮ ᠵᠡᠷᠭᠡ ᠲᠤᠮᠳᠡᠳᠦ ᠮᠤᠩᠭᠤᠯ ᠤᠷᠤᠰ ᠤᠨ ᠤᠷᠠᠯᠢᠬᠴᠢᠳ ᠤᠨ ᠲᠤᠬᠯᠠᠯᠳᠠ ᠬᠤᠶᠡᠷ ᠤᠯᠤᠰ ᠤᠨ ᠦᠵᠡᠭᠴᠢ ᠤᠯᠠᠨ ᠤ ᠬᠠᠷᠠᠴᠠ ᠶᠢ ᠪᠤᠯᠢᠶᠠᠪᠠ᠃      ᠨᠠᠶᠢᠷᠠᠯ ᠬᠦᠭᠵᠢᠮ ᠤᠨ ᠬᠠᠪᠰᠤᠷᠤᠯᠭ᠎ᠠ ᠲᠠᠢ ︽ᠨᠦᠬᠦᠷᠯᠠᠯ︾ ᠬᠡᠬᠦ ᠲᠠᠭᠤᠤ ᠶᠢᠨ ᠳᠤᠮᠳᠠ ᠦᠳᠡᠰᠢᠯᠡᠭᠡ ᠥᠨᠳᠥᠷᠯᠡᠪᠡ᠃ ᠲᠤᠮᠳᠡᠳᠦ ᠮᠤᠩᠭᠤᠯ ᠤᠨ ᠰᠤᠶᠤᠯ ᠤᠨ ᠰᠤᠯᠢᠯᠴᠠᠭᠠᠨ ᠤ ᠭᠠᠷᠠᠭ ᠤᠨ ᠠᠵᠢᠯᠯᠠᠭ᠎ᠠ ᠨᠢ 10 ᠳ᠋ᠤᠭᠠᠷ ᠰᠠᠷ᠎ᠠ ᠶᠢᠨ 27᠎ ᠤ ᠡᠳᠤᠷ ᠪᠤᠯᠳᠠᠯ᠎ᠠ ᠬᠦᠬᠡᠬᠤᠳᠠ ᠳᠤ ᠶᠠᠪᠤᠬᠳᠠᠬᠤ ᠪᠦᠭᠡᠳ ᠡᠬᠢᠯᠠᠯᠳᠠ ᠶᠢᠨ ᠶᠤᠰᠤᠯᠠᠯ ᠠᠴᠠ ᠭᠠᠳᠠᠨ᠎ᠠ ᠲᠤᠮᠳᠡᠳᠦ ᠮᠤᠩᠭᠤᠯ ᠤᠨ ᠲᠠᠭᠤᠤ ᠶᠢᠨ ᠦᠳᠡᠰᠢᠯᠡᠭᠡ᠂ ᠤᠯᠠᠨ ᠤᠯᠤᠰ ᠤᠨ ᠮᠤᠩᠭᠤᠯ ᠪᠦᠵᠢᠭ ᠤᠨ ᠦᠵᠡᠬᠦᠯᠦᠯᠭᠡ᠂ ᠲᠤᠮᠳᠡᠳᠦ ᠮᠤᠩᠭᠤᠯ ᠤᠨ ᠬᠡᠷᠡᠯ ᠵᠢᠷᠤᠭ ᠲᠤᠰᠤᠨ ᠵᠢᠷᠤᠭ ᠤᠨ ᠪᠦᠳᠦᠭᠡᠯ ᠤᠨ ᠦᠵᠡᠰᠬᠦᠯᠠᠩ᠂ ᠤᠯᠠᠨ ᠤᠯᠤᠰ ᠤᠨ ᠮᠤᠩᠭᠤᠯ ᠬᠤᠪᠴᠡᠰᠦ ᠵᠠᠰᠠᠯ ᠤᠨ ᠦᠵᠡᠬᠦᠯᠤᠯᠭᠡ᠂ ᠲᠤᠮᠳᠡᠳᠦ ᠮᠤᠩᠭᠤᠯ ᠤᠨ ᠵᠠᠯᠠᠭᠤᠴᠤᠳ ᠪᠠᠭᠠᠴᠤᠳ ᠤᠨ ᠬᠦᠯ ᠪᠦᠮᠪᠦᠭᠡ ᠶᠢᠨ ᠤᠷᠢᠯᠭ᠎ᠠ ᠶᠢᠨ ᠤᠷᠤᠯᠳᠤᠭᠠᠨ ᠵᠡᠷᠭᠡ ᠰᠢᠷᠢᠰ ᠠᠵᠢᠯᠯᠠᠭ᠎ᠠ ᠶᠠᠪᠤᠬᠳᠠᠬᠤ ᠪᠤᠯᠤᠨ᠎ᠠ᠃      ᠠᠩᠬᠠᠳᠤᠭᠠᠷ ᠬᠤᠭᠤᠴᠠᠭᠠᠨ ᠤ ᠲᠤᠮᠳᠡᠳᠦ ᠤᠯᠤᠰ — ᠮᠤᠩᠭᠤᠯ ᠤᠯᠤᠰ ᠤᠨ ᠦᠵᠡᠰᠬᠦᠯᠠᠩ ᠤᠨ ᠴᠤᠬᠯᠠᠭᠠᠨ ᠤ ᠴᠢᠬᠤᠯᠠ ᠨᠢᠭᠡ ᠠᠭᠤᠯᠭ᠎ᠠ ᠪᠤᠯᠤᠬᠰᠡᠨ ᠲᠤᠮᠳᠡᠳᠦ ᠮᠤᠩᠭᠤᠯ ᠤᠨ ᠰᠤᠶᠤᠯ ᠤᠨ ᠰᠤᠯᠢᠯᠴᠠᠭᠠᠨ ᠤ ᠭᠠᠷᠠᠭ ᠤᠨ ᠠᠵᠢᠯᠯᠠᠭ᠎ᠠ ᠶᠢ ᠠᠮᠵᠢᠯᠳᠠᠳᠠᠢ ᠡᠷᠬᠢᠯᠡᠬᠦ ᠨᠢ ᠤᠯᠤᠰ ᠤᠨ ︽ᠨᠢᠭᠡ ᠪᠦᠰᠠ ᠨᠢᠭᠡ ᠵᠠᠮ︾᠎ ᠤᠨ ᠪᠠᠶᠢᠯᠳᠤᠬᠤ ᠪᠤᠳᠤᠯᠭ᠎ᠠ ᠶᠢ ᠲᠤᠤᠱᠯᠠᠭᠤᠯᠤᠨ ᠬᠡᠷᠡᠭᠵᠢᠬᠦᠯᠵᠦ᠂ ᠲᠤᠮᠳᠡᠳᠦ ᠮᠤᠩᠭᠤᠯ ᠤᠷᠤᠰ ᠤᠨ ᠠᠵᠦ ᠠᠬᠤᠢ ᠶᠢᠨ ᠬᠠᠮᠳᠤᠷᠠᠯᠴᠠᠭᠠᠨ ᠤ ᠬᠤᠨᠭ᠍ᠬᠢᠯ ᠢ ᠪᠠᠶᠢᠭᠤᠯᠵᠦ᠂ ᠦᠪᠤᠷ ᠮᠤᠩᠭᠤᠯ ᠢᠶᠠᠨ ᠮᠠᠨ ᠤ ᠤᠯᠤᠰ ᠤᠨ ᠤᠮᠠᠷᠡᠰᠢ ᠨᠡᠬᠡᠬᠡᠯᠳᠡ ᠶᠢᠨ ᠴᠢᠬᠤᠯᠠ ᠪᠠᠬᠢᠯᠠᠯᠳᠠ ᠪᠤᠯᠭᠠᠨ ᠴᠤᠬᠴᠠᠯᠠᠬᠤ ᠳᠤ ᠬᠦᠨ ᠵᠤᠵᠠᠭᠠᠨ ᠰᠤᠶᠤᠯ ᠤᠨ ᠠᠭᠤᠯᠤᠬᠳᠠᠬᠤᠨ ᠨᠠᠮᠠᠷᠢᠯᠠᠵᠦ᠂ ᠬᠤᠶᠡᠷ ᠤᠯᠤᠰ ᠤᠨ ᠰᠤᠶᠤᠯ ᠤᠨ ᠪᠤᠳᠡᠳᠦ ᠬᠦᠴᠤᠨ ᠢ ᠴᠢᠩᠭᠠᠷᠠᠭᠤᠯᠬᠤ ᠳᠤ ᠲᠤᠩ ᠠᠴᠢ ᠬᠤᠯᠪᠤᠬᠳᠠᠯ ᠲᠠᠢ ᠶᠤᠮ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号