ᠬᠦᠴᠦ ᠪᠠᠨ ᠲᠥᠪᠯᠡᠷᠡᠭᠦᠯᠦᠨ ᠰᠡᠳᠬᠢᠯ ᠢᠶᠠᠨ ᠨᠢᠭᠲᠠᠷᠠᠭᠤᠯᠵᠤ ᠥᠭᠡᠷᠡᠴᠢᠯᠡᠯᠲᠡ ᠬᠢᠵᠦ ᠰᠢᠨ᠎ᠡ ᠶᠢ ᠡᠭᠦᠳᠦᠨ ᠮᠠᠨ ᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠢᠳᠡᠪᠬᠢᠲᠠᠢ ᠪᠠᠷ ᠳᠦᠯᠬᠢᠨ ᠠᠬᠢᠭᠤᠯᠤᠶ᠎ᠠ
ᠨᠡᠶᠢᠲᠡᠯᠡᠭᠰᠡᠨ ᠴᠠᠭ᠄
2015/11/13
   
     ᠰᠣᠷᠪᠤᠯᠵᠢᠯᠠᠭᠰᠠᠨ ᠴᠠᠭ᠄ 2015 ᠣᠨ ᠤ 9 ᠳ᠋ᠦ᠋ᠭᠡᠷ ᠰᠠᠷ᠎ᠠ ᠶᠢᠨ 18 ᠤ ᠡᠳᠦᠷ ᠤᠨ ᠦᠳᠡ ᠶᠢᠨ ᠡᠮᠦᠨ᠎ᠡ ᠶᠢᠨ 10 ᠴᠠᠭ      ᠰᠣᠷᠪᠤᠯᠵᠢᠯᠠᠭᠰᠠᠨ ᠵᠣᠴᠢᠨ᠄ ᠥᠪᠥᠷ ᠮᠣᠩᠭᠤᠯ ᠤᠨ ᠥᠪᠡᠷᠳᠡᠭᠡᠨ ᠵᠠᠰᠠᠬᠤ ᠤᠷᠤᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠳᠡᠳ᠋ ᠲᠣᠭᠤᠷᠢᠨ ᠪᠠᠶᠢᠴᠠᠭᠠᠭᠴᠢ ᠵᠣᠣ ᠳ᠋ᠠ ᠶᠦᠩ      ᠰᠣᠷᠪᠤᠯᠵᠢᠯᠠᠨ ᠶᠠᠷᠢᠯᠴᠠᠭᠰᠠᠨ ᠲᠣᠪᠴᠢ᠄      ᠡᠨᠡ ᠵᠢᠯ ᠤᠨ 3 ᠳ᠋ᠤᠭᠠᠷ ᠰᠠᠷ᠎ᠠ ᠶᠢᠨ 1 ᠤ ᠡᠳᠦᠷ᠂ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠦᠷ ᠬᠡᠷᠡᠭᠵᠢᠭᠦᠯᠬᠦ ᠳᠦᠷᠢᠮ︾ ᠢ ᠵᠢᠩᠬᠢᠨᠢ ᠪᠠᠷ ᠡᠬᠢᠯᠡᠨ ᠬᠡᠷᠡᠭᠵᠢᠭᠦᠯᠪᠡ᠂ ᠲᠣᠰ ︽ᠳᠦᠷᠢᠮ︾ ᠢ ᠲᠣᠭᠲᠠᠭᠠᠨ ᠨᠡᠶᠢᠲᠡᠯᠡᠭᠰᠡᠨ ᠶᠠᠪᠤᠳᠠᠯ ᠪᠣᠯ ᠮᠠᠨ ᠤ ᠤᠯᠤᠰ ᠤᠨ ᠪᠣᠳᠠᠰ ᠤᠨ ᠡᠷᠬᠡ ᠶᠢᠨ ᠳᠦᠷᠢᠮ ᠤᠨ ᠪᠠᠶᠢᠭᠤᠯᠤᠯᠲᠠ ᠶᠢᠨ ᠪᠡᠯᠭᠡ ᠳᠡᠮᠳᠡᠭ ᠤᠨ ᠠᠴᠢ ᠬᠤᠯᠪᠣᠭᠳᠠᠯ ᠲᠠᠢ ᠲᠣᠮᠣ ᠬᠡᠷᠡᠭ ᠶᠠᠪᠤᠳᠠᠯ ᠮᠥᠨ᠂ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠭᠤᠣᠯ ᠬᠠᠤᠯᠢ ᠶᠢᠨ ᠦᠨᠳᠦᠰᠦᠯᠡᠯ ᠮᠥᠨ᠃ ᠮᠠᠨ ᠤ ᠤᠷᠤᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠯᠲᠠ ᠶᠢᠨ ᠪᠠᠶᠢᠳᠠᠯ ᠢ ᠨᠠᠷᠢᠨ ᠣᠶᠢᠯᠠᠭᠠᠬᠤ ᠶᠢᠨ ᠲᠤᠰᠠᠳᠠ᠂ ᠣᠶᠢᠷ᠎ᠠ ᠳᠤ᠂ ᠪᠢᠳᠡ ᠥᠪᠡᠷᠳᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠤᠨ ᠳᠡᠳ᠋ ᠲᠤᠭᠤᠷᠢᠨ ᠪᠠᠶᠢᠴᠠᠭᠠᠭᠴᠢ ᠵᠤᠤ ᠳ᠋ᠠ ᠶᠥᠩ ᠢ ᠤᠷᠢᠵᠤ ︽ᠳᠤᠮᠳᠠᠳᠤ ᠤᠯᠤᠰ  ᠥᠪᠥᠷ ᠮᠤᠩᠭᠤᠯ︾ ᠰᠦᠯᠵᠢᠶᠡᠨ ᠳᠡᠭᠡᠷ᠎ᠡ ᠰᠦᠯᠵᠢᠶᠡᠨ ᠠᠨᠳᠠ ᠨᠠᠷ ᠲᠠᠢ ᠶᠠᠷᠢᠯᠴᠠᠭᠤᠯᠬᠤ ᠪᠠᠷ ᠪᠣᠯᠪᠠ᠂ ᠲᠤᠬᠠᠢ ᠶᠢᠨ ᠴᠠᠭ ᠲᠤ ᠰᠦᠯᠵᠢᠶᠡᠨ ᠠᠨᠳᠠ ᠨᠠᠷ ᠤᠨ ᠢᠳᠡᠪᠬᠢᠲᠠᠢ ᠪᠠᠷ ᠣᠷᠣᠯᠴᠠᠬᠤ ᠶᠢ ᠤᠭᠲᠤᠵᠤ ᠪᠠᠶᠢᠨ᠎ᠠ︕      ᠬᠥᠲᠥᠯᠦᠭᠴᠢ:      ᠰᠦᠯᠵᠢᠶᠡᠨ ᠠᠨᠳᠠ ᠨᠠᠷ ᠰᠠᠶᠢᠨ ᠪᠠᠶᠢᠵᠠᠭᠠᠨᠠᠤ︕ ᠲᠠ ᠪᠦᠬᠦᠨ ᠤ ︽ᠳᠤᠮᠳᠠᠳᠤ ᠤᠯᠤᠰ  ᠥᠪᠥᠷ ᠮᠤᠩᠭᠤᠯ︾ ᠰᠦᠯᠵᠢᠶᠡᠨ ᠤ ᠰᠤᠷᠪᠤᠯᠵᠢᠯᠠᠭ᠎ᠠ ᠶᠠᠷᠢᠯᠴᠠᠭᠠᠨ ᠤ ᠪᠣᠯᠤᠩ ᠢ ᠬᠦᠯᠢᠶᠡᠨ ᠠᠪᠴᠤ ᠦᠵᠡᠬᠦ ᠶᠢ ᠪᠠᠶᠠᠷᠯᠠᠨ ᠤᠭᠲᠤᠵᠤ ᠪᠠᠶᠢᠨ᠎ᠠ᠃ ᠥᠨᠥᠳᠥᠷ ᠪᠢᠳᠡ ᠠᠵᠠᠲᠠᠢ ᠪᠠᠷ ᠥᠪᠡᠷᠳᠡᠭᠡᠨ ᠵᠠᠰᠠᠬᠤ ᠣᠷᠣᠨ ᠤ ᠤᠯᠤᠰ ᠤᠨ ᠡᠬᠢ ᠪᠠᠶᠠᠯᠢᠭ ᠤᠨ ᠲᠢᠩᠬᠢᠮ ᠤᠨ ᠳᠡᠳ᠋ ᠲᠤᠭᠤᠷᠢᠨ ᠪᠠᠶᠢᠴᠠᠭᠠᠭᠴᠢ ᠶᠢ ᠤᠷᠢᠨ ᠵᠠᠯᠠᠵᠤ᠂ ᠮᠠᠨ ᠤ ᠣᠷᠣᠨ ᠤ ᠣᠳᠣᠬᠠᠨ ᠤ ᠥᠯᠥ ᠬᠥᠳᠡᠯᠬᠦ ᠬᠥᠷᠥᠩᠭᠡ ᠶᠢᠨ ᠳᠠᠩᠰᠠᠯᠠᠨ ᠳᠡᠮᠳᠡᠭᠯᠡᠬᠦ ᠠᠵᠢᠯ ᠢ ᠥᠷᠨᠢᠭᠦᠯᠦᠭᠰᠡᠨ ᠪᠠᠶᠢᠳᠠᠯ ᠢ ᠨᠠᠷᠢᠨ ᠲᠠᠶᠢᠯᠪᠤᠷᠢᠯᠠᠭᠤᠯᠬᠤ ᠪᠣᠯᠣᠨ᠎ᠠ᠃ ᠲᠠ ᠪᠥᠬᠦᠨ ᠤ ᠫᠷᠦᠭᠷᠠᠮ ᠳᠤ ᠢᠳᠡᠪᠬᠢᠲᠠᠢ ᠪᠠᠷ ᠣᠷᠣᠯᠴᠠᠬᠤ ᠶᠢ ᠪᠠᠶᠠᠷᠯᠠᠨ ᠤᠭᠲᠤᠶ᠎ᠠ᠃ ᠵᠣᠣ ᠳᠠᠷᠤᠭ᠎ᠠ ᠡ᠂ ᠲᠠᠨ ᠢ ᠪᠠᠶᠠᠷᠯᠠᠨ ᠤᠭᠲᠤᠵᠤ ᠪᠠᠶᠢᠨ᠎ᠠ︕      ᠵᠣᠣ ᠳ᠋ᠠ ᠶᠦᠩ᠄      ᠬᠥᠲᠦᠯᠦᠭᠴᠢ ᠰᠠᠶᠢᠨ ᠪᠠᠶᠢᠨ᠎ᠠ ᠦᠦ︖ ᠰᠦᠯᠵᠢᠶᠡᠨ ᠠᠨᠳᠠ ᠨᠠᠷ ᠰᠠᠶᠢᠨ ᠪᠠᠶᠢᠨ᠎ᠠ ᠦᠦ︖ ︽ᠰᠦᠯᠵᠢᠶᠡᠨ ᠶᠠᠷᠢᠯᠴᠠᠭ᠎ᠠ︾ ᠪᠣᠯᠤᠩ ᠢᠶᠠᠷ ᠳᠠᠮᠵᠢᠨ ᠲᠠ ᠪᠦᠬᠦᠨ ᠲᠠᠢ ᠶᠠᠷᠢᠯᠴᠠᠬᠤ ᠪᠤᠯᠤᠭᠰᠠᠨ ᠳᠤ ᠪᠠᠨ ᠮᠠᠰᠢ ᠪᠠᠶᠠᠷᠯᠠᠵᠤ ᠪᠠᠶᠢᠨ᠎ᠠ︕ ᠥᠷᠭᠡᠨ ᠤᠯᠠᠨ ᠰᠦᠯᠵᠢᠶᠡᠨ ᠠᠨᠳᠠ ᠨᠠᠷ ᠤᠨ ᠮᠠᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠤᠨ ᠡᠯ᠎ᠡ ᠵᠦᠢᠯ ᠤᠨ ᠠᠵᠢᠯ ᠢ ᠬᠠᠯᠠᠮᠵᠢᠯᠠᠨ ᠳᠡᠮᠵᠢᠭᠰᠡᠭᠡᠷ ᠢᠷᠡᠭᠰᠡᠨ ᠳᠤ ᠲᠠᠯᠠᠷᠬᠠᠵᠤ ᠪᠠᠶᠢᠨ᠎ᠠ︕      ᠬᠥᠲᠦᠯᠦᠭᠴᠢ᠄      ᠵᠤᠤ ᠳᠠᠷᠤᠭ᠎ᠠ ᠡ᠂ ᠤᠷᠢᠳᠠᠪᠡᠷ ᠶᠠᠭᠤ ᠶᠢ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠭᠡᠳᠡᠭ ᠢ ᠲᠠᠨᠢᠯᠴᠠᠭᠤᠯᠤᠭᠠᠳ ᠥᠭᠭᠦᠨ᠎ᠡ ᠦᠦ︖      ᠵᠣᠣ ᠳ᠋ᠠ ᠶᠦᠩ :      ᠥᠯᠥ ᠬᠥᠳᠡᠯᠬᠦ ᠬᠥᠷᠥᠩᠭᠡ ᠭᠡᠳᠡᠭ ᠨᠢ ᠭᠠᠵᠠᠷ ᠰᠢᠷᠤᠢ᠂ ᠳᠠᠯᠠᠢ ᠶᠢᠨ ᠣᠷᠣᠨ ᠵᠢᠴᠢ ᠭᠡᠷ ᠪᠠᠶᠢᠰᠢᠩ᠂ ᠤᠢ ᠮᠤᠳᠤ ᠵᠡᠷᠭᠡ ᠲᠣᠭᠲᠠᠭᠰᠠᠨ ᠪᠤᠳᠠᠰ ᠢ ᠵᠢᠭᠠᠨ᠎ᠠ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠭᠡᠳᠡᠭ ᠨᠢ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠪᠠᠶᠢᠭᠤᠯᠤᠮᠵᠢ ᠥᠯᠥ ᠬᠥᠳᠡᠯᠬᠦ ᠬᠥᠷᠥᠩᠭᠡ ᠶᠢᠨ ᠡᠷᠬᠡ ᠠᠰᠢᠭ ᠤᠨ  ᠬᠠᠷᠢᠶᠠᠯᠠᠯ ᠪᠣᠯᠣᠨ ᠬᠠᠤᠯᠢ ᠪᠠᠷ ᠲᠣᠭᠲᠠᠭᠠᠭᠰᠠᠨ ᠪᠣᠰᠣᠳ ᠵᠦᠢᠯᠡᠰ ᠢ ᠥᠯᠥ ᠬᠥᠳᠡᠯᠬᠦ ᠬᠥᠷᠥᠩᠭᠡ ᠶᠢᠨ ᠲᠡᠮᠳᠡᠭᠯᠡᠯ ᠤᠨ ᠳᠡᠪᠲᠡᠷ ᠳᠡᠭᠡᠷ᠎ᠡ ᠲᠡᠮᠳᠡᠭᠯᠡᠬᠦ ᠠᠵᠢᠯᠯᠠᠭ᠎ᠠ ᠶᠢ ᠵᠢᠭᠠᠨ᠎ᠠ᠃      ᠥᠯᠥ ᠬᠥᠳᠡᠯᠬᠦ ᠬᠥᠷᠥᠩᠭᠡ ᠶᠢ ᠨᠢᠭᠡᠲᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠲᠦᠯᠬᠢᠨ ᠠᠬᠢᠭᠤᠯᠬᠤ ᠨᠢ᠂ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ  ᠬᠠᠮᠢᠶᠠᠷᠤᠯᠲᠠ ᠶᠢᠨ ᠰᠠᠯᠠᠭ᠎ᠠ ᠮᠥᠴᠢᠷ ᠲᠤ ᠣᠯᠭᠤᠭᠰᠠᠨ ᠴᠢᠬᠤᠯᠠ ᠡᠭᠦᠷᠭᠡ ᠬᠠᠷᠢᠭᠤᠴᠠᠯᠭ᠎ᠠ ᠮᠥᠨ᠂ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠢ ᠲᠡᠦᠬᠡᠨ ᠳᠤ ᠲᠡᠮᠳᠡᠭᠯᠡᠭᠳᠡᠨ ᠣᠷᠣᠭᠤᠯᠬᠤ ᠲᠣᠮᠣ ᠬᠡᠷᠡᠭ ᠮᠥᠨ᠃ ᠮᠠᠨ ᠤ ᠣᠷᠣᠨ ᠥᠯᠥ ᠬᠥᠳᠡᠯᠬᠦ ᠬᠥᠷᠥᠩᠭᠡ ᠶᠢ ᠨᠢᠭᠡᠲᠦᠯᠲᠠᠢ ᠳᠠᠩᠰᠠᠯᠠᠨ ᠳᠡᠮᠳᠡᠭᠯᠡᠬᠦ ᠶᠠᠪᠤᠳᠠᠯ ᠢ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠤᠨ ᠨᠢᠭᠡᠨ ᠴᠢᠬᠤᠯᠠ ᠰᠢᠨ᠎ᠡ ᠡᠭᠦᠷᠭᠡ ᠴᠢᠳᠠᠪᠤᠷᠢ ᠪᠣᠯᠭᠠᠭᠰᠠᠨ ᠢᠶᠠᠷ᠂ ᠬᠠᠷᠢᠭᠤᠴᠠᠯᠭ᠎ᠠ ᠶᠡᠭᠡ᠂ ᠡᠭᠦᠷᠭᠡ ᠥᠩᠭᠡ ᠭᠡᠷᠡᠯᠲᠡᠢ ᠪᠠᠶᠢᠨ᠎ᠠ᠃ ᠡᠨᠡ ᠵᠢᠯ ᠤᠨ ᠡᠬᠢ ᠪᠠᠷ ᠬᠤᠷᠠᠯᠳᠤᠭᠰᠠᠨ ᠪᠦᠬᠦ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠠᠵᠢᠯ ᠤᠨ ᠬᠤᠷᠠᠯ ᠠᠴᠠ ︽ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠳᠡᠮᠳᠡᠭᠯᠡᠬᠦ ᠠᠵᠢᠯ ᠢ ᠬᠦᠴᠦᠲᠡᠢ ᠳᠦᠯᠬᠢᠨ ᠠᠬᠢᠭᠤᠯᠵᠤ᠂ ᠠᠶᠢᠮᠠᠭ ᠬᠤᠲᠠ ᠬᠤᠰᠢᠭᠤ ᠰᠢᠶᠠᠨ ᠳᠤ ᠬᠢᠨᠠᠨ ᠵᠢᠯᠣᠭᠤᠳᠬᠤ ᠪᠠᠨ ᠴᠢᠩᠭᠠᠳᠬᠠᠵᠤ᠂  ᠠᠶᠢᠮᠠᠭ ᠬᠤᠳᠠ᠂ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠳᠡᠮᠳᠡᠭᠯᠡᠬᠦ ᠪᠠᠶᠢᠭᠤᠯᠤᠮᠵᠢ ᠶᠢᠨ ᠪᠠᠶᠢᠭᠤᠯᠤᠯᠲᠠ ᠶᠢ ᠵᠢᠯ ᠤᠨ ᠡᠴᠦᠰ ᠠᠴᠠ ᠡᠮᠦᠨ᠎ᠡ ᠪᠡᠶᠡᠯᠡᠭᠦᠯᠬᠦ ᠬᠡᠷᠡᠭᠲᠡᠢ ᠭᠡᠵᠦ ᠲᠣᠳᠣᠷᠬᠠᠢ ᠱᠠᠭᠠᠷᠳᠠᠭᠰᠠᠨ ᠶᠤᠮ᠃︾              ᠬᠥᠲᠥᠯᠦᠭᠴᠢ᠄      ᠡᠨᠡ ᠵᠢᠯ ᠤᠨ 3 ᠳ᠋ᠤᠭᠠᠷ ᠰᠠᠷ᠎ᠠ ᠶᠢᠨ 1 ᠤ ᠡᠳᠦᠷ᠂ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠳᠡᠮᠳᠡᠭᠯᠡᠬᠦ ᠲᠦᠷ ᠬᠡᠷᠡᠭᠵᠢᠭᠦᠯᠬᠦ ᠳᠦᠷᠢᠮ︾ ᠢ ᠵᠢᠩᠬᠢᠨᠢ ᠪᠠᠷ ᠡᠬᠢᠯᠡᠨ ᠬᠡᠷᠡᠭᠵᠢᠭᠦᠯᠵᠦ᠂ ᠥᠯᠥ ᠬᠥᠳᠡᠯᠬᠦ ᠬᠥᠷᠥᠩᠭᠡ  ᠶᠢ ᠳᠠᠩᠰᠠᠯᠠᠨ ᠲᠡᠮᠳᠡᠭᠯᠡᠬᠦ ᠨᠢ ᠥᠯᠥ ᠬᠥᠳᠡᠯᠬᠦ ᠬᠥᠷᠥᠩᠭᠡ ᠶᠢᠨ ᠪᠤᠳᠠᠰ ᠤᠨ ᠡᠷᠬᠡ ᠶᠢᠨ ᠬᠠᠤᠯᠢ ᠪᠠᠷ ᠲᠣᠭᠲᠠᠭᠠᠭᠰᠠᠨ ᠲᠣᠮᠢᠶᠠᠯᠠᠯ ᠤᠨ ᠬᠡᠯᠪᠡᠷᠢ ᠪᠣᠯᠬᠤ ᠶᠢ ᠲᠣᠳᠣᠷᠬᠠᠶᠢᠯᠠᠵᠠᠢ᠃ ᠲᠡᠭᠡᠪᠡᠯ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠳᠦᠷᠢᠮ ᠨᠢ ᠶᠠᠮᠠᠷ ᠠᠴᠢ ᠬᠤᠯᠪᠣᠭᠳᠠᠯ ᠲᠠᠢ ᠪᠤᠢ︖      ᠵᠣᠣ ᠳ᠋ᠠ ᠶᠦᠩ᠄      ︽ᠳᠦᠷᠢᠮ︾ ᠢ ᠲᠣᠭᠲᠠᠭᠠᠵᠤ ᠨᠡᠶᠢᠲᠡᠯᠡᠭᠰᠡᠨ ᠨᠢ᠂ ᠮᠠᠨ ᠤ ᠤᠯᠤᠰ ᠤᠨ ᠪᠣᠳᠠᠰ ᠤᠨ ᠡᠷᠬᠡ ᠶᠢᠨ ᠳᠦᠷᠢᠮ ᠤᠨ  ᠪᠠᠶᠢᠭᠤᠯᠤᠯᠲᠠ ᠶᠢᠨ ᠪᠡᠯᠭᠡ ᠲᠡᠮᠳᠡᠭ ᠤᠨ ᠠᠴᠢ ᠬᠤᠯᠪᠣᠭᠳᠠᠯ ᠲᠠᠢ ᠲᠣᠮᠣ ᠬᠡᠷᠡᠭ ᠶᠠᠪᠤᠳᠠᠯ ᠮᠥᠨ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠳᠡᠮᠳᠡᠭᠯᠡᠬᠦ ᠶᠢᠨ ᠭᠤᠣᠯ ᠬᠠᠤᠯᠢ ᠶᠢᠨ ᠦᠨᠳᠦᠰᠦᠯᠡᠯ ᠪᠣᠯᠣᠨ᠎ᠠ᠃ ᠥᠯᠥ ᠬᠥᠳᠡᠯᠬᠦ ᠬᠥᠷᠥᠩᠭᠡ ᠶᠢ ᠳᠠᠩᠰᠠᠯᠠᠨ‌‍ᠲ᠋ᠡᠮᠳᠡᠭᠯᠡᠬᠦ ᠳᠦᠷᠢᠮ ᠢ ᠪᠣᠳᠠᠰ ᠤᠨ ᠡᠷᠬᠡ ᠶᠢᠨ ᠦᠨᠳᠦᠰᠦᠨ ᠳᠦᠷᠢᠮ ᠤᠨ ᠬᠤᠪᠢ ᠢᠶᠠᠷ ᠳᠡᠯᠡᠬᠡᠢ ᠶᠢᠨ ᠡᠯ᠎ᠡ ᠤᠯᠤᠰ ᠥᠷᠭᠡᠨ ᠢᠶᠠᠷ ᠬᠡᠷᠡᠭᠯᠡᠵᠦ ᠪᠠᠶᠢᠨ᠎ᠠ᠃ ᠮᠠᠨ ᠤ ᠤᠯᠤᠰ ᠲᠤ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠬᠡᠵᠦ᠂ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠳᠦᠷᠢᠮ ᠢ ᠪᠠᠶᠢᠭᠤᠯᠬᠤ ᠨᠢ᠂ ︽ᠦᠨᠳᠦᠰᠦᠨ ᠬᠠᠤᠯᠢ︾ ᠶᠢ ᠨᠠᠶᠢᠳᠠᠪᠤᠷᠢᠵᠢᠭᠤᠯᠤᠨ ᠠᠷᠠᠳ ᠢᠷᠭᠡᠳ ᠤᠨ ᠡᠳ᠋ ᠬᠥᠷᠥᠩᠭᠡ ᠶᠢᠨ ᠥᠮᠴᠢᠯᠡᠯ ᠤᠨ ᠡᠷᠬᠡ ᠶᠢ ᠬᠠᠮᠠᠭᠠᠯᠠᠬᠤ ᠴᠢᠬᠤᠯᠠ ᠳᠦᠷᠢᠮ ᠮᠥᠨ︔ ︽ᠪᠣᠳᠠᠰ ᠤᠨ ᠡᠷᠬᠡ ᠶᠢᠨ ᠬᠠᠤᠯᠢ ︾ ᠶᠢᠨ ︽ᠤᠯᠤᠰ ᠠᠴᠠ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠳᠦᠷᠢᠮ︾ ᠢ ᠲᠤᠤᠱᠯᠠᠭᠤᠯᠤᠨ ᠬᠡᠷᠡᠭᠵᠢᠭᠦᠯᠬᠦ ᠶᠢᠨ ᠪᠣᠰᠣᠳᠴᠢ ᠱᠠᠭᠠᠷᠳᠠᠯᠭ᠎ᠠ ᠮᠥᠨ᠂ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠪᠣᠯᠣᠨ ᠡᠭᠦᠷᠭᠡ ᠴᠢᠳᠠᠪᠤᠷᠢ ᠶᠢᠨ ᠬᠤᠪᠢᠷᠠᠭᠤᠯᠤᠯᠲᠠ ᠶᠢᠨ ᠠᠷᠭ᠎ᠠ ᠲᠥᠰᠥᠯ ᠤᠨ ᠴᠢᠬᠤᠯᠠ ᠠᠭᠤᠯᠭ᠎ᠠ ᠮᠥᠨ᠂ ᠪᠠᠰᠠ ᠴᠦ ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠥᠭᠦᠳᠡ ᠬᠤᠷᠠᠯ ᠤᠨ ︽ᠥᠮᠴᠢᠯᠡᠬᠦ ᠡᠷᠬᠡ ᠶᠢ ᠬᠠᠮᠠᠭᠠᠯᠠᠬᠤ ᠳᠦᠷᠢᠮ ᠢ ᠲᠡᠭᠦᠯᠳᠡᠷᠵᠢᠭᠦᠯᠬᠦ︾᠂ ︽ᠲᠠᠷᠢᠶᠠᠴᠢᠳ ᠲᠤ ᠨᠡᠩ ᠤᠯᠠᠨ ᠡᠳ᠋ ᠬᠥᠷᠥᠩᠭᠡ ᠶᠢᠨ ᠥᠮᠴᠢᠯᠡᠯ ᠤᠨ ᠡᠷᠬᠡ ᠣᠯᠭᠤᠬᠤ︾᠂ ︽ᠪᠠᠶᠢᠭᠠᠯᠢ ᠶᠢᠨ ᠡᠬᠢ ᠪᠠᠶᠠᠯᠢᠭ ᠤᠨ ᠬᠥᠷᠥᠩᠭᠡ ᠶᠢᠨ ᠳᠦᠷᠢᠮ ᠢ ᠲᠡᠭᠦᠯᠳᠡᠷᠵᠢᠭᠦᠯᠬᠦ︾ ᠪᠠ ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠳᠥᠷᠪᠡᠳᠦᠭᠡᠷ ᠪᠦᠭᠦᠳᠡ ᠬᠤᠷᠠᠯ ᠤᠨ ︽ᠡᠷᠬᠡ ᠲᠡᠭᠰᠢ ᠪᠠᠷ ᠭᠤᠣᠯ ᠵᠠᠷᠴᠢᠮ ᠪᠣᠯᠭᠠᠭᠰᠠᠨ ᠥᠮᠴᠢᠯᠡᠯ ᠤᠨ ᠡᠷᠬᠡ ᠶᠢ ᠬᠠᠮᠠᠭᠠᠯᠠᠬᠤ ᠳᠦᠷᠢᠮ ᠢ ᠲᠡᠭᠦᠯᠳᠡᠷᠵᠢᠭᠦᠯᠬᠦ︾᠂ ︽ᠪᠠᠶᠢᠭᠠᠯᠢ ᠶᠢᠨ ᠡᠬᠢ ᠪᠠᠶᠠᠯᠢᠭ ᠤᠨ ᠥᠮᠴᠢᠯᠡᠯ ᠤᠨ ᠡᠷᠬᠡ ᠶᠢᠨ ᠬᠠᠤᠯᠢ ᠳᠦᠷᠢᠮ ᠢ ᠪᠠᠶᠢᠭᠤᠯᠤᠨ ᠲᠡᠭᠦᠯᠳᠡᠷᠵᠢᠭᠦᠯᠬᠦ︾ ᠶᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠨᠢᠭᠡᠨ ᠰᠠᠭᠤᠷᠢ ᠴᠢᠨᠠᠷᠲᠠᠢ ᠠᠵᠢᠯ ᠪᠣᠯᠣᠨ᠎ᠠ᠃ ᠥᠯᠥ ᠬᠥᠳᠡᠯᠬᠦ ᠬᠥᠷᠥᠩᠭᠡ ᠶᠢᠨ ᠡᠷᠬᠡ ᠡᠳ᠋ᠯᠡᠭᠴᠢ ᠬᠦᠮᠦᠨ ᠤ ᠬᠠᠤᠯᠢ ᠶᠣᠰᠣᠨ ᠤ ᠬᠥᠷᠥᠩᠭᠡ ᠶᠢᠨ ᠥᠮᠴᠢᠯᠡᠯ ᠤᠨ ᠡᠷᠬᠡ ᠶᠢ ᠬᠠᠮᠠᠭᠠᠯᠠᠬᠤ᠂ ᠵᠠᠰᠠᠭ ᠤᠨ ᠣᠷᠳᠣᠨ ᠤ ᠴᠡᠭᠴᠡᠯᠡᠬᠦ ᠪᠦᠲᠦᠮᠵᠢ ᠪᠣᠯᠣᠨ ᠬᠢᠷᠢ ᠲᠦᠪᠰᠢᠨ ᠢ ᠳᠡᠭᠡᠭᠰᠢᠯᠡᠭᠦᠯᠬᠦ᠂ ᠠᠵᠤ ᠠᠬᠤᠶᠢᠯᠠᠯ ᠳᠤ ᠳᠥᠭᠦᠮ ᠦᠵᠡᠭᠦᠯᠬᠦ᠂ ᠠᠷᠠᠳ ᠲᠤ ᠳᠥᠭᠦᠮ ᠦᠵᠡᠭᠦᠯᠬᠦ ᠨᠡᠩ ᠢᠯᠠᠩᠭᠤᠶ᠎ᠠ ᠬᠠᠷᠢᠶᠠᠯᠠᠯ ᠨᠢ ᠲᠣᠳᠣ᠂ ᠡᠷᠬᠡ ᠬᠠᠷᠢᠭᠤᠴᠠᠯᠭ᠎ᠠ ᠨᠢ ᠲᠣᠳᠣᠷᠬᠠᠢ᠂ ᠬᠠᠮᠠᠭᠠᠯᠠᠯᠲᠠ ᠨᠢ ᠴᠢᠩᠭ᠎ᠠ᠂ ᠡᠷᠭᠢᠯᠲᠡ ᠢᠯᠭᠤᠮ ᠪᠠᠶᠢᠬᠤ ᠣᠳᠣ ᠦᠶ᠎ᠡ ᠶᠢᠨ ᠥᠮᠴᠢᠯᠡᠯ ᠤᠨ ᠡᠷᠬᠡ ᠶᠢᠨ ᠳᠦᠷᠢᠮ ᠢ ᠤᠯᠠᠮ ᠲᠡᠭᠦᠯᠳᠡᠷᠵᠢᠭᠦᠯᠵᠦ᠂ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠢ ᠶᠢᠨ ᠰᠠᠭᠤᠷᠢ ᠶᠢ ᠪᠠᠬᠢᠵᠢᠭᠦᠯᠬᠦ ᠳᠤ ᠴᠢᠬᠤᠯᠠ ᠦᠢᠯᠡᠳᠦᠯ ᠪᠠ ᠲᠣᠮᠣ ᠠᠴᠢ ᠬᠤᠯᠪᠣᠭᠳᠠᠯ ᠲᠠᠢ ᠶᠤᠮ᠃      ᠵᠣᠣ ᠳ᠋ᠠ ᠶᠦᠩ᠄      ᠭᠤᠣᠯ ᠢᠯᠡᠷᠡᠯ ᠨᠢ ᠭᠡᠪᠡᠯ᠄      ᠨᠢᠭᠡ ᠳᠤ᠂ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠡᠯᠡᠬᠦ ᠶᠢ ᠬᠡᠷᠡᠭᠵᠢᠭᠦᠯᠬᠦ ᠨᠢ ᠥᠯᠥ ᠬᠥᠳᠡᠯᠬᠦ ᠬᠥᠷᠥᠩᠭᠡ ᠶᠢᠨ ᠡᠷᠬᠡ ᠡᠳ᠋ᠯᠡᠭᠴᠢ ᠬᠦᠮᠦᠨ ᠤ ᠬᠠᠤᠯᠢ ᠶᠣᠰᠣᠨ ᠤ ᠬᠥᠷᠥᠩᠭᠡ ᠶᠢᠨ ᠥᠮᠴᠢᠯᠡᠯ ᠤᠨ ᠡᠷᠬᠡ ᠶᠢ ᠬᠠᠮᠠᠭᠠᠯᠠᠬᠤ ᠳᠤ ᠠᠰᠢᠭᠲᠠᠢ ᠶᠤᠮ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠳᠦᠷᠢᠮ ᠪᠣᠯ  ᠳᠠᠷᠤᠢ ᠥᠯᠥ ᠬᠥᠳᠡᠯᠬᠦ ᠬᠥᠷᠥᠩᠭᠡ ᠶᠢᠨ ᠪᠣᠳᠠᠰ ᠤᠨ ᠡᠷᠬᠡ ᠶᠢ ᠨᠤᠲᠠᠯᠠᠬᠤ ᠪᠠ ᠬᠠᠮᠠᠭᠠᠯᠠᠬᠤ ᠳᠦᠷᠢᠮ ᠮᠥᠨ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠪᠠᠷ ᠳᠠᠮᠵᠢᠨ᠂ ᠳᠠᠩᠰᠠᠯᠠᠨ ᠲᠡᠮᠳᠡᠭᠯᠡᠬᠦ ᠴᠢᠨᠠᠷ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠥᠮᠴᠢᠯᠡᠯ ᠤᠨ ᠡᠷᠬᠡ ᠶᠢᠨ ᠰᠣᠯᠪᠢᠴᠠᠭ᠎ᠠ ᠪᠣᠯᠣᠨ ᠮᠥᠷᠭᠦᠯᠳᠦᠭᠡᠨ ᠠᠴᠠ ᠵᠠᠶᠢᠯᠠᠰᠬᠢᠵᠦ᠂ ᠡᠯ᠎ᠡ  ᠲᠥᠷᠥᠯ ᠤᠨ ᠥᠯᠥ ᠬᠥᠳᠡᠯᠬᠦ ᠬᠥᠷᠥᠩᠭᠡ ᠶᠢᠨ ᠪᠤᠳᠠᠰ ᠤᠨ ᠡᠷᠬᠡ ᠶᠢᠨ ᠬᠠᠷᠢᠶᠠᠯᠠᠯ ᠪᠠ ᠠᠭᠤᠯᠭ᠎ᠠ ᠶᠢ ᠬᠠᠮᠤᠭ ᠤᠨ ᠪᠦᠷᠢᠨ ᠪᠦᠲᠦᠨ᠂ ᠬᠠᠮᠤᠭ ᠤᠨ ᠨᠢᠭᠡᠳᠦᠯᠲᠠᠢ᠂ ᠬᠠᠮᠤᠭ ᠣᠨᠣᠪᠴᠢᠲᠠᠢ ᠪᠠᠷ ᠲᠣᠳᠣᠯᠠᠨ ᠨᠤᠲᠠᠯᠠᠵᠤ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠨᠡᠯᠢᠶᠡᠳ ᠴᠢᠩᠭ᠎ᠠ ᠪᠦᠬᠦᠢ ᠨᠡᠶᠢᠲᠡᠯᠡᠯ ᠤᠨ ᠬᠦᠴᠦᠨ ᠪᠣᠯᠣᠨ ᠢᠲᠡᠭᠡᠮᠵᠢ ᠶᠢᠨ ᠬᠦᠴᠦᠨ ᠢᠶᠠᠷ ᠰᠠᠭᠤᠷᠢ ᠪᠣᠯᠭᠠᠵᠤ᠂ ᠡᠷᠬᠡ ᠡᠳ᠋ᠯᠡᠭᠴᠢ ᠬᠦᠮᠦᠨ ᠤ ᠬᠠᠤᠯᠢ ᠶᠣᠰᠣᠨ ᠤ ᠥᠯᠥ ᠬᠥᠳᠡᠯᠬᠦ ᠬᠥᠷᠥᠩᠭᠡ ᠶᠢᠨ ᠪᠣᠳᠠᠰ ᠤᠨ ᠥᠮᠴᠢᠯᠡᠯ ᠤᠨ ᠡᠷᠬᠡ ᠶᠢ  ᠨᠢ ᠪᠥᠲᠥᠮᠵᠢᠲᠠᠢ ᠪᠠᠷ ᠬᠠᠮᠠᠭᠠᠯᠠᠨ᠎ᠠ  ᠃      ᠬᠤᠶᠠᠷ ᠲᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠡᠯᠡᠬᠦ ᠶᠢ ᠬᠡᠷᠡᠭᠵᠢᠭᠦᠯᠬᠦ ᠨᠢ᠂ ᠥᠯᠥ ᠬᠥᠳᠡᠯᠬᠦ ᠬᠥᠷᠥᠩᠭᠡ ᠶᠢᠨ ᠰᠣᠯᠢᠯᠴᠠᠭ᠎ᠠ ᠠᠷᠠᠯᠵᠢᠶᠠᠨ ᠤ ᠠᠮᠤᠷ ᠲᠦᠪᠰᠢᠨ ᠢ ᠪᠠᠲᠤᠯᠠᠬᠤ ᠳᠤ ᠠᠰᠢᠭᠲᠠᠢ ᠶᠤᠮ ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠪᠠᠷ ᠳᠠᠮᠵᠢᠨ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠮᠡᠳᠡᠭᠡ ᠵᠠᠩᠭᠢ ᠶᠢ ᠨᠡᠩ ᠲᠡᠭᠦᠯᠳᠡᠷ᠂ ᠣᠨᠣᠪᠴᠢᠲᠠᠢ᠂ ᠨᠠᠶᠢᠳᠠᠪᠤᠷᠢᠲᠠᠢ ᠪᠣᠯᠭᠠᠵᠤ ᠣᠨᠣᠪᠴᠢᠲᠠᠢ ᠪᠦᠲᠦᠮᠵᠢᠲᠠᠢ  ᠮᠡᠳᠡᠭᠡ ᠵᠠᠩᠭᠢ ᠶᠢ ᠦᠨᠳᠦᠰᠦᠯᠡᠨ ᠥᠯᠥ ᠬᠥᠳᠡᠯᠬᠦ ᠬᠥᠷᠥᠩᠭᠡ ᠶᠢ ᠰᠣᠯᠢᠯᠴᠠᠨ ᠠᠷᠠᠯᠵᠢᠶᠠᠯᠠᠵᠤ᠂ ᠰᠣᠯᠢᠯᠴᠠᠭᠠᠨ ᠠᠷᠠᠯᠵᠢᠶᠠᠨ ᠤ ᠠᠮᠤᠷ ᠲᠦᠪᠰᠢᠨ ᠢ ᠪᠠᠲᠤᠯᠠᠵᠤ᠂ ᠨᠡᠶᠢᠭᠡᠮ‌ᠮᠡᠳᠡᠭᠡ ᠵᠠᠩᠭᠢ ᠴᠤᠭᠯᠠᠭᠤᠯᠬᠤ ᠰᠢᠰᠲ᠋ᠧᠮᠵᠢ ᠶᠢ ᠪᠠᠶᠢᠭᠤᠯᠤᠨ ᠲᠡᠭᠦᠯᠳᠡᠷᠵᠢᠭᠦᠯᠬᠦ ᠳᠤ ᠨᠦᠭᠦᠴᠡᠯ ᠪᠦᠷᠢᠯᠳᠦᠭᠦᠯᠵᠦ ᠥᠭᠭᠦᠨ᠎ᠡ᠃ ᠡᠷᠬᠡ ᠲᠡᠭᠰᠢ᠂ ᠲᠥᠪ ᠭᠤᠣᠯᠴᠢ᠂ ᠢᠯᠡ ᠲᠣᠳᠣ ᠠᠷᠠᠯᠵᠢᠶ᠎ᠠ ᠰᠣᠯᠢᠯᠴᠠᠭᠠᠨ ᠤ ᠰᠢᠰᠲ᠋ᠧᠮᠵᠢ ᠶᠢ ᠪᠠᠶᠢᠭᠤᠯᠬᠤ ᠪᠠᠷ ᠳᠠᠮᠵᠢᠭᠤᠯᠤᠨ᠂ ᠵᠠᠬ᠎ᠠ ᠳᠡᠯᠭᠡᠭᠦᠷ ᠤᠨ ᠡᠬᠢ ᠪᠠᠶᠠᠯᠢᠭ ᠲᠣᠬᠢᠷᠠᠭᠤᠯᠬᠤ ᠣᠨᠴᠠᠯᠢᠭ ᠢ ᠨᠢ ᠤᠯᠠᠮ ᠢᠯᠡ ᠲᠣᠳᠣᠷᠬᠠᠢ ᠪᠣᠯᠭᠠᠨ᠎ᠠ᠃      ᠭᠤᠷᠪᠠ ᠳᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠡᠯᠡᠬᠦ ᠶᠢ ᠬᠡᠷᠡᠭᠵᠢᠭᠦᠯᠬᠦ ᠨᠢ᠂ ᠵᠠᠰᠠᠭ ᠤᠨ ᠣᠷᠳᠣᠨ ᠤ ᠵᠠᠰᠠᠨ ᠴᠡᠭᠴᠡᠯᠡᠬᠦ ᠪᠦᠲᠦᠮᠵᠢ ᠪᠠ ᠬᠢᠷᠢ ᠲᠦᠪᠰᠢᠨ ᠢ ᠳᠡᠭᠡᠭᠰᠢᠯᠡᠭᠦᠯᠵᠦ᠂ ᠠᠷᠠᠳ ᠲᠤ ᠤᠯᠠᠮ ᠳᠥᠭᠦᠮ ᠦᠵᠡᠭᠦᠯᠵᠦ ᠠᠰᠢᠭ ᠬᠦᠷᠲᠡᠭᠡᠬᠦ ᠳᠤ ᠠᠰᠢᠭᠲᠠᠢ ᠶᠤᠮ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠪᠠᠷ ᠳᠠᠮᠵᠢᠨ᠂ ᠡᠬᠢ ᠪᠠᠶᠠᠯᠢᠭ ᠢ ᠨᠢᠭᠡᠳᠬᠡᠵᠦ᠂ ᠵᠠᠰᠠᠭ ᠤᠨ ᠣᠷᠳᠣᠨ ᠤ ᠵᠠᠰᠠᠭ ᠵᠠᠬᠢᠷᠭᠠᠨ ᠤ ᠥᠪᠡᠷ ᠤᠨ ᠦᠷᠲᠡᠭ ᠢ ᠪᠠᠭᠤᠷᠠᠭᠤᠯᠵᠤ ᠵᠠᠰᠠᠭ ᠤᠨ ᠣᠷᠳᠣᠨ ᠪᠣᠯᠣᠨ ᠵᠠᠬ᠎ᠠ ᠳᠡᠯᠭᠡᠭᠦᠷ ᠤᠨ ᠬᠠᠷᠢᠴᠠᠭ᠎ᠠ  ᠶᠢ ᠤᠯᠠᠮ ᠴᠡᠪᠡᠷᠰᠢᠭᠦᠯᠵᠦ᠂ ᠵᠠᠰᠠᠭ ᠤᠨ ᠣᠷᠳᠣᠨ ᠤ ᠠᠵᠢᠯᠯᠠᠭᠠᠨ ᠤ ᠪᠠᠶᠢᠭᠤᠯᠤᠮᠵᠢ ᠶᠢ ᠲᠡᠭᠦᠯᠳᠡᠷᠵᠢᠭᠦᠯᠵᠦ᠂ ᠵᠠᠬ᠎ᠠ ᠳᠡᠯᠭᠡᠭᠦᠷ ᠤᠨ ᠢᠳᠡᠪᠬᠢ ᠦᠢᠯᠡᠳᠦᠯ ᠢ ᠪᠠᠳᠠᠷᠠᠭᠤᠯᠤᠨ᠎ᠠ᠃ ᠡᠭᠦᠷᠭᠡ ᠴᠢᠳᠠᠪᠤᠷᠢ ᠶᠢ ᠨᠢᠭᠡᠳᠬᠡᠨ ᠲᠡᠮᠳᠡᠭᠯᠡᠬᠦ ᠪᠠᠷ ᠳᠠᠮᠵᠢᠨ᠂ ᠦᠨᠡᠮᠯᠡᠯ ᠭᠦᠢᠴᠡᠳᠭᠡᠬᠦ ᠭᠤᠭᠴᠤᠭ᠎ᠠ ᠶᠢ ᠴᠥᠬᠡᠳᠭᠡᠵᠦ᠂ ︽ᠨᠢᠭᠡ ᠦᠷᠳᠡᠭᠡᠨ ᠤ ᠬᠡᠯᠪᠡᠷᠢ︾ ᠶᠢᠨ ᠦᠢᠯᠡᠴᠢᠯᠡᠬᠦ ᠵᠡᠷᠭᠡ ᠠᠷᠭ᠎ᠠ ᠪᠠᠷᠢᠯ ᠢ ᠠᠪᠴᠤ᠂ ᠳᠠᠩᠰᠠᠯᠠᠨ ᠲᠡᠮᠳᠡᠭᠯᠡᠬᠦ ᠵᠠᠷᠤᠳᠠᠯ ᠢ ᠠᠷᠪᠢᠯᠠᠵᠤ᠂ ᠠᠵᠤ ᠠᠬᠤᠶᠢᠯᠠᠯ᠂ ᠣᠯᠠᠨ ᠲᠦᠮᠡᠨ ᠤ ᠥᠯᠥ ᠬᠥᠳᠡᠯᠬᠦ ᠬᠥᠷᠥᠩᠭᠡ ᠪᠠᠨ ᠳᠠᠩᠰᠠᠯᠠᠨ  ᠲᠡᠮᠳᠡᠭᠯᠡᠭᠦᠯᠬᠦ ᠪᠠᠷ ᠭᠤᠶᠤᠴᠢᠯᠠᠬᠤ ᠪᠠ ᠭᠠᠷᠲᠠᠮ ᠭᠦᠢᠴᠡᠳᠭᠡᠬᠦ ᠳᠤ ᠨᠡᠩ ᠳᠥᠭᠦᠮ ᠦᠵᠡᠭᠦᠯᠦᠨ᠎ᠡ᠃      ᠬᠥᠲᠥᠯᠥᠭᠴᠢ᠄      ᠤᠯᠤᠰ ᠠᠴᠠ ᠥᠯᠥ ᠬᠥᠳᠡᠯᠬᠦ ᠬᠥᠷᠥᠩᠭᠡ ᠶᠢᠨ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠬᠡᠷᠬᠢᠨ ᠪᠠᠶᠢᠷᠢᠯᠠᠭᠤᠯᠤᠭᠰᠠᠨ ᠪᠤᠢ︖      ᠵᠣᠣ ᠳ᠋ᠠ ᠶᠦᠩ  ᠄      ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠳᠡᠭᠡᠳᠦ ᠬᠡᠮᠵᠢᠶ᠎ᠡ ᠪᠠᠷ ᠬᠦᠨᠳᠦᠳᠭᠡᠨ ᠦᠵᠡᠵᠦ ᠪᠤᠢ᠃ 2013 ᠣᠨ ᠤ 11ᠳ᠋ᠦ᠋ᠭᠡᠷ ᠰᠠᠷ᠎ᠠ ᠶᠢᠨ 20 ᠤ ᠡᠳᠦᠷ ᠲᠥᠷᠥ ᠶᠢᠨ ᠶᠠᠪᠤᠳᠠᠯ ᠤᠨ ᠬᠤᠷᠢᠶ᠎ᠠ ᠶᠢᠨ 31 ᠳ᠋ᠦ᠋ᠭᠡᠷ ᠤᠳᠠᠭᠠᠨ ᠤ ᠪᠠᠶᠢᠩᠭᠤ ᠶᠢᠨ ᠬᠤᠷᠠᠯ ᠠᠴᠠ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠤᠳ ᠪᠦᠬᠦ ᠤᠯᠤᠰ ᠤᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠵᠢᠭᠠᠨ ᠵᠢᠯᠣᠭᠤᠳᠬᠤ ᠪᠠ ᠬᠢᠨᠠᠯᠲᠠ ᠲᠠᠯᠪᠢᠬᠤ ᠶᠢ ᠬᠠᠷᠢᠭᠤᠴᠠᠨ᠎ᠠ ᠭᠡᠵᠦ ᠲᠣᠭᠲᠠᠭᠠᠵᠠᠢ︔ 2014 ᠣᠨ ᠤ 7 ᠳ᠋ᠤᠭᠠᠷ ᠰᠠᠷ᠎ᠠ ᠶᠢᠨ 30 ᠤ ᠡᠳᠦᠷ ᠲᠥᠷᠥ ᠶᠢᠨ ᠶᠠᠪᠤᠳᠠᠯ ᠤᠨ ᠬᠤᠷᠢᠶᠠᠨ ᠤ 58 ᠳ᠋ᠤᠭᠠᠷ ᠤᠳᠠᠭᠠᠨ ᠤ ᠪᠠᠶᠢᠩᠭᠤ ᠶᠢᠨ ᠬᠤᠷᠠᠯ ᠨᠢ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠳᠦᠷᠢᠮ ᠢ ᠪᠠᠶᠢᠭᠤᠯᠬᠤ ᠪᠠ ᠬᠡᠷᠡᠭᠵᠢᠭᠦᠯᠬᠦ ᠶᠢ ᠲᠤᠰᠬᠠᠶᠢᠯᠠᠨ ᠰᠤᠳᠤᠯᠵᠤ᠂ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠦᠷ ᠬᠡᠷᠡᠭᠵᠢᠭᠦᠯᠬᠦ ᠳᠦᠷᠢᠮ ︵ᠰᠠᠨᠠᠯ ᠬᠤᠷᠢᠶᠠᠬᠤ ᠨᠣᠣᠷᠠᠭ︶︾ ᠢ ᠶᠠᠷᠢᠯᠴᠠᠵᠤ᠂ ᠨᠡᠶᠢᠭᠡᠮ ᠠᠴᠠ ᠢᠯᠡ ᠪᠠᠷ ᠰᠠᠨᠠᠯ ᠬᠤᠷᠢᠶᠠᠬᠤ ᠪᠠᠷ ᠲᠣᠭᠲᠠᠭᠠᠵᠠᠢ︔ 2015 ᠣᠨ ᠤ 4 ᠳ᠋ᠦ᠋ᠭᠡᠷ ᠰᠠᠷ᠎ᠠ ᠶᠢᠨ 28 ᠤ ᠡᠳᠦᠷ ᠲᠥᠷᠥ ᠶᠢᠨ ᠶᠠᠪᠤᠳᠠᠯ ᠤᠨ ᠬᠤᠷᠢᠶᠠᠨ ᠤ 90 ᠳ᠋ᠦ᠋ᠭᠡᠷ ᠤᠳᠠᠭᠠᠨ ᠤ ᠪᠠᠶᠢᠩᠭᠤ ᠶᠢᠨ ᠬᠤᠷᠠᠯ ᠨᠢ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠯᠲᠠ ᠶᠢᠨ ᠪᠠᠶᠢᠳᠠᠯ ᠤᠨ ᠲᠤᠬᠠᠢ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠤᠪᠴᠢᠶ᠎ᠠ ᠶᠠᠮᠤᠨ ᠤ ᠬᠠᠷᠢᠭᠤ ᠮᠡᠳᠡᠭᠦᠯᠦᠯᠲᠡ ᠶᠢ ᠬᠢᠨᠠᠨ ᠵᠥᠪᠯᠡᠭᠰᠡᠨ ᠮᠦᠷᠲᠡᠬᠡᠨ ᠵᠠᠷᠴᠢᠮ ᠳᠡᠭᠡᠷ᠎ᠡ ᠪᠠᠨ ᠪᠠᠲᠤᠯᠠᠵᠤ᠂ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠵᠡᠷᠭᠡ ᠰᠠᠯᠠᠭ᠎ᠠ ᠮᠥᠴᠢᠷ  ᠤᠳ ᠲᠤ ᠠᠷᠠᠳ ᠲᠤ ᠳᠦᠭᠦᠮ ᠦᠵᠡᠭᠦᠯᠵᠦ ᠠᠷᠠᠳ ᠲᠤ ᠠᠰᠢᠭ ᠬᠦᠷᠲᠡᠭᠡᠬᠦ ᠵᠠᠷᠴᠢᠮ ᠢ ᠪᠠᠷᠢᠮᠲᠠᠯᠠᠵᠤ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠶᠢ ᠵᠣᠬᠢᠶᠠᠨ ᠪᠠᠶᠢᠭᠤᠯᠤᠨ ᠬᠡᠷᠡᠭᠵᠢᠭᠦᠯᠬᠦ ᠠᠵᠢᠯ ᠢ ᠦᠷᠭᠦᠯᠵᠢᠯᠡᠨ ᠰᠠᠶᠢᠲᠤᠷ ᠬᠢᠬᠦ ᠬᠡᠷᠡᠭᠲᠡᠢ ᠭᠡᠵᠤ ᠱᠠᠭᠠᠷᠳᠠᠵᠠᠢ᠃ ᠯᠢ ᠺᠧ ᠴᠢᠶᠠᠩ ᠶᠡᠷᠦᠩᠬᠡᠢ ᠰᠠᠶᠢᠳ ᠪᠣᠯᠣᠨ ᠵᠠᠩ ᠭᠤᠤ ᠯᠢ ᠳᠡᠳ᠋ ᠶᠡᠷᠦᠩᠬᠡᠢ ᠰᠠᠶᠢᠳ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠳᠤ ᠣᠯᠠᠨᠲᠠ ᠵᠢᠭᠠᠪᠤᠷᠢ ᠪᠠ ᠴᠣᠬᠤᠯᠠᠪᠤᠷᠢ ᠥᠭᠴᠦ᠂ ᠢᠳᠡᠪᠬᠢᠲᠡᠢ ᠲᠣᠭᠲᠠᠭᠤᠨ ᠢᠶᠠᠷ ᠳᠦᠯᠬᠢᠨ ᠠᠬᠢᠭᠤᠯᠵᠤ᠂ ᠶᠠᠷᠢᠶ᠎ᠠ ᠬᠡᠯᠡᠯᠴᠡᠭᠡᠷ ᠢ ᠰᠠᠶᠢᠲᠤᠷ ᠳᠠᠭᠠᠭᠤᠯᠤᠨ ᠵᠢᠯᠣᠭᠤᠳᠬᠤ ᠬᠡᠷᠡᠭᠲᠡᠢ ᠭᠡᠵᠤ ᠱᠠᠭᠠᠷᠳᠠᠪᠠ᠃ ᠵᠢᠶᠠᠩ ᠳ᠋ᠠ ᠮᠢᠩ ᠶᠠᠮᠤᠨ ᠤ ᠳᠠᠷᠤᠭ᠎ᠠ ᠥᠯᠥ ᠬᠥᠳᠡᠯᠬᠦ ᠬᠥᠷᠥᠩᠭᠡ ᠶᠢᠨ ᠶᠠᠮᠤᠨ ᠤ ᠬᠤᠭᠤᠷᠤᠨᠳᠤᠬᠢ ᠬᠤᠯᠪᠤᠭᠠᠲᠤ ᠬᠤᠷᠠᠯ ᠢ ᠤᠷᠢᠳ ᠬᠤᠵᠢᠳ ᠭᠤᠷᠪᠠ ᠤᠳᠠᠭ᠎ᠠ ᠡᠷᠬᠢᠯᠡᠵᠦ ᠠᠵᠢᠯ ᠢᠶᠠᠨ ᠰᠤᠳᠤᠯᠤᠨ ᠪᠠᠶᠢᠷᠢᠯᠠᠭᠤᠯᠵᠤ᠂ ᠵᠢᠯ ᠤᠨ ᠳᠣᠲᠣᠷ᠎ᠠ ᠬᠤᠲᠠ ᠰᠢᠶᠠᠨ ᠤ ᠱᠠᠲᠤᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢᠨ ᠪᠠᠶᠢᠭᠤᠯᠤᠮᠵᠢ ᠶᠢ ᠨᠢᠭᠡᠳᠭᠡᠬᠦ ᠠᠵᠢᠯ ᠢ ᠦᠨᠳᠦᠰᠦᠨ ᠳᠤ ᠨᠢ ᠪᠠᠷᠠᠭᠠᠬᠤ ᠬᠡᠷᠡᠭᠲᠡᠢ ᠭᠡᠵᠦ ᠱᠠᠭᠠᠷᠳᠠᠵᠠᠢ᠂ ᠲᠡᠷᠡ ᠯᠢᠶᠣᠤᠨᠢᠩ᠂ ᠭᠢᠷᠢᠨ᠂ ᠬᠠᠷᠠᠮᠥ᠋ᠷᠡᠨ᠂ ᠠᠨᠾᠦ᠋ᠢ ᠵᠡᠷᠭᠡ ᠮᠤᠵᠢ ᠳᠤ ᠬᠦᠷᠴᠦ ᠪᠠᠶᠢᠴᠠᠭᠠᠨ ᠵᠢᠯᠣᠭᠤᠳᠴᠤ᠂ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠳᠦᠷᠢᠮ ᠢ ᠪᠠᠶᠢᠭᠤᠯᠬᠤ ᠶᠢ ᠲᠦᠯᠬᠢᠨ ᠠᠬᠢᠭᠤᠯᠪᠠ᠃ ︽ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠲᠦᠷ ᠬᠡᠷᠡᠭᠵᠢᠭᠦᠯᠬᠦ ᠳᠦᠷᠢᠮ︾ ᠢ ᠬᠡᠷᠡᠭᠵᠢᠭᠦᠯᠦᠭᠰᠡᠨ ᠲᠡᠷᠡ ᠡᠳᠦᠷ᠂ ᠶᠠᠮᠤᠨ ᠤ ᠳᠠᠷᠤᠭ᠎ᠠ ᠵᠢᠶᠠᠩ ᠳ᠋ᠠ ᠮᠢᠩ ᠰᠢᠦᠶᠢᠵᠸᠦ ᠳᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠩᠬᠠᠳᠠᠭᠴᠢ ᠦᠨᠡᠮᠯᠡᠯ ᠢ ᠲᠠᠷᠬᠠᠭᠠᠵᠠᠢ᠃ ᠤᠯᠤᠰ ᠤᠨ ᠡᠭᠦᠷᠭᠡ ᠬᠠᠷᠢᠭᠤᠴᠠᠯᠭ᠎ᠠ ᠶᠢᠨ ᠪᠠᠶᠢᠭᠤᠯᠤᠮᠵᠢ ᠶᠢ ᠨᠢᠭᠡᠳᠬᠡᠭᠰᠡᠨ ᠤ ᠰᠠᠭᠤᠷᠢᠨ ᠳᠡᠭᠡᠷ᠎ᠡ᠂ ᠡᠨᠡ ᠵᠢᠯ ᠤᠨ 4 ᠳ᠋ᠦ᠋ᠭᠡᠷ ᠰᠠᠷ᠎ᠠ ᠶᠢᠨ 13 ᠤ ᠡᠳᠦᠷ᠂ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠶᠠᠮᠤᠨ᠂ ᠲᠥᠪ ᠤᠨ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠬᠠᠮᠲᠤᠷᠠᠨ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠴᠠᠭᠤᠯᠭ᠎ᠠ ᠶᠢ ᠨᠢᠭᠡᠳᠭᠡᠬᠦ ᠲᠤᠬᠠᠢ ᠵᠢᠯᠣᠭᠤᠳᠬᠤ ᠰᠠᠨᠠᠯ︾ ᠢ ᠳᠠᠷᠤᠮᠠᠯᠯᠠᠨ ᠲᠠᠷᠬᠠᠭᠠᠵᠤ᠂ ᠡᠯ᠎ᠡ ᠭᠠᠵᠠᠷ ᠲᠤ ᠡᠯ᠎ᠡ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠴᠠᠭᠤᠯᠭ᠎ᠠ ᠶᠢᠨ ᠪᠠᠶᠢᠭᠤᠯᠤᠮᠵᠢ ᠶᠢ ᠨᠢᠭᠡᠳᠭᠡᠬᠦ ᠶᠠᠪᠤᠳᠠᠯ ᠢ ᠣᠨ ᠤ ᠳᠣᠲᠣᠷ᠎ᠠ ᠪᠡᠶᠡᠯᠡᠭᠦᠯᠬᠦ ᠬᠡᠷᠡᠭᠲᠡᠢ ᠭᠡᠵᠦ ᠳᠠᠬᠢᠨᠲᠠ ᠱᠠᠭᠠᠷᠳᠠᠵᠠᠢ᠃ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠶᠠᠮᠤᠨ ᠲᠤᠰᠬᠠᠢ ᠠᠵᠢᠯ ᠤᠨ ᠲᠥᠰᠥᠯ ᠲᠣᠭᠲᠠᠭᠠᠭᠰᠠᠨ ᠪᠠ ᠪᠠᠶᠢᠷᠢᠯᠠᠭᠤᠯᠤᠨ ᠨᠠᠶᠢᠳᠠᠪᠤᠷᠢᠯᠠᠭᠤᠯᠵᠤ᠂ ︽ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠴᠠᠭᠤᠯᠭ᠎ᠠ ᠶᠢ ᠨᠢᠭᠡᠳᠭᠡᠬᠦ ᠠᠵᠢᠯ ᠤᠨ ᠡᠭᠦᠷᠭᠡ ᠶᠢ ᠲᠦᠷᠭᠡᠨ ᠨᠠᠶᠢᠳᠠᠪᠤᠷᠢᠵᠢᠭᠤᠯᠬᠤ ᠲᠤᠬᠠᠢ ᠮᠡᠳᠡᠭᠳᠡᠯ︾ ᠢ ᠳᠠᠷᠤᠮᠠᠯᠯᠠᠨ ᠲᠠᠷᠬᠠᠭᠠᠵᠤ᠂ ᠲᠥᠪ ᠤᠨ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠵᠡᠷᠭᠡ ᠰᠠᠯᠠᠭ᠎ᠠ ᠮᠥᠴᠢᠷ  ᠲᠠᠢ ᠬᠠᠮᠲᠤᠷᠠᠨ ᠠᠵᠢᠯ ᠤᠨ ᠲᠠᠯ᠎ᠠ ᠪᠠᠷ ᠰᠢᠮᠳᠠᠭᠤᠯᠤᠨ ᠵᠢᠯᠣᠭᠤᠳᠴᠠᠢ᠃ 7 ᠳ᠋ᠤᠭᠠᠷ ᠰᠠᠷ᠎ᠠ ᠶᠢᠨ 14 ᠤ ᠡᠳᠦᠷ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠶᠠᠮᠤᠨ ᠪᠦᠬᠦ ᠤᠯᠤᠰ ᠤᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠶᠢ ᠠᠬᠢᠭᠤᠯᠬᠤ ᠬᠤᠷᠠᠯ ᠢ ᠵᠣᠬᠢᠶᠠᠨ ᠪᠠᠶᠢᠭᠤᠯᠤᠨ ᠬᠤᠷᠠᠯᠳᠤᠭᠤᠯᠵᠤ᠂ ᠬᠤᠷᠠᠯ ᠳᠡᠭᠡᠷ᠎ᠡ᠂ ᠶᠠᠮᠤᠨ ᠤ ᠤᠳᠤᠷᠢᠳᠤᠯᠭ᠎ᠠ ᠡᠨᠡ ᠵᠢᠯ ᠤᠨ ᠡᠴᠦᠰ ᠠᠴᠠ ᠡᠮᠦᠨ᠎ᠡ ᠬᠤᠲᠠ ᠰᠢᠶᠠᠨ ᠤ ᠱᠠᠲᠤᠨ ᠤ ᠪᠠᠶᠢᠭᠤᠯᠤᠮᠵᠢ ᠶᠢᠨ ᠡᠭᠦᠷᠭᠡ ᠬᠠᠷᠢᠭᠤᠴᠠᠯᠭ᠎ᠠ ᠶᠢ ᠨᠢᠭᠡᠳᠬᠡᠬᠦ ᠶᠠᠪᠤᠳᠠᠯ ᠢ ᠡᠷᠬᠡᠪᠰᠢ ᠪᠡᠶᠡᠯᠡᠭᠦᠯᠬᠦ ᠬᠡᠷᠡᠭᠲᠡᠢ ᠭᠡᠵᠦ ᠲᠣᠳᠣᠷᠬᠠᠢ ᠱᠠᠭᠠᠷᠳᠠᠵᠠᠢ᠂ ᠡᠨᠡ ᠪᠣᠯ ︽ᠵᠠᠪᠠᠯ ᠭᠦᠢᠴᠡᠳᠬᠡᠬᠦ ᠵᠠᠷᠯᠢᠭ︾ ᠪᠣᠯᠣᠨ᠎ᠠ᠃ ᠡᠭᠦᠨ ᠠᠴᠠ ᠭᠠᠳᠠᠨ᠎ᠠ᠂ ᠶᠠᠮᠤᠨ ᠠᠴᠠ ᠶᠢ ᠨᠢᠭᠡᠨᠲᠡ ᠣᠷᠣᠨ ᠨᠤᠲᠤᠭ ᠤᠨ ᠵᠠᠰᠠᠭ ᠤᠨ ᠣᠷᠳᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢᠨ ᠪᠠᠶᠢᠭᠤᠯᠤᠮᠵᠢ ᠶᠢ ᠨᠢᠭᠡᠳᠭᠡᠬᠦ ᠠᠵᠢᠯ ᠤᠨ ᠪᠠᠶᠢᠳᠠᠯ ᠳᠤ ᠭᠤᠣᠯᠳᠠᠯᠭ᠎ᠠ ᠲᠠᠢ ᠰᠢᠮᠳᠠᠭᠤᠯᠤᠨ ᠪᠠᠶᠢᠴᠠᠭᠠᠯᠲᠠ ᠬᠢᠬᠦ ᠪᠠᠷ ᠲᠥᠷᠥ ᠶᠢᠨ ᠶᠠᠪᠤᠳᠠᠯ ᠤᠨ ᠬᠤᠷᠢᠶ᠎ᠠ ᠳᠤ ᠳᠤᠷᠠᠳᠤᠯᠭ᠎ᠠ ᠪᠠᠨ ᠳᠡᠪᠰᠢᠭᠦᠯᠵᠡᠢ᠃      ᠬᠥᠲᠥᠯᠥᠭᠴᠢ  ᠄      ᠵᠣᠣ ᠳᠠᠷᠤᠭ᠎ᠠ ᠲᠠ ᠣᠳᠣ ᠮᠠᠨ ᠤ ᠣᠷᠣᠨ ᠤ ᠣᠳᠣᠬᠠᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠯᠲᠠ ᠶᠢᠨ ᠪᠠᠶᠢᠳᠠᠯ ᠢ ᠲᠠᠨᠢᠯᠴᠠᠭᠤᠯᠤᠭᠠᠳ ᠥᠭᠭᠦᠨ᠎ᠡ ᠦᠦ︖      ᠵᠤᠤ ᠳ᠋ᠠ ᠶᠦᠩ᠄      ᠡᠩ ᠲᠡᠷᠢᠭᠦᠨ ᠳᠤ᠂ ᠥᠪᠡᠷᠲᠡᠭᠡᠨ ᠵᠠᠰᠠᠬᠤ ᠣᠷᠣᠨ ᠤ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠪᠠ ᠪᠠᠶᠢᠭᠤᠯᠤᠮᠵᠢ ᠶᠢᠨ ᠪᠠᠶᠢᠭᠤᠯᠤᠯᠲᠠ ᠦᠨᠳᠦᠰᠦᠨ ᠳᠡᠭᠡᠨ ᠨᠠᠶᠢᠳᠠᠪᠦᠷᠢᠵᠢᠵᠠᠢ᠃      2014 ᠣᠨ ᠤ 1ᠳ᠋ᠦ᠋ᠭᠡᠷ ᠰᠠᠷ᠎ᠠ ᠶᠢᠨ 26 ᠤ ᠡᠳᠦᠷ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠠᠴᠠ ᠳᠠᠷᠤᠮᠠᠯᠯᠠᠨ ᠲᠠᠷᠬᠠᠭᠠᠭᠰᠠᠨ ︽ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠥᠭᠡᠷᠡᠴᠢᠯᠡᠯᠲᠡ ᠶᠢ ᠲᠥᠷᠥᠯ ᠬᠤᠪᠢᠶᠠᠨ ᠡᠮᠬᠢ ᠳᠠᠷᠠᠭ᠎ᠠ  ᠲᠠᠢ ᠳᠦᠯᠬᠢᠨ ᠠᠬᠢᠭᠤᠯᠬᠤ ᠲᠤᠬᠠᠢ ᠲᠥᠰᠥᠯ︾ ᠪᠣᠯᠣᠨ ᠬᠠᠮᠢᠶ᠎ᠠ ᠪᠦᠬᠦᠢ ᠮᠡᠳᠡᠭᠳᠡᠯ ᠳᠤ᠂ ︽ᠣᠳᠣ ᠦᠶ᠎ᠡ ᠶᠢᠨ ᠥᠮᠴᠢᠯᠡᠯ ᠤᠨ ᠡᠷᠬᠡ ᠶᠢᠨ ᠳᠦᠷᠢᠮ ᠢ ᠲᠡᠭᠦᠯᠳᠡᠷᠵᠢᠭᠦᠯᠵᠦ᠂ ᠥᠮᠴᠢᠯᠡᠯ ᠤᠨ ᠡᠷᠬᠡ ᠶᠢᠨ ᠵᠠᠬ᠎ᠠ ᠳᠡᠯᠭᠡᠭᠦᠷ ᠢ ᠲᠦᠷᠭᠡᠨ ᠬᠥᠭᠵᠢᠭᠦᠯᠵᠦ᠂ ᠥᠯᠥ ᠬᠥᠳᠡᠯᠬᠦ ᠬᠥᠷᠥᠩᠭᠡ ᠶᠢᠨ ᠥᠮᠴᠢᠯᠡᠯ ᠤᠨ ᠡᠷᠬᠡ ᠶᠢ ᠳᠠᠩᠰᠠᠯᠠᠨ ᠲᠡᠮᠳᠡᠭᠯᠡᠬᠦ ᠠᠵᠢᠯ ᠢ ᠥᠪᠡᠷᠲᠡᠭᠡᠨ ᠵᠠᠰᠠᠬᠤ ᠣᠷᠣᠨ ᠤ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠲᠦᠷᠦᠭᠦᠯᠡᠨ᠂ ᠬᠠᠮᠢᠶ᠎ᠠ ᠪᠦᠬᠦᠢ ᠰᠢᠰᠲ᠋ᠧᠮ ᠬᠠᠮᠵᠢᠯᠴᠠᠨ ᠨᠠᠶᠢᠳᠠᠪᠤᠷᠢᠵᠢᠭᠤᠯᠬᠤ ᠬᠡᠷᠡᠭᠲᠡᠢ︾ ᠭᠡᠵᠦ ᠲᠣᠳᠣᠷᠬᠠᠢ ᠲᠣᠭᠲᠠᠭᠠᠵᠠᠢ᠃ 5 ᠳ᠋ᠤᠭᠠᠷ ᠰᠠᠷ᠎ᠠ ᠶᠢᠨ 30 ᠤ ᠡᠳᠦᠷ᠂ ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠲᠦᠯᠬᠢᠨ ᠠᠬᠢᠭᠤᠯᠬᠤ ᠲᠢᠩᠬᠢᠮ ᠤᠨ ᠬᠤᠭᠤᠷᠣᠨᠳᠤᠬᠢ ᠬᠤᠯᠪᠣᠭᠠᠲᠤ ᠬᠤᠷᠠᠯ ᠤᠨ ᠳᠦᠷᠢᠮ ᠢ ᠪᠠᠶᠢᠭᠤᠯᠬᠤ ᠶᠢ ᠥᠪᠡᠷᠳᠡᠭᠡᠨ ᠵᠠᠰᠠᠬᠤ ᠶᠢᠨ ᠣᠷᠣᠨ ᠤ ᠵᠠᠰᠠᠭ ᠤᠨ ᠣᠷᠳᠣᠨ ᠴᠣᠬᠤᠯᠠᠪᠤᠷᠢᠯᠠᠨ ᠵᠥᠪᠰᠢᠶᠡᠷᠡᠵᠡᠢ᠃ ᠡᠷᠬᠢᠯᠡᠨ ᠬᠤᠷᠠᠯᠳᠤᠭᠤᠯᠤᠭᠴᠢ ᠨᠢ ᠥᠪᠡᠷᠲᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠤᠨ ᠳᠠᠷᠤᠭ᠎ᠠ ᠪᠣᠯᠣᠨ᠎ᠠ᠂ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ᠂ ᠡᠳ᠋ ᠤᠨ ᠵᠠᠰᠠᠭ ᠤᠨ ᠲᠢᠩᠬᠢᠮ᠂ ᠣᠷᠣᠨ ᠰᠠᠭᠤᠴᠠ ᠪᠣᠯᠣᠨ ᠬᠤᠲᠠ ᠬᠥᠳᠡᠭᠡ ᠶᠢᠨ ᠪᠦᠲᠡᠭᠡᠨ ᠪᠠᠶᠢᠭᠤᠯᠤᠯᠲᠠ ᠶᠢᠨ ᠲᠢᠩᠬᠢᠮ᠂ ᠲᠠᠷᠢᠶᠠᠯᠠᠩ ᠮᠠᠯ ᠠᠵᠤ ᠠᠬᠤᠢ  ᠶᠢᠨ ᠲᠢᠩᠬᠢᠮ᠂ ᠣᠢ ᠰᠢᠭᠤᠢ ᠶᠢᠨ ᠲᠢᠩᠬᠢᠮ᠂ ᠣᠷᠣᠨ ᠨᠤᠲᠤᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ᠂ ᠬᠠᠤᠯᠢ ᠳᠦᠷᠢᠮ ᠤᠨ ᠠᠯᠪᠠᠨ ᠭᠡᠷ ᠪᠣᠯ  ᠬᠤᠯᠪᠣᠭᠠᠲᠤ ᠬᠤᠷᠠᠯ ᠤᠨ ᠭᠡᠰᠢᠭᠦᠨ ᠨᠢᠭᠡᠴᠡ ᠪᠣᠯᠣᠨ᠎ᠠ᠃ 6 ᠳ᠋ᠤᠭᠠᠷ ᠰᠠᠷ᠎ᠠ ᠶᠢᠨ 5 ᠤ ᠡᠳᠦᠷ ᠥᠪᠡᠷᠲᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠤᠨ ᠤᠳᠤᠷᠢᠳᠬᠤ ᠳᠤᠭᠤᠶᠢᠯᠠᠩ ᠪᠠᠶᠢᠭᠤᠯᠪᠠ᠃ 7 ᠳ᠋ᠤᠭᠠᠷ ᠰᠠᠷ᠎ᠠ ᠶᠢᠨ 4 ᠤ ᠡᠳᠦᠷ᠂  ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠠᠬᠢᠭᠤᠯᠬᠤ ᠲᠢᠩᠬᠢᠮ ᠤᠨ ᠬᠤᠭᠤᠷᠣᠨᠳᠤᠬᠢ ᠠᠩᠬᠠᠳᠤᠭᠠᠷ ᠤᠳᠠᠭᠠᠨ ᠤ ᠬᠤᠯᠪᠣᠭᠠᠲᠤ ᠬᠤᠷᠠᠯ ᠢ ᠬᠤᠷᠠᠯᠳᠤᠵᠠᠢ᠃ ᠬᠤᠷᠠᠯ ᠨᠢ ᠪᠦᠬᠦ ᠤᠯᠤᠰ ᠤᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠠᠵᠢᠯ ᠢ ᠠᠬᠢᠭᠤᠯᠬᠤ ᠠᠬᠢᠴᠠ ᠶᠢᠨ ᠪᠠᠶᠢᠳᠠᠯ ᠢ ᠨᠡᠶᠢᠲᠡᠯᠡᠪᠡ︔ ᠬᠤᠷᠠᠯ ᠨᠢ ᠲᠢᠩᠬᠢᠮ ᠤᠨ ᠬᠤᠭᠤᠷᠣᠨᠳᠤᠬᠢ ᠬᠤᠯᠪᠣᠭᠠᠲᠤ ᠬᠤᠷᠠᠯ ᠤᠨ ᠤᠳᠤᠷᠢᠳᠤᠯᠭ᠎ᠠ ᠳᠣᠣᠷ᠎ᠠ᠂  ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠠᠴᠠ ᠬᠠᠮᠢᠶ᠎ᠠ ᠪᠦᠬᠦᠢ ᠰᠠᠯᠠᠭ᠎ᠠ ᠮᠥᠴᠢᠷ ᠢ ᠵᠣᠬᠢᠴᠠᠭᠤᠯᠤᠨ ᠪᠦᠬᠦ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠶᠢ ᠠᠬᠢᠭᠤᠯᠬᠤ ᠪᠦᠬᠦᠶᠢᠯᠡ ᠠᠵᠢᠯ ᠢ ᠬᠠᠮᠲᠤᠪᠠᠷ ᠬᠠᠷᠢᠭᠤᠴᠠᠵᠤ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢ ᠡᠭᠦᠷᠭᠡ ᠬᠠᠷᠢᠭᠤᠴᠠᠯᠭ᠎ᠠ ᠪᠣᠯᠣᠨ ᠱᠠᠭᠠᠷᠳᠠᠯᠭ᠎ᠠ ᠶᠢ ᠦᠨᠳᠦᠰᠦᠯᠡᠨ᠂ ᠬᠠᠮᠵᠢᠯᠴᠠᠬᠤ ᠠᠵᠢᠯ ᠢ ᠰᠠᠶᠢᠨ ᠬᠢᠬᠦ ᠬᠡᠷᠡᠭᠲᠡᠢ ᠭᠡᠵᠦ ᠵᠥᠪᠯᠡᠨ ᠲᠣᠭᠲᠠᠵᠠᠢ︔ ᠬᠤᠷᠠᠯ ᠨᠢ ︽ᠪᠦᠬᠦ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠲᠢᠩᠬᠢᠮ ᠤᠨ ᠬᠤᠭᠤᠷᠣᠨᠳᠤᠬᠢ ᠬᠤᠯᠪᠣᠭᠠᠲᠤ ᠬᠤᠷᠠᠯ ᠤᠨ ᠵᠥᠪᠯᠡᠬᠦ ᠳᠦᠷᠢᠮ︾ ᠢ ᠪᠠᠲᠤᠯᠠᠵᠠᠢ᠃ 9 ᠳ᠋ᠦ᠋ᠭᠡᠷ ᠰᠠᠷ᠎ᠠ ᠶᠢᠨ18 ᠤ ᠡᠳᠦᠷ᠂ ᠥᠪᠡᠷᠳᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠣᠷᠣᠨ ᠲᠣᠭᠠᠨ ᠤ ᠵᠥᠪᠯᠡᠯ ᠠᠴᠠ ︽ᠥᠪᠡᠷᠳᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠲᠤᠬᠠᠢ ᠮᠡᠳᠡᠭᠳᠡᠯ︾  ︵ᠥᠪᠥᠷ ᠪᠠᠶᠢᠭᠤᠯᠤᠮᠵᠢ ᠣᠷᠣᠨ ᠲᠤᠭ᠎ᠠ ᠲᠠᠷᠬᠠᠭᠠᠭᠰᠠᠨ ﹇2014﹈ 42 ᠳ᠋ᠤᠭᠠᠷ ᠲᠣᠭᠠᠲᠤ︶ ᠲᠠᠷᠬᠠᠭᠠᠵᠤ᠂ ᠪᠦᠬᠦ ᠣᠷᠣᠨ ᠤ ᠭᠠᠵᠠᠷ ᠰᠢᠷᠤᠢ ᠶᠢ ᠳᠠᠩᠰᠠᠯᠠᠨ ᠲᠡᠮᠳᠡᠭᠯᠡᠬᠦ᠂ ᠭᠡᠷ ᠪᠠᠶᠢᠰᠢᠩ ᠢ ᠳᠠᠩᠰᠠᠯᠠᠨ ᠲᠡᠮᠳᠡᠭᠯᠡᠬᠦ᠂ ᠤᠢ ᠰᠢᠭᠤᠢ ᠶᠢᠨ ᠭᠠᠵᠠᠷ ᠢ ᠳᠠᠩᠰᠠᠯᠠᠨ ᠲᠡᠮᠳᠡᠭᠯᠡᠬᠦ᠂ ᠨᠤᠲᠤᠭ ᠪᠡᠯᠴᠢᠭᠡᠷ ᠢ ᠳᠠᠩᠰᠠᠯᠠᠨ ᠲᠡᠮᠳᠡᠭᠯᠡᠬᠦ ᠵᠡᠷᠭᠡ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠢ ᠥᠪᠡᠷᠲᠡᠭᠡᠨ ᠵᠠᠰᠠᠬᠤ ᠣᠷᠣᠨ ᠤ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠬᠠᠷᠢᠭᠤᠴᠠᠨ ᠵᠢᠯᠣᠭᠤᠳᠴᠤ ᠬᠢᠨᠠᠯᠲᠠ ᠲᠠᠯᠪᠢᠨ᠎ᠠ ᠭᠡᠵᠦ ᠲᠣᠳᠣᠷᠬᠠᠢ ᠲᠣᠭᠲᠠᠭᠠᠵᠠᠢ᠃ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠤᠨ ᠭᠠᠵᠠᠷ ᠰᠢᠷᠣᠢ ᠶᠢ ᠳᠠᠩᠰᠠᠯᠠᠬᠤ ᠬᠠᠮᠢᠶᠠᠷᠤᠯᠲᠠ ᠶᠢᠨ ᠭᠠᠵᠠᠷ ᠢ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶ᠎ᠠ ᠭᠡᠵᠦ ᠥᠭᠡᠷᠡᠴᠢᠯᠡᠬᠦ ᠶᠢ ᠵᠥᠪᠰᠢᠶᠡᠷᠡᠵᠡᠢ ︵ᠭᠠᠵᠠᠷ ᠰᠢᠷᠣᠢ ᠶᠢ ᠳᠠᠩᠰᠠᠯᠠᠬᠤ ᠬᠠᠮᠢᠶᠠᠷᠤᠯᠲᠠ ᠶᠢᠨ ᠭᠠᠵᠠᠷ ᠤᠨ ᠢᠯᠡᠷᠬᠡᠶᠢᠯᠡᠯ ᠢ ᠡᠯᠭᠦᠨ᠎ᠡ︶᠃     ᠵᠣᠣ ᠳ᠋ᠠ ᠶᠦᠩ᠄      2015 ᠣᠨ ᠤ 2 ᠳ᠋ᠤᠭᠠᠷ ᠰᠠᠷ᠎ᠠ ᠶᠢᠨ 3 ᠤ ᠡᠳᠦᠷ᠂ ᠥᠪᠡᠷᠳᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ  ᠬᠤᠷᠠᠯᠳᠤᠭᠤᠯᠤᠭᠰᠠᠨ ᠪᠦᠬᠦ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠠᠵᠢᠯ ᠤᠨ ᠬᠤᠷᠠᠯ ᠳᠡᠭᠡᠷ᠎ᠡ᠂2015 ᠣᠨ ᠤ ᠪᠦᠬᠦ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠶᠢ ᠲᠦᠯᠬᠢᠨ ᠠᠬᠢᠭᠤᠯᠬᠤ ᠠᠵᠢᠯ ᠢ ᠨᠠᠷᠢᠨ ᠪᠠᠶᠢᠷᠢᠯᠠᠭᠤᠯᠵᠤ᠂ ᠡᠭᠦᠷᠭᠡ ᠪᠣᠯᠣᠨ ᠴᠠᠭ ᠤᠨ ᠬᠢᠵᠠᠭᠠᠷ ᠢ ᠲᠣᠳᠣᠷᠬᠠᠶᠢᠯᠠᠵᠤ᠂ ᠠᠶᠢᠮᠠᠭ ᠬᠤᠲᠠ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢᠨ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠪᠠ ᠪᠠᠶᠢᠭᠤᠯᠤᠮᠵᠢ ᠶᠢᠨ  ᠪᠠᠶᠢᠭᠤᠯᠤᠯᠲᠠ ᠵᠢᠴᠢ ᠠᠵᠢᠯ ᠤᠨ ᠪᠠᠶᠢᠳᠠᠯ ᠢ ᠲᠣᠭᠲᠠᠭᠰᠠᠨ ᠬᠤᠭᠤᠴᠠᠭ᠎ᠠ ᠲᠠᠢ ᠪᠠᠷ ᠳᠡᠭᠡᠭᠰᠢ ᠮᠡᠳᠡᠭᠦᠯᠬᠦ ᠭᠤᠷᠪᠠᠨ ᠠᠭᠤᠯᠭ᠎ᠠ ᠶᠢ ᠴᠢᠬᠤᠯᠠ ᠭᠦᠢᠴᠡᠳᠬᠡᠯ ᠲᠤᠭ᠎ᠠ ᠪᠣᠯᠭᠠᠵᠤ ᠡᠨᠡ ᠵᠢᠯ ᠤᠨ ᠰᠢᠯᠭᠠᠨ ᠬᠢᠨᠠᠬᠤ ᠰᠢᠰᠲ᠋ᠧᠮᠵᠢ ᠳᠤ ᠣᠷᠣᠭᠤᠯᠵᠠᠢ᠃ 3ᠳ᠋ᠤᠭᠠᠷ ᠰᠠᠷ᠎ᠠ ᠶᠢᠨ 20 ᠤ ᠡᠳᠦᠷ᠂ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶᠠᠨ ᠤ  ᠢᠯᠡᠷᠬᠡᠶᠢᠯᠡᠯ ᠢ ᠡᠯᠭᠦᠵᠡᠢ᠃ 3 ᠳ᠋ᠤᠭᠠᠷ ᠰᠠᠷ᠎ᠠ ᠶᠢᠨ 24 ᠤ ᠡᠳᠦᠷ ᠠᠴᠠ 28 ᠤ ᠡᠳᠦᠷ ᠪᠣᠯᠲᠠᠯ᠎ᠠ᠂ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠶᠠᠮᠤᠨ ᠤ ᠳᠡᠳ᠋ ᠳᠠᠷᠤᠭ᠎ᠠ ᠬᠡᠦ ᠼᠦᠨ ᡁᠢ ᠪᠠᠶᠢᠴᠠᠭᠠᠨ ᠰᠤᠳᠤᠯᠬᠤ ᠪᠦᠯᠬᠦᠮ ᠳᠠᠭᠠᠭᠤᠯᠤᠨ ᠤᠷᠢᠳ ᠬᠤᠵᠢᠳ ᠬᠦᠬᠡᠬᠤᠲᠠ᠂ ᠤᠯᠠᠭᠠᠨᠴᠠᠪ ᠬᠤᠲᠠ᠂ ᠪᠤᠭᠤᠲᠤ ᠬᠤᠲᠠ ᠳᠤ ᠭᠦᠨᠵᠡᠭᠡᠶᠢᠷᠡᠨ ᠮᠠᠨ ᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠳᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠬᠡᠭᠰᠡᠨ ᠲᠤᠬᠠᠢ ᠭᠠᠵᠠᠷ ᠲᠤ  ᠨᠢ ᠬᠦᠷᠴᠦ ᠠᠬᠢᠯᠲᠠ ᠶᠢᠨ ᠪᠠᠶᠢᠳᠠᠯ ᠢ ᠣᠶᠢᠯᠭᠠᠵᠠᠢ᠃ 3 ᠳ᠋ᠤᠭᠠᠷ ᠰᠠᠷ᠎ᠠ ᠶᠢᠨ 25 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠨᠥᠭᠡᠴᠡ ᠶᠢᠨ ᠰᠣᠯᠢᠯᠴᠠᠭ᠎ᠠ ᠠᠷᠠᠯᠵᠢᠶᠠᠨ ᠤ ᠳᠠᠩᠰᠠᠯᠠᠨ ᠲᠡᠮᠳᠡᠭᠯᠡᠬᠦ ᠲᠥᠪ ᠤᠨ ᠰᠠᠭᠤᠷᠢᠨ ᠳᠡᠭᠡᠷ᠎ᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠ ᠲᠡᠮᠳᠡᠭᠯᠡᠬᠦ ᠪᠠ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠨᠥᠭᠡᠴᠡ ᠶᠢᠨ ᠰᠣᠯᠢᠯᠴᠠᠭ᠎ᠠ ᠠᠷᠠᠯᠵᠢᠶᠠᠨ ᠤ ᠲᠥᠪ ᠢ ᠵᠣᠬᠢᠶᠠᠨ ᠪᠠᠶᠢᠭᠤᠯᠬᠤ ᠶᠢ ᠵᠥᠪᠰᠢᠶᠡᠷᠡᠵᠡᠢ᠃ 3 ᠳ᠋ᠤᠭᠠᠷ ᠰᠠᠷ᠎ᠠ ᠶᠢᠨ 30 ᠤ ᠡᠳᠦᠷ᠂ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠲᠢᠩᠬᠢᠮ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶ᠎ᠠ ᠶᠢᠨ ᠠᠯᠪᠠᠨ ᠲᠠᠮᠠᠭ᠎ᠠ ᠶᠢ ᠵᠢᠩᠬᠢᠨᠢ ᠪᠠᠷ ᠡᠬᠢᠯᠡᠨ ᠬᠡᠷᠡᠭᠯᠡᠵᠡᠢ᠃ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠦᠷ ᠬᠡᠷᠡᠭᠵᠢᠭᠦᠯᠬᠦ ᠳᠦᠷᠢᠮ︾ ᠢ ᠳᠠᠷᠤᠮᠠᠯᠯᠠᠨ ᠲᠠᠷᠬᠠᠭᠠᠵᠤ᠂ ᠪᠦᠬᠦ ᠣᠷᠣᠨ ᠳᠤ ᠬᠡᠷᠡᠭᠵᠢᠭᠦᠯᠵᠡᠢ᠃ 5 ᠳ᠋ᠤᠭᠠᠷ ᠰᠠᠷ᠎ᠠ ᠳᠤ᠂ ︽ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠳᠡᠪᠲᠡᠷ ᠢ ᠬᠡᠷᠡᠭᠯᠡᠬᠦ ᠠᠵᠢᠯ ᠤᠨ ᠲᠥᠰᠥᠯ︾ ᠢ ᠲᠣᠭᠲᠠᠭᠠᠵᠤ᠂ ᠮᠠᠨ ᠤ ᠣᠷᠣᠨ ᠤ ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠳᠡᠪᠲᠡᠷ ᠦᠨᠡᠮᠯᠡᠯ ᠤᠨ ᠠᠭᠤᠯᠭ᠎ᠠ ᠳᠤ ᠵᠣᠬᠢᠰᠲᠠᠢ ᠲᠣᠬᠢᠷᠠᠭᠤᠯᠤᠯᠲᠠ ᠬᠢᠵᠦ᠂ ᠮᠡᠷᠭᠡᠵᠢᠯᠲᠡᠨ ᠵᠠᠯᠠᠵᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠳᠡᠪᠲᠡᠷ᠂ ᠦᠨᠡᠮᠯᠡᠯ ᠤᠨ ᠠᠭᠤᠯᠭ᠎ᠠ ᠶᠢ ᠣᠷᠴᠢᠭᠤᠯᠵᠤ᠂ ᠳᠡᠪᠲᠡᠷ᠂ ᠦᠨᠡᠮᠯᠡᠯ ᠳᠤ ᠮᠣᠩᠭᠤᠯ ᠦᠰᠦᠭ ᠨᠡᠮᠡᠵᠡᠢ᠃ 6 ᠳ᠋ᠤᠭᠠᠷ ᠰᠠᠷ᠎ᠠ ᠶᠢᠨ 29 ᠤ ᠡᠳᠦᠷ᠂ ᠲᠢᠩᠬᠢᠮ ᠠᠴᠠ ᠥᠪᠡᠷᠲᠡᠭᠡᠨ ᠵᠠᠰᠠᠬᠤ ᠣᠷᠣᠨ ᠤ  ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠲᠠᠢ ᠬᠠᠮᠲᠤᠷᠠᠨ ᠪᠢᠴᠢᠭ ᠮᠠᠲ᠋ᠧᠷᠢᠶᠠᠯ ᠪᠠᠭᠤᠯᠭᠠᠵᠤ᠂ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠲᠤᠬᠠᠢ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ᠂ ᠲᠥᠪ ᠤᠨ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠤᠨ ᠵᠢᠯᠣᠭᠤᠳᠬᠤ ᠰᠠᠨᠠᠯ︾ ᠢ ᠤᠯᠠᠮᠵᠢᠯᠠᠨ ᠲᠠᠷᠬᠠᠭᠠᠵᠠᠢ᠃ ᠪᠢᠴᠢᠭ ᠮᠠᠲ᠋ᠧᠷᠢᠶᠠᠯ ᠳᠤ ᠠᠶᠢᠮᠠᠭ ᠬᠤᠲᠠ᠂ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠪᠠ ᠪᠠᠶᠢᠭᠤᠯᠤᠮᠵᠢ ᠪᠠᠶᠢᠭᠤᠯᠬᠤ ᠵᠠᠭᠪᠤᠷ ᠢ ᠲᠣᠳᠣᠷᠬᠠᠶᠢᠯᠠᠭᠰᠠᠨ ᠪᠠᠶᠢᠨ᠎ᠠ᠃ ᠡᠯ᠎ᠡ ᠠᠶᠢᠮᠠᠭ ᠬᠤᠲᠠ᠂ ᠬᠤᠰᠢᠭᠤ ᠰᠢᠶᠠᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠰᠠᠯᠠᠭ᠎ᠠ ᠮᠥᠴᠢᠷ ᠪᠣᠯᠣᠨ ᠪᠠᠶᠢᠭᠤᠯᠤᠮᠵᠢ ᠶᠢᠨ ᠣᠷᠣᠨ ᠲᠣᠭᠠᠨ ᠤ ᠰᠠᠯᠠᠭ᠎ᠠ ᠮᠥᠴᠢᠷ ᠤᠳ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠨᠡᠪᠲᠡᠷᠡᠯᠴᠡᠬᠦ ᠪᠠ ᠬᠠᠷᠢᠯᠴᠠᠬᠤ ᠪᠠᠨ ᠤᠯᠠᠮ ᠴᠢᠩᠭᠠᠳᠬᠠᠵᠤ᠂ ᠡᠯ᠎ᠡ ᠱᠠᠲᠤᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠤᠨ ᠤᠳᠤᠷᠢᠳᠬᠤ ᠳᠤᠭᠤᠶᠢᠯᠠᠩ ᠪᠣᠯᠣᠨ ᠰᠠᠯᠠᠭ᠎ᠠ ᠮᠥᠴᠢᠷ ᠤᠨ ᠬᠤᠯᠪᠣᠭᠠᠲᠤ ᠬᠤᠷᠠᠯ ᠤᠨ ᠳᠦᠷᠢᠮ ᠤᠨ ᠦᠢᠯᠡᠳᠦᠯ ᠢ ᠭᠦᠢᠴᠡᠳ ᠪᠠᠳᠠᠷᠠᠭᠤᠯᠵᠤ᠂ ᠠᠵᠢᠯ ᠤᠨ ᠠᠬᠢᠯᠲᠠ ᠶᠢᠨ ᠪᠠᠶᠢᠳᠠᠯ ᠢᠶᠠᠨ ᠴᠠᠭ ᠲᠤᠬᠠᠢ ᠳᠤᠨᠢ ᠮᠡᠳᠡᠭᠦᠯᠵᠦ᠂ ᠠᠵᠢᠯ ᠢᠶᠠᠨ ᠵᠣᠬᠢᠰᠲᠠᠢ ᠬᠤᠪᠢᠶᠠᠷᠢᠯᠠᠵᠤ᠂ ᠬᠠᠷᠢᠯᠴᠠᠨ ᠬᠠᠮᠵᠢᠯᠴᠠᠨ᠂ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠪᠠ ᠪᠠᠶᠢᠭᠤᠯᠤᠮᠵᠢ ᠪᠠᠶᠢᠭᠤᠯᠬᠤ ᠠᠵᠢᠯ ᠢ ᠪᠦᠬᠦ ᠬᠦᠴᠦᠨ ᠢᠶᠠᠷ ᠢᠶᠠᠨ ᠳᠦᠯᠬᠢᠨ ᠠᠬᠢᠭᠤᠯᠵᠦ᠂ ᠵᠢᠯ ᠤᠨ ᠳᠣᠲᠣᠷ᠎ᠠ ᠨᠢᠭᠡᠳᠭᠡᠬᠦ ᠠᠵᠢᠯ ᠢ ᠪᠡᠶᠡᠯᠡᠭᠦᠯᠬᠦ ᠶᠢ ᠪᠠᠲᠤᠯᠠᠬᠤ ᠬᠡᠷᠡᠭᠲᠡᠢ ᠭᠡᠵᠦ ᠱᠠᠭᠠᠷᠳᠠᠵᠠᠢ᠃ 7 ᠳ᠋ᠤᠭᠠᠷ ᠰᠠᠷ᠎ᠠ ᠶᠢᠨ ᠰᠡᠭᠦᠯᠴᠢ ᠪᠠᠷ᠂ ᠡᠷᠢᠶᠡᠨ ᠬᠤᠲᠠ ᠪᠣᠯᠣᠨ ᠲᠦᠩᠯᠢᠶᠣᠣ ᠬᠤᠲᠠ ᠶᠢᠨ ᠺᠠᠶᠢᠯᠦ ᠰᠢᠶᠠᠨ ᠢ ᠪᠥᠬᠦ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠲᠤᠷᠰᠢᠯᠲᠠ ᠶᠢᠨ ᠴᠢᠭ᠋ ᠢᠶᠠᠷ ᠲᠣᠭᠲᠠᠭᠠᠵᠠᠢ᠃ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠴᠤᠪᠤᠷᠠᠯ ᠪᠣᠯᠣᠨ ᠮᠡᠷᠭᠡᠵᠢᠯ ᠤᠨ ᠲᠥᠰᠥᠯ ᠵᠡᠷᠭᠡ ᠶᠢ ᠰᠤᠳᠤᠯᠤᠨ ᠰᠦᠪᠡᠭᠴᠢᠯᠡᠵᠦ᠂ ᠪᠥᠬᠦ ᠣᠷᠣᠨ ᠳᠠᠬᠢ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠢ ᠪᠦᠬᠦ ᠲᠠᠯ᠎ᠠ ᠪᠠᠷ ᠬᠡᠷᠡᠭᠵᠢᠭᠦᠯᠬᠦ ᠳᠤ ᠲᠤᠷᠰᠢᠯᠭ᠎ᠠ ᠬᠤᠷᠠᠮᠳᠤᠭᠤᠯᠵᠤ᠂ ᠯᠠᠪᠯᠠᠯᠲᠠ ᠣᠯᠭᠤᠨ ᠥᠭᠴᠡᠢ᠃      ᠵᠣᠣ ᠳ᠋ᠠ ᠶᠦᠩ᠄      ᠳᠠᠷᠠᠭᠠᠯᠠᠪᠠᠯ᠂ ᠠᠶᠢᠮᠠᠭ ᠬᠤᠲᠠ ᠶᠢᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠠᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠠᠵᠢᠯ ᠲᠣᠭᠲᠠᠭᠤᠨ ᠢᠶᠠᠷ ᠠᠬᠢᠵᠤ ᠪᠣᠢ᠃ ᠡᠯ᠎ᠡ ᠠᠶᠢᠮᠠᠭ ᠬᠤᠲᠠ ᠶᠢᠨ ᠳᠡᠭᠡᠭᠰᠢ ᠮᠡᠳᠡᠭᠦᠯᠦᠭᠰᠡᠨ ᠪᠠᠶᠢᠳᠠᠯ ᠢ ᠦᠨᠳᠦᠰᠦᠯᠡᠪᠡᠯ᠂ 7 ᠳ᠋ᠤᠭᠠᠷ ᠰᠠᠷ᠎ᠠ ᠶᠢᠨ ᠰᠡᠭᠦᠯᠴᠢ ᠪᠣᠯᠬᠤ ᠳᠤ ᠪᠦᠬᠦ ᠣᠷᠣᠨ ᠤ ᠡᠯ᠎ᠡ ᠠᠶᠢᠮᠠᠭ ᠬᠤᠲᠠ ᠴᠥᠮ ᠲᠤᠬᠠᠢ ᠶᠢᠨ ᠭᠠᠵᠠᠷ ᠤᠨ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠳᠠᠭᠠᠨ ᠤᠯᠤᠰ ᠪᠣᠯᠣᠨ ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠪᠠᠶᠢᠷᠢᠯᠠᠭᠤᠯᠤᠯᠲᠠ ᠪᠣᠯᠣᠨ ᠲᠣᠬᠢᠷᠠᠭᠤᠯᠤᠯᠲᠠ ᠶᠢ ᠬᠠᠷᠢᠭᠤ ᠮᠡᠳᠡᠭᠦᠯᠵᠦ᠂ ᠤᠳᠤᠷᠢᠳᠬᠤ ᠳᠤᠭᠤᠶᠢᠯᠠᠩ ᠢ ᠪᠠᠶᠢᠭᠤᠯᠵᠤ᠂ ᠬᠤᠯᠪᠣᠭᠠᠲᠤ ᠬᠤᠷᠠᠯ ᠤᠨ ᠳᠦᠷᠢᠮ ᠢ ᠪᠠᠶᠢᠭᠤᠯᠵᠠᠢ᠃ ᠡᠭᠦᠨ ᠳᠤ ᠬᠦᠬᠡᠬᠤᠲᠠ᠂ ᠪᠠᠶᠠᠨᠨᠠᠭᠤᠷ ᠬᠤᠲᠠ ᠪᠣᠯᠣᠨ ᠬᠥᠯᠥᠨ ᠪᠣᠶᠢᠷ ᠬᠤᠲᠠ ᠬᠤᠲᠠ ᠶᠢᠨ ᠤᠳᠤᠷᠢᠳᠤᠯᠭ᠎ᠠ ᠪᠠᠷ ᠳᠤᠭᠤᠶᠢᠯᠠᠩ ᠤᠨ ᠳᠠᠷᠤᠭ᠎ᠠ ᠪᠣᠯᠭᠠᠭᠰᠠᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠤᠳᠤᠷᠢᠳᠬᠤ ᠳᠤᠭᠤᠶᠢᠯᠠᠩ ᠢ ᠪᠠᠶᠢᠭᠤᠯᠤᠭᠰᠠᠨ ᠪᠠᠶᠢᠨ᠎ᠠ᠃      1.ᠭᠤᠷᠪᠠᠨ ᠠᠶᠢᠮᠠᠭ ᠬᠤᠲᠠ ᠡᠭᠦᠷᠭᠡ ᠬᠠᠷᠢᠭᠤᠴᠠᠯᠭ᠎ᠠ ᠶᠢ ᠨᠢᠬᠡᠳᠭᠡᠬᠦ ᠠᠵᠢᠯ ᠢ ᠨᠢᠭᠡᠨᠲᠡ ᠪᠡᠶᠡᠯᠡᠭᠦᠯᠵᠡᠢ᠂  ᠲᠤᠬᠠᠶᠢᠯᠠᠪᠠᠯ ᠡᠷᠢᠶᠡᠨ ᠬᠤᠲᠠ᠂ ᠤᠯᠠᠭᠠᠨᠴᠠᠪ ᠬᠤᠲᠠ ᠪᠣᠯᠤᠨ ᠣᠷᠳᠣᠰ ᠬᠤᠲᠠ ᠪᠣᠯᠣᠨ᠎ᠠ᠃      2015 ᠣᠨ ᠤ 3 ᠳ᠋ᠤᠭᠠᠷ ᠰᠠᠷ᠎ᠠ ᠶᠢᠨ15 ᠤ ᠡᠳᠦᠷ᠂ ︽ᠡᠷᠢᠶᠡᠨ ᠬᠤᠲᠠ ᠶᠢᠨ ᠥᠯᠥ ᠬᠥᠳᠡᠯᠬᠦ ᠬᠥᠷᠥᠩᠭᠡ ᠶᠢ  ᠳᠠᠩᠰᠠᠯᠠᠨ ᠲᠡᠮᠳᠡᠭᠯᠡᠬᠦ ᠲᠣᠪᠴᠢᠶ᠎ᠠ ᠶᠢ ᠪᠠᠶᠢᠭᠤᠯᠬᠤ ᠲᠤᠬᠠᠢ ᠡᠷᠢᠶᠡᠨ ᠬᠤᠲᠠ ᠶᠢᠨ ᠪᠠᠶᠢᠭᠤᠯᠤᠮᠵᠢ ᠶᠢᠨ ᠣᠷᠣᠨ ᠲᠣᠭᠠᠨ ᠤ ᠵᠥᠪᠯᠡᠯ ᠤᠨ ᠮᠡᠳᠡᠭᠳᠡᠯ︾ ᠢ ᠪᠠᠭᠤᠯᠭᠠᠵᠤ᠂ ᠡᠷᠢᠶᠡᠨ ᠬᠤᠲᠠ ᠶᠢᠨ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ   ᠲᠣᠪᠴᠢᠶ᠎ᠠ ᠳᠤ ᠡᠷᠢᠶᠡᠨ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶ᠎ᠠ ︵ᠭᠡᠷ ᠪᠠᠶᠢᠰᠢᠩ ᠭᠠᠵᠠᠷ ᠬᠥᠷᠥᠩᠭᠡ ᠶᠢᠨ ᠰᠣᠯᠢᠯᠴᠠᠭ᠎ᠠ ᠠᠷᠠᠯᠵᠢᠶᠠᠨ ᠤ ᠲᠥᠪ ᠤᠨ ᠢᠯᠡᠷᠬᠡᠶᠢᠯᠡᠯ ᠢ ᠡᠯᠭᠦᠨ᠎ᠡ︶ ᠶᠢ ᠪᠠᠶᠢᠭᠤᠯᠤᠭᠰᠠᠨ ᠤ ᠬᠠᠮᠲᠤ  ᠥᠯᠥ ᠬᠥᠳᠡᠯᠬᠦ ᠬᠥᠷᠥᠩᠭᠡ ᠶᠢᠨ ᠥᠮᠴᠢᠯᠡᠯ ᠤᠨ ᠡᠷᠬᠡ ᠶᠢᠨ ᠵᠢᠭᠤᠷᠠᠯᠳᠤᠭᠠᠨ ᠢ ᠡᠶᠡᠳᠡᠭᠦᠯᠬᠦ ᠲᠥᠪ ᠢ ᠪᠠᠶᠢᠭᠤᠯᠵᠠᠢ᠃ ᠣᠳᠣᠬᠠᠨ ᠳᠤ ᠡᠷᠢᠶᠡᠨ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶ᠎ᠠ ᠳᠤ ᠣᠷᠣᠨ ᠰᠠᠭᠤᠴᠠ ᠪᠦᠲᠦᠭᠡᠨ ᠪᠠᠶᠢᠭᠤᠯᠤᠯᠲᠠ ᠶᠢᠨ ᠲᠣᠪᠴᠢᠶᠠᠨ ᠤ ᠭᠡᠷ ᠬᠥᠷᠥᠩᠭᠡ ᠶᠢᠨ ᠥᠮᠴᠢᠯᠡᠯ ᠤᠨ ᠡᠷᠬᠡ ᠶᠢᠨ ᠬᠠᠮᠢᠶᠠᠷᠤᠯᠲᠠ ᠶᠢᠨ ᠭᠠᠵᠠᠷ᠂ ᠲᠠᠷᠢᠶᠠᠯᠠᠩ ᠮᠠᠯ ᠠᠵᠤ ᠠᠬᠤᠢ ᠣᠢ ᠰᠢᠭᠤᠢ ᠶᠢᠨ ᠲᠣᠪᠴᠢᠶ᠎ᠠ᠂ ᠨᠤᠲᠤᠭ ᠪᠡᠯᠴᠢᠭᠡᠷ ᠤᠨ ᠬᠢᠨᠠᠨ ᠬᠠᠮᠢᠶᠠᠷᠤᠯᠲᠠ ᠶᠢᠨ ᠲᠣᠪᠴᠢᠶ᠎ᠠ ᠵᠡᠷᠭᠡ ᠬᠤᠯᠪᠣᠭᠳᠠᠯ ᠪᠦᠬᠦᠢ ᠰᠠᠯᠠᠭ᠎ᠠ ᠮᠥᠴᠢᠷ ᠠᠴᠠ ᠲᠠᠲᠠᠭᠳᠠᠭᠰᠠᠨ ᠬᠥᠮᠥᠰ ᠦᠨᠳᠦᠰᠦᠨ ᠳᠡᠭᠡᠨ ᠣᠷᠣᠨ ᠪᠠᠶᠢᠷᠢᠨ ᠳᠠᠭᠠᠨ ᠬᠦᠷᠴᠦ᠂ ᠤᠯᠤᠰ ᠤᠨ ᠭᠠᠵᠠᠷ ᠰᠢᠷᠣᠢ᠂ ᠭᠡᠷ ᠬᠥᠷᠥᠩᠭᠡ ᠵᠡᠷᠭᠡ ᠶᠢᠨ ᠬᠤᠯᠪᠣᠭᠳᠠᠯ ᠪᠦᠬᠦᠢ ᠲᠤᠭ᠎ᠠ ᠪᠠᠷᠢᠮᠲᠠ ᠶᠢ ᠥᠯᠥ ᠬᠥᠳᠡᠯᠬᠦ ᠬᠥᠷᠥᠩᠭᠡ ᠶᠢᠨ ᠵᠠᠪᠰᠠᠷ ᠤᠨ ᠬᠥᠮᠥᠷᠭᠡ ᠳᠤ ᠶᠠᠭ ᠵᠠᠯᠭ᠎ᠠ ᠪᠠᠷ ᠣᠷᠣᠭᠤᠯᠵᠤ ᠪᠤᠢ᠃ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠦᠨᠡᠮᠯᠡᠯ ᠤᠨ ᠠᠵᠢᠯ ᠤᠨ ᠥᠷᠨᠢᠭᠦᠯᠦᠯᠲᠡ ᠨᠢ ᠪᠦᠬᠦ ᠣᠷᠣᠨ ᠤ ᠡᠮᠦᠨ᠎ᠡ ᠡᠩᠨᠡᠭᠡᠨ ᠳᠤ ᠶᠠᠪᠤᠵᠤ ᠪᠤᠢ᠃ ᠤᠯᠠᠭᠠᠨᠴᠠᠪ  ᠬᠤᠲᠠ ᠶᠢᠨ ᠣᠷᠣᠨ ᠲᠣᠭᠠᠨ ᠤ ᠠᠯᠪᠠᠨ ᠭᠡᠷ ︽ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠲᠤᠬᠠᠢ ᠮᠡᠳᠡᠭᠳᠡᠯ︾ ᠪᠠᠭᠤᠯᠭᠠᠵᠤ᠂ ᠬᠤᠲᠠ ᠶᠢᠨ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠲᠤᠰ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠠᠵᠢᠯ ᠢ ᠬᠠᠷᠢᠭᠤᠴᠠᠬᠤ ᠶᠢ ᠲᠣᠳᠣᠷᠬᠠᠶᠢᠯᠠᠵᠤ᠂ ᠤᠯᠠᠭᠠᠨᠴᠠᠪ ᠬᠤᠲᠠ ᠶᠢᠨ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠲᠣᠪᠴᠢᠶ᠎ᠠ ᠳᠤ ᠤᠯᠠᠭᠠᠨᠴᠠᠪ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠣᠪᠴᠢᠶ᠎ᠠ ᠶᠢᠨ ᠢᠯᠡᠷᠬᠡᠶᠢᠯᠡᠯ ᠢ ᠨᠡᠮᠡᠵᠦ ᠡᠯᠭᠦᠬᠦ ᠶᠢ ᠵᠥᠪᠰᠢᠶᠡᠷᠡᠵᠡᠢ᠃ ᠣᠷᠳᠣᠰ ᠬᠤᠲᠠ ᠶᠢᠨ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ 2015 ᠣᠨ ᠤ 7 ᠳ᠋ᠤᠭᠠᠷ ᠰᠠᠷ᠎ᠠ ᠶᠢᠨ13 ᠤ ᠡᠳᠦᠷ ︽ᠣᠷᠳᠣᠰ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠬᠠᠮᠢᠶ᠎ᠠ ᠪᠦᠬᠦᠢ ᠪᠠᠶᠢᠭᠤᠯᠤᠮᠵᠢ ᠶᠢ ᠪᠠᠶᠢᠭᠤᠯᠬᠤ ᠲᠤᠬᠠᠢ ᠣᠷᠳᠣᠰ ᠬᠤᠲᠠ ᠶᠢᠨ ᠣᠷᠣᠨ ᠲᠣᠭᠠᠨ ᠤ ᠪᠠᠶᠢᠭᠤᠯᠤᠮᠵᠢ ᠶᠢᠨ ᠵᠥᠪᠯᠡᠯ ᠤᠨ ᠮᠡᠳᠡᠭᠳᠡᠯ︾ ᠢ ᠪᠠᠭᠤᠯᠭᠠᠵᠤ᠂ ᠣᠷᠳᠣᠰ ᠬᠤᠲᠠ ᠶᠢᠨ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠲᠣᠪᠴᠢᠶ᠎ᠠ ᠶᠢᠨ ᠳᠣᠲᠣᠭᠠᠳᠤ ᠪᠠᠶᠢᠭᠤᠯᠤᠮᠵᠢ ᠶᠢᠨ ᠭᠠᠵᠠᠷ ᠲᠠᠷᠢᠶᠠᠨ ᠤ ᠳᠠᠩᠰᠠ ᠶᠢᠨ ᠬᠠᠮᠢᠶᠠᠷᠤᠯᠲᠠ ᠶᠢᠨ ᠰᠠᠯᠠᠭ᠎ᠠ ᠶᠢ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠬᠠᠮᠢᠶᠠᠷᠤᠯᠲᠠ ᠶᠢᠨ ᠲᠣᠪᠴᠢᠶ᠎ᠠ ᠭᠡᠵᠤ ᠬᠠᠯᠠᠵᠤ᠂ ︵ᠭᠠᠵᠠᠷ ᠲᠠᠷᠢᠶᠠᠨ ᠤ ᠳᠠᠩᠰᠠ ᠶᠢᠨ ᠬᠠᠮᠢᠶᠠᠷᠤᠯᠲᠠ ᠶᠢᠨ ᠰᠠᠯᠠᠭᠠᠨ ᠤ ᠢᠯᠡᠷᠬᠡᠶᠢᠯᠡᠯ ᠢ ᠡᠯᠭᠦᠨ᠎ᠡ︶᠂ ᠣᠷᠳᠣᠰ ᠬᠤᠲᠠ ᠶᠢᠨ ᠭᠠᠵᠠᠷ ᠰᠢᠷᠣᠢ  ᠶᠢ ᠳᠠᠩᠰᠠᠯᠠᠨ ᠲᠡᠮᠳᠡᠭᠯᠡᠬᠦ ᠲᠥᠪ ᠢ ᠣᠷᠳᠣᠰ ᠬᠤᠲᠠ ᠶᠢᠨ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠲᠥᠪ ᠭᠡᠵᠦ ᠬᠠᠯᠠᠵᠠᠢ᠃     ᠵᠣᠣ ᠳ᠋ᠠ ᠶᠦᠩ  ᠄      2.ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠲᠥᠰᠥᠯ ᠢ ᠨᠢᠭᠡᠨᠲᠡ ᠲᠣᠭᠲᠠᠭᠠᠵᠤ᠂ ᠲᠤᠬᠠᠢ ᠶᠢᠨ ᠭᠠᠵᠠᠷ ᠤᠨ  ᠵᠠᠰᠠᠭ ᠤᠨ ᠣᠷᠳᠣᠨ ᠤ ᠵᠥᠪᠰᠢᠶᠡᠷᠡᠬᠦ ᠶᠢ ᠬᠦᠯᠢᠶᠡᠵᠦ ᠪᠠᠶᠢᠭ᠎ᠠ ᠠᠶᠢᠮᠠᠭ ᠬᠤᠲᠠ 7 ᠪᠤᠢ᠂ ᠲᠤᠬᠠᠶᠢᠯᠠᠪᠠᠯ ᠬᠦᠬᠡᠬᠤᠲᠠ᠂ ᠪᠤᠭᠤᠲᠤ ᠬᠤᠲᠠ᠂ ᠬᠢᠩᠭᠠᠨ ᠠᠶᠢᠮᠠᠭ᠂ ᠲᠦᠩᠯᠢᠶᠣᠣ ᠬᠤᠲᠠ᠂ ᠰᠢᠯᠢ ᠶᠢᠨ ᠭᠤᠣᠯ ᠠᠶᠢᠮᠠᠭ᠂ ᠦᠬᠠᠢ ᠬᠤᠲᠠ ᠪᠣᠯᠣᠨ ᠠᠯᠠᠱᠠᠨ ᠠᠶᠢᠮᠠᠭ ᠪᠣᠯᠣᠨ᠎ᠠ᠃      3.ᠡᠭᠦᠷᠭᠡ ᠬᠠᠷᠢᠭᠤᠴᠠᠯᠭ᠎ᠠ ᠶᠢ ᠨᠢᠭᠡᠳᠭᠡᠬᠦ ᠲᠥᠰᠥᠯ ᠢ ᠶᠠᠭ ᠡᠬᠢᠯᠡᠨ ᠲᠤᠭᠤᠷᠪᠢᠵᠤ ᠪᠠᠶᠢᠭ᠎ᠠ ᠠᠶᠢᠮᠠᠭ ᠬᠤᠲᠠ 4 ᠪᠠᠶᠢᠨ᠎ᠠ᠂ ᠲᠤᠬᠠᠶᠢᠯᠠᠪᠠᠯ ᠬᠥᠯᠥᠨ ᠪᠣᠶᠢᠷ ᠬᠤᠲᠠ᠂ ᠤᠯᠠᠭᠠᠨᠬᠠᠳᠠ ᠬᠤᠲᠠ᠂ ᠪᠠᠶᠠᠨᠨᠠᠭᠤᠷ ᠬᠤᠲᠠ ᠪᠣᠯᠣᠨ ᠮᠠᠨᠵᠤᠤᠷ ᠬᠤᠲᠠ ᠪᠣᠯᠣᠨ᠎ᠠ᠃      ᠠᠵᠢᠯ ᠤᠨ ᠠᠬᠢᠯᠲᠠ ᠶᠢᠨ ᠪᠠᠶᠢᠳᠠᠯ ᠠᠴᠠ ᠦᠵᠡᠪᠡᠯ᠂ ᠥᠪᠡᠷᠲᠡᠭᠡᠨ ᠵᠠᠰᠠᠬᠤ ᠣᠷᠣᠨ ᠪᠣᠯᠣᠨ ᠠᠶᠢᠮᠠᠭ ᠬᠤᠲᠠ ᠶᠢᠨ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠨᠢ ᠬᠤᠯᠪᠣᠭᠳᠠᠯ ᠪᠦᠬᠦᠢ ᠱᠠᠭᠠᠷᠳᠠᠯᠭ᠎ᠠ ᠪᠠᠷ ᠡᠮᠬᠢ ᠵᠢᠷᠤᠮ ᠲᠠᠢ ᠶᠠᠪᠤᠭᠳᠠᠵᠤ᠂ ᠬᠤᠰᠢᠭᠤ ᠰᠢᠶᠠᠨ ᠤ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠬᠠᠷᠢᠴᠠᠩᠭᠤᠢ ᠤᠳᠠᠭᠠᠨ ᠪᠠᠶᠢᠨ᠎ᠠ᠃ ᠣᠳᠣᠬᠠᠨ ᠳᠤ᠂ ᠲᠦᠩᠯᠢᠶᠣᠣ ᠬᠤᠲᠠ ᠶᠢᠨ ᠺᠠᠶᠢᠯᠦ ᠰᠢᠶᠠᠨ᠂ ᠤᠯᠠᠭᠠᠨᠴᠠᠪ ᠬᠤᠲᠠ ᠶᠢᠨ ᠯᠢᠶᠠᠩᠴᠧᠩ ᠰᠢᠶᠠᠨ᠂ ᠬᠤᠸᠠᠳᠧ ᠰᠢᠶᠠᠨ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ᠂ ᠹᠧᠩᠵᠧᠨ ᠬᠤᠲᠠ ᠶᠢ ᠭᠠᠷᠭᠠᠪᠠᠯ᠂ ᠪᠤᠰᠤᠳ ᠠᠶᠢᠮᠠᠭ ᠬᠤᠲᠠ ᠶᠢᠨ ᠬᠤᠰᠢᠭᠤ ᠰᠢᠶᠠᠨ ᠤ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠬᠠᠷᠠᠬᠠᠨ ᠪᠣᠳᠠᠲᠤ ᠠᠵᠢᠯ ᠤᠨ ᠱᠠᠲᠤᠨ ᠳᠤ ᠪᠠᠨ ᠣᠷᠣᠭᠠᠳᠤᠢ ᠪᠠᠶᠢᠭᠰᠠᠭᠠᠷ ᠪᠠᠶᠢᠨ᠎ᠠ  ᠃      ᠬᠥᠲᠥᠯᠥᠭᠴᠢ᠄      ᠮᠠᠨ ᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠳᠤ ᠣᠳᠣᠬᠠᠨ᠎ᠠ  ᠶᠠᠮᠠᠷ ᠠᠰᠠᠭᠤᠳᠠᠯ ᠣᠷᠣᠰᠢᠵᠤ ᠪᠠᠶᠢᠬᠤ ᠪᠣᠢ︖ ᠳᠠᠷᠠᠭᠠᠴᠢ ᠶᠢᠨ ᠠᠯᠬᠤᠮ ᠳᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠲᠢᠩᠬᠢᠮ ᠲᠤᠰ ᠵᠤᠷᠪᠤᠰ ᠠᠵᠢᠯ ᠢ ᠬᠡᠷᠬᠢᠨ ᠪᠠᠶᠢᠷᠢᠯᠠᠭᠤᠯᠤᠭᠰᠠᠨ ᠪᠣᠢ︖      ᠵᠣᠣ ᠳ᠋ᠠ ᠶᠦᠩ  ᠄      ᠭᠠᠵᠠᠷ ᠰᠢᠷᠣᠢ ᠶᠢᠨ ᠡᠬᠢ ᠪᠠᠶᠠᠯᠢᠭ ᠤᠨ ᠶᠠᠮᠤᠨ ᠤ ᠬᠠᠮᠤᠭ ᠤᠨ ᠰᠢᠨ᠎ᠡ ᠮᠡᠳᠡᠭᠡᠯᠡᠯ ᠠᠴᠠ ᠦᠵᠡᠪᠡᠯ᠂ ᠮᠠᠨ ᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠴᠠ ᠲᠡᠶᠢᠮᠦ ᠬᠤᠷᠳᠤᠨ ᠪᠢᠰᠢ ᠪᠠᠶᠢᠨ᠎ᠠ᠃ ᠭᠤᠣᠯᠳᠠᠭᠤ ᠳᠣᠣᠷᠠᠬᠢ ᠬᠤᠶᠠᠷ ᠲᠠᠯ᠎ᠠ ᠶᠢᠨ ᠠᠰᠠᠭᠤᠳᠠᠯ ᠣᠷᠣᠰᠢᠵᠤ ᠪᠤᠢ᠄ ᠨᠢᠭᠡ ᠳᠤ ᠪᠦᠬᠦ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠴᠠ ᠲᠡᠩᠴᠡᠭᠦᠷᠢ ᠦᠭᠡᠢ ᠪᠠᠶᠢᠨ᠎ᠠ᠃ᠬᠤᠶᠠᠷ ᠲᠤ᠂ ᠵᠠᠷᠢᠮ ᠭᠠᠵᠠᠷ ᠨᠢ ᠪᠠᠷ᠎ᠠ ᠬᠠᠷᠠᠬᠤ ᠣᠪᠣᠷ ᠡᠪᠦᠷᠯᠡᠵᠦ᠂ ︽ᠬᠦᠯᠢᠶᠡᠬᠦ ᠨᠠᠶᠢᠳᠠᠬᠤ︾ ᠦᠵᠡᠯ ᠰᠠᠨᠠᠭ᠎ᠠ ᠣᠷᠣᠰᠢᠵᠤ ᠪᠤᠢ᠃ ᠰᠠᠨᠠᠭᠠᠴᠢᠯᠠᠭ᠎ᠠ ᠲᠠᠢ ᠪᠠᠷ ᠪᠡᠯᠡᠳᠬᠡᠬᠦ ᠦᠭᠡᠢ ᠮᠥᠷᠲᠡᠭᠡᠨ ᠪᠠᠰᠠ ᠢᠳᠡᠪᠬᠢᠲᠠᠢ ᠲᠠᠢ ᠪᠠᠷ ᠰᠤᠳᠤᠯᠬᠤ ᠦᠭᠡᠢ ᠪᠠᠶᠢᠵᠤ᠂ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠪᠣᠳᠠᠲᠤ ᠠᠬᠢᠯᠲᠠ ᠦᠭᠡᠢ ᠪᠣᠯᠭᠠᠵᠠᠢ᠃      ᠶᠠᠮᠤᠨ ᠤ ᠳᠡᠳ᠋ ᠳᠠᠷᠤᠭ᠎ᠠ ᠬᠡᠦ ᠼᠦᠨ ᡁᠢ 3 ᠳ᠋ᠤᠭᠠᠷ ᠰᠠᠷ᠎ᠠ ᠳᠤ ᠮᠠᠨ ᠤ ᠣᠷᠣᠨ ᠳᠤ ᠪᠠᠶᠢᠴᠠᠭᠠᠨ ᠰᠤᠳᠤᠯᠤᠯᠲᠠ ᠬᠢᠬᠦ ᠳᠡᠭᠡᠨ᠂ ︽ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠤᠯᠠᠮ ᠨᠢᠭᠡ ᠠᠯᠬᠤᠮ ᠲᠦᠯᠬᠢᠨ ᠠᠬᠢᠭᠤᠯᠵᠤ᠂ ᠪᠡᠶᠡᠯᠡᠭᠦᠯᠦᠭᠰᠡᠨ ᠭᠠᠵᠠᠷ ᠣᠷᠣᠨ ᠤ ᠵᠠᠭᠪᠤᠷ ᠢᠶᠠᠷ ᠯᠠᠪᠯᠠᠯᠲᠠ ᠪᠤᠯᠠᠭᠠᠨ ᠂ ᠬᠤᠲᠠ᠂ ᠰᠢᠶᠠᠨ ᠬᠤᠶᠠᠷ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠪᠠ ᠪᠠᠶᠢᠭᠤᠯᠤᠮᠵᠢ ᠶᠢ ᠨᠢᠭᠡᠳᠬᠦ ᠶᠢ ᠲᠦᠯᠬᠢᠨ ᠠᠬᠢᠭᠤᠯᠵᠤ᠂ ᠠᠵᠢᠯᠲᠠᠨ ᠪᠣᠯᠣᠨ ᠠᠵᠢᠯ ᠢ ᠰᠠᠯᠠᠭᠠᠨ ᠰᠢᠯᠵᠢᠭᠦᠯᠬᠦ ᠵᠢᠴᠢ ᠬᠤᠯᠪᠣᠭᠳᠠᠯ ᠪᠦᠬᠦᠢ ᠴᠤᠪᠤᠷᠠᠯ ᠢ ᠳᠠᠬᠢᠨ ᠪᠦᠲᠦᠭᠡᠵᠦ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠤᠯᠤᠰ ᠤᠨ ᠲᠣᠭᠲᠠᠭᠠᠭᠰᠠᠨ ᠴᠠᠭ ᠤᠨ ᠬᠦᠰᠦᠨᠦᠭ ᠳᠣᠲᠣᠷᠠᠬᠢ ᠬᠤᠭᠤᠴᠠᠭ᠎ᠠ ᠶᠣᠰᠣᠭᠠᠷ ᠪᠡᠶᠡᠯᠡᠭᠦᠯᠬᠦ ᠶᠢ ᠪᠠᠲᠤᠯᠠᠬᠤ ᠬᠡᠷᠡᠭᠲᠡᠢ︾ ᠭᠡᠵᠦ ᠱᠠᠭᠠᠷᠳᠠᠭᠰᠠᠨ ᠪᠠᠶᠢᠨ᠎ᠠ᠃      ᠵᠤᠤ ᠳ᠋ᠠ ᠶᠦᠩ᠄      ᠤᠳᠤᠷᠢᠳᠤᠯᠭ᠎ᠠ ᠶᠢᠨ ᠵᠢᠭᠠᠪᠤᠷᠢ ᠶᠣᠰᠣᠭᠠᠷ᠂ ᠳᠠᠷᠠᠭᠠᠴᠢ ᠶᠢᠨ ᠠᠯᠬᠤᠮ ᠳᠤ᠂ ᠪᠢᠳᠡ ᠤᠯᠠᠨ ᠵᠦᠢᠯ ᠤᠨ ᠠᠷᠭ᠎ᠠ  ᠬᠡᠮᠵᠢᠶ᠎ᠡ ᠠᠪᠴᠤ᠂ ᠠᠶᠢᠮᠠᠭ ᠬᠤᠲᠠ᠂ ᠬᠤᠰᠢᠭᠤ ᠰᠢᠶᠠᠨ ᠬᠤᠶᠠᠷ ᠱᠠᠲᠤᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠪᠠᠶᠢᠭᠤᠯᠤᠮᠵᠢ ᠶᠢ ᠨᠢᠭᠡᠳᠭᠡᠬᠦ ᠠᠵᠢᠯ ᠢ ᠤᠯᠠᠮ ᠲᠦᠷᠭᠡᠨ ᠲᠦᠯᠬᠢᠨ ᠠᠬᠢᠭᠤᠯᠤᠨ᠎ᠠ᠃      ᠨᠢᠭᠡ ᠳᠤ ᠡᠭᠦᠷᠭᠡ ᠬᠠᠷᠢᠭᠤᠴᠠᠯᠭ᠎ᠠ ᠪᠠ ᠪᠠᠶᠢᠭᠤᠯᠤᠮᠵᠢ ᠶᠢ ᠨᠢᠭᠡᠳᠭᠡᠬᠦ ᠶᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠡᠯ᠎ᠡ ᠠᠶᠢᠮᠠᠭ ᠬᠤᠲᠠ᠂ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠪᠠᠶᠢᠭᠤᠯᠤᠮᠵᠢ ᠶᠢ ᠨᠢᠭᠡᠳᠬᠡᠬᠦ ᠶᠢ ᠬᠢᠵᠠᠭᠠᠷᠲᠠᠢ ᠬᠤᠭᠤᠴᠠᠭᠠᠨ ᠳᠣᠲᠣᠷ᠎ᠠ ᠪᠡᠶᠡᠯᠡᠭᠦᠯᠬᠦ ᠶᠢ ᠲᠣᠳᠣᠷᠬᠠᠢ ᠱᠠᠭᠠᠷᠳᠠᠨ᠎ᠠ᠂ ᠲᠤᠬᠠᠶᠢᠯᠠᠪᠠᠯ 8 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠠᠶᠢᠮᠠᠭ ᠬᠤᠲᠠ ᠶᠢᠨ ᠡᠭᠦᠷᠭᠡ ᠬᠠᠷᠢᠭᠤᠴᠠᠯᠭ᠎ᠠ ᠶᠢ ᠨᠢᠭᠡᠳᠬᠡᠬᠦ ᠶᠢ ᠪᠡᠶᠡᠯᠡᠭᠦᠯᠵᠦ  ᠂10 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠬᠤᠰᠢᠭᠤ ᠰᠢᠶᠠᠨ ᠤ ᠡᠭᠦᠷᠭᠡ ᠬᠠᠷᠢᠭᠤᠴᠠᠯᠭ᠎ᠠ ᠶᠢ ᠨᠢᠭᠡᠳᠬᠡᠬᠦ ᠶᠢ ᠪᠡᠶᠡᠯᠡᠭᠦᠯᠵᠦ᠂ ᠵᠢᠯ ᠤᠨ ᠡᠴᠦᠰ ᠠᠴᠠ ᠡᠮᠦᠨ᠎ᠡ ᠠᠶᠢᠮᠠᠭ ᠬᠤᠲᠠ᠂ ᠬᠤᠰᠢᠭᠤ ᠰᠢᠶᠠᠨ ᠤ ᠪᠠᠶᠢᠭᠤᠯᠤᠮᠵᠢ ᠪᠠᠶᠢᠭᠤᠯᠬᠤ ᠪᠠ ᠠᠵᠢᠯᠲᠠᠨ ᠰᠢᠯᠵᠢᠭᠦᠯᠦᠨ ᠲᠣᠬᠢᠷᠠᠭᠤᠯᠬᠤ ᠶᠢ ᠪᠡᠶᠡᠯᠡᠭᠦᠯᠦᠨ᠎ᠡ᠃ ᠬᠤᠶᠠᠷ ᠲᠤ ᠵᠢᠯᠣᠭᠤᠳᠬᠤ ᠪᠠ ᠰᠢᠮᠳᠠᠭᠤᠯᠬᠤ ᠡᠷᠴᠢᠮ ᠢ ᠴᠢᠩᠭᠠᠷᠠᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠣᠷᠣᠨ ᠲᠣᠭᠠᠨ ᠤ ᠠᠯᠪᠠᠨ ᠭᠡᠷ ᠪᠣᠯᠣᠨ ᠮᠠᠨ ᠤ ᠲᠢᠩᠬᠢᠮ ᠵᠡᠷᠭᠡ ᠨᠢᠭᠡᠴᠡ ᠬᠠᠮᠲᠤᠷᠠᠭᠰᠠᠨ ᠬᠢᠨᠠᠨ ᠵᠢᠯᠣᠭᠤᠳᠬᠤ ᠳᠤᠭᠤᠶᠢᠯᠠᠩ ᠪᠠᠶᠢᠭᠤᠯᠵᠤ᠂ ᠠᠶᠢᠮᠠᠭ ᠬᠤᠲᠠ᠂ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠡᠭᠦᠷᠭᠡ ᠬᠠᠷᠢᠭᠤᠴᠠᠯᠭ᠎ᠠ ᠪᠠᠶᠢᠭᠤᠯᠤᠮᠵᠢ ᠶᠢ ᠨᠢᠭᠡᠳᠬᠡᠬᠦ ᠠᠵᠢᠯ ᠢ ᠪᠠᠶᠢᠴᠠᠭᠠᠨ ᠰᠢᠮᠳᠠᠭᠤᠯᠤᠨ᠎ᠠ᠃ ᠭᠤᠷᠪᠠ ᠳᠤ ᠮᠡᠳᠡᠭᠡᠯᠡᠬᠦ ᠳᠦᠷᠢᠮ ᠢ ᠪᠠᠶᠢᠭᠤᠯᠤᠨ᠎ᠠ᠃ ᠠᠬᠢᠯᠲᠠ ᠶᠢᠨ ᠪᠠᠶᠢᠳᠠᠯ ᠢᠶᠠᠨ ᠲᠣᠭᠲᠠᠮᠠᠯ ᠬᠤᠭᠤᠴᠠᠭ᠎ᠠ ᠪᠠᠷ ᠪᠢᠴᠢᠭ ᠢᠶᠠᠷ ᠮᠡᠳᠡᠭᠦᠯᠬᠦ ᠳᠦᠷᠢᠮ ᠢ ᠪᠠᠶᠢᠭᠤᠯᠵᠤ᠂ ᠡᠯ᠎ᠡ ᠠᠶᠢᠮᠠᠭ ᠬᠤᠲᠠ᠂ ᠬᠤᠰᠢᠭᠤ ᠰᠢᠶᠠᠨ ᠤ ᠡᠭᠦᠷᠭᠡ ᠬᠠᠷᠢᠭᠤᠴᠠᠯᠭ᠎ᠠ ᠶᠢ ᠨᠢᠭᠡᠳᠬᠡᠭᠰᠡᠨ᠂ ᠪᠠᠶᠢᠭᠤᠯᠤᠮᠵᠢ ᠪᠠᠶᠢᠭᠤᠯᠤᠭᠰᠠᠨ ᠪᠠᠶᠢᠳᠠᠯ ᠢ ᠴᠠᠭ ᠲᠤᠬᠠᠢ ᠳᠤᠨᠢ ᠡᠵᠡᠮᠰᠢᠵᠦ᠂ ᠬᠠᠮᠢᠶ᠎ᠠ ᠪᠦᠬᠦᠢ ᠮᠡᠳᠡᠭᠡ ᠵᠠᠩᠭᠢ ᠶᠢ ᠬᠤᠷᠢᠶᠠᠨ ᠴᠤᠭᠯᠠᠭᠤᠯᠵᠤ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠪᠣᠯᠣᠨ ᠬᠤᠯᠪᠤᠭᠠᠲᠤ ᠬᠤᠷᠠᠯ ᠤᠨ ᠭᠡᠰᠢᠭᠦᠨ ᠨᠢᠭᠡᠴᠡ ᠳᠤ ᠡᠯ᠎ᠡ ᠭᠠᠵᠠᠷ ᠤᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠠᠬᠢᠴᠠ ᠶᠢᠨ ᠪᠠᠶᠢᠳᠠᠯ᠂ ᠤᠯᠤᠰ ᠤᠨ ᠭᠠᠵᠠᠷ ᠰᠢᠷᠣᠢ ᠶᠢᠨ ᠡᠬᠢ ᠪᠠᠶᠠᠯᠢᠭ ᠤᠨ ᠶᠠᠮᠤᠨ ᠤ ᠬᠤᠯᠪᠣᠭᠳᠠᠯ ᠪᠦᠬᠦᠢ ᠱᠠᠭᠠᠷᠳᠠᠯᠭ᠎ᠠ ᠵᠢᠴᠢ ᠭᠠᠳᠠᠷ ᠮᠤᠵᠢ ᠶᠢᠨ ᠰᠠᠶᠢᠨ ᠲᠤᠷᠰᠢᠯᠭ᠎ᠠ ᠪᠠ ᠠᠷᠭ᠎ᠠ ᠬᠢᠳᠡᠯ ᠢ ᠮᠡᠳᠡᠭᠦᠯᠦᠨ᠎ᠡ᠃ ᠳᠥᠷᠪᠡ ᠳᠤ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠤᠨ ᠵᠥᠭᠯᠡᠭᠦᠷ ︵ᠠᠶᠢᠮᠠᠭ ᠬᠤᠲᠠ ᠬᠤᠰᠢᠭᠤ ᠰᠢᠶᠠᠨ ᠤ ᠬᠡᠪᠯᠡᠯ︶︾ ᠢ ᠨᠠᠶᠢᠷᠠᠭᠤᠯᠤᠨ ᠵᠣᠬᠢᠶᠠᠵᠤ᠂ ᠨᠢᠭᠡ ᠢᠵᠢ ᠰᠢᠨᠵᠢᠯᠡᠬᠦ ᠤᠬᠠᠭᠠᠨᠴᠢ ᠪᠥᠭᠡᠳ ᠪᠣᠳᠠᠲᠤ ᠬᠡᠷᠡᠭᠯᠡᠭᠡᠨ ᠲᠠᠢ ᠠᠵᠢᠯ ᠤᠨ ᠳᠦᠷᠢᠮ ᠠᠵᠢᠯᠯᠠᠭᠠᠨ ᠤ ᠳᠦᠷᠢᠮᠵᠢᠯ ᠪᠣᠯᠣᠨ ᠪᠠ ᠳᠥᠷᠢᠮ ᠤᠨ ᠡᠵᠡᠮᠳᠡᠯ ᠢ ᠪᠦᠷᠢᠯᠳᠦᠭᠦᠯᠵᠦ᠂ ᠡᠯ᠎ᠡ ᠠᠶᠢᠮᠠᠭ ᠬᠤᠲᠠ᠂ ᠬᠤᠰᠢᠭᠤ ᠰᠢᠶᠠᠨ ᠤ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠥᠷᠨᠢᠭᠦᠯᠬᠦ ᠶᠢ ᠨᠢ ᠪᠦᠲᠦᠮᠵᠢᠲᠡᠢ ᠪᠠᠷ ᠵᠢᠯᠣᠭᠤᠳᠬᠤ᠂ ᠵᠢᠷᠤᠮᠵᠢᠭᠤᠯᠬᠤ ᠪᠠ ᠬᠢᠨᠠᠯᠲᠠ ᠲᠠᠯᠪᠢᠨ᠎ᠠ᠃ ᠲᠠᠪᠤ ᠳᠤ ᠥᠨᠥ ᠵᠢᠯ ᠤᠨ 10 ᠳ᠋ᠤᠭᠠᠷ ᠰᠠᠷ᠎ᠠ ᠪᠠ ᠵᠢᠯ ᠤᠨ ᠡᠴᠦᠰ ᠠᠴᠠ ᠡᠮᠦᠨ᠎ᠡ ᠡᠷᠢᠶᠡᠨ ᠬᠤᠲᠠ ᠪᠣᠯᠣᠨ ᠲᠦᠩᠯᠢᠶᠣᠣ ᠬᠤᠲᠠ ᠶᠢᠨ ᠺᠠᠶᠢᠯᠣ ᠰᠢᠶᠠᠨ ᠳᠤ ᠲᠣᠰ ᠲᠣᠰ ᠮᠠᠨ ᠤ ᠣᠷᠣᠨ ᠤ ᠥᠯᠥ ᠬᠥᠳᠡᠯᠬᠦ ᠬᠥᠷᠥᠩᠭᠡ ᠶᠢ ᠳᠠᠩᠰᠠᠯᠠᠨ ᠲᠡᠮᠳᠡᠭᠯᠡᠬᠦ ᠦᠨᠡᠮᠯᠡᠯ ᠤᠨ ᠨᠢᠭᠡᠳᠦᠭᠡᠷ᠂ ᠬᠤᠶᠠᠳᠤᠭᠠᠷ ᠳᠡᠪᠲᠡᠷ ᠢ ᠣᠯᠭᠤᠬᠤ ᠪᠠᠷ ᠴᠢᠷᠮᠠᠶᠢᠨ᠎ᠠ᠃      ᠬᠥᠲᠥᠯᠥᠭᠴᠢ᠄      ᠵᠠ ᠰᠠᠶᠢᠨ ᠪᠣᠯᠣᠯ᠎ᠠ᠂ ᠵᠤᠤ ᠳᠠᠷᠤᠭ᠎ᠠ ᠶᠢᠨ ᠲᠠᠶᠢᠯᠪᠤᠷᠢᠯᠠᠯᠲᠠ ᠳᠤ ᠮᠠᠰᠢ ᠲᠠᠯᠠᠷᠬᠠᠯ᠎ᠠ᠂ ᠲᠠᠨ ᠤ ᠲᠠᠶᠢᠯᠪᠤᠷᠢᠯᠠᠯᠲᠠ ᠪᠠᠷ ᠳᠠᠮᠵᠢᠨ ᠮᠠᠨ ᠤ ᠣᠷᠣᠨ ᠤ ᠤᠯᠤᠰ ᠤᠨ ᠭᠠᠵᠠᠷ ᠰᠢᠷᠣᠢ ᠶᠢᠨ ᠰᠠᠯᠠᠭ᠎ᠠ ᠮᠥᠴᠢᠷ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠳᠡᠮᠳᠡᠭᠯᠡᠬᠦ ᠠᠵᠢᠯ ᠢ ᠶᠠᠭ ᠢᠳᠡᠪᠬᠢᠲᠡᠢ ᠪᠠᠷ ᠵᠣᠬᠢᠴᠠᠭᠤᠯᠤᠨ ᠲᠦᠯᠬᠢᠨ ᠠᠬᠢᠭᠤᠯᠵᠤ ᠪᠠᠶᠢᠬᠤ ᠶᠢ ᠣᠶᠢᠯᠠᠭᠠᠯ᠎ᠠ᠂ ᠠᠳᠡ ᠲᠤᠰ ᠠᠵᠢᠯ ᠤᠨ ᠢᠯᠭᠤᠮ ᠤᠷᠤᠭᠰᠢᠲᠠᠢ ᠶᠠᠪᠤᠭᠳᠠᠵᠤ᠂ ᠥᠪᠥᠷ ᠮᠣᠩᠭᠤᠯ ᠤᠨ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠠᠵᠢᠯ ᠢ ᠤᠯᠤᠰ ᠤᠨ ᠲᠣᠭᠲᠠᠭᠠᠭᠰᠠᠨ ᠴᠠᠭ ᠤᠨ ᠬᠦᠰᠦᠨᠦᠭ ᠤᠨ ᠳᠣᠲᠣᠷᠠᠬᠢ ᠲᠣᠭᠲᠠᠭᠰᠠᠨ ᠬᠤᠭᠤᠴᠠᠭᠠᠨ ᠳᠤ ᠪᠡᠶᠡᠯᠡᠭᠳᠡᠬᠦ ᠶᠢ ᠵᠥᠩᠨᠡᠶ᠎ᠡ᠃ ᠵᠣᠣ ᠳᠠᠷᠤᠭ᠎ᠠ ᠳᠤ ᠳᠠᠬᠢᠨᠲᠠ ᠲᠠᠯᠠᠷᠬᠠᠶ᠎ᠠ᠂ ᠮᠥᠨᠴᠦ ᠰᠦᠯᠵᠢᠶᠡᠨ ᠤ ᠠᠨᠳᠠ ᠨᠠᠷ ᠤᠨ ᠬᠦᠯᠢᠶᠡᠨ ᠠᠪᠴᠤ ᠦᠵᠡᠭᠰᠡᠨ ᠳᠤ ᠲᠠᠯᠠᠷᠬᠠᠵᠤ ᠪᠠᠶᠢᠨ᠎ᠠ᠂ ᠳᠠᠷᠠᠭᠠᠴᠢ ᠶᠢᠨ ᠫᠷᠥᠭᠷᠠᠮ ᠳᠤ ᠪᠠᠶᠠᠷᠲᠠᠢ ᠵᠣᠯᠭᠠᠶ᠎ᠠ︕
8 ᠳ᠋ᠤᠭᠠᠷ ᠰᠠᠷ᠎ᠠ ᠶᠢᠨ 11 ᠤ ᠡᠳᠦᠷ᠂ ᠪᠦᠬᠦ ᠣᠷᠣᠨ ᠤ ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠭᠤᠣᠯᠳᠠᠯᠭᠠᠲᠤ ᠠᠵᠢᠯ ᠵᠢᠴᠢ ︽ᠭᠤᠷᠪᠠᠨ ᠴᠢᠩᠭ᠎ᠠ ᠭᠤᠷᠪᠠᠨ ᠪᠣᠳᠠᠲᠠᠢ︾ ᠰᠤᠷᠭᠠᠨ ᠬᠥᠮᠥᠵᠢᠯ ᠢ ᠠᠬᠢᠭᠤᠯᠬᠤ ᠬᠤᠷᠠᠯ ᠬᠤᠷᠠᠯᠳᠤᠪᠠ
8 ᠳ᠋ᠤᠭᠠᠷ ᠰᠠᠷ᠎ᠠ ᠶᠢᠨ 17 ᠤ ᠡᠳᠦᠷ᠂ ᠪᠦᠬᠦ ᠣᠷᠣᠨ ᠤ ᠬᠠᠮᠲᠤ ᠶᠢᠨ ᠭᠠᠵᠠᠷ ᠰᠢᠷᠤᠢ ᠶᠢ ᠬᠡᠷᠡᠭᠯᠡᠬᠦ ᠡᠷᠬᠡ ᠶᠢ ᠵᠥᠪᠰᠢᠶᠡᠷᠡᠨ ᠳᠠᠩᠰᠠᠯᠠᠨ ᠲᠡᠮᠳᠡᠭᠯᠡᠬᠦ ᠪᠠ ᠥᠯᠥ ᠬᠥᠳᠡᠯᠬᠦ ᠬᠥᠷᠥᠩᠭᠡ ᠶᠢ ᠨᠢᠭᠡᠳᠦᠯᠲᠡᠢ ᠳᠠᠩᠰᠠᠯᠠᠨ ᠲᠡᠮᠳᠡᠭᠯᠡᠬᠦ ᠶᠠᠷᠢᠯᠴᠠᠬᠤ ᠬᠤᠷᠠᠯ ᠬᠥᠬᠡᠬᠤᠲᠠ ᠳᠤ ᠬᠤᠷᠠᠯᠳᠤᠪᠠ
ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠡᠯᠧᠺᠲᠷᠣᠨ ᠵᠠᠰᠠᠭ ᠤᠨ ᠶᠠᠪᠤᠳᠠᠯ ᠤᠨ ᠭᠠᠵᠠᠷ ᠤᠨ ᠳᠠᠷᠤᠭ᠎ᠠ ᠾᠧ ᠪᠢᠶᠤᠤ ᠰᠤᠷᠪᠤᠯᠵᠢᠯᠠᠭᠰᠠᠨ ᠵᠣᠴᠢᠨ ᠳᠤ ᠪᠠᠷᠠᠭ᠎ᠠ ᠪᠣᠯᠣᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠰᠦᠯᠵᠢᠶ᠎ᠡ ᠶᠢ ᠲᠣᠭᠤᠷᠢᠨ ᠦᠵᠡᠭᠰᠡᠨ
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号