︵ᠶᠢᠰᠦ︶ ᠠᠮᠢᠳᠡᠨ ᠤ ᠭᠦᠨᠳᠤ ᠶᠡᠭᠡ ᠭᠢᠵᠢᠭ ᠢ ᠰᠡᠷᠭᠡᠶᠢᠯᠡᠭᠦ ᠶᠠᠷᠦᠩᠭᠡᠶᠢᠯᠡᠭᠰᠡᠨ ᠮᠡᠷᠭᠡᠵᠢᠯ
ᠨᠡᠶᠢᠲᠡᠯᠡᠭᠰᠡᠨ ᠴᠠᠭ᠄
2015/11/13

       1. ᠠᠮᠢᠳᠡᠨ ᠤ ᠭᠦᠨᠳᠤ ᠶᠡᠭᠡ ᠭᠢᠵᠢᠭ ᠭᠡᠵᠤ ᠶᠠᠭᠤ ᠶᠢ ᠭᠡᠯᠡᠵᠤ ᠪᠠᠶᠢᠬᠤ ᠪᠤᠢ︖  

       ᠠᠮᠢᠳᠡᠨ ᠤ ᠭᠦᠨᠳᠤ ᠶᠡᠭᠡ ᠭᠢᠵᠢᠭ ᠤᠨ ᠪᠠᠶᠢᠳᠠᠯ ᠭᠡᠳᠡᠭ ᠪᠤᠯ ᠭᠡᠮᠨᠡᠯᠳᠡ ᠭᠦᠨᠳᠤ ᠲᠤᠰᠬᠤ ᠵᠢᠭᠦᠷᠳᠡᠨ ᠤ ᠬᠠᠯᠳᠠᠪᠤᠷᠢᠳᠤ ᠭᠢᠵᠢᠭ ᠵᠡᠷᠭᠡ ᠭᠡᠮᠨᠡᠭᠦᠯᠭᠦ ᠨᠤᠷᠮ᠎ᠠ ᠪᠤᠶᠤ ᠦᠭᠦᠭᠦ ᠨᠤᠷᠮ᠎ᠠ ᠦᠨᠳᠤᠷ ᠪᠦᠭᠦᠢ ᠠᠮᠢᠳᠡᠨ ᠤ ᠭᠡᠮ ᠭᠢᠵᠢᠭ ᠭᠡᠨᠡᠳᠳᠡ ᠲᠡᠯᠭᠡᠷᠡᠭᠦ ᠪᠡ ᠲᠦᠷᠭᠡᠨ ᠬᠠᠯᠳᠠᠪᠤᠷᠢᠯᠠᠬᠤ᠂ ᠲᠡᠵᠢᠭᠡᠪᠤᠷᠢ ᠶᠢᠨ ᠦᠢᠯᠡᠰ ᠤᠨ ᠦᠢᠯᠡᠳᠪᠤᠷᠢᠯᠡᠯ ᠪᠤᠯᠤᠨ ᠭᠦᠮᠦᠨ ᠠᠷᠠᠳ ᠤᠨ ᠪᠡᠶ᠎ᠠ ᠶᠢᠨ ᠡᠷᠡᠭᠦᠯ ᠮᠡᠨᠳᠤ ᠵᠢᠴᠢ ᠠᠮᠢ ᠨᠠᠰᠤᠨ ᠤ ᠠᠮᠤᠷ ᠲᠦᠪᠰᠢᠨ ᠳᠤ ᠭᠦᠨᠳᠤ ᠨᠤᠴᠢᠳᠡᠢ ᠭᠦᠨᠦᠭᠡᠯ ᠪᠤᠯᠬᠤ ᠪᠤᠶᠤ ᠰᠦᠷᠳᠡᠭᠦᠯᠦᠯ ᠪᠤᠯᠬᠤ ᠪᠠᠶᠢᠳᠠᠯ ᠢ ᠵᠢᠭᠠᠵᠤ ᠪᠠᠶᠢᠨ᠎ᠠ᠃ ᠠᠮᠢᠳᠡᠨ ᠤ ᠭᠦᠨᠳᠤ ᠶᠡᠭᠡ ᠭᠢᠵᠢᠭ ᠤᠨ ᠪᠠᠶᠢᠳᠠᠯ ᠢ ᠰᠢᠢᠳᠪᠤᠷᠢᠯᠡᠭᠦ ᠶᠠᠷᠦᠩᠭᠡᠶᠢᠯᠡᠭᠰᠡᠨ ᠮᠡᠷᠭᠡᠵᠢᠯ ᠢ ᠲᠡᠯᠭᠡᠷᠡᠭᠦᠯᠭᠦ ᠪᠠᠷ ᠲᠠᠮᠵᠢᠨ᠂ ᠪᠢᠳᠡᠭᠦᠮᠵᠢᠯᠡᠭᠦ᠂ ᠠᠯᠠᠬᠤ᠂ ᠠᠷᠢᠭᠤᠳᠬᠠᠬᠤ᠂ ᠬᠤᠤᠷ ᠭᠦᠨᠦᠭᠡᠯ ᠦᠭᠡᠢ ᠰᠢᠢᠳᠪᠤᠷᠢᠯᠡᠭᠦ᠂ ᠪᠠᠴᠢᠮ ᠡᠭᠡᠯᠢᠯᠡᠭᠡ ᠭᠢᠭᠦ ᠵᠡᠷᠭᠡ ᠶᠠᠷᠦᠩᠭᠡᠶᠢᠯᠡᠭᠰᠡᠨ ᠮᠡᠷᠭᠡᠵᠢᠯ ᠢ ᠭᠡᠷᠡᠭᠯᠡᠪᠡᠯ᠂ ᠭᠡᠮ ᠭᠢᠵᠢᠭ ᠢ ᠲᠠᠷᠦ᠋ᠢᠠᠬᠨ ᠤᠰᠠᠳᠬᠠᠵᠤ᠂ ᠮᠠᠯ ᠠᠵᠦ ᠠᠬᠤᠢ ᠶᠢᠨ ᠦᠢᠯᠡᠳᠪᠤᠷᠢᠯᠡᠯ ᠤᠨ ᠭᠦᠭᠵᠢᠯᠳᠡ ᠪᠤᠯᠤᠨ ᠤᠯᠠᠨ ᠨᠠᠶᠢᠳᠡ ᠶᠢᠨ ᠡᠷᠡᠭᠦᠯ ᠬᠠᠮᠠᠭᠠᠯᠠᠯ ᠤᠨ ᠠᠮᠤᠷ ᠲᠦᠪᠰᠢᠨ ᠢ ᠪᠠᠳᠤᠯᠠᠵᠤ ᠴᠢᠳᠠᠨ᠎ᠠ᠃ ᠠᠮᠢᠳᠡᠨ ᠤ ᠭᠦᠨᠳᠤ ᠶᠡᠭᠡ ᠭᠢᠵᠢᠭ ᠢ ᠲᠠᠷᠦ᠋ᠢᠬᠠᠨ ᠤᠰᠠᠳᠬᠠᠵᠤ᠂ ᠲᠡᠭᠦᠨ ᠤ ᠴᠢᠨ᠋ᠬᠠᠰᠢᠳᠡ ᠲᠡᠯᠭᠡᠷᠡᠭᠦ ᠶᠢ ᠬᠤᠷᠢᠠᠠᠯᠠᠨ ᠵᠤᠠᠠᠰᠤᠭᠠᠵᠤ᠂ ᠭᠢᠵᠢᠭ ᠠᠴᠠ ᠪᠤᠢ ᠪᠤᠯᠤᠠᠠᠰᠠᠨ ᠬᠤᠭᠢᠷᠠᠯ ᠢ ᠠᠯᠢ ᠴᠢᠳᠠᠬᠤ ᠪᠠᠷ ᠪᠠᠭᠠᠰᠬᠠᠬᠤ ᠨᠢ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠭᠦᠭᠵᠢᠯᠳᠡ ᠶᠢ ᠬᠠᠮᠠᠭᠠᠯᠠᠵᠤ᠂ ᠤᠯᠠᠨ ᠨᠠᠶᠢᠳᠡ ᠶᠢᠨ ᠠᠮᠢ ᠨᠠᠰᠤᠨ ᠤ ᠠᠮᠤᠷ ᠲᠦᠪᠰᠢᠨ ᠢ ᠪᠠᠳᠤᠯᠠᠬᠤ᠂ ᠮᠠᠯ ᠤᠨ ᠠᠰᠢᠭ ᠰᠢᠮ᠎ᠠ ᠶᠢᠨ ᠶᠠᠰᠤ ᠴᠢᠨᠠᠷ ᠢ ᠲᠡᠭᠡᠭᠰᠢᠯᠡᠭᠦᠯᠭᠦ ᠵᠢᠴᠢ ᠭᠠᠳᠠᠭᠠᠳᠤ ᠳᠤ ᠭᠠᠷᠭᠠᠨ ᠠᠰᠢᠭ ᠤᠷᠤᠯᠭ᠎ᠠ ᠡᠭᠦᠳᠭᠦ ᠶᠢ ᠦᠷᠭᠡᠳᠭᠡᠭᠦ ᠳᠤ ᠴᠦᠮ ᠴᠢᠬᠤᠯᠠ ᠠᠴᠢ ᠬᠤᠯᠪᠤᠠᠠᠳᠠᠯ ᠲᠠᠢ ᠶᠤᠮ᠃ ᠮᠦᠨ ᠴᠦ ᠯᠤᠳᠤ ᠶᠡᠭᠡ ᠨᠡᠶᠢᠭᠡᠮ ᠤᠨ ᠦᠷ᠎ᠡ ᠠᠰᠢᠭ᠂ ᠠᠵᠤ ᠠᠬᠤᠢ ᠶᠢᠨ ᠦᠷ᠎ᠠ ᠠᠰᠢᠭ ᠪᠤᠯᠤᠨ ᠠᠮᠢ ᠠᠬᠤᠢ ᠶᠢᠨ ᠦᠷ᠎ᠠ ᠠᠰᠢᠭ ᠤᠯᠬᠤ ᠪᠤᠯᠤᠨ᠎ᠠ᠃

       2. ᠠᠮᠢᠳᠠᠨ ᠤ ᠭᠦᠨᠳᠤ ᠶᠡᠭᠡ ᠭᠢᠵᠢᠭ ᠢ ᠰᠢᠢᠳᠪᠤᠷᠢᠯᠡᠭᠦ ᠶᠠᠷᠦᠩᠭᠡᠶᠢᠯᠡᠭᠰᠡᠨ ᠮᠡᠷᠭᠡᠵᠢᠯ ᠳᠤ ᠶᠠᠮᠠᠷ ᠮᠡᠷᠭᠡᠵᠢᠯ ᠤᠨ ᠭᠤᠤᠯᠳᠠᠯᠭ᠎ᠠ ᠪᠠᠶᠢᠬᠤ ᠪᠤᠢ︖

       ᠠᠮᠢᠳᠡᠨ ᠤ ᠭᠦᠨᠳᠤ ᠶᠡᠭᠡ ᠭᠢᠵᠢᠭ ᠢ ᠰᠢᠢᠳᠪᠤᠷᠢᠯᠡᠭᠦ ᠶᠠᠷᠦᠩᠭᠡᠶᠢᠯᠡᠭᠰᠡᠨ ᠮᠡᠷᠭᠡᠵᠢᠯ ᠤᠨ ᠭᠤᠤᠯᠳᠠᠯᠭ᠎ᠠ ᠳᠤ ᠭᠢᠵᠢᠭ ᠤᠨ ᠴᠡᠭ᠂ ᠭᠢᠵᠢᠭᠳᠦ ᠤᠷᠤᠨ᠂ ᠰᠦᠷᠳᠡᠭᠦᠯᠦᠯ ᠤᠨ ᠤᠷᠤᠨ ᠢ ᠵᠠᠭᠠᠠᠠᠯᠠᠨ ᠲᠤᠠᠠᠳᠠᠭᠠᠬᠤ᠂ ᠪᠢᠳᠡᠭᠦᠮᠵᠢᠯᠡᠭᠦ᠂ ᠲᠤᠬᠠᠶᠢᠯᠠᠪᠠᠯ ᠭᠢᠵᠢᠭ ᠤᠨ ᠴᠡᠭ᠂ ᠭᠢᠵᠢᠭᠳᠦ ᠤᠷᠤᠨ᠂ ᠰᠦᠷᠳᠡᠭᠦᠯᠦᠯ ᠤᠨ ᠤᠷᠤᠨ ᠳᠤ ᠡᠯ᠎ᠡ ᠵᠦᠢᠯ ᠤᠨ ᠠᠷᠭ᠎ᠠ ᠭᠡᠮᠵᠢᠶ᠎ᠠ ᠠᠪᠬᠤ᠂ ᠠᠯᠠᠬᠤ᠂ ᠬᠤᠤᠷ ᠭᠦᠨᠦᠭᠡᠯ ᠦᠭᠡᠢ ᠰᠢᠢᠳᠪᠤᠷᠢᠯᠡᠭᠦ᠂ ᠠᠷᠢᠭᠤᠳᠬᠠᠬᠤ᠂ ᠪᠢᠳᠡᠭᠦᠮᠵᠢᠯᠡᠯ ᠢ ᠴᠢᠯᠦᠭᠡᠯᠡᠭᠦ ᠵᠡᠷᠭᠡ ᠵᠢᠷᠭᠤᠭᠠᠨ ᠲᠠᠯ᠎ᠠ ᠪᠠᠭᠳᠠᠨ᠎ᠠ᠃

      3. ᠠᠮᠢᠳᠠᠨ ᠤ ᠭᠦᠨᠳᠤ ᠶᠡᠭᠡ ᠭᠢᠵᠢᠭ ᠤᠨ ᠴᠡᠭ᠂ ᠭᠢᠵᠢᠭᠳᠦ ᠤᠷᠤᠨ ᠪᠠ ᠰᠦᠷᠳᠡᠭᠦᠯᠦᠯ ᠤᠨ ᠤᠷᠤᠨ ᠢ ᠭᠡᠷᠭᠢᠨ ᠵᠠᠭᠠᠠᠠᠯᠠᠨ ᠲᠤᠠᠠᠳᠠᠭᠠᠬᠤ ᠪᠤᠢ︖

      ᠭᠢᠵᠢᠭ ᠤᠨ ᠪᠠᠶᠢᠳᠠᠯ ᠢ ᠲᠤᠳᠤᠯᠬᠠᠰᠠᠨ ᠤ ᠰᠡᠭᠦᠯᠡᠷ᠂ ᠲᠤᠬᠠᠢ ᠶᠢᠨ ᠭᠠᠵᠠᠷ ᠤᠨ ᠬᠤᠰᠢᠭᠤ ᠰᠢᠶᠠᠨ ᠤ ᠱᠠᠳᠤᠨ ᠠᠴᠠ ᠲᠡᠭᠡᠭᠰᠢᠭᠢ ᠮᠠᠯ ᠠᠵᠤ ᠠᠬᠤᠢ᠂ ᠮᠠᠯ ᠡᠮᠨᠡᠯᠭᠡ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠨᠢ ᠬᠠᠮᠢᠶ᠎ᠠ ᠪᠦᠭᠦᠢ ᠬᠠᠤᠯᠢ ᠴᠠᠭᠠᠵᠠ ᠬᠠᠤᠯᠢ ᠲᠤᠠᠠᠳᠠᠭᠠᠯ ᠪᠤᠯᠤᠨ ᠮᠡᠷᠭᠡᠵᠢᠯ ᠤᠨ ᠵᠢᠷᠤᠮᠵᠢᠭᠤᠯᠤᠯ᠂ ᠲᠤᠠᠠᠳᠠᠭᠠᠯ ᠤᠨ ᠶᠤᠰᠤᠭᠠᠷ ᠭᠢᠵᠢᠭ ᠤᠨ ᠴᠡᠭ᠂ ᠭᠢᠵᠢᠭᠳᠦ ᠤᠷᠤᠨ ᠪᠠ ᠰᠦᠷᠳᠡᠭᠦᠯᠦᠯ ᠤᠨ ᠤᠷᠤᠨ ᠢ ᠵᠠᠭᠠᠠᠠᠯᠠᠨ ᠲᠤᠠᠠᠳᠠᠭᠠᠨ᠎ᠠ᠃

      ᠬᠤᠰᠢᠭᠤ ᠰᠢᠶᠠᠨ ᠤ ᠱᠠᠳᠤᠨ ᠠᠴᠠ ᠲᠡᠭᠡᠭᠰᠢᠭᠢ ᠮᠠᠯ ᠠᠵᠤ ᠠᠬᠤᠢ ᠮᠠᠯ ᠡᠮᠨᠡᠯᠭᠡ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠨᠢ ᠠᠳᠠᠯᠢ ᠱᠠᠳᠤᠨ ᠤ ᠠᠷᠠᠳ ᠤᠨ ᠵᠠᠰᠠᠭ ᠤᠨ ᠤᠷᠳᠤᠨ ᠳᠠᠭᠠᠨ ᠭᠢᠵᠢᠭᠳᠦ ᠤᠷᠤᠨ ᠢ ᠪᠢᠳᠡᠭᠦᠮᠵᠢᠯᠡᠭᠦ ᠪᠠᠷ ᠮᠡᠳᠡᠭᠦᠯᠵᠤ᠂ ᠠᠷᠠᠳ ᠤᠨ ᠵᠠᠰᠠᠭ ᠤᠨ ᠤᠷᠳᠤᠨ ᠨᠢ ᠪᠢᠳᠡᠭᠦᠮᠵᠢᠯᠡᠭᠦ ᠮᠡᠳᠡᠭᠦᠯᠦᠯᠳᠡ ᠶᠢ ᠤᠯᠤᠠᠠᠰᠠᠨ ᠤ ᠪᠠᠨ ᠲᠠᠷᠠᠭ᠎ᠠ 24 ᠴᠠᠭ ᠤᠨ ᠲᠤᠳᠤᠷ᠎ᠠ ᠪᠢᠳᠡᠭᠦᠮᠵᠢᠯᠡᠭᠦ ᠵᠠᠷᠯᠢᠭ ᠨᠡᠶᠢᠳᠡᠯᠡᠭᠦ ᠶᠢᠨ ᠲᠠᠭᠠᠤ ᠭᠢᠵᠢᠭᠳᠦ ᠤᠷᠤᠨ ᠢ ᠪᠢᠳᠡᠭᠦᠮᠵᠢᠯᠡᠨ᠎ᠡ᠃ ᠵᠠᠰᠠᠭ ᠵᠠᠭᠢᠷᠭᠠᠨ ᠤ ᠤᠷᠤᠨ ᠤ ᠬᠤᠪᠢᠶᠠᠷᠢ ᠶᠢ ᠰᠤᠠᠳᠠᠯᠠᠨ ᠡᠭᠦᠰᠦᠭᠰᠡᠨ ᠭᠢᠵᠢᠭ ᠢ ᠪᠤᠯ ᠬᠠᠮᠤᠭ ᠤᠨ ᠲᠡᠭᠡᠳᠤ ᠱᠠᠳᠤᠨ ᠤ ᠮᠠᠯ ᠡᠮᠨᠡᠯᠭᠡ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠨᠢ ᠠᠳᠠᠯᠢ ᠱᠠᠳᠤᠨ ᠤ ᠠᠷᠠᠳ ᠤᠨ ᠵᠠᠰᠠᠭ ᠤᠨ ᠤᠷᠳᠤᠨ ᠳᠠᠭᠠᠨ ᠮᠡᠳᠡᠭᠦᠯᠵᠤ᠂ ᠭᠢᠵᠢᠭ ᠤᠨ ᠤᠷᠤᠨ ᠢ ᠪᠢᠳᠡᠭᠦᠮᠵᠢᠯᠡᠭᠦ ᠵᠠᠷᠯᠢᠭ ᠢ ᠨᠡᠶᠢᠳᠡᠯᠡᠭᠦᠯᠦᠨ᠎ᠠ᠃
       ᠪᠢᠳᠡᠭᠦᠮᠵᠢᠯᠡᠭᠦ ᠤᠷᠤᠨ ᠢ ᠵᠠᠭᠠᠠᠠᠯᠠᠨ ᠲᠤᠠᠠᠳᠠᠭᠠᠬᠤ ᠳᠠᠭᠠᠨ ᠡᠷᠭᠡᠪᠰᠢ ᠲᠤᠰ ᠠᠮᠢᠳᠠᠨ ᠤ ᠬᠠᠯᠳᠠᠪᠤᠷᠢᠳᠤ ᠭᠡᠮ ᠭᠢᠵᠢᠭ ᠤᠨ ᠲᠡᠯᠭᠡᠷᠡᠭᠦ ᠶᠤᠰᠤ᠂ ᠲᠤᠬᠠᠢ ᠶᠢᠨ ᠭᠠᠵᠠᠷ ᠤᠨ ᠲᠡᠯᠭᠡᠷᠡᠯᠳᠡ ᠶᠢᠨ ᠪᠠᠶᠢᠳᠠᠯ ᠪᠤᠯᠤᠨ ᠲᠤᠬᠠᠢ ᠶᠢᠨ ᠭᠠᠵᠠᠷ ᠤᠨ ᠨᠦᠭᠦᠴᠡᠯ ᠢ ᠦᠨᠳᠦᠰᠦᠯᠡᠨ᠂ ᠭᠦᠢᠴᠡᠳ ᠰᠤᠳᠤᠯᠤᠨ ᠶᠠᠷᠢᠯᠴᠠᠬᠤ ᠪᠠᠷ ᠲᠠᠮᠵᠢᠨ᠂ ᠡᠷᠳᠡ᠂ ᠲᠦᠷᠭᠡᠨ᠂ ᠴᠢᠩᠭ᠎ᠠ ᠪᠠᠶᠢᠬᠤ ᠵᠠᠷᠴᠢᠮ ᠢᠶᠠᠷ ᠲᠤᠠᠠᠳᠠᠭᠠᠬᠤ ᠭᠡᠷᠡᠭᠳᠡᠢ᠃

       4. ᠠᠮᠢᠳᠠᠨ ᠤ ᠭᠦᠨᠳᠤ ᠶᠡᠭᠡ ᠭᠢᠵᠢᠭ ᠤᠨ ᠴᠡᠭ ᠲᠤ ᠶᠠᠮᠠᠷ ᠠᠷᠭ᠎ᠠ ᠭᠡᠮᠵᠢᠶ᠎ᠠ ᠠᠪᠬᠤ ᠪᠤᠢ︖

      ᠭᠢᠵᠢᠭ ᠤᠨ ᠴᠡᠭ ᠲᠤ ᠠᠪᠬᠤ ᠵᠤᠭᠢᠰᠳᠡᠢ ᠠᠷᠭ᠎ᠠ ᠭᠡᠮᠵᠢᠶ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠤᠢ᠄

        ︵1︶ ᠭᠦᠮᠦᠨ ᠠᠮᠢᠳᠡᠨ᠂ ᠲᠠᠷᠭᠡ ᠭᠦᠰᠭᠡ ᠶᠢᠨ ᠤᠷᠤᠵᠤ ᠭᠠᠷᠬᠤ ᠪᠠ ᠠᠮᠢᠳᠡᠨ ᠤ ᠭᠠᠷᠤᠯᠳᠠ ᠵᠢᠴᠢ ᠪᠤᠭᠢᠷᠳᠤᠭᠤᠯᠵᠤ ᠮᠡᠳᠡᠭᠦ ᠡᠳ᠋ ᠪᠤᠳᠠᠰ ᠵᠦᠭᠡᠭᠡᠪᠦᠷᠢᠯᠡᠭᠦ ᠶᠢ ᠴᠢᠩᠭ᠎ᠠ ᠴᠠᠭᠠᠵᠠᠯᠠᠵᠤ᠂ ᠤᠨᠴᠠᠭᠠᠢ ᠪᠠᠶᠢᠳᠠᠯ ᠠᠴᠠ ᠪᠤᠯᠵᠤ ᠭᠦᠮᠦᠨ ᠡᠷᠭᠡᠪᠰᠢ ᠤᠷᠤᠵᠤ ᠭᠠᠷᠬᠤ ᠦᠶᠡᠰ ᠮᠠᠯ ᠡᠮᠨᠡᠯᠭᠡ ᠶᠢᠨ ᠠᠵᠢᠯᠳᠡᠳ ᠠᠴᠠ ᠵᠦᠪᠰᠢᠶᠡᠷᠡᠯ ᠠᠪᠴᠤ᠂ ᠨᠢᠠᠠᠳᠠ ᠴᠢᠩᠭ᠎ᠠ ᠠᠷᠢᠭᠤᠳᠬᠠᠠᠠᠰᠠᠨ ᠤ ᠰᠡᠭᠦᠯᠡᠷ ᠰᠠᠶ᠋ᠢ ᠤᠷᠤᠵᠤ ᠭᠠᠷᠴᠤ ᠪᠤᠯᠤᠨ᠎ᠠ᠃

       ︵2︶ ᠭᠡᠮᠨᠡᠭᠰᠡᠨ ᠠᠮᠢᠳᠡᠨ ᠪᠦᠭᠦᠨ ᠢ ᠠᠯᠠᠨ᠎ᠠ᠃ ᠴᠢᠬᠤᠯᠠ ᠲᠠᠢ ᠦᠶᠡᠰ ᠠᠳᠠᠯᠢ ᠰᠦᠷᠦᠭ ᠤᠨ ᠠᠮᠠᠷᠬᠠᠨ ᠬᠠᠯᠳᠠᠪᠤᠷᠢᠯᠬᠠᠳᠠᠬᠤ ᠠᠮᠢᠳᠡᠨ ᠢ ᠴᠤ ᠴᠦᠮ ᠠᠯᠠᠨ᠎ᠠ᠃ ᠭᠡᠮᠨᠡᠵᠤ ᠦᠭᠦᠭᠰᠡᠨ ᠵᠢᠴᠢ ᠠᠯᠬᠠᠰᠠᠨ ᠠᠮᠢᠳᠡᠨ ᠪᠤᠯᠤᠨ ᠭᠠᠷᠤᠯᠳᠠ ᠶᠢ ᠰᠢᠳᠠᠭᠠᠬᠤ ᠪᠤᠶᠤ ᠬᠤᠤᠷ ᠭᠦᠨᠦᠭᠡᠯ ᠦᠭᠡᠢ ᠠᠷᠭ᠎ᠠ ᠭᠡᠮᠵᠢᠶ᠎ᠠ ᠪᠠᠷ ᠰᠢᠢᠳᠪᠤᠷᠢᠯᠡᠨ᠎ᠡ᠃

       ︵3︶ ᠭᠢᠵᠢᠭ ᠤᠨ ᠴᠡᠭ ᠲᠠᠬᠢ ᠠᠮᠢᠳᠡᠨ ᠤ ᠪᠠᠭᠠᠰᠤ ᠰᠢᠭᠡᠰᠤ᠂ ᠲᠠᠪᠢᠰᠭᠡᠷ ᠡᠪᠡᠰᠤ᠂ ᠪᠤᠭᠢᠷᠳᠤᠠᠠᠰᠠᠨ ᠡᠪᠡᠰᠤ ᠪᠤᠷᠳᠤᠭ᠎ᠠ ᠵᠡᠷᠭᠡ ᠶᠢ ᠡᠷᠭᠡᠪᠰᠢ ᠮᠠᠯ ᠡᠮᠨᠡᠯᠭᠡ ᠶᠢᠨ ᠠᠵᠢᠯᠳᠡᠳ ᠤᠨ ᠭᠢᠨᠠᠯᠳᠠ ᠵᠢᠯᠤᠭᠤᠳᠤᠯᠭ᠎ᠠ ᠲᠤᠤᠷ᠎ᠠ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠨ᠎ᠡ᠃

       ︵4︶ ᠭᠢᠵᠢᠭ ᠤᠨ ᠴᠡᠭ ᠢᠶᠠᠷ ᠤᠷᠤᠵᠤ ᠭᠠᠷᠬᠤ ᠪᠤᠭᠤᠮᠳᠠ ᠨᠢ ᠡᠷᠭᠡᠪᠰᠢ ᠠᠷᠢᠭᠤᠳᠬᠠᠯ ᠤᠨ ᠪᠡᠯᠡᠳᠭᠡᠮᠵᠢ ᠪᠡᠯᠡᠳᠭᠡᠵᠤ᠂ ᠭᠢᠵᠢᠭ ᠤᠨ ᠴᠡᠭ ᠲᠠᠬᠢ ᠪᠠᠭᠠᠵᠢ ᠭᠡᠷᠡᠭᠰᠡᠯ᠂ ᠬᠤᠷᠤᠭ᠎ᠠ ᠬᠠᠰᠢᠶ᠎ᠠ᠂ ᠲᠡᠭᠡᠭᠡᠪᠤᠷᠢ ᠶᠢᠨ ᠪᠠᠭᠠᠵᠢ᠂ ᠭᠠᠵᠠᠷ ᠲᠠᠯᠠᠪᠠᠢ ᠶᠢ ᠡᠷᠭᠡᠪᠰᠢ ᠴᠢᠩᠭ᠎ᠠ ᠠᠷᠢᠭᠤᠳᠬᠠᠨ᠎ᠠ᠃

       ︵5︶ ᠭᠡᠮ ᠭᠢᠵᠢᠭ ᠡᠭᠦᠰᠭᠦ ᠠᠴᠠ ᠡᠮᠦᠨ᠎ᠠ ᠨᠢᠭᠡᠨ ᠨᠢᠭᠤᠠᠠᠳᠠᠯ ᠬᠤᠭᠤᠴᠠᠭᠠᠨ ᠲᠤᠳᠤᠷ᠎ᠡ ᠲᠡᠭᠡᠭᠡᠪᠤᠷᠢᠯᠡᠵᠤ ᠭᠠᠷᠭᠠᠠᠠᠰᠠᠨ ᠠᠮᠢᠳᠡᠨ ᠵᠢᠴᠢ ᠭᠠᠷᠤᠯᠳᠠ ᠶᠢ ᠮᠦᠷᠳᠡᠨ ᠪᠠᠶᠢᠴᠠᠭᠠᠬᠤ ᠶᠢᠨ ᠲᠠᠭᠠᠤ ᠠᠯᠠᠬᠤ ᠪᠠ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠨ᠎ᠡ᠃

      5. ᠠᠮᠢᠳᠠᠨ ᠤ ᠭᠦᠨᠳᠤ ᠶᠡᠭᠡ ᠭᠢᠵᠢᠭᠳᠦ ᠤᠷᠤᠨ ᠳᠤ ᠶᠠᠮᠠᠷ ᠠᠷᠭ᠎ᠠ ᠭᠡᠮᠵᠢᠶ᠎ᠠ ᠠᠪᠬᠤ ᠪᠤᠢ︖

      ᠭᠢᠵᠢᠭᠳᠦ ᠤᠷᠤᠨ ᠳᠤ ᠲᠤᠤᠷᠠᠭᠢ ᠮᠡᠳᠤ ᠠᠷᠬ᠎ᠠ ᠭᠡᠮᠵᠢᠶ᠎ᠠ ᠨᠦᠭᠦᠳ ᠢ ᠠᠪᠤᠨ᠎ᠠ᠃

      ︵1︶ ᠭᠢᠵᠢᠭ ᠤᠨ ᠤᠷᠤᠨ ᠤ ᠤᠷᠴᠢᠨ ᠲᠤᠭᠤᠷᠢᠨ ᠳᠤ ᠰᠠᠷᠡᠮᠵᠢ ᠶᠢᠨ ᠲᠡᠮᠳᠡᠭ ᠪᠤᠰᠬᠠᠵᠤ᠂ ᠵᠠᠮ ᠬᠠᠷᠢᠯᠴᠠᠭᠠᠨ ᠤ ᠴᠢᠬᠤᠯᠠ ᠪᠤᠭᠤᠮᠳᠠ ᠳᠤ ᠡᠷᠭᠡᠪᠰᠢ ᠲᠦᠷ ᠴᠠᠭ ᠤᠨ ᠭᠢᠵᠢᠭ ᠪᠠᠶᠢᠴᠠᠭᠠᠬᠤ ᠠᠷᠢᠭᠤᠳᠬᠠᠬᠤ ᠬᠤᠷᠢᠶ᠎ᠠ ᠭᠠᠷᠭᠠᠵᠤ᠂ ᠲᠤᠰᠬᠠᠢ ᠭᠦᠮᠦᠨ ᠪᠠ ᠠᠷᠢᠭᠤᠳᠬᠠᠬᠤ ᠲᠦᠭᠦᠭᠡᠷᠤᠮᠵᠢ ᠲᠤᠭᠢᠷᠠᠭᠤᠯᠵᠤ᠂ ᠠᠮᠢᠳᠡᠨ ᠪᠡ ᠲᠡᠭᠦᠨ ᠤ ᠭᠠᠷᠤᠯᠳᠠ ᠶᠢᠨ ᠭᠦᠳᠡᠯᠦᠯ ᠪᠠᠶᠢᠳᠠᠯ ᠳᠤ ᠭᠢᠨᠠᠯᠳᠠ ᠲᠠᠯᠪᠢᠵᠤ᠂ ᠤᠷᠤᠵᠤ ᠭᠠᠷᠬᠤ ᠭᠦᠮᠦᠨ ᠠᠷᠠᠳ ᠪᠤᠯᠤᠨ ᠲᠠᠷᠭᠡ ᠭᠦᠰᠭᠡ ᠶᠢ ᠠᠷᠢᠭᠤᠳᠬᠠᠨ᠎ᠠ᠃

       ︵2︶ ᠠᠮᠢᠳᠡᠨ ᠪᠤᠯᠤᠨ ᠲᠡᠭᠦᠨ ᠤ ᠭᠠᠷᠤᠯᠳᠠ ᠶᠢᠨ ᠰᠤᠯᠢᠯᠴᠠᠭᠠᠨ ᠤ ᠵᠠᠬ᠎ᠠ ᠲᠡᠯᠭᠡᠭᠦᠷ ᠢ ᠬᠠᠭᠠᠵᠤ᠂ ᠭᠦᠮᠦᠨ ᠠᠮᠢᠳᠡᠨ ᠭᠢᠵᠢᠭ ᠤᠨ ᠤᠷᠤᠨ ᠳᠤ ᠤᠷᠤᠵᠤ ᠭᠠᠷᠬᠤ ᠵᠢᠴᠢ ᠠᠰᠢᠭ ᠰᠢᠮ᠎ᠠ ᠶᠢ ᠭᠢᠵᠢᠭ ᠤᠨ ᠤᠷᠤᠨ ᠠᠴᠠ ᠵᠦᠭᠡᠭᠡᠪᠤᠷᠢᠯᠡᠵᠤ ᠭᠠᠷᠬᠤ ᠶᠢ ᠴᠢᠩᠭ᠎ᠠ ᠴᠠᠭᠠᠵᠠᠯᠠᠵᠤ᠂ ᠴᠤᠠᠠᠯᠠᠭ᠎ᠠ ᠮᠠᠶᠢᠮᠠᠢ ᠪᠤᠯᠤᠨ ᠭᠢᠵᠢᠭ ᠤᠨ ᠤᠷᠤᠨ ᠠᠴᠠ ᠠᠮᠢᠳᠡᠨ ᠪᠠ ᠭᠠᠷᠤᠯᠳᠠ ᠬᠤᠳᠠᠯᠳᠤᠨ ᠠᠪᠬᠤ ᠶᠢ ᠵᠤᠠᠠᠰᠤᠭᠠᠨ᠎ᠠ᠃

       ︵3︶ ᠪᠤᠭᠢᠷᠳᠤᠯ ᠦᠭᠡᠢ ᠠᠮᠢᠳᠡᠨ ᠤ ᠭᠠᠷᠤᠯᠳᠠ ᠶᠢ ᠡᠷᠭᠡᠪᠰᠢ ᠭᠢᠵᠢᠭ ᠤᠨ ᠤᠷᠤᠨ ᠠᠴᠠ ᠵᠦᠭᠡᠭᠡᠨ ᠭᠠᠷᠭᠠᠬᠤ ᠦᠶᠡᠰ᠂ ᠬᠤᠰᠢᠭᠤ ᠰᠢᠶᠠᠨ ᠠᠴᠠ ᠲᠡᠭᠡᠭᠰᠢᠭᠢ ᠮᠠᠯ ᠠᠵᠤ ᠠᠬᠤᠢ ᠮᠠᠯ ᠡᠮᠨᠡᠯᠭᠡ ᠶᠢᠨ ᠰᠠᠯᠠᠭ᠎ᠠ ᠮᠦᠴᠢᠷ ᠢᠶᠠᠷ ᠵᠦᠪᠰᠢᠶᠡᠷᠡᠭᠦᠯᠵᠤ᠂ ᠮᠠᠯ ᠡᠮᠨᠡᠯᠭᠡ ᠶᠢᠨ ᠭᠢᠵᠢᠭ ᠰᠡᠷᠭᠡᠶᠢᠯᠡᠭᠦ ᠠᠵᠢᠯᠳᠡᠳ ᠤᠨ ᠭᠢᠨᠠᠯᠳᠠ ᠵᠢᠯᠤᠭᠤᠳᠤᠯᠭ᠎ᠠ ᠲᠤᠤᠷ᠎ᠠ᠂ ᠪᠤᠭᠤᠳᠠᠯ ᠪᠠᠭᠯᠠᠭ᠎ᠠ ᠶᠢ ᠨᠢ ᠠᠷᠢᠭᠤᠳᠬᠠᠠᠠᠰᠠᠨ ᠤ ᠰᠡᠭᠦᠯᠡᠷ ᠵᠦᠭᠡᠭᠡᠪᠤᠷᠢᠯᠡᠵᠤ ᠪᠤᠯᠤᠨ᠎ᠠ᠃

      ︵4︶ ᠭᠢᠵᠢᠭ ᠤᠨ ᠴᠡᠭ ᠤᠨ ᠪᠤᠰᠤ ᠬᠠᠯᠳᠠᠪᠤᠷᠢᠯᠠᠮᠠᠳᠠᠭᠠᠢ ᠠᠮᠢᠳᠡᠨ ᠳᠤ ᠡᠷᠭᠡᠪᠰᠢ ᠪᠠᠴᠢᠮ ᠠᠯᠪᠠᠳᠠᠯᠭ᠎ᠠ ᠶᠢᠨ ᠡᠭᠡᠯᠢᠯᠡᠭᠡ ᠶᠢᠨ ᠪᠤᠳᠤ ᠲᠠᠷᠢᠵᠤ᠂ ᠡᠭᠡᠯᠢᠯᠡᠭᠡ ᠶᠢᠨ ᠪᠦᠷᠢᠨ ᠲᠦᠭᠦᠷ ᠲᠠᠩᠰᠡ ᠡᠪᠭᠡᠮᠡᠯ ᠪᠠᠶᠢᠭᠤᠯᠬᠤ ᠭᠡᠷᠡᠭᠳᠡᠢ᠃

      ︵5︶ ᠲᠠᠷᠢᠶᠠᠯᠠᠬᠤ ᠤᠷᠤᠨ ᠤ ᠬᠤᠳᠠ ᠪᠠᠯᠭᠠᠰᠤᠨ ᠳᠤ ᠲᠠᠵᠢᠭᠡᠵᠤ ᠪᠠᠶᠢᠭ᠎ᠠ᠂ ᠮᠠᠯᠵᠢᠬᠤ ᠤᠷᠤᠨ ᠤ ᠬᠠᠷᠢᠭᠤᠯᠵᠤ ᠮᠠᠯᠵᠢᠵᠤ ᠪᠠᠶᠢᠭ᠎ᠠ ᠠᠮᠢᠳᠡᠨ ᠵᠢᠴᠢ ᠲᠡᠵᠢᠭᠡᠵᠤ ᠪᠠᠶᠢᠭ᠎ᠠ ᠤᠰᠤᠨ ᠵᠢᠭᠦᠷᠳᠡᠨ ᠢ ᠡᠷᠭᠡᠪᠰᠢ ᠲᠤᠠᠠᠳᠠᠭᠠᠠᠠᠰᠠᠨ ᠭᠠᠵᠠᠷ ᠲᠤᠨᠢ ᠲᠡᠵᠢᠭᠡᠭᠦ ᠪᠡ ᠬᠠᠷᠢᠭᠤᠯᠵᠤ᠂ ᠭᠦᠯᠦᠰᠢᠨ ᠮᠠᠯ ᠤᠨᠤᠭ᠎ᠠ ᠶᠢ ᠵᠦᠪᠭᠡᠨ ᠭᠢᠵᠢᠭᠳᠦ ᠤᠷᠤᠨ ᠤ ᠲᠤᠳᠤᠷ᠎ᠡ ᠯᠡ ᠭᠡᠷᠡᠭᠯᠡᠨ᠎ᠡ᠃

       ︵6︶ ᠬᠠᠯᠳᠠᠪᠤᠷᠢᠯᠠᠮᠠᠳᠠᠭᠠᠢ ᠠᠮᠢᠳᠡᠨ ᠳᠤ ᠨᠢᠠᠠᠳᠠ ᠴᠢᠩᠭ᠎ᠠ ᠭᠢᠵᠢᠭ ᠤᠨ ᠭᠢᠨᠠᠯᠳᠠ ᠪᠠᠶᠢᠴᠠᠭᠠᠯᠳᠠ ᠭᠢᠵᠤ᠂ ᠭᠢᠵᠢᠭ ᠤᠨ ᠭᠦᠳᠡᠯᠤᠯ ᠪᠠᠶᠢᠳᠡᠯ ᠢ ᠴᠠᠭ ᠲᠤᠬᠠᠢ ᠳᠤᠨᠢ ᠡᠵᠡᠮᠰᠢᠨ᠎ᠠ᠃

       ︵7︶ ᠮᠠᠯ ᠤᠨ ᠬᠠᠰᠢᠶ᠎ᠠ᠂ ᠡᠳ᠋ᠯᠡᠯ ᠭᠡᠷᠡᠭᠰᠡᠯ᠂ ᠵᠠᠮ ᠬᠠᠷᠢᠯᠴᠠᠭᠠᠨ ᠤ ᠪᠠᠭᠠᠵᠢ᠂ ᠭᠠᠵᠠᠷ ᠲᠠᠯᠠᠪᠤᠷ ᠵᠡᠷᠭᠡ ᠶᠢ ᠲᠤᠤᠱᠳᠠᠢ ᠠᠷᠢᠭᠤᠳᠬᠠᠨ᠎ᠠ᠃

       ︵8︶ ᠴᠢᠬᠤᠯᠠ ᠲᠠᠢ ᠦᠶᠡᠰ ᠭᠢᠵᠢᠭ ᠤᠨ ᠤᠷᠤᠨ ᠳᠠᠬᠢ ᠬᠠᠯᠳᠠᠪᠤᠷᠢᠯᠠᠮᠠᠳᠠᠭᠠᠢ ᠠᠮᠢᠳᠡᠳ ᠪᠦᠭᠦᠨ ᠢ ᠠᠯᠠᠬᠤ ᠶᠢᠨ ᠬᠠᠮᠳᠤ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠨ᠎ᠡ᠃

       6. ᠠᠮᠢᠳᠠᠨ ᠤ ᠭᠦᠨᠳᠤ ᠶᠡᠭᠡ ᠭᠢᠵᠢᠭ ᠤᠨ ᠦᠶ᠎ᠠ ᠳᠤ ᠰᠦᠷᠳᠡᠭᠦᠯᠦᠭᠳᠡᠵᠤ ᠪᠠᠶᠢᠭ᠎ᠠ ᠤᠷᠤᠨ ᠳᠤ ᠶᠠᠮᠠᠷ ᠠᠷᠭ᠎ᠠ ᠭᠡᠮᠵᠢᠶ᠎ᠠ ᠠᠪᠬᠤ ᠪᠤᠢ︖

      ᠰᠦᠷᠳᠡᠭᠦᠯᠦᠭᠳᠡᠵᠤ ᠪᠠᠶᠢᠭ᠎ᠠ ᠤᠷᠤᠨ ᠳᠤ ᠲᠤᠤᠷᠠᠭᠢ ᠮᠡᠳᠤ ᠭᠡᠳᠦᠨ ᠲᠠᠯ᠎ᠠ ᠶᠢᠨ ᠠᠷᠭ᠎ᠠ ᠭᠡᠮᠵᠢᠶ᠎ᠠ ᠶᠢ ᠠᠪᠤᠨ᠎ᠠ᠃

      ︵1︶ ᠰᠦᠷᠳᠡᠭᠦᠯᠦᠭᠳᠡᠵᠤ ᠪᠠᠶᠢᠭ᠎ᠠ ᠤᠷᠤᠨ ᠤ ᠲᠤᠳᠤᠷᠠᠭᠢ ᠬᠠᠯᠳᠠᠪᠤᠷᠢᠯᠠᠮᠠᠳᠠᠭᠠᠢ ᠠᠮᠢᠳᠡᠨ ᠳᠤ ᠴᠠᠭ ᠲᠤᠬᠠᠢ ᠳᠤᠨᠢ ᠤᠷᠢᠳᠴᠢᠯᠠᠨ ᠰᠡᠷᠭᠡᠶᠢᠯᠡᠭᠦ ᠪᠤᠳᠤ ᠲᠠᠷᠢᠵᠤ᠂ ᠡᠭᠡᠯᠢᠯᠡᠭᠡ ᠶᠢᠨ ᠪᠦᠰᠡ ᠭᠠᠷᠭᠠᠨ᠎ᠠ᠃

       ︵2︶ ᠲᠤᠰ ᠤᠷᠤᠨ ᠤ ᠬᠠᠯᠳᠠᠪᠤᠷᠢᠯᠠᠮᠠᠳᠠᠭᠠᠢ ᠠᠮᠢᠳᠡᠨ ᠢ ᠰᠠᠶᠢᠳᠤᠷ ᠬᠠᠮᠢᠶᠠᠷᠴᠤ᠂ ᠭᠢᠵᠢᠭᠳᠦ ᠤᠷᠤᠨ ᠳᠤ ᠤᠷᠤᠵᠤ ᠭᠠᠷᠬᠤ ᠶᠢ ᠨᠢ ᠴᠠᠭᠠᠵᠠᠯᠠᠵᠤ᠂ ᠭᠢᠵᠢᠭᠳᠦ ᠤᠷᠤᠨ ᠠᠴᠠ ᠤᠷᠤᠰᠴᠤ ᠢᠷᠡᠭᠰᠡᠨ ᠤᠰᠤ ᠶᠢ ᠤᠤᠭᠤᠬᠤ ᠶᠢ ᠰᠡᠷᠭᠡᠶᠢᠯᠡᠨ᠎ᠠ᠃

      ︵3︶ ᠪᠢᠳᠡᠭᠦᠮᠵᠢᠯᠡᠭᠰᠡᠨ ᠤᠷᠤᠨ ᠠᠴᠠ ᠮᠠᠯ ᠤᠨᠤᠭ᠎ᠠ᠂ ᠡᠪᠡᠰᠤ ᠪᠤᠷᠳᠤᠭ᠎ᠠ ᠪᠠ ᠮᠠᠯ ᠤᠨ ᠠᠰᠢᠭ ᠰᠢᠮ᠎ᠠ ᠬᠤᠳᠠᠯᠳᠤᠨ ᠠᠪᠬᠤ ᠶᠢ ᠴᠠᠭᠠᠵᠠᠯᠠᠨ᠎ᠠ᠃ ᠬᠤᠷᠢᠭ᠎ᠠ ᠴᠠᠭᠠᠵᠠ ᠶᠢ ᠴᠢᠯᠦᠭᠡᠯᠡᠭᠡᠳ ᠤᠳᠠᠭᠠᠳᠤᠢ ᠭᠠᠵᠠᠷ ᠤᠷᠤᠨ ᠠᠴᠠ ᠮᠠᠯ ᠤᠨᠤᠭ᠎ᠠ ᠪᠤᠶᠤ ᠮᠠᠯ ᠤᠨ ᠠᠰᠢᠭ ᠰᠢᠮ᠎ᠠ ᠬᠤᠳᠠᠯᠳᠤᠨ ᠠᠪᠤᠠᠠᠰᠠᠨ ᠪᠤᠯ ᠲᠤᠰᠠᠭᠠᠷᠯᠠᠨ ᠭᠢᠨᠠᠨ ᠪᠠᠶᠢᠴᠠᠭᠠᠵᠤ᠂ ᠴᠢᠬᠤᠯᠠ ᠲᠠᠢ ᠦᠶᠡᠰ ᠮᠡᠯ ᠤᠨ ᠠᠰᠢᠭ ᠰᠢᠮ᠎ᠠ ᠶᠢ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠨ᠎ᠡ᠃

       ︵4︶ ᠲᠤᠬᠠᠢ ᠶᠢᠨ ᠤᠷᠤᠨ ᠳᠤ ᠪᠠᠶᠢᠭᠤᠯᠤᠠᠠᠰᠠᠨ ᠨᠢᠳᠤᠯᠭᠠᠨ ᠤ ᠭᠠᠵᠠᠷ᠂ ᠪᠤᠯᠪᠠᠰᠤᠷᠠᠭᠤᠯᠬᠤ ᠦᠢᠯᠡᠳᠪᠤᠷᠢ᠂ ᠮᠠᠯ ᠤᠨ ᠠᠰᠢᠭ ᠰᠢᠮ᠎ᠠ ᠶᠢᠨ ᠰᠠᠩ ᠭᠦᠮᠦᠷᠭᠡ ᠳᠤ ᠮᠠᠯ ᠡᠮᠨᠡᠯᠭᠡ ᠶᠢᠨ ᠡᠷᠡᠭᠦᠯ ᠬᠠᠮᠠᠭᠠᠯᠠᠯ ᠤᠨ ᠭᠢᠨᠠᠯᠳᠡ ᠲᠠᠯᠪᠢᠵᠤ᠂ ᠭᠢᠵᠢᠭᠳᠦ ᠤᠷᠤᠨ ᠠᠴᠠ ᠢᠷᠡᠯᠳᠡ ᠲᠠᠢ ᠮᠠᠯ ᠤᠨᠤᠭ᠎ᠠ ᠵᠢᠴᠢ ᠠᠰᠢᠭ ᠰᠢᠮ᠎ᠠ ᠶᠢ ᠭᠦᠯᠢᠶᠠᠨ ᠠᠪᠬᠤ ᠶᠢ ᠲᠠᠪᠴᠢᠨ᠎ᠠ᠃

      7. ᠶᠠᠭᠤᠨ ᠤ ᠤᠴᠢᠷ ᠠᠴᠠ ᠭᠢᠵᠢᠭ ᠲᠠᠢ ᠠᠮᠢᠳᠡᠳ ᠢ ᠠᠯᠠᠬᠤ ᠪᠤᠢ︖ ᠶᠠᠮᠠᠷ ᠵᠠᠷᠴᠢᠮ ᠢᠶᠠᠷ ᠠᠯᠠᠬᠤ ᠪᠤᠢ︖
       ᠠᠮᠢᠳᠡᠨ ᠤ ᠭᠦᠨᠳᠤ ᠶᠡᠭᠡ ᠭᠢᠵᠢᠭ ᠡᠭᠦᠰᠦᠭᠰᠡᠨ ᠦᠶ᠎ᠠ ᠳᠤ ᠬᠠᠯᠳᠠᠪᠤᠷᠢᠳᠤ ᠭᠡᠮ ᠭᠢᠵᠢᠭ ᠢ ᠲᠦᠢᠯᠪᠤᠷᠢᠳᠡᠢ ᠤᠭ ᠢᠶᠠᠷ ᠨᠢ ᠤᠰᠠᠳᠬᠠᠬᠤ ᠶᠢᠨ ᠲᠤᠰᠠᠳᠠ ᠭᠡᠮ ᠭᠢᠵᠢᠭ ᠲᠠᠢ ᠠᠮᠢᠳᠡᠨ ᠵᠢᠴᠢ ᠠᠯᠠᠬᠤ ᠪᠠᠷ ᠲᠤᠠᠠᠳᠠᠭᠠᠠᠠᠰᠠᠨ ᠬᠠᠯᠳᠠᠪᠤᠷᠢᠯᠡᠮᠡᠳᠠᠭᠠᠢ ᠠᠮᠢᠳᠡᠨ ᠢ ᠠᠯᠠᠬᠤ ᠴᠢᠬᠤᠯᠠ ᠲᠠᠢ ᠪᠠᠶᠢᠳᠠᠭ᠃ ᠠᠯᠠᠵᠤ ᠨᠢᠳᠤᠯᠬᠤ ᠶᠢᠨ ᠵᠠᠷᠴᠢᠮ ᠨᠢ ᠭᠡᠪᠡᠯ ᠴᠢᠰᠤ ᠦᠭᠡᠢ ᠪᠠᠷ ᠠᠯᠠᠬᠤ ᠠᠷᠭ᠎ᠠ ᠶᠢ ᠠᠪᠤᠨ᠎ᠠ᠃ ᠵᠢᠱᠢᠶᠡᠯᠡᠪᠡᠯ ᠴᠠᠭᠢᠯᠭᠠᠨ ᠢᠶᠠᠷ ᠴᠤᠭᠢᠭᠤᠯᠵᠤ ᠠᠯᠠᠬᠤ᠂ ᠡᠮ ᠵᠡᠭᠦᠯᠡᠵᠤ ᠠᠯᠠᠬᠤ᠂ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠢᠶᠠᠷ ᠪᠢᠳᠡᠬᠦᠯᠡᠵᠦ ᠠᠯᠠᠬᠤ᠂ ᠭᠦᠵᠦᠭᠦᠤ ᠶᠢ ᠨᠢ ᠮᠤᠰᠭᠢᠵᠤ ᠠᠯᠠᠬᠤ᠂ ᠴᠤᠭᠢᠵᠤ ᠠᠯᠠᠬᠤ ᠵᠡᠷᠭᠡ ᠪᠤᠯᠤᠨ᠎ᠠ᠃ ᠠᠯᠠᠬᠤ ᠨᠢᠳᠤᠯᠬᠤ ᠳᠠᠭᠠᠨ ᠠᠵᠢᠯᠳᠡᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠳᠤᠷ ᠭᠢᠭᠦ ᠭᠡᠷᠡᠭᠳᠡᠢ᠃ ᠵᠤᠭᠢᠰᠳᠠᠢ ᠰᠡᠷᠭᠡᠶᠢᠯᠡᠯᠳᠡ ᠬᠠᠮᠠᠭᠠᠯᠠᠯᠳᠡ ᠶᠢᠨ ᠬᠤᠪᠴᠠᠰᠤ ᠡᠮᠦᠰᠴᠤ ᠵᠡᠭᠦᠭᠦ᠂ ᠰᠡᠷᠭᠡᠶᠢᠯᠡᠯᠳᠡ ᠬᠠᠮᠠᠭᠠᠯᠠᠯᠳᠡ ᠶᠢᠨ ᠪᠡᠭᠡᠯᠡᠢ ᠵᠡᠭᠦᠭᠦ᠂ ᠭᠤᠮ ᠭᠤᠳᠤᠯ ᠡᠮᠦᠰᠭᠦ᠂ ᠠᠮᠠᠪᠴᠢ ᠵᠡᠭᠦᠭᠦ᠂ ᠨᠢᠳᠤ ᠬᠠᠮᠠᠭᠠᠯᠠᠬᠤ ᠰᠢᠯ ᠵᠡᠭᠦᠭᠦ ᠵᠡᠷᠭᠡ ᠶᠢ ᠠᠩᠬᠠᠷᠬᠤ ᠭᠡᠷᠡᠭᠳᠡᠢ᠃ ᠠᠯᠠᠵᠤ ᠪᠠᠷᠬᠠᠰᠠᠨ ᠤ ᠰᠡᠭᠦᠯᠡᠷ ᠬᠠᠯᠳᠠᠪᠤᠷᠢᠳᠤ ᠭᠡᠮ ᠭᠢᠵᠢᠭ ᠲᠠᠢ ᠠᠮᠢᠳᠡᠨ ᠲᠠᠢ ᠤᠶᠢᠷᠠᠳᠤᠠᠠᠰᠠᠨ ᠭᠦᠮᠦᠰ ᠢᠯᠵᠠᠷᠠᠯ ᠤᠨ ᠪᠤᠰᠤ ᠠᠷᠢᠭᠤᠳᠬᠠᠯ ᠡᠮ ᠳᠤ ᠭᠠᠷ ᠢᠶᠠᠨ ᠲᠠᠪᠳᠦᠭᠡᠵᠤ᠂ ᠲᠠᠷᠠᠭ᠎ᠠ ᠪᠠᠷ ᠨᠢ ᠰᠠᠪᠤᠩ ᠲᠠᠢ ᠤᠰᠤ ᠪᠠᠷ ᠭᠡᠳᠦᠨᠳᠡ ᠤᠭᠢᠶᠠᠵᠤ᠂ ᠨᠦᠭᠦᠴᠡᠯ ᠪᠤᠯᠤᠯᠴᠠᠭ᠎ᠠ ᠲᠠᠢ ᠪᠤᠯ ᠪᠡᠶ᠎ᠠ ᠪᠠᠨ ᠤᠭᠢᠶᠠᠪᠠᠯ ᠬᠠᠮᠤᠭ ᠤᠨ ᠰᠠᠶᠢᠨ ᠪᠠᠶᠢᠳᠠᠭ᠃ ᠰᠠᠷᠭᠡᠶᠢᠯᠡᠯᠳᠡ ᠬᠠᠮᠠᠭᠠᠯᠠᠯᠳᠡ ᠶᠢᠨ ᠬᠤᠪᠴᠠᠰᠤ᠂ ᠠᠮᠠᠪᠴᠢ᠂ ᠪᠡᠭᠡᠯᠡᠢ᠂ ᠨᠢᠳᠤᠨ ᠰᠢᠯ᠂ ᠭᠤᠳᠤᠯ᠂ ᠪᠦᠢᠳᠤᠭ ᠵᠡᠷᠭᠡ ᠶᠠᠭᠤᠮ᠎ᠠ ᠪᠠᠨ ᠲᠤᠠᠠᠳᠠᠭᠠᠠᠠᠰᠠᠨ ᠭᠠᠵᠠᠷ ᠲᠤ ᠠᠷᠢᠭᠤᠳᠬᠠᠬᠤ ᠪᠤᠶᠤ ᠰᠢᠳᠠᠭᠠᠵᠤ᠂ ᠭᠢᠵᠢᠭ ᠲᠡᠯᠭᠡᠷᠡᠭᠦ ᠠᠴᠠ ᠰᠡᠷᠭᠡᠶᠢᠯᠡᠭᠦ ᠭᠡᠷᠡᠭᠳᠡᠢ᠃

       8. ᠠᠮᠢᠳᠠᠨ ᠤ ᠭᠦᠨᠳᠤ ᠶᠡᠭᠡ ᠭᠢᠵᠢᠭ ᠨᠢ ᠶᠠᠮᠠᠷ ᠭᠡᠪᠴᠢᠶᠠᠨ ᠲᠤᠳᠤᠷ᠎ᠡ ᠭᠦᠨᠦᠭᠡᠯ ᠦᠭᠡᠢ ᠪᠠᠷ ᠰᠢᠢᠳᠪᠤᠷᠢᠯᠡᠭᠦ ᠳᠤ ᠲᠤᠭᠢᠷᠠᠬᠤ ᠪᠤᠢ︖ ᠶᠠᠮᠠᠷ ᠠᠷᠭ᠎ᠠ ᠭᠡᠮᠵᠢᠶ᠎ᠠ ᠠᠪᠬᠤ ᠪᠤᠢ︖

       ᠭᠡᠮ ᠭᠢᠵᠢᠭ ᠢᠶᠠᠷ ᠦᠭᠦᠭᠰᠡᠨ ᠪᠤᠶᠤ ᠠᠯᠠᠵᠤ ᠨᠢᠳᠤᠯᠤᠠᠠᠰᠠᠨ ᠠᠮᠢᠳᠡᠨ ᠪᠦᠭᠦᠨ ᠤ ᠦᠭᠦᠳᠡᠯ ᠵᠢᠴᠢ ᠠᠰᠢᠭ ᠰᠢᠮ᠎ᠠ᠂ ᠢᠯᠭᠠᠳᠠᠰᠤ᠂ ᠪᠤᠭᠢᠷᠳᠤᠠᠠᠰᠠᠨ ᠪᠠ ᠪᠤᠭᠢᠷᠳᠤᠵᠤ ᠮᠡᠳᠡᠭᠦ ᠬᠡᠪᠳᠡᠰᠢ ᠮᠠᠲ᠋ᠧᠷᠢᠶᠠᠯ᠂ ᠲᠠᠵᠢᠭᠡᠯ ᠪᠤᠷᠳᠤᠭ᠎ᠠ ᠪᠤᠯᠤᠨ ᠪᠤᠰᠤᠳ ᠵᠦᠢᠯᠡᠰ ᠢ ᠡᠷᠭᠡᠪᠰᠢ ᠬᠤᠤᠷ ᠭᠦᠨᠦᠭᠡᠯ ᠦᠭᠡᠢ ᠪᠠᠷ ᠴᠢᠩᠭ᠎ᠠ ᠰᠢᠢᠳᠪᠤᠷᠢᠯᠡᠭᠦ ᠭᠡᠷᠡᠭᠳᠡᠢ᠃ ᠦᠷᠭᠦᠯᠵᠢ ᠭᠡᠷᠡᠭᠯᠡᠳᠡᠭ ᠠᠷᠭ᠎ᠠ ᠭᠡᠪᠡᠯ᠄

       ︵1︶ ᠪᠤᠯᠠᠬᠤ᠄ ᠡᠨᠡ ᠠᠷᠭ᠎ᠠ ᠲᠦᠭᠦᠮ ᠲᠦᠳᠡ᠂ ᠨᠡᠯᠢᠶᠡᠳ ᠦᠷᠭᠡᠨ ᠭᠡᠷᠡᠭᠯᠡᠭᠳᠡᠳᠡᠭ᠃ ᠭᠡᠪᠡᠴᠤ ᠪᠤᠯᠠᠬᠤ ᠳᠠᠭᠠᠨ ᠡᠷᠭᠡᠪᠰᠢ ᠲᠤᠤᠷᠠᠭᠢ ᠭᠡᠳᠦᠨ ᠵᠦᠢᠯ ᠢ ᠠᠩᠬᠠᠷᠬᠤ ᠭᠡᠷᠡᠭᠳᠡᠢ᠃ ᠪᠤᠯᠬᠠᠤ ᠭᠠᠵᠷ ᠢ ᠰᠤᠩᠭᠤᠬᠤ ᠳᠠᠭᠠᠨ ᠰᠠᠭᠤᠭᠠᠯᠢ ᠠᠷᠠᠳ ᠤᠨ ᠴᠡᠭ᠂ ᠬᠤᠳᠳᠤᠭ ᠤᠰᠤ᠂ ᠵᠠᠮ ᠵᠦᠷᠢᠭ᠂ ᠪᠡᠯᠴᠢᠭᠡᠷ ᠵᠢᠴᠢ ᠭᠤᠤᠯ
ᠭᠤᠷᠤᠬ᠎ᠠ ᠠᠴᠠ ᠨᠡᠯᠢᠶᠡᠳ ᠵᠠᠶᠢᠳᠠᠭᠤ ᠪᠤᠶᠢᠳᠡ ᠪᠦᠭᠯᠡᠭᠦᠤ ᠦᠨᠳᠤᠷ ᠬᠠᠭᠤᠷᠠᠢ ᠭᠠᠵᠠᠷ ᠢ ᠰᠤᠩᠭᠤᠨ᠎ᠠ᠃ ᠨᠦᠭᠡᠨ ᠤ ᠶᠡᠭᠡ ᠪᠠᠭ᠎ᠠ ᠶᠢ ᠪᠤᠯᠠᠬᠤ ᠦᠭᠦᠳᠡᠯ ᠢ ᠦᠨᠳᠤᠰᠦᠯᠡᠨ ᠲᠤᠠᠠᠳᠠᠭᠠᠪᠠᠯ ᠲᠤᠭᠢᠷᠠᠮᠵᠢᠳᠡᠢ ᠪᠦᠭᠡᠳ ᠪᠤᠭᠢᠷᠳᠤᠠᠠᠰᠠᠨ ᠭᠦᠷᠤᠰᠤ ᠰᠢᠷᠤᠢ᠂ ᠦᠭᠦᠳᠡᠯ ᠢ ᠪᠤᠭᠤᠠᠠᠰᠠᠨ ᠲᠡᠭᠡᠰᠤ ᠵᠡᠷᠭᠡ ᠡᠳ᠋ᠯᠡᠯ ᠢ ᠴᠤᠭ ᠲᠤᠨᠢ ᠪᠤᠯᠠᠵᠤ᠂ ᠪᠤᠯᠠᠬᠤ ᠭᠦᠨᠴᠡ ᠶᠢ ᠪᠤᠯᠬᠠᠰᠠᠨ ᠦᠭᠦᠳᠡᠯ ᠤᠨ ᠲᠡᠭᠡᠳᠤ ᠭᠡᠰᠡᠭ ᠨᠢ ᠭᠠᠵᠠᠷ ᠤᠨ ᠭᠠᠳᠠᠷᠭᠤ ᠠᠴᠠ
1.5m ᠲᠤᠭᠤᠠᠠᠰᠢ ᠭᠦᠨ ᠪᠠᠶᠢᠬᠤ ᠶᠢ ᠪᠠᠳᠤᠯᠠᠨ᠎ᠠ᠃ ᠪᠤᠯᠠᠬᠤ ᠠᠴᠠ ᠪᠠᠨ ᠡᠮᠦᠨ᠎ᠠ ᠪᠤᠯᠠᠬᠤ ᠶᠠᠭᠤᠮ᠎ᠠ ᠪᠠᠨ ᠭᠠᠯᠳᠠᠨ ᠰᠢᠳᠠᠭᠠᠨ᠎ᠠ᠃ ᠪᠤᠯᠠᠬᠤ ᠨᠦᠭᠡᠨ ᠤ ᠪᠠᠨ ᠢᠷᠤᠭᠠᠷ ᠲᠤ 2cm ᠵᠤᠵᠠᠭᠠᠨ ᠲᠦᠭᠦᠭᠡᠢ ᠴᠤᠬᠤᠢ ᠲᠠᠪᠢᠰᠴᠤ᠂ ᠰᠢᠳᠠᠭᠠᠠᠠᠰᠠᠨ ᠤ ᠰᠡᠭᠦᠯᠡᠷ ᠠᠮᠢᠳᠡᠨ ᠤ ᠦᠭᠦᠳᠡᠯ ᠲᠡᠭᠡᠭᠦᠷ ᠲᠠᠭᠢᠨᠳᠡ 2cm ᠲᠦᠭᠦᠭᠡᠢ ᠴᠤᠬᠤᠢ ᠰᠠᠴᠤᠵᠤ᠂ ᠪᠤᠯᠠᠰᠢ ᠶᠢᠨ ᠲᠡᠭᠡᠷᠡᠭᠢ ᠶᠢ ᠪᠦᠳᠦᠮᠵᠢᠳᠡᠢ ᠠᠷᠢᠭᠤᠳᠬᠠᠯ ᠤᠨ ᠡᠮ ᠢᠶᠠᠷ ᠰᠠᠶᠢᠳᠤᠷ ᠠᠷᠢᠭᠤᠳᠬᠠᠵᠤ᠂ ᠪᠤᠯᠠᠰᠢ ᠪᠠᠨ ᠭᠠᠵᠠᠷ ᠲᠠᠢ ᠲᠡᠭᠰᠢᠭᠡᠨ ᠪᠠᠶᠢᠭᠤᠯᠵᠤ᠂ ᠭᠡᠳᠦᠷᠭᠡᠢ ᠨᠢᠠᠠᠳᠠ ᠲᠠᠷᠤᠬᠤ ᠭᠡᠷᠡᠭ ᠦᠭᠡᠢ᠂ ᠪᠤᠯᠠᠰᠢ ᠶᠢᠨ ᠤᠷᠤᠨ ᠳᠤ ᠢᠯᠡᠷᠭᠡᠢ ᠲᠡᠮᠳᠡᠭ ᠪᠤᠰᠬᠠᠪᠠᠯ ᠰᠠᠶᠢᠨ ᠶᠤᠮ᠃

       ︵2︶ ᠰᠢᠳᠠᠭᠠᠬᠤ᠄ ᠡᠨᠡ ᠪᠤᠯ ᠨᠢᠭᠡᠨ ᠲᠤᠤᠱᠳᠠᠢ ᠬᠤᠤᠷ ᠭᠦᠨᠦᠭᠡᠯ ᠦᠭᠡᠢ ᠰᠢᠢᠳᠪᠤᠷᠢᠯᠡᠭᠦ ᠠᠷᠭ᠎ᠠ ᠪᠤᠯᠤᠨ᠎ᠠ᠃ ᠭᠡᠭᠦ ᠳᠡᠭᠡᠨ ᠬᠤᠷᠤᠠᠠᠳᠠᠭᠤᠯᠤᠯ ᠶᠡᠭᠡᠳᠡᠢ ᠪᠠᠶᠢᠳᠠᠭ ᠲᠤᠯᠠ ᠶᠡᠷᠦᠩᠭᠡᠢ ᠳᠡᠭᠡᠨ ᠪᠤᠭᠤᠮ᠎ᠠ᠂ ᠭᠡᠢ ᠬᠠᠪᠤᠳᠠᠷ ᠵᠡᠷᠭᠡ ᠭᠡᠮ ᠲᠠᠢ ᠮᠠᠯ ᠤᠨ ᠦᠭᠦᠳᠡᠯ ᠢ ᠰᠢᠢᠳᠪᠤᠷᠢᠯᠡᠭᠦ ᠳᠤ ᠭᠡᠷᠡᠭᠯᠡᠳᠡᠭ᠃ ᠭᠢᠵᠢᠭᠳᠦ ᠤᠷᠤᠨ ᠤ ᠤᠷᠴᠢᠨ ᠲᠤᠭᠤᠷᠢᠨ ᠳᠤ ᠲᠤᠮᠤ ᠭᠡᠯᠪᠡᠷᠢ ᠶᠢᠨ ᠦᠭᠦᠳᠡᠯ ᠰᠢᠳᠠᠭᠠᠬᠤ ᠵᠤᠤᠬ᠎ᠠ ᠪᠠᠶᠢᠪᠠᠯ ᠰᠢᠳᠠᠭᠠᠬᠤ ᠠᠷᠭ᠎ᠠ ᠶᠢ ᠭᠡᠷᠡᠭᠯᠡᠵᠤ ᠪᠤᠯᠤᠨ᠎ᠠ᠃ ᠰᠢᠳᠠᠭᠠᠬᠤ ᠳᠠᠭᠠᠨ ᠤᠷᠴᠢᠨ ᠲᠤᠭᠤᠷᠢᠨ ᠤ ᠱᠠᠭᠠᠷᠳᠠᠯᠭ᠎ᠠ ᠳᠤ ᠨᠡᠶᠢᠴᠡᠭᠦᠯᠵᠤ᠂ ᠰᠢᠢᠳᠪᠤᠷᠢᠯᠡᠭᠦ ᠦᠭᠦᠳᠡᠯ ᠪᠠ ᠪᠤᠭᠢᠷᠳᠤᠯ ᠡᠳ᠋ ᠢᠶᠠᠷ ᠪᠠᠭ᠎ᠠ ᠪᠤᠯ 2m ᠭᠦᠨ ᠨᠦᠭᠡ ᠮᠠᠯᠳᠠᠵᠤ᠂ ᠲᠤᠰᠤ ᠴᠢᠳᠬᠤᠨ ᠰᠢᠳᠠᠭᠠᠵᠤ ᠪᠤᠯᠤᠨ᠎ᠠ᠃ ᠰᠢᠳᠠᠭᠠᠬᠤ ᠨᠦᠭᠡ ᠨᠢ ᠲᠤᠨᠤᠯᠵᠢᠨ ᠨᠦᠭᠡ᠂ ᠲᠡᠩ ᠨᠦᠭᠡ᠂ ᠲᠠᠪᠬᠤᠷ ᠨᠦᠭᠡ ᠭᠡᠵᠤ ᠪᠠᠶᠢᠳᠠᠭ᠃ ᠲᠤᠨᠤᠯᠵᠢᠨ ᠨᠦᠭᠡ ᠭᠡᠳᠡᠭ ᠪᠤᠯ ᠲᠤᠨᠤᠯᠵᠢᠨ ᠭᠡᠯᠪᠡᠷᠢ ᠪᠠᠷ ᠬᠤᠶᠠᠷ ᠰᠤᠪᠠᠭ ᠮᠠᠯᠳᠠᠵᠤ᠂ ᠰᠤᠪᠠᠭ ᠤᠨ ᠤᠷᠳᠤ ᠶᠢ 2.6m᠂ ᠦᠷᠭᠡᠨ ᠢ ᠨᠢ 0.6m᠂ ᠭᠦᠨᠴᠡ ᠶᠢ 0.5m ᠪᠠᠶᠢᠯᠭᠠᠵᠤ᠂ ᠬᠤᠶᠠᠷ ᠰᠤᠪᠠᠭ ᠰᠤᠯᠪᠢᠴᠠᠯ ᠤᠨ ᠭᠠᠵᠠᠷ ᠤᠨ ᠨᠦᠭᠡᠨ ᠤ ᠢᠷᠤᠭᠠᠷ ᠲᠤ ᠬᠠᠭᠤᠷᠠᠢ ᠡᠪᠡᠰᠤ ᠮᠤᠳᠤ ᠤᠪᠤᠭᠠᠯᠠᠵᠤ᠂ ᠰᠤᠪᠠᠭ ᠢᠶᠠᠨ ᠲᠠᠭᠠᠭᠤᠯᠤᠨ ᠭᠡᠳᠦᠨ ᠨᠦᠢᠳᠠᠨ ᠪᠦᠳᠦᠭᠦᠨ ᠮᠤᠳᠤ ᠭᠦᠨᠳᠡᠯᠢᠰᠭᠡᠨ ᠲᠠᠮᠵᠢᠵᠤ᠂ ᠦᠭᠦᠳᠡᠯ ᠢ ᠲᠡᠭᠡᠷ᠎ᠡ ᠨᠢ ᠲᠠᠯᠪᠢᠨ ᠦᠭᠦᠳᠡᠯ ᠤᠨ ᠲᠠᠯ᠎ᠠ ᠵᠠᠬ᠎ᠠ ᠪᠠ ᠲᠡᠭᠡᠷ᠎ᠡ ᠨᠢ ᠮᠤᠳᠤ ᠬᠠᠶᠠᠵᠤ᠂ ᠲᠠᠷᠠᠭ᠎ᠠ ᠪᠠᠷ ᠨᠢ ᠮᠤᠳᠤ ᠲᠦᠯᠡᠭᠡᠨ ᠲᠡᠭᠡᠷ᠎ᠡ ᠪᠠᠨ ᠨᠡᠭᠦᠷᠡᠰᠤᠨ ᠲᠤᠰᠤ ᠴᠢᠳᠬᠤᠨ᠂ ᠲᠡᠭᠡᠭᠦᠷ ᠨᠢ ᠸᠠᠭᠠᠷ ᠲᠤᠭᠤᠰᠬ᠎ᠠ ᠪᠤᠶᠤ ᠲᠠᠮᠤᠷ ᠬᠠᠪᠳᠠᠰᠤ ᠪᠠᠷ ᠲᠠᠷᠤᠵᠤ᠂ ᠲᠤᠤᠷ᠎ᠠ ᠲᠠᠯ᠎ᠠ ᠠᠴᠠ ᠨᠢ ᠭᠠᠯ ᠢᠶᠠᠷ ᠭᠦᠭᠵᠢᠭᠡᠵᠤ᠂ ᠦᠭᠦᠳᠡᠯ ᠢ ᠦᠨᠡᠰᠤ ᠪᠤᠯᠳᠠᠯ᠎ᠠ ᠨᠢ ᠰᠢᠳᠠᠭᠠᠬᠤ ᠶᠢᠨ ᠲᠠᠭᠠᠤ ᠨᠦᠭᠡᠨ ᠳᠡᠭᠡᠨ ᠪᠤᠯᠠᠵᠤ ᠬᠠᠶᠠᠨ᠎ᠠ᠃ ᠲᠠᠩ ᠨᠦᠭᠡ ᠭᠡᠳᠡᠭ ᠨᠢ ᠤᠷᠳᠤ ᠪᠠᠷ ᠢᠶᠠᠨ 2.5m᠂ ᠦᠷᠭᠡᠨ ᠢᠶᠠᠷ ᠢᠶᠠᠨ 1.5m᠂ ᠭᠦᠨ ᠢᠶᠠᠷ ᠢᠶᠠᠨ 0.7m ᠨᠦᠭᠡ ᠮᠠᠯᠳᠠᠵᠤ᠂ ᠮᠠᠯᠳᠠᠵᠤ ᠭᠠᠷᠭᠠᠠᠠᠰᠠᠨ ᠰᠢᠷᠤᠢ ᠪᠠᠨ ᠨᠦᠭᠡᠨ ᠤ ᠪᠠᠨ ᠬᠤᠶᠠᠷ ᠬᠠᠵᠠᠭᠤ ᠪᠠᠷ ᠤᠪᠤᠭᠠᠯᠠᠵᠤ᠂ ᠨᠦᠭᠡᠨ ᠳᠡᠭᠡᠨ ᠮᠤᠳᠤ ᠲᠦᠯᠡᠭᠡ ᠲᠦᠭᠦᠷᠳᠡᠯ᠎ᠠ ᠭᠢᠵᠤ᠂ ᠨᠦᠭᠡᠨ ᠲᠡᠭᠡᠷ᠎ᠡ ᠪᠠᠨ ᠭᠡᠳᠦᠨ ᠪᠦᠳᠦᠭᠦᠨ ᠨᠦᠢᠳᠡᠨ ᠮᠤᠳᠤ ᠭᠦᠨᠳᠡᠯᠡᠨ ᠲᠠᠯᠪᠢᠨ᠂ ᠦᠭᠦᠳᠡᠯ ᠢ ᠲᠡᠭᠦᠨ ᠲᠡᠭᠡᠷ᠎ᠡ ᠲᠠᠯᠪᠢᠵᠤ᠂ ᠲᠡᠭᠡᠷ᠎ᠡ ᠲᠤᠷᠠᠳᠤᠠᠠᠰᠠᠨ ᠠᠷᠭ᠎ᠠ ᠪᠠᠷ ᠰᠢᠢᠳᠪᠤᠷᠢᠯᠡᠨ᠎ᠡ᠃ ᠲᠠᠪᠬᠤᠷ ᠨᠦᠭᠡ ᠭᠡᠳᠡᠭ ᠨᠢ ᠤᠷᠢᠳ ᠢᠶᠠᠷ ᠨᠢᠭᠡᠨ 2m ᠤᠷᠳᠤ᠂ ᠦᠷᠭᠡᠨ ᠨᠢ 0.75m ᠭᠦᠨ ᠭᠤᠤ ᠮᠠᠯᠳᠠᠵᠤ᠂ ᠭᠤᠤ ᠶᠢᠨ ᠢᠶᠠᠨ ᠢᠷᠤᠭᠠᠷ ᠲᠤ ᠲᠠᠭᠢᠨ 2m ᠤᠷᠳᠤ᠂ 1m ᠦᠷᠭᠡᠨ᠂ 0.75m ᠭᠦᠨ ᠵᠢᠵᠢᠭ ᠭᠤᠤ ᠮᠠᠯᠳᠠᠵᠤ᠂ ᠵᠢᠵᠢᠭ ᠭᠤᠤ ᠶᠢᠨ ᠢᠶᠠᠨ ᠢᠷᠤᠭᠠᠷ ᠲᠤ ᠬᠠᠭᠤᠷᠠᠢ ᠡᠪᠡᠰᠤ ᠮᠤᠳᠤ ᠦᠷᠦᠵᠤ᠂ ᠬᠤᠶᠠᠷ ᠦᠵᠦᠭᠦᠷ ᠲᠠᠯ᠎ᠠ ᠳᠤᠨᠢ ᠲᠤᠰᠪᠤᠷᠢ 20cm ᠰᠦᠪᠡ ᠦᠯᠡᠳᠡᠭᠡᠵᠤ᠂ ᠭᠡᠢ ᠠᠭᠠᠷ ᠤᠷᠤᠬᠤ ᠳᠤ ᠲᠦᠭᠦᠮ ᠪᠤᠯᠭᠠᠨ᠎ᠠ᠃ ᠵᠢᠵᠢᠭ ᠭᠤᠤ ᠶᠢᠨ ᠢᠶᠠᠨ ᠢᠷᠮᠡᠭ ᠲᠡᠭᠡᠷ᠎ᠡ ᠭᠡᠳᠦᠨ ᠪᠦᠳᠦᠭᠦᠨ ᠨᠦᠢᠳᠡᠨ ᠮᠤᠳᠤ ᠭᠦᠨᠳᠡᠯᠡᠨ ᠲᠠᠯᠪᠢᠵᠤ᠂ ᠦᠭᠦᠳᠡᠯ ᠢᠶᠠᠨ ᠲᠡᠭᠦᠨ ᠲᠡᠭᠡᠷ᠎ᠡ ᠲᠠᠯᠪᠢᠨ᠂ ᠰᠡᠭᠦᠯ ᠤᠨ ᠰᠢᠢᠳᠪᠤᠷᠢᠯᠡᠯᠳᠡ ᠶᠢ ᠲᠡᠭᠡᠷ᠎ᠡ ᠲᠤᠷᠠᠳᠤᠠᠠᠰᠠᠨ ᠠᠷᠭ᠎ᠠ ᠪᠠᠷ ᠭᠦᠢᠴᠡᠳᠭᠡᠨ᠎ᠡ᠃

        ︵3︶ ᠬᠠᠶᠢᠯᠤᠭᠤᠯᠬᠤ᠄ ᠡᠨᠡ ᠪᠤᠯ ᠦᠭᠦᠳᠡᠯ ᠢ ᠰᠢᠢᠳᠪᠤᠷᠢᠯᠡᠭᠦ ᠮᠠᠰᠢ ᠰᠠᠶᠢᠨ ᠠᠷᠭ᠎ᠠ ᠪᠤᠯᠤᠨ᠎ᠠ᠃ ᠲᠤᠰ ᠠᠷᠭ᠎ᠠ ᠶᠢ ᠬᠠᠶᠢᠯᠤᠭᠤᠯᠭ᠎ᠠ ᠶᠢᠨ ᠦᠢᠯᠡᠳᠪᠤᠷᠢ ᠳᠤ ᠭᠡᠷᠡᠭᠯᠡᠨ᠎ᠠ᠃ ᠦᠢᠯᠡᠳᠪᠤᠷᠢ ᠪᠠᠶᠢᠭᠤᠯᠬᠤ ᠵᠠᠷᠴᠢᠮ ᠪᠡ ᠱᠠᠭᠠᠷᠳᠠᠯᠭ᠎ᠠ ᠪᠤᠯ ᠭᠢᠵᠤ ᠭᠠᠷᠭᠠᠠᠠᠰᠠᠨ ᠦᠢᠯᠡᠳᠭᠦᠨ ᠨᠢ ᠡᠪᠡᠳᠴᠢᠨ ᠤ ᠭᠤᠯᠤᠮᠳᠡ ᠪᠠᠺᠲ᠋ᠧᠷᠢ ᠦᠭᠡᠢ ᠪᠠᠶᠢᠬᠤ︔ ᠬᠠᠶᠢᠯᠤᠭᠤᠯᠬᠤ ᠦᠢᠯᠡᠳᠪᠤᠷᠢ ᠶᠢᠨ ᠠᠵᠢᠯᠳᠠᠨ ᠠᠵᠢᠯᠴᠢᠳ ᠲᠤ ᠦᠢᠯᠡᠳᠪᠤᠷᠢ ᠶᠢᠨ ᠲᠤᠳᠤᠷ᠎ᠠ ᠬᠢᠵᠢᠭ ᠭᠡᠮ ᠬᠠᠯᠳᠠᠪᠤᠷᠢᠯᠠᠬᠤ ᠠᠶᠤᠯ ᠦᠭᠡᠢ ᠪᠠᠶᠢᠬᠤ︔ ᠬᠠᠶᠢᠯᠤᠭᠤᠯᠬᠤ ᠦᠢᠯᠡᠳᠪᠤᠷᠢ ᠨᠢ ᠬᠠᠯᠳᠠᠪᠤᠷᠢᠯᠠᠯ ᠤᠨ ᠢᠷᠡᠯᠳᠡ ᠪᠤᠯᠬᠤ ᠦᠭᠡᠢ ᠪᠠᠶᠢᠬᠤ︔ ᠦᠭᠦᠳᠡᠯ ᠢ ᠠᠯᠢ ᠵᠤᠭᠢᠰᠳᠡᠢ ᠪᠠᠷ ᠪᠤᠯᠪᠠᠰᠤᠷᠠᠭᠤᠯᠤᠨ ᠠᠰᠢᠠᠠᠯᠬᠠᠰᠠᠨ ᠪᠠᠶᠢᠬᠤ︔ ᠬᠠᠶᠢᠯᠤᠭᠤᠯᠬᠤ ᠦᠢᠯᠡᠳᠪᠤᠷᠢ ᠶᠢᠨ ᠤᠷᠴᠢᠨ ᠲᠤᠭᠤᠷᠢᠨ ᠨᠢ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ ᠬᠠᠶᠢᠯᠤᠭᠤᠯᠤᠨ ᠦᠢᠯᠡᠳᠭᠦ ᠳᠤ ᠲᠤᠠᠠᠰᠢᠨ ᠬᠠᠯᠳᠠᠪᠤᠷᠢᠳᠤ ᠭᠡᠮ ᠵᠢᠱᠢᠶᠡᠯᠡᠪᠡᠯ ᠪᠤᠭᠤᠮ᠎ᠠ᠂ ᠶᠠᠮ᠎ᠠ᠂ ᠤᠰᠤᠨ ᠬᠠᠪᠤᠩ᠂ ᠬᠤᠨᠢᠨ ᠤ ᠲᠦᠷᠭᠡᠨ ᠭᠢᠵᠢᠭ ᠵᠡᠷᠭᠡ ᠶᠢ ᠦᠨᠳᠤᠷ ᠲᠠᠷᠤᠯᠳᠠ ᠪᠠᠷ ᠪᠠᠺᠲ᠋ᠧᠷᠢ ᠶᠢ ᠨᠢ ᠤᠰᠠᠳᠬᠠᠵᠤ᠂ ᠡᠩ ᠤᠨ ᠬᠠᠯᠳᠠᠪᠤᠷᠢᠳᠤ ᠬᠢᠵᠢᠭ ᠢ ᠪᠤᠯ ᠤᠷᠢᠳ ᠢᠶᠠᠷ 4~5kg ᠭᠡᠰᠡᠭᠯᠡᠨ ᠭᠡᠷᠴᠢᠭᠡᠳ ᠲᠠᠷᠠᠭ᠎ᠠ ᠪᠠᠷ ᠨᠢ 2~3 ᠴᠠᠭ ᠪᠤᠴᠠᠯᠭᠠᠨ ᠴᠢᠨᠠᠵᠤ ᠪᠤᠯᠤᠨ᠎ᠠ᠃

        ︵4︶ ᠢᠰᠭᠡᠭᠦ᠄ ᠲᠡᠵᠢᠭᠡᠯ ᠪᠤᠷᠳᠤᠭ᠎ᠠ᠂ ᠢᠯᠭᠠᠳᠠᠰᠤ ᠶᠢ ᠲᠤᠠᠠᠳ᠋ᠬᠠᠰᠠᠨ ᠭᠠᠵᠠᠷ ᠲᠠᠯᠠᠪᠤᠷ ᠲᠤ ᠤᠪᠤᠭᠠᠯᠠᠵᠤ ᠨᠢᠠᠠᠳᠠ ᠪᠢᠳᠡᠭᠦᠮᠵᠢᠯᠡᠨ ᠢᠰᠭᠡᠵᠤ ᠪᠤᠯᠤᠨ᠎ᠠ᠃ ᠢᠰᠭᠡᠭᠦ ᠴᠠᠭ ᠢ ᠵᠤᠨ ᠪᠤᠯ 2 ᠰᠠᠷ᠎ᠠ᠂ ᠡᠪᠤᠯ ᠪᠤᠯ 3 ᠰᠠᠷ᠎ᠠ ᠠᠴᠠ ᠲᠤᠳᠠᠭᠤ ᠪᠠᠶᠢᠯᠭᠠᠵᠤ ᠪᠤᠯᠬᠤ ᠦᠭᠡᠢ᠃

       ᠮᠠᠯ ᠤᠨ ᠦᠭᠦᠳᠡᠯ ᠢ ᠲᠡᠭᠡᠭᠡᠵᠤ ᠵᠦᠭᠡᠭᠡᠪᠤᠷᠢᠯᠡᠭᠦ ᠳᠤ ᠤᠨᠴᠠᠭᠠᠢ ᠲᠡᠭᠡᠭᠡᠪᠤᠷᠢ ᠶᠢᠨ ᠲᠡᠷᠭᠡ ᠭᠡᠷᠡᠭᠯᠡᠵᠤ᠂ ᠤᠰᠤ ᠴᠢᠰᠤ ᠭᠤᠭᠤᠵᠢᠬᠤ ᠠᠴᠠ ᠰᠡᠷᠭᠡᠶᠢᠯᠡᠭᠦ ᠭᠡᠷᠡᠭᠳᠡᠢ᠃ ᠲᠠᠷᠭᠡᠨ ᠳᠤ ᠲᠡᠭᠡᠭᠡᠭᠦ ᠠᠴᠠ ᠪᠠᠨ ᠡᠮᠦᠨ᠎ᠠ ᠦᠭᠦᠳᠡᠯ ᠤᠨ ᠡᠯ᠎ᠡ ᠰᠦᠪᠡ ᠶᠢ ᠨᠢ ᠠᠷᠢᠭᠤᠳᠬᠠᠯ ᠤᠨ ᠡᠮ ᠳᠤ ᠲᠠᠪᠳᠦᠭᠡᠭᠰᠡᠨ ᠱᠠ ᠪᠦᠰ᠂ ᠭᠦᠪᠤᠩ ᠢᠶᠠᠷ ᠰᠠᠶᠢᠳᠤᠷ ᠪᠦᠭᠯᠡᠵᠤ᠂ ᠢᠯᠭᠠᠳᠠᠰᠤ᠂ ᠱᠦᠭᠦᠷᠡᠯ ᠡᠳ᠋ ᠪᠡ ᠴᠢᠰᠤ ᠨᠦᠵᠢ ᠵᠡᠷᠭᠡ ᠪᠤᠭᠢᠷᠳᠤᠯ ᠶᠠᠭᠤᠮ᠎ᠠ ᠭᠤᠭᠤᠵᠢᠵᠤ ᠤᠷᠴᠢᠨ ᠲᠤᠭᠤᠷᠢᠨ ᠢ ᠪᠤᠭᠢᠷᠳᠤᠭᠤᠯᠬᠤ ᠠᠴᠠ ᠰᠡᠷᠭᠡᠶᠢᠯᠡᠭᠦ ᠭᠡᠷᠡᠭᠳᠡᠢ᠃ ᠦᠭᠦᠳᠡᠯ ᠬᠠᠶ᠋ᠬᠠᠰᠠᠨ ᠭᠠᠵᠠᠷ ᠤᠨ ᠭᠦᠷᠦᠰᠤ ᠰᠢᠷᠤᠢ ᠶᠢ ᠬᠤᠰᠤᠨ ᠴᠡᠪᠡᠷᠯᠡᠵᠤ᠂ ᠦᠭᠦᠳᠡᠯ ᠲᠠᠢ ᠨᠢ ᠴᠤᠭ ᠲᠡᠭᠡᠭᠡᠵᠤ ᠶᠠᠪᠤᠬᠤ ᠶᠢᠨ ᠬᠠᠮᠳᠤ ᠠᠷᠢᠭᠤᠳᠬᠠᠯ ᠤᠨ ᠡᠮ ᠰᠠᠴᠤᠵᠤ ᠠᠷᠢᠭᠤᠳᠬᠠᠨ᠎ᠠ᠃ ᠲᠠᠷᠭᠡᠨ ᠤ ᠤᠡᠭᠭᠤᠴᠠ ᠳᠠᠭᠠᠨ ᠨᠢᠭᠡ ᠲᠠᠪᠬᠤᠷ ᠴᠤᠬᠤᠢ ᠲᠠᠪᠢᠰᠴᠤ᠂ ᠦᠭᠦᠳᠡᠯ ᠲᠡᠭᠡᠭᠡᠪᠤᠷᠢᠯᠡᠭᠦ ᠳᠤ ᠭᠡᠷᠡᠭᠯᠡᠭᠰᠡᠨ ᠪᠠᠭᠠᠵᠢ ᠭᠡᠷᠡᠭᠰᠡᠯ᠂ ᠲᠠᠷᠭᠡ ᠭᠦᠰᠭᠡ ᠶᠢ ᠴᠢᠩᠭ᠎ᠠ ᠠᠷᠢᠭᠤᠳᠬᠠᠵᠤ᠂ ᠠᠵᠢᠯᠳᠡᠳ ᠨᠢ ᠪᠤᠭᠢᠷᠳᠤᠠᠠᠰᠠᠨ ᠪᠡᠭᠡᠯᠡᠢ᠂ ᠬᠤᠪᠴᠠᠰᠤ ᠬᠤᠨᠠᠷ᠂ ᠤᠰᠤᠨ ᠭᠤᠳᠤᠯ ᠵᠡᠷᠭᠡ ᠪᠠᠨ ᠰᠠᠶᠢᠳᠤᠷ ᠠᠷᠢᠭᠤᠳᠬᠠᠬᠤ ᠭᠡᠷᠡᠭᠳᠡᠢ᠃

       9. ᠠᠮᠢᠳᠠᠨ ᠤ ᠭᠦᠨᠳᠤ ᠶᠡᠭᠡ ᠬᠢᠵᠢᠭ ᠤᠨ ᠤᠷᠤᠨ ᠢ ᠶᠠᠭᠠᠬᠢᠵᠤ ᠠᠷᠢᠭᠤᠳᠬᠠᠬᠤ ᠪᠤᠢ︖ ᠶᠠᠮᠠᠷ ᠪᠤᠳᠠᠳᠠᠢ ᠠᠷᠭ᠎ᠠ ᠭᠡᠮᠵᠢᠶ᠎ᠠ ᠠᠪᠬᠤ ᠪᠤᠢ︖

       ᠠᠷᠢᠭᠤᠳᠬᠠᠬᠤ ᠭᠡᠳᠡᠭ ᠪᠤᠯ ᠹᠢᠽᠢᠤᠯᠤᠭᠢ᠂ ᠭᠢᠮᠢ ᠪᠤᠶᠤ ᠹᠢᠽᠢᠤᠯᠤᠭᠢ ᠶᠢᠨ ᠤᠬᠠᠭᠠᠨ ᠤ ᠠᠷᠭ᠎ᠠ ᠪᠠᠷ ᠤᠷᠴᠢᠨ ᠲᠤᠭᠤᠷᠢᠨ ᠳᠠᠬᠢ ᠭᠡᠮᠨᠡᠯᠳᠡ ᠡᠭᠦᠰᠭᠡᠭᠴᠢ ᠶᠢ ᠤᠰᠠᠳᠬᠠᠵᠤ ᠴᠡᠪᠡᠷᠯᠡᠭᠦ ᠮᠡᠷᠭᠡᠵᠢᠯ ᠪᠤᠶᠤ ᠠᠷᠭ᠎ᠠ ᠭᠡᠮᠵᠢᠶ᠎ᠠ ᠶᠢ ᠭᠡᠯᠡᠨ᠎ᠠ᠃ ᠵᠤᠷᠢᠯᠭ᠎ᠠ ᠨᠢ ᠪᠤᠯ ᠬᠠᠯᠳᠠᠪᠤᠷᠢᠯᠬᠠᠳᠠᠬᠤ ᠡᠭᠢ ᠰᠤᠷᠪᠤᠯᠵᠢ ᠠᠴᠠ ᠭᠠᠳᠠᠭᠠᠳᠤ ᠤᠷᠴᠢᠨ ᠠᠬᠤᠢ ᠳᠤ ᠲᠠᠷᠬᠠᠬᠤ ᠭᠡᠮᠨᠡᠯᠳᠡ ᠡᠭᠦᠰᠭᠡᠭᠴᠢ ᠶᠢ ᠤᠰᠠᠳᠬᠠᠵᠤ᠂ ᠬᠠᠯᠳᠠᠪᠤᠷᠢᠯᠠᠬᠤ ᠠᠷᠭ᠎ᠠ ᠵᠠᠮ ᠢ ᠨᠢ ᠲᠠᠰᠤᠳᠠᠵᠤ᠂ ᠠᠮᠢᠳᠡᠨ ᠤ ᠬᠠᠯᠳᠠᠪᠤᠷᠢᠳᠤ ᠭᠡᠮ ᠲᠡᠯᠭᠡᠷᠡᠭᠦ ᠶᠢ ᠬᠤᠷᠢᠠᠠᠯᠠᠬᠤ ᠶᠠᠪᠤᠳᠠᠯ ᠪᠤᠯᠤᠨ᠎ᠠ᠃ ᠠᠮᠢᠳᠡᠨ ᠤ ᠭᠦᠨᠳᠤ ᠭᠡᠴᠡᠭᠦᠤ ᠭᠢᠵᠢᠭ ᠡᠭᠦᠰᠦᠭᠰᠡᠨ ᠦᠶᠡᠰ ᠭᠢᠵᠢᠭ ᠤᠨ ᠴᠡᠭ᠂ ᠭᠢᠵᠢᠭᠳᠦ ᠤᠷᠤᠨ ᠵᠡᠷᠭᠡ ᠳᠤ ᠪᠠᠴᠢᠮ ᠭᠢᠵᠢᠭ ᠰᠡᠷᠭᠡᠶᠢᠯᠡᠭᠦ ᠠᠷᠢᠭᠤᠳᠬᠠᠯ ᠭᠢᠭᠦ ᠪᠡ ᠡᠴᠦᠰ ᠤᠨ ᠠᠷᠢᠭᠤᠳᠬᠠᠯ ᠭᠢᠵᠤ᠂ ᠰᠦᠷᠳᠡᠭᠦᠯᠦᠭᠳᠡᠵᠤ ᠪᠦᠭᠦᠢ ᠤᠷᠤᠨ ᠳᠤ ᠰᠡᠷᠭᠡᠶᠢᠯᠡᠯᠳᠡ ᠶᠢᠨ ᠠᠷᠢᠭᠤᠳᠬᠠᠯ ᠭᠢᠭᠦ ᠭᠡᠷᠡᠭᠳᠡᠢ᠃ ᠪᠤᠳᠠᠳᠠᠢ ᠠᠷᠭ᠎ᠠ ᠨᠢ ᠭᠡᠪᠡᠯ᠄

       ᠮᠠᠯ ᠤᠨ ᠬᠤᠷᠤᠭ᠎ᠠ ᠬᠠᠰᠢᠶ᠎ᠠ ᠶᠢ ᠠᠷᠢᠭᠤᠳᠬᠠᠬᠤ᠄ ᠤᠷᠢᠳ ᠢᠶᠠᠷ ᠮᠠᠯ ᠤᠨ ᠬᠤᠷᠤᠭ᠎ᠠ ᠬᠠᠰᠢᠶᠠᠨ ᠤ ᠲᠤᠳᠤᠷᠠᠭᠢ ᠪᠡ ᠤᠶᠢᠷ᠎ᠠ ᠬᠠᠪᠢ ᠶᠢᠨ ᠤᠷᠴᠢᠨ ᠲᠤᠭᠤᠷᠢᠨ ᠳᠠᠬᠢ ᠪᠠᠭᠠᠰᠤ ᠰᠢᠭᠡᠰᠤ᠂ ᠪᠤᠭᠢᠷᠳᠤᠯ ᠡᠳ᠋᠂ ᠭᠡᠪᠳᠡᠰᠢ ᠮᠠᠲ᠋ᠧᠷᠢᠶᠠᠯ᠂ ᠪᠤᠭᠢᠷᠳᠤᠠᠠᠰᠠᠨ ᠡᠳ᠋᠂ ᠭᠡᠷᠡᠭᠯᠡᠯ ᠵᠡᠷᠭᠡ ᠶᠢ ᠴᠡᠪᠡᠷᠯᠡᠵᠤ᠂ ᠪᠤᠭᠢᠷᠳᠤᠯ ᠶᠠᠭᠤᠮ᠎ᠠ ᠤᠯᠠᠨ ᠪᠠᠶᠢᠪᠠᠯ ᠤᠪᠤᠭᠠᠯᠠᠵᠤ ᠪᠠᠶᠢᠭᠠᠳ ᠢᠰᠭᠡᠨ ᠰᠢᠢᠳᠪᠤᠷᠢᠯᠡᠵᠤ᠂ ᠪᠠᠭ᠎ᠠ ᠪᠠᠶᠢᠪᠠᠯ ᠰᠢᠳᠠᠭᠠᠬᠤ ᠪᠤᠶᠤ ᠭᠦᠨ ᠪᠤᠯᠠᠬᠤ ᠭᠡᠷᠡᠭᠳᠡᠢ᠃ ᠭᠠᠵᠠᠷ ᠱᠠᠯᠠ᠂ ᠭᠡᠷᠡᠮ ᠬᠠᠨ᠎ᠠ᠂ ᠡᠭᠦᠳᠡ ᠴᠤᠩᠬᠤ᠂ ᠪᠤᠷᠳᠤᠭᠠᠨ ᠤᠡᠭᠭᠤᠴᠠ ᠵᠡᠷᠭᠡ ᠶᠢ ᠶᠠᠷᠦᠩᠭᠡᠢ ᠳᠡᠭᠡᠨ 10%~20% ᠶᠢᠨ ᠲᠦᠭᠦᠭᠡᠢ ᠴᠤᠬᠤᠢ ᠶᠢᠨ ᠴᠶᠢᠳᠠᠮ᠂ 5%~20% ᠶᠢᠨ ᠴᠠᠭᠠᠳᠠᠰᠤ ᠪᠤᠶᠤ ᠪᠤᠰᠤᠳ ᠵᠦᠢᠯ ᠤᠨ ᠾᠯᠤᠷ ᠤᠨ ᠠᠷᠢᠭᠤᠳᠬᠠᠯ ᠡᠮ ︵ᠭᠡᠷᠡᠭᠯᠡᠭᠦ ᠲᠤᠳᠤᠷᠬᠠᠶᠢᠯᠠᠯᠳᠠ ᠶᠢᠨ ᠪᠢᠴᠢᠭ ᠲᠠᠬᠢ ᠱᠠᠭᠠᠷᠳᠠᠯᠭ᠎ᠠ ᠪᠠᠷ ᠭᠡᠷᠡᠭᠯᠡᠨ᠎ᠡ︶᠂ 2%~10% ᠶᠢᠨ ᠤᠰᠤᠮᠬᠠᠳᠤ ᠨᠢᠭᠡᠳᠪᠤᠷᠢ ᠶᠢᠨ ᠨᠠᠲᠷᠢ ᠶᠢᠨ ᠰᠢᠩᠭᠡᠨ ᠡᠮ᠂ 3%~5% ᠶᠢᠨ ᠯᠠᠶᠢᠰᠤᠷ ᠤᠨ ᠰᠢᠩᠭᠡᠨ᠂ 2%~5% ᠶᠢᠨ ᠹᠤᠷᠮᠠᠯᠢᠨ ᠡᠮ ᠵᠡᠷᠭᠡ ᠪᠠᠷ ᠨᠠᠷᠢᠨ ᠠᠷᠢᠭᠤᠳᠬᠠᠬᠤ ᠪᠤᠶᠤ ᠤᠭᠢᠶᠠᠬᠤ ᠭᠡᠷᠡᠭᠳᠡᠢ᠃ 10%~20% ᠶᠢᠨ ᠲᠦᠭᠦᠭᠡᠢ ᠴᠤᠬᠤᠢ ᠶᠢᠨ ᠴᠶᠢᠳᠠᠮ ᠢᠶᠠᠷ ᠮᠠᠯ ᠤᠨ ᠬᠤᠷᠤᠭ᠎ᠠ ᠬᠠᠰᠢᠶᠠᠨ ᠤ ᠭᠡᠷᠡᠮ ᠢ ᠱᠤᠸᠠᠵᠠᠳᠠᠵᠤ᠂ ᠲᠤᠤᠱᠳᠠᠢ ᠠᠷᠢᠭᠤᠳᠬᠠᠬᠤ ᠶᠢᠨ ᠲᠤᠰᠠᠳᠠ 2 ᠴᠠᠭ ᠠᠯᠤᠰᠯᠠᠭᠠᠳ 3 ᠤᠳᠠᠭ᠎ᠠ ᠱᠤᠸᠠᠵᠠᠳᠠᠬᠤ ᠭᠡᠷᠡᠭᠳᠡᠢ᠃ ᠠᠷᠢᠭᠤᠳᠬᠠᠯ ᠤᠨ ᠡᠮ ᠤᠨ ᠭᠡᠷᠡᠭᠯᠡᠭᠦ ᠭᠡᠮᠵᠢᠶ᠎ᠠ ᠶᠢ ᠪᠤᠯ ᠶᠠᠷᠦᠩᠭᠡᠢ ᠳᠡᠭᠡᠨ ᠰᠠᠷᠠᠪᠴᠢ᠂ ᠭᠡᠷᠡᠮ ᠬᠠᠨ᠎ᠠ ᠶᠢ ᠠᠷᠢᠭᠤᠳᠬᠠᠬᠤ ᠳᠤ
1㎡ᠲᠠᠯᠠᠪᠠᠢ ᠪᠦᠷᠢ 1L ᠤᠷᠴᠢᠮ ᠪᠠᠶᠢᠯᠭᠠᠵᠤ᠂ ᠮᠠᠯ ᠤᠨ ᠬᠤᠷᠤᠭ᠎ᠠ ᠬᠠᠰᠢᠶ᠎ᠠ ᠶᠢᠨ ᠭᠠᠵᠠᠷ ᠲᠤ
1㎡ ᠲᠠᠯᠠᠪᠠᠢ ᠪᠦᠷᠢ 2L ᠭᠡᠷᠡᠭᠯᠡᠭᠦ ᠭᠡᠷᠡᠭᠳᠡᠢ᠃

        ᠮᠠᠯ ᠤᠨ ᠬᠤᠷᠤᠭ᠎ᠠ ᠬᠠᠰᠢᠶᠠᠨ ᠤ ᠠᠭᠠᠷ ᠢ ᠠᠷᠢᠭᠤᠳᠬᠠᠬᠤ᠄ ᠤᠷᠢᠳ ᠢᠶᠠᠷ ᠮᠠᠯ ᠢᠶᠠᠨ ᠬᠠᠰᠢᠶᠠᠨ ᠠᠴᠠ ᠪᠠᠨ ᠰᠢᠯᠵᠢᠭᠦᠯᠵᠤ᠂ ᠲᠠᠷᠠᠭ᠎ᠠ ᠪᠠᠷ ᠨᠢ ᠲᠤᠤᠷᠠᠭᠢ ᠮᠡᠳᠤ ᠡᠮ ᠢᠶᠠᠷ ᠠᠷᠢᠭᠤᠳᠬᠠᠨ᠎ᠠ᠃

       ᠭᠡᠳᠤ ᠢᠰᠦᠯ ᠤᠨ ᠭᠦᠭᠡᠭᠴᠢᠨ ᠭᠦᠴᠢᠯ ᠢᠶᠠᠷ ᠠᠷᠢᠭᠤᠳᠬᠠᠬᠤ ᠳᠤ 1 ᠪᠦᠷᠢ 1~3g ᠭᠡᠷᠡᠭᠯᠡᠵᠤ 3%~5% ᠶᠢᠨ ᠰᠢᠩᠭᠡᠨ ᠪᠤᠯᠭᠠᠵᠤ᠂ ᠬᠠᠷᠢᠴᠠᠩᠭᠤᠢ ᠴᠢᠭᠢᠭ ᠤᠨ ᠭᠡᠮᠵᠢᠶ᠎ᠠ ᠨᠢ 80% ᠶᠢᠨ ᠨᠦᠭᠦᠴᠡᠯ ᠲᠤᠤᠷ᠎ᠠ 1~2 ᠴᠠᠭ ᠪᠢᠳᠡᠭᠦᠮᠵᠢᠯᠡᠨ ᠠᠷᠢᠭᠤᠳᠬᠠᠨ᠎ᠠ᠃

       ᠹᠤᠷᠮᠠᠯᠢᠨ ᠢᠶᠠᠷ ᠠᠷᠢᠭᠤᠳᠬᠠᠤ᠄ 1  ㎡ ᠪᠦᠷᠢ 15mL ᠭᠡᠷᠡᠭᠯᠡᠨ 80mL ᠤᠰᠤ ᠬᠤᠯᠢᠵᠤ᠂ 4 ᠴᠠᠭ ᠠᠭᠤᠷᠰᠢᠭᠤᠯᠤᠨ ᠠᠷᠢᠭᠤᠳᠬᠠᠨ᠎ᠠ︔ ᠡᠰᠡᠪᠡᠯ 1㎡ ᠭᠡᠢ ᠠᠭᠠᠷ ᠪᠦᠷᠢ 25mL ᠹᠤᠷᠮᠠᠯᠢᠨ᠂ 25g ᠦᠨᠳᠤᠷ ᠮᠠᠩᠭᠠᠨ ᠭᠦᠴᠢᠯ ᠤᠨ ᠺᠠᠯᠢ ᠲᠡᠭᠡᠷ᠎ᠡ 12.5mL ᠤᠰᠤ ᠨᠡᠮᠡᠵᠤ ᠠᠷᠢᠭᠤᠳᠬᠠᠨ᠎ᠠ᠃

       ᠰᠦᠨ ᠭᠦᠴᠢᠯ ᠢᠶᠠᠷ ᠠᠷᠢᠭᠤᠳᠬᠠᠬᠤ᠄ 100㎡12mL ᠰᠦᠨ ᠭᠦᠴᠢᠯ ᠭᠡᠷᠡᠭᠯᠡᠵᠤ᠂ 20mL ᠤᠰᠤ ᠬᠤᠯᠢᠵᠤ᠂ 30 ᠮᠢᠨᠦ᠋ᠲ ᠠᠭᠤᠷᠰᠢᠭᠤᠯᠤᠨ ᠠᠷᠢᠭᠤᠳᠬᠠᠨ᠎ᠠ᠃

      ᠢᠯᠭᠠᠳᠠᠰᠤ ᠶᠢ ᠠᠷᠢᠭᠤᠳᠬᠠᠬᠤ᠄ ᠶᠠᠷᠦᠩᠭᠡᠢ ᠳᠡᠭᠡᠨ ᠭᠤᠷᠪᠠᠨ ᠵᠦᠢᠯ ᠤᠨ ᠠᠷᠭ᠎ᠠ ᠶᠢ ᠭᠡᠷᠡᠭᠯᠡᠨ᠎ᠠ᠃

      ︵1︶ ᠰᠢᠳᠠᠭᠠᠬᠤ ᠠᠷᠭ᠎ᠠ᠄ ᠪᠤᠭᠤᠮ᠎ᠠ᠂ ᠤᠰᠤᠨ ᠬᠠᠪᠤᠳᠠᠷ ᠵᠡᠷᠭᠡ ᠰᠦᠶ᠎ᠠ ᠰᠫᠤᠷ ᠤᠨ ᠪᠠᠺᠲ᠋ᠧᠷᠢ ᠳᠤ ᠪᠤᠭᠢᠷᠳᠤᠠᠠᠰᠠᠨ ᠢᠯᠭᠠᠳᠠᠰᠤ᠂ ᠲᠡᠵᠢᠭᠡᠯ ᠪᠤᠷᠳᠤᠭ᠎ᠠ᠂ ᠪᠤᠵᠠᠷ ᠡᠳ᠋ ᠵᠡᠷᠭᠡ ᠶᠢ ᠰᠢᠢᠳᠪᠤᠷᠢᠯᠡᠭᠦ ᠳᠤ ᠭᠡᠷᠡᠭᠯᠡᠨ᠎ᠡ᠃

       ︵2︶ ᠪᠤᠯᠠᠬᠤ ᠠᠷᠭ᠎ᠠ᠄ ᠴᠦᠭᠡᠨ ᠲᠤᠭᠠᠨ ᠤ ᠶᠠᠷᠤ ᠶᠢᠨ ᠠᠮᠢᠳᠡᠨ ᠤ ᠬᠠᠯᠳᠠᠪᠤᠷᠢᠳᠤ ᠭᠡᠮ ᠲᠤᠰᠤᠠᠠᠰᠠᠨ ᠮᠠᠯ ᠤᠨ ᠢᠯᠭᠠᠳᠠᠰᠤ᠂ ᠪᠤᠵᠠᠷ ᠪᠤᠷᠳᠠᠭ᠂ ᠦᠯᠡᠳᠡᠭᠳᠡᠯ ᠲᠡᠵᠢᠭᠡᠯ ᠪᠤᠷᠳᠤᠭ᠎ᠠ ᠵᠡᠷᠭᠡ ᠶᠢ 1m ᠢᠯᠡᠭᠦᠤ ᠭᠦᠨ ᠨᠦᠭᠡ ᠮᠠᠯᠳᠠᠵᠤ ᠪᠤᠯᠠᠨ᠎ᠠ᠃ ᠭᠡᠪᠡᠴᠤ ᠪᠤᠭᠤᠮ᠎ᠠ᠂ ᠤᠰᠤᠨ ᠬᠠᠪᠤᠳᠠᠷ ᠵᠡᠷᠭᠡ ᠰᠦᠶ᠎ᠠ ᠰᠫᠤᠷ ᠤᠨ ᠪᠠᠺᠲ᠋ᠧᠷᠢ ᠵᠢᠴᠢ ᠸᠢᠷᠦ᠋ᠰ ᠤᠨ ᠪᠤᠭᠢᠷᠳᠤᠯ ᠢᠯᠭᠠᠳᠠᠰᠤ᠂ ᠲᠡᠵᠢᠭᠡᠯ ᠪᠤᠷᠳᠤᠭ᠎ᠠ᠂ ᠡᠳ᠋ ᠪᠤᠳᠠᠰ ᠵᠡᠷᠭᠡ ᠶᠢ ᠰᠢᠢᠳᠪᠤᠷᠢᠯᠡᠭᠦ ᠳᠤ 2m ᠢᠯᠡᠭᠦᠤ ᠭᠦᠨ ᠨᠦᠭᠡ ᠮᠠᠯᠳᠠᠨ ᠪᠤᠯᠠᠬᠤ ᠶᠢᠨ ᠬᠠᠮᠳᠤ ᠢᠯᠡ ᠲᠡᠮᠳᠡᠭ ᠪᠤᠰᠬᠠᠵᠤ᠂ ᠤᠷᠳᠤ ᠬᠤᠭᠤᠴᠠᠭᠠᠨ ᠳᠤ ᠲᠠᠭᠢᠨ ᠬᠠᠯᠳᠠᠵᠤ ᠪᠤᠯᠬᠤ ᠦᠭᠡᠢ᠃

      ︵3︶ ᠹᠢᠽᠢᠤᠯᠤᠭᠢ ᠶᠢᠨ ᠬᠠᠯᠠᠭᠤᠨ ᠢᠶᠠᠷ ᠠᠷᠢᠭᠤᠳᠬᠠᠬᠤ ᠠᠷᠭ᠎ᠠ᠄ ᠰᠦᠶ᠎ᠠ ᠰᠫᠤᠷ ᠤᠨ ᠭᠡᠮ ᠤᠨ ᠰᠤᠷᠪᠤᠯᠵᠢ ᠶᠢᠨ ᠪᠤᠰᠤ ᠬᠤᠮᠠᠭᠢ ᠡᠳ᠋ ᠲᠤ ᠪᠤᠭᠢᠷᠳᠤᠠᠠᠰᠠᠨ ᠢᠯᠭᠠᠳᠠᠰᠤ ᠶᠢ ᠹᠢᠽᠢᠤᠯᠤᠭᠢ ᠶᠢᠨ ᠬᠠᠯᠠᠭᠤᠨ ᠠᠷᠢᠭᠤᠳᠬᠠᠯ ᠤᠨ ᠠᠷᠭ᠎ᠠ ᠪᠠᠷ ᠠᠷᠢᠭᠤᠳᠬᠠᠬᠤ ᠪᠤᠯᠤᠨ᠎ᠠ᠃

       ᠪᠤᠵᠠᠷ ᠤᠰᠤ ᠶᠢ ᠠᠷᠢᠭᠤᠳᠬᠠᠬᠤ᠄ ᠠᠮᠢᠳᠡᠨ ᠤ ᠶᠠᠷᠤ ᠶᠢᠨ ᠬᠠᠯᠳᠠᠪᠤᠷᠢᠳᠤ ᠭᠡᠮ ᠲᠤᠰᠤᠠᠠᠰᠠᠨ ᠮᠠᠯ ᠳᠤ ᠪᠤᠭᠢᠷᠳᠤᠠᠠᠰᠠᠨ ᠪᠤᠵᠠᠷ ᠤᠰᠤ ᠶᠢ ᠨᠢ ᠪᠤᠵᠠᠷ ᠤᠰᠤᠨ ᠤ ᠭᠡᠮᠵᠢᠶ᠎ᠠ ᠪᠠᠷ ᠨᠢ 10%~20% ᠶᠢᠨ ᠲᠦᠭᠦᠭᠡᠢ ᠴᠤᠬᠤᠢ ᠪᠤᠶᠤ 1%~2% ᠤᠨ ᠬᠠᠭ᠋ᠤᠨ ᠨᠠᠲᠷᠢ ᠬᠤᠯᠢᠨ ᠠᠷᠢᠭᠤᠳᠬᠠᠨ᠎ᠠ᠃ ᠨᠢᠳᠤᠯᠭᠠᠨ ᠤ ᠭᠠᠵᠠᠷ᠂ ᠮᠠᠯ ᠡᠮᠨᠡᠯᠭᠡ ᠶᠢᠨ ᠬᠤᠷᠢᠶ᠎ᠠ᠂ ᠠᠮᠢᠳᠤ ᠪᠤᠳᠠᠰ ᠤᠨ ᠪᠦᠳᠦᠭᠡᠭᠳᠡᠭᠦᠨ ᠤ ᠦᠢᠯᠡᠳᠪᠦᠷᠢ ᠵᠡᠷᠭᠡ ᠨᠢᠭᠡᠴᠢ ᠨᠦᠭᠦᠳ ᠨᠢ ᠴᠦᠮ ᠪᠤᠵᠠᠷ ᠤᠰᠤ ᠶᠢ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠭᠦ ᠲᠦᠭᠦᠭᠡᠷᠤᠮᠵᠢ ᠲᠠᠢ ᠪᠠᠶᠢᠬᠤ ᠭᠡᠷᠡᠭᠳᠡᠢ᠃

      ᠲᠠᠷᠭᠡ ᠭᠦᠰᠭᠡ ᠤᠡᠭᠭᠤᠴᠠ ᠰᠠᠯ ᠢ ᠠᠷᠢᠭᠤᠳᠬᠠᠬᠤ᠄ ᠠᠮᠢᠳᠡᠨ ᠤ ᠬᠠᠯᠳᠠᠪᠤᠷᠢᠳᠤ ᠭᠡᠮ ᠲᠠᠢ ᠪᠠ ᠲᠡᠭᠦᠨ ᠲᠠᠢ ᠲᠦᠰᠦᠷᠬᠡᠦ ᠬᠠᠯᠳᠠᠪᠤᠷᠢᠳᠤ ᠭᠡᠮ ᠲᠠᠢ ᠮᠠᠯ᠂ ᠦᠭᠦᠳᠡᠯ᠂ ᠮᠠᠯ ᠤᠨ ᠠᠰᠢᠭ ᠰᠢᠮ᠎ᠠ ᠵᠡᠷᠭᠡ ᠶᠢ ᠵᠦᠭᠡᠭᠡᠪᠤᠷᠢᠯᠡᠭᠰᠡᠨ ᠲᠡᠷᠭᠡ ᠭᠦᠰᠭᠡ᠂ ᠤᠡᠭᠭᠤᠴᠠ ᠰᠠᠯ ᠢ ᠪᠤᠯ ᠲᠤᠠᠠᠳ᠋ᠬᠠᠰᠠᠨ ᠭᠠᠵᠠᠷ ᠲᠤ ᠤᠷᠢᠳ ᠢᠶᠠᠷ ᠡᠮ ᠰᠦᠷᠴᠢᠭᠰᠡᠨ ᠤ ᠲᠠᠷᠠᠭ᠎ᠠ ᠲᠠᠭᠢᠨ ᠤᠭᠢᠶᠠᠵᠤ᠂ ᠲᠠᠷᠠᠭ᠎ᠠ ᠪᠠᠷ ᠨᠢ 20% ᠶᠢᠨ ᠴᠠᠶᠢᠷᠠᠭᠤᠯᠬᠤ ᠡᠮ ᠤᠨ ᠰᠢᠩᠭᠡᠨ ᠪᠤᠶᠤ 10% ᠶᠢᠨ ᠬᠠᠭ᠋ᠤᠨ ᠨᠠᠲᠷᠢ ᠶᠢᠨ ᠬᠠᠯᠭᠤᠨ ᠠᠭᠤᠰᠤᠮᠠᠯ ᠢᠶᠠᠷ ᠰᠦᠷᠴᠢᠨ ᠤᠭᠢᠶᠠᠵᠤ᠂ 30 ᠮᠢᠨᠦ᠋ᠲ ᠠᠴᠠ 1 ᠴᠠᠭ ᠠᠯᠤᠰᠯᠠᠬᠤ ᠪᠦᠷᠢ ᠨᠢᠭᠡ ᠤᠳᠠᠭ᠎ᠠ ᠠᠷᠢᠭᠤᠳᠬᠠᠵᠤ᠂ ᠦᠷᠭᠦᠯᠵᠢᠯᠡᠨ 3 ᠤᠳᠠᠭ᠎ᠠ ᠠᠷᠢᠭᠤᠳᠬᠠᠨ᠎ᠠ᠃ ᠠᠷᠢᠯᠭᠠᠠᠠᠰᠠᠨ ᠢᠯᠭᠠᠳᠠᠰᠤ ᠪᠤᠶᠤ ᠪᠤᠵᠠᠷ ᠡᠳ᠋ ᠵᠡᠷᠭᠡ ᠶᠢ ᠴᠦᠮ ᠰᠢᠳᠠᠭᠠᠵᠤ ᠬᠠᠶᠠᠨ᠎ᠠ᠃

       ᠠᠷᠠᠰᠤ ᠰᠢᠷᠢ ᠨᠤᠤᠰᠤ ᠨᠤᠯᠤᠤᠷ ᠢ ᠠᠷᠢᠭᠤᠳᠬᠠᠬᠤ᠄ ᠠᠮᠢᠳᠡᠨ ᠤ ᠬᠠᠯᠳᠠᠪᠤᠷᠢᠳᠤ ᠭᠡᠮ ᠲᠠᠢ ᠮᠠᠯ ᠤᠨ ᠠᠷᠠᠰᠤ ᠰᠢᠷᠢ ᠪᠤᠶᠤ ᠪᠤᠭᠢᠷᠳᠤᠠᠠᠰᠠᠨ ᠠᠷᠠᠰᠤ ᠨᠤᠤᠰᠤᠨ ᠤ ᠵᠦᠢᠯ ᠢ ᠭᠢᠮᠢ ᠶᠢᠨ ᠡᠮ ᠢᠶᠠᠷ ᠠᠷᠢᠭᠤᠳᠬᠠᠨ᠎ᠠ᠃ ᠠᠳᠤᠭᠤᠨ ᠤ ᠭᠦᠭᠡᠭᠴᠢᠨ ᠭᠡᠯᠪᠡᠷᠢ ᠶᠢᠨ ᠲᠠᠷᠢᠭᠢᠨ ᠤ ᠦᠷᠪᠢᠰᠦᠯ ᠳᠤ ᠨᠡᠷᠪᠡᠭᠳᠡᠭᠰᠡᠨ ᠮᠠᠯ ᠤᠨ ᠠᠷᠠᠰᠤ ᠶᠢ ᠪᠤᠯ 10% ᠶᠢᠨ ᠰᠢᠨ᠎ᠠ ᠰᠤᠷᠭᠤᠭ ᠬᠠᠯᠠᠭᠤᠨ ᠴᠤᠬᠤᠢ ᠶᠢᠨ ᠴᠶᠢᠳᠠᠮ ᠳᠤ 15℃~20℃ ᠬᠠᠯᠠᠭᠤᠨ ᠳᠤ 24 ᠴᠠᠭ ᠲᠠᠪᠳᠦᠭᠡᠨ᠎ᠡ᠃ ᠰᠢᠯᠦᠭᠡᠢ ᠳᠤ ᠨᠡᠷᠪᠡᠭᠳᠡᠭᠰᠡᠨ ᠮᠠᠯ ᠤᠨ ᠠᠷᠠᠰᠤ ᠶᠢ ᠪᠤᠯ 0.2% ᠤᠨ ᠬᠠᠭ᠋ᠤᠨ ᠨᠠᠲᠷᠢ ᠶᠢᠨ ᠲᠠᠪᠤᠰᠤᠳᠤ ᠬᠠᠨᠤᠮᠠᠯ ᠰᠢᠩᠭᠡᠨ ᠳᠤ 24 ᠴᠠᠭ ᠲᠡᠪᠳᠦᠭᠡᠨ᠎ᠡ᠃ ᠭᠠᠭ᠋ᠠᠢ ᠶᠢᠨ ᠭᠠᠯ ᠬᠠᠪᠤᠳᠠᠷ ᠲᠠᠢ ᠭᠠᠭ᠋ᠠᠢ ᠶᠢᠨ ᠠᠷᠠᠰᠤ ᠶᠢ ᠪᠤᠯ 1% ᠶᠢᠨ ᠲᠠᠪᠤᠰᠤᠨ ᠭᠦᠴᠢᠯ ᠪᠤᠯᠤᠨ 25% ᠶᠢᠨ ᠢᠳᠡᠭᠡᠨ ᠤ ᠲᠠᠪᠤᠰᠤ ᠶᠢᠨ ᠰᠢᠩᠭᠡᠨ ᠳᠤ 15℃~20℃ ᠤᠨ ᠬᠠᠯᠠᠭᠤᠨ ᠳᠤ 8 ᠴᠠᠭ ᠲᠠᠪᠳᠦᠭᠡᠨ᠎ᠡ᠃ ᠤᠳᠤᠳᠠᠢ ᠭᠠᠭ᠋ᠠᠢ ᠶᠢᠨ ᠠᠷᠠᠰᠤ ᠶᠢ ᠪᠤᠯ ᠶᠠᠷᠦᠩᠭᠡᠢ ᠳᠡᠭᠡᠨ 50% ᠶᠢᠨ ᠨᠡᠭᠦᠷᠡᠰᠤ ᠭᠦᠴᠢᠯ ᠤᠨ ᠨᠠᠲᠷᠢ ᠶᠢᠨ ᠰᠢᠩᠭᠡᠨ ᠳᠤ 17℃~20℃ ᠬᠠᠯᠠᠭᠤᠨ ᠳᠤ 24 ᠴᠠᠭ ᠲᠠᠪᠳᠦᠭᠡᠨ᠎ᠠ᠃ ᠪᠤᠭᠤᠮ᠎ᠠ ᠶᠢᠨ ᠰᠦᠶ᠎ᠠ ᠰᠫᠤᠷ ᠲᠤ ᠪᠤᠭᠢᠷᠳᠤᠠᠠᠰᠠᠨ ᠠᠷᠠᠰᠤ ᠶᠢ ᠪᠤᠯ ᠤᠨᠴᠠᠭᠠᠢ ᠠᠷᠢᠭᠤᠳᠬᠠᠯ ᠤᠨ ᠤᠭᠤᠳᠠ ᠪᠤᠶᠤ ᠠᠷᠢᠭᠤᠳᠬᠠᠯ ᠤᠨ ᠬᠠᠶᠢᠷᠴᠠᠭ ᠲᠤ ᠭᠢᠵᠤ᠂ ᠡᠲ᠋ᠡᠨ ᠠᠷᠢᠭᠤᠳᠬᠠᠯ ᠢ ᠨᠡᠪᠳᠡᠷᠡᠭᠦᠯᠦᠨ᠎ᠠ᠃ ᠰᠢᠯᠦᠭᠡᠢ ᠶᠢᠨ ᠭᠢᠵᠢᠭ ᠲᠤ ᠪᠤᠭᠢᠷᠳᠤᠠᠠᠰᠠᠨ
ᠨᠤᠤᠰᠤᠨ ᠤ ᠲᠦᠷᠦᠯ ᠢ ᠪᠤᠯ ᠹᠤᠷᠮᠠᠯᠢᠨ ᠢᠶᠠᠷ ᠤᠳᠤᠨ ᠠᠷᠢᠭᠤᠳᠬᠠᠨ᠎ᠠ᠃ 1㎡ ᠪᠦᠷᠢ ᠹᠤᠷᠮᠠᠯᠢᠨ ᠢ 25mL ᠭᠡᠷᠡᠭᠯᠡᠨ 12.5mL ᠤᠰᠤ ᠨᠠᠮᠡᠵᠤ᠂ 12.5g ᠦᠨᠳᠤᠷ ᠮᠠᠩᠭᠠᠨ ᠭᠦᠴᠢᠯ ᠤᠨ ᠨᠠᠲᠷᠢ ᠲᠠᠢ ᠰᠠᠪᠠᠨ ᠳᠤ ᠭᠢᠵᠤ᠂ 16~24 ᠴᠠᠭ ᠡᠭᠦᠳᠡ ᠴᠤᠩᠬᠤ ᠶᠢ ᠪᠠᠭᠢᠯᠡᠨ ᠬᠠᠭᠠᠨ᠎ᠠ᠃ ᠡᠰᠡᠪᠡᠯ ᠰᠠᠩ ᠭᠦᠮᠦᠷᠭᠡ ᠳᠤ 1  ㎡ ᠪᠦᠷᠢ 40g ᠭᠦᠭᠦᠷ ᠭᠡᠷᠡᠭᠯᠡᠨ ᠭᠦᠭᠦᠷ ᠲᠤᠳᠤᠷ᠎ᠠ ᠤᠯᠠᠶᠢᠠᠠᠰᠠᠨ ᠴᠤᠭ ᠭᠢᠵᠤ᠂ ᠲᠡᠭᠦᠨ ᠢ ᠰᠢᠳᠠᠭᠠᠨ  ᠭᠦᠭᠦᠷ ᠤᠨ  ᠲᠠᠪᠬᠤᠷ ᠢᠰᠦᠯ ᠤᠨ ᠭᠡᠢ ᠪᠡᠶᠡᠳᠤ ᠪᠤᠯᠭᠠᠵᠤ᠂ ᠡᠭᠦᠳᠡ ᠴᠤᠩᠬᠤ ᠪᠠᠨ 24 ᠴᠠᠭ ᠪᠠᠭᠢᠯᠡᠨ ᠬᠠᠭᠠᠪᠠᠯ᠂ ᠠᠷᠢᠭᠤᠳᠬᠠᠬᠤ ᠵᠤᠷᠢᠯᠭ᠎ᠠ ᠳᠤ ᠭᠦᠷᠴᠤ ᠴᠢᠳᠠᠨ᠎ᠠ᠃

     ᠠᠮᠢᠳᠡᠨ ᠤ ᠪᠡᠶ᠎ᠠ ᠶᠢ ᠠᠷᠢᠭᠤᠳᠬᠠᠬᠤ᠂ ᠭᠡᠮ ᠲᠠᠢ ᠠᠮᠢᠳᠡᠨ᠂ ᠭᠡᠮ ᠭᠢᠵᠢᠭ ᠨᠢ ᠡᠳᠡᠭᠡᠷᠡᠭᠰᠡᠨ ᠠᠮᠢᠳᠡᠨ ᠪᠤᠶᠤ ᠪᠢᠳᠡᠭᠦᠮᠵᠢᠯᠡᠯ ᠢ ᠴᠢᠯᠦᠭᠡᠯᠡᠭᠦ ᠠᠴᠠ ᠡᠮᠦᠨ᠎ᠠ ᠲᠤᠰᠠᠭᠠᠷᠯᠬᠠᠰᠠᠨ ᠠᠮᠢᠳᠡᠨ ᠵᠡᠷᠭᠡ ᠶᠢᠨ ᠪᠡᠶ᠎ᠠ ᠶᠢ 3% ᠶᠢᠨ ᠯᠠᠶᠢᠰᠤᠷ ᠤᠨ ᠰᠢᠩᠭᠡᠨ᠂ 1% ᠶᠢᠨ ᠹᠤᠷᠮᠠᠯᠢᠨ ᠤ ᠰᠢᠩᠭᠡᠨ᠂ 1% ᠶᠢᠨ ᠤᠰᠤᠮᠬᠠᠳᠤ ᠨᠠᠲᠷᠢ ᠶᠢᠨ ᠰᠢᠩᠭᠡᠨ ᠪᠤᠶᠤ 20%~30% ᠶᠢᠨ ᠡᠪᠡᠰᠤ ᠮᠤᠳᠤᠨ ᠤ ᠦᠨᠡᠰᠦ ᠲᠠᠢ ᠤᠰᠤ ᠵᠡᠷᠭᠡ ᠪᠠᠷ ᠰᠦᠷᠴᠢᠭᠦ ᠪᠤᠶᠤ ᠤᠭᠢᠶᠠᠨ ᠠᠷᠢᠭᠤᠳᠬᠠᠨ᠎ᠠ᠃


      10. ᠠᠮᠢᠳᠠᠨ ᠤ ᠬᠦᠨᠳᠤ ᠶᠡᠭᠡ ᠬᠢᠵᠢᠭ ᠤᠨ ᠤᠷᠤᠨ ᠤ ᠪᠢᠳᠡᠭᠦᠮᠵᠢᠯᠡᠯ ᠢ ᠶᠠᠮᠠᠷ ᠦᠶ᠎ᠠ ᠳᠤ
ᠴᠢᠯᠦᠭᠡᠯᠡᠭᠦ ᠪᠤᠢ︖ ᠶᠠᠮᠠᠷ ᠰᠠᠯᠠᠭ᠎ᠠ ᠮᠦᠴᠢᠷ ᠠᠴᠠ ᠵᠠᠷᠯᠢᠭ ᠨᠡᠶᠢᠳᠡᠯᠡᠭᠦ ᠪᠤᠢ︖

     ᠭᠢᠵᠢᠭᠳᠦ ᠤᠷᠤᠨ ︵ᠭᠢᠵᠢᠭ ᠤᠨ ᠴᠡᠭ ᠪᠠᠭᠳᠠᠨ᠎ᠠ︶ ᠤ ᠲᠤᠳᠤᠷ᠎ᠡ ᠬᠠᠮᠤᠭ ᠤᠨ ᠡᠴᠦᠰ ᠤᠨ ᠨᠢᠭᠡᠨ ᠭᠡᠮ ᠲᠠᠢ ᠮᠠᠯ ᠢ ᠠᠯᠠᠬᠤ ᠪᠠ ᠦᠭᠦᠭᠰᠡᠨ ᠤ ᠰᠡᠭᠦᠯᠡᠷ ᠲᠤᠰ ᠭᠡᠮ ᠭᠢᠵᠢᠭ ᠤᠨ ᠨᠢᠭᠤᠠᠠᠳᠠᠬᠤ ᠨᠢᠭᠡ ᠬᠤᠭᠤᠴᠠᠭ᠎ᠠ ᠠᠴᠠ ᠲᠡᠭᠡᠭᠰᠢ ᠪᠠᠶᠢᠴᠠᠭᠠᠨ ᠠᠵᠢᠠᠠᠯᠠᠵᠤ᠂ ᠰᠢᠨ᠎ᠠ ᠪᠠᠷ ᠭᠡᠮᠨᠡᠯᠳᠡ ᠡᠭᠦᠰᠦᠭᠰᠡᠨ ᠦᠭᠡᠢ ᠪᠦᠭᠡᠳ ᠭᠢᠵᠢᠭᠳᠦ ᠤᠷᠤᠨ᠂ ᠰᠦᠷᠳᠡᠭᠦᠯᠦᠭᠳᠡᠵᠤ ᠪᠦᠭᠦᠢ ᠤᠷᠤᠨ ᠤ ᠠᠮᠢᠳᠡᠨ ᠤ ᠪᠠᠴᠢᠮ ᠡᠭᠡᠯᠢᠯᠡᠭᠡ ᠶᠢᠨ ᠪᠤᠳᠤ ᠲᠠᠷᠢᠵᠤ ᠪᠠᠷᠬᠠᠰᠠᠨ ᠤ ᠰᠡᠭᠦᠯᠡᠷ᠂ ᠲᠦᠢᠯᠪᠤᠷᠢᠳᠡᠢ ᠠᠷᠢᠭᠤᠳᠬᠠᠵᠤ᠂ ᠬᠤᠰᠢᠭᠤ ᠰᠢᠶᠠᠨ ᠤ ᠱᠠᠳᠤᠨ ᠠᠴᠠ ᠲᠡᠭᠡᠭᠰᠢᠭᠢ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠦᠴᠢᠷ ᠰᠢᠯᠭᠠᠨ ᠬᠤᠷᠢᠶᠠᠵᠤ᠂ ᠦᠨᠡᠯᠡᠨ ᠮᠠᠭᠠᠳᠯᠬᠠᠰᠠᠨ ᠤ ᠰᠡᠭᠦᠯᠡᠷ ᠤᠤᠯ ᠤᠨ ᠪᠢᠳᠡᠭᠦᠮᠵᠢᠯᠡᠭᠦ ᠵᠠᠷᠯᠢᠭ ᠨᠠᠶᠢᠳᠡᠯᠡᠭᠰᠡᠨ ᠵᠠᠰᠠᠭ ᠤᠨ ᠤᠷᠳᠤᠨ ᠨᠢ ᠪᠢᠳᠡᠭᠦᠮᠵᠢᠯᠡᠯ ᠢ ᠴᠢᠯᠦᠭᠡᠯᠡᠭᠦ ᠵᠠᠷᠯᠢᠭ ᠨᠡᠶᠢᠳᠡᠯᠡᠭᠦ ᠶᠢᠨ ᠲᠠᠭᠠᠤ ᠭᠦᠷᠰᠢ ᠵᠡᠷᠭᠡᠯᠡᠳᠡᠭᠡ ᠭᠠᠵᠠᠷ ᠪᠤᠯᠤᠨ ᠬᠠᠮᠢᠶ᠎ᠠ ᠪᠦᠭᠦᠢ ᠰᠠᠯᠠᠭ᠎ᠠ ᠮᠦᠴᠢᠷ ᠲᠤ ᠮᠡᠳᠡᠭᠳᠡᠨ᠎ᠠ᠃

       ᠠᠩᠬᠠᠷᠬᠤ ᠵᠦᠢᠯ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠄

      ︵1︶ ᠡᠯ᠎ᠡ ᠵᠦᠢᠯ ᠤᠨ ᠬᠠᠯᠳᠠᠪᠤᠷᠢᠳᠤ ᠭᠡᠮ ᠤᠨ ᠤᠠᠴᠠᠯᠢᠭ ᠪᠤᠯᠤᠨ ᠤᠨᠴᠠᠭᠠᠢ ᠱᠠᠭᠠᠷᠳᠠᠯᠭ᠎ᠠ ᠶᠢ ᠦᠨᠳᠤᠰᠦᠯᠡᠨ ᠪᠢᠳᠡᠭᠦᠮᠵᠢᠯᠡᠯ ᠢ ᠴᠢᠯᠦᠭᠡᠯᠡᠭᠰᠡᠨ ᠤ ᠰᠡᠭᠦᠯᠡᠷ ᠪᠠᠰᠠ ᠲᠤᠠᠠᠳᠠᠭᠠᠯ ᠶᠤᠰᠤᠭᠠᠷ ᠭᠢᠨᠠᠨ ᠭᠡᠮᠵᠢᠭᠦ ᠭᠡᠷᠡᠭᠳᠡᠢ᠃ ᠵᠢᠱᠢᠶᠡᠯᠡᠪᠡᠯ ᠰᠢᠯᠦᠭᠡᠢ ᠶᠢᠨ ᠪᠢᠳᠡᠭᠦᠮᠵᠢᠯᠡᠯ ᠢ ᠴᠢᠯᠦᠭᠡᠯᠡᠭᠰᠡᠨ ᠤ ᠰᠡᠭᠦᠯᠡᠷ ᠪᠠᠰᠠ ᠡᠮᠴᠢᠯᠡᠭᠡᠨ ᠤ ᠭᠢᠨᠠᠯᠳᠡ ᠶᠢ 1 ᠵᠢᠯ ᠦᠷᠭᠦᠯᠵᠢᠯᠡᠭᠦᠯᠭᠦ ᠴᠢᠬᠤᠯᠠ ᠲᠠᠢ ᠪᠠᠶᠢᠳᠠᠭ᠃ ᠭᠡᠪᠢᠯᠳᠡ ᠲᠠᠢ ᠠᠮᠢᠳᠡᠨ ᠤ ᠭᠡᠮ ᠬᠢᠵᠢᠭ ᠤᠨ ᠰᠤᠷᠪᠤᠯᠵᠢ ᠶᠢᠨ ᠤᠬᠠᠭᠠᠨ ᠤ ᠪᠠᠶᠢᠴᠠᠭᠠᠯᠳᠠ ᠶᠢ ᠦᠷᠭᠦᠯᠵᠢᠯᠡᠨ 2 ᠤᠳᠠᠭ᠎ᠠ ᠭᠢᠵᠤ᠂ 1 ᠰᠠᠷ᠎ᠠ ᠠᠯᠤᠰᠯᠠᠬᠤ ᠪᠦᠷᠢ 1 ᠤᠳᠠᠭ᠎ᠠ ᠭᠢᠵᠤ᠂ ᠴᠢᠬᠤᠯᠠ ᠲᠠᠢ ᠦᠶᠡᠰ ᠭᠤᠤᠯᠳᠠᠯᠭ᠎ᠠ ᠲᠠᠢ ᠭᠠᠵᠠᠷ ᠤᠷᠤᠨ ᠳᠤ ᠭᠢᠨᠠᠯᠳᠡ ᠭᠡᠮᠵᠢᠯᠳᠡ ᠪᠠᠨ ᠴᠢᠩᠭᠠᠷᠠᠭᠤᠯᠬᠤ ᠴᠢᠬᠤᠯᠠ ᠲᠠᠢ᠃ ᠭᠡᠮ ᠭᠢᠵᠢᠭ ᠭᠦᠨᠳᠤ ᠲᠤᠰᠬᠤ ᠵᠢᠭᠦᠷᠳᠡᠨ ᠤ ᠬᠠᠯᠳᠠᠪᠤᠷᠢᠳᠤ ᠭᠡᠮ ᠬᠢᠵᠢᠭ ᠲᠠᠢ ᠤᠷᠤᠨ ᠳᠤ ᠪᠢᠳᠡᠭᠦᠮᠵᠢᠯᠡᠯ ᠢ ᠴᠢᠯᠦᠭᠡᠯᠡᠭᠰᠡᠨ ᠤ ᠰᠡᠭᠦᠯᠡᠷ ᠲᠤᠰ ᠤᠷᠤᠨ ᠳᠤ ᠦᠷᠭᠦᠯᠵᠢᠯᠡᠨ ᠭᠢᠨᠠᠯᠳᠠ ᠭᠡᠮᠵᠢᠯᠳᠡ ᠭᠢᠵᠤ᠂ 6 ᠰᠠᠷ᠎ᠠ ᠪᠤᠯᠤᠠᠠᠰᠠᠨ ᠤ ᠰᠡᠭᠦᠯᠡᠷ ᠰᠢᠨ᠎ᠠ ᠭᠡᠮ ᠭᠢᠵᠢᠭ ᠤᠨ ᠵᠦᠢ ᠡᠭᠦᠰᠦᠭᠰᠡᠨ ᠦᠭᠡᠢ ᠪᠤᠯ ᠰᠠᠶ᠋ᠢ ᠲᠠᠭᠢᠨ ᠰᠢᠨ᠎ᠠ ᠪᠠᠷ ᠠᠷᠠᠴᠢᠯᠠᠨ ᠲᠡᠵᠢᠭᠡᠵᠤ ᠪᠤᠯᠤᠨ᠎ᠠ᠃

      ︵2︶ ᠠᠮᠢᠳᠡᠨ ᠤ ᠭᠦᠨᠳᠤ ᠶᠡᠭᠡ ᠭᠢᠵᠢᠭ ᠢ ᠰᠢᠢᠳᠪᠤᠷᠢᠯᠡᠭᠦ ᠶᠠᠷᠦᠩᠭᠡᠶᠢᠯᠡᠭᠰᠡᠨ ᠮᠠᠷᠭᠡᠵᠢᠯ ᠳᠤ ᠲᠤᠷᠠᠳᠤᠠᠠᠰᠠᠨ ᠠᠷᠢᠭᠤᠳᠬᠠᠬᠤ᠂ ᠪᠤᠭᠢᠷᠳᠤᠯ ᠡᠳ᠋ ᠢ ᠬᠤᠤᠷ ᠭᠦᠨᠦᠭᠡᠯ ᠦᠭᠡᠢ ᠪᠠᠷ ᠰᠢᠢᠳᠪᠤᠷᠢᠯᠡᠭᠦ ᠠᠷᠭ᠎ᠠ ᠨᠢ ᠮᠦᠨ ᠭᠦ ᠶᠠᠷᠤ ᠶᠢᠨ ᠴᠠᠭ ᠤᠨ ᠤᠷᠢᠳᠴᠢᠯᠠᠨ ᠰᠡᠷᠭᠡᠶᠢᠯᠡᠭᠦ ᠠᠷᠢᠭᠤᠳᠬᠠᠯ ᠪᠤᠯᠤᠨ ᠭᠡᠮᠳᠦᠵᠤ ᠦᠭᠦᠭᠰᠡᠨ ᠠᠮᠢᠳᠡᠨ ᠵᠢᠴᠢ ᠪᠤᠭᠢᠷᠳᠤᠯ ᠡᠳ᠋ ᠢ ᠬᠤᠤᠷ ᠭᠦᠨᠦᠭᠡᠯ ᠦᠭᠡᠢ ᠰᠢᠢᠳᠪᠤᠷᠢᠯᠡᠭᠦ ᠨᠢ ᠲᠤᠭᠢᠷᠠᠨ᠎ᠠ᠃

      ︵3︶ ᠭᠢᠵᠢᠭ ᠢ ᠰᠢᠢᠳᠪᠤᠷᠢᠯᠡᠭᠰᠡᠨ ᠶᠠᠪᠤᠴᠠ ᠳᠤ ᠡᠷᠭᠡᠪᠰᠢ ᠨᠠᠷᠢᠨ ᠲᠡᠮᠳᠡᠭᠯᠡᠯ ᠭᠢᠵᠤ᠂ ᠡᠭᠡ ᠮᠠᠲ᠋ᠧᠷᠢᠶᠠᠯ ᠲᠠᠩᠰᠡ ᠡᠪᠭᠡᠮᠡᠯ ᠳᠤ ᠤᠷᠤᠭᠤᠯᠵᠤ᠂ ᠰᠡᠭᠦᠯ ᠳᠤ ᠪᠠᠶᠢᠴᠠᠭᠠᠨ ᠦᠵᠡᠭᠦ ᠳᠤ ᠪᠡᠯᠡᠳᠭᠡᠭᠦ ᠭᠡᠷᠡᠭᠳᠡᠢ᠃

      ᠠᠮᠢᠳᠡᠨ ᠤ ᠭᠦᠨᠳᠤ ᠶᠡᠭᠡ ᠭᠢᠵᠢᠭ ᠢ ᠦᠳᠳᠡᠷ ᠲᠦᠷᠭᠡᠨ ᠬᠤᠷᠢᠠᠠᠯᠠᠵᠤ᠂ ᠤᠰᠠᠳᠬᠠᠵᠤ᠂ ᠲᠡᠵᠢᠭᠡᠪᠤᠷᠢ ᠶᠢᠨ ᠦᠢᠯᠡᠰ ᠤᠨ ᠦᠢᠯᠡᠳᠪᠤᠷᠢᠯᠡᠯ ᠤᠨ ᠠᠶᠤᠯ ᠦᠬᠡᠢ ᠶᠢ ᠪᠠᠳᠤᠯᠠᠵᠤ᠂ ᠭᠦᠮᠦᠨ ᠠᠷᠠᠳ ᠤᠨ ᠪᠡᠶ᠎ᠠ ᠮᠠᠬᠠᠪᠤᠳ ᠤᠨ ᠡᠷᠡᠭᠦᠯ ᠴᠢᠭᠢᠷᠠᠭ ᠭᠢᠭᠡᠳ ᠠᠮᠢ ᠨᠠᠰᠤᠨ ᠤ ᠠᠮᠤᠷ ᠲᠦᠪᠰᠢᠨ ᠢ ᠪᠠᠳᠤᠯᠠᠵᠤ᠂ ᠨᠡᠶᠢᠭᠡᠮ ᠤᠨ ᠭᠡᠪ ᠤᠨ ᠡᠮᠭᠢ ᠲᠢᠭᠯᠢᠮ ᠢ ᠬᠠᠮᠠᠭᠠᠯᠠᠬᠤ ᠶᠢᠨ ᠲᠤᠰᠠᠳᠠ ᠠᠮᠢᠳᠡᠨ ᠤ ᠭᠦᠨᠳᠤ ᠶᠡᠭᠡ ᠭᠢᠵᠢᠭ ᠢ ᠰᠢᠢᠳᠪᠤᠷᠢᠯᠡᠭᠦ ᠠᠵᠢᠯ ᠨᠢ ᠤᠳᠤᠷᠢᠳᠤᠯᠭ᠎ᠠ ᠪᠠᠨ ᠴᠢᠩᠭᠠᠳᠬᠠᠬᠤ᠂ ᠨᠢᠠᠠᠳᠠ ᠬᠠᠮᠵᠢᠯᠴᠠᠬᠤ᠂ ᠰᠢᠨᠵᠢᠯᠡᠭᠦ ᠤᠬᠠᠭᠠᠨ ᠳᠤ ᠲᠦᠰᠢᠭᠯᠡᠭᠦ᠂ ᠬᠠᠤᠯᠢ ᠶᠤᠰᠤᠭᠠᠷ ᠰᠡᠷᠭᠡᠶᠢᠯᠡᠨ ᠵᠠᠰᠠᠬᠤ᠂ ᠬᠠᠮᠳᠤ ᠤᠯᠠᠨ ᠢᠶᠠᠷ ᠢᠶᠠᠨ ᠰᠡᠷᠭᠡᠶᠢᠯᠡᠨ ᠬᠤᠷᠢᠠᠠᠯᠠᠬᠤ᠂ ᠡᠷᠡᠰ ᠲᠠᠰᠤᠷᠬᠠᠢ ᠰᠢᠢᠳᠪᠤᠷᠢᠯᠡᠭᠦ ᠴᠢᠭᠯᠡᠯᠳᠡ ᠶᠢ ᠪᠠᠷᠢᠮᠳᠠᠯᠠᠵᠤ᠂ ᠲᠠᠷᠦ᠋ᠢᠬᠠᠨ ᠤᠯᠵᠤ ᠮᠡᠳᠡᠵᠤ᠂ ᠪᠤᠰᠢᠭᠤᠬᠠᠨ ᠲᠤᠰᠬᠠᠯ ᠭᠠᠷᠭᠠᠵᠤ᠂ ᠴᠢᠩᠭ᠎ᠠ ᠰᠢᠢᠳᠪᠤᠷᠢᠯᠡᠵᠤ᠂ ᠬᠤᠭᠢᠷᠠᠯ ᠢ ᠪᠠᠭᠠᠰᠬᠠᠬᠤ ᠭᠡᠷᠡᠭᠳᠡᠢ᠃ ᠭᠦᠨᠳᠤ ᠶᠡᠭᠡ ᠬᠠᠯᠳᠠᠪᠤᠷᠢᠳᠤ ᠭᠡᠮ ᠢ ᠡᠷᠳᠡ ᠤᠯᠵᠤ ᠮᠡᠳᠡᠵᠤ᠂ ᠡᠷᠳᠡ ᠮᠡᠳᠡᠭᠦᠯᠵᠤ᠂ ᠡᠷᠳᠡ ᠲᠤᠰᠠᠭᠠᠷᠯᠠᠵᠤ᠂ ᠡᠷᠳᠡ ᠠᠴᠠ ᠰᠡᠷᠭᠡᠶᠢᠯᠡᠨ ᠵᠠᠰᠠᠬᠤ ᠪᠤᠯᠭᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ