︵ᠨᠠᠢᠮᠨ︶ ᠮᠠᠯ ᠵᠢᠭᠦᠷᠳᠡᠨ ᠤ ᠭᠤᠤᠯ ᠭᠡᠮ ᠭᠢᠵᠢᠭ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ
ᠨᠡᠶᠢᠲᠡᠯᠡᠭᠰᠡᠨ ᠴᠠᠭ᠄
2015/11/13

       1. ᠦᠭᠡᠷ ᠬᠤᠨᠢᠨ ᠤ ᠭᠤᠤᠯ ᠭᠡᠮ ᠭᠢᠵᠢᠭ ᠢ ᠰᠡᠷᠭᠡᠶᠢᠯᠡᠨ ᠬᠤᠷᠢᠠᠠᠯᠠᠬᠤ ᠭᠡᠳᠡᠭ ᠨᠢ ᠶᠠᠭᠤ ᠶᠢ ᠵᠢᠭᠠᠵᠤ ᠪᠠᠶᠢᠬᠤ ᠪᠤᠢ︖  

       ᠦᠭᠡᠷ ᠬᠤᠨᠢᠨ ᠤ ᠭᠤᠤᠯ ᠭᠡᠮ ᠭᠢᠵᠢᠭ ᠢ ᠰᠡᠷᠭᠡᠶᠢᠯᠡᠨ ᠬᠤᠷᠢᠠᠠᠯᠠᠬᠤ ᠭᠡᠳᠡᠭ ᠪᠤᠯ ᠭᠢᠵᠢᠭ ᠤᠨ ᠪᠤᠳᠤ ᠶᠢᠨ ᠡᠭᠡᠯᠢᠯᠡᠭᠡ ᠪᠤᠯᠤᠨ ᠭᠡᠮ ᠭᠢᠵᠢᠭ ᠤᠨ ᠤᠨᠤᠰᠢᠯ ᠢᠶᠠᠷ ᠭᠤᠤᠯ ᠠᠷᠭ᠎ᠠ ᠭᠡᠮᠵᠢᠶ᠎ᠠ ᠪᠤᠯᠭᠠᠵᠤ ᠭᠡᠮ ᠭᠢᠵᠢᠭ ᠢ ᠭᠢᠨᠠᠨ ᠭᠡᠮᠵᠢᠭᠦ᠂ ᠡᠮᠨᠡᠨ ᠵᠠᠰᠠᠬᠤ ᠪᠠ ᠠᠷᠢᠭᠤᠳᠬᠠᠬᠤ ᠵᠡᠷᠭᠡ ᠠᠷᠭ᠎ᠠ ᠭᠡᠮᠵᠢᠶ᠎ᠠ ᠲᠠᠢ ᠤᠶᠠᠯᠳᠤᠭᠤᠯᠵᠤ᠂ ᠦᠭᠡᠷ ᠬᠤᠨᠢᠨ ᠳᠤ ᠰᠢᠨᠵᠢᠯᠡᠭᠦ ᠤᠬᠠᠭᠠᠠᠴᠢ ᠬᠠᠮᠢᠶᠠᠷᠤᠯᠳᠠ ᠶᠢᠨ ᠦᠯᠢᠭᠡᠷ ᠭᠡᠪ ᠢ ᠭᠡᠷᠡᠭᠵᠢᠭᠦᠯᠵᠤ᠂ ᠲᠡᠵᠢᠭᠡᠪᠤᠷᠢ ᠶᠢᠨ ᠦᠢᠯᠡᠰ ᠤᠨ ᠠᠮᠢᠳᠤ ᠪᠤᠳᠠᠰ ᠤᠨ ᠠᠶᠤᠯ ᠦᠬᠡᠢ ᠰᠢᠰᠲ᠋ᠧᠮ ᠢ ᠪᠠᠶᠢᠭᠤᠯᠬᠤ ᠶᠢ ᠭᠡᠯᠡᠨ᠎ᠡ᠃ ᠮᠠᠯ ᠤᠨ ᠠᠰᠢᠭ ᠰᠢᠮ᠎ᠠ ᠶᠢᠨ ᠪᠦᠳᠦᠮᠵᠢᠳᠡᠢ ᠬᠠᠨᠭ᠍ᠭᠠᠯᠭ᠎ᠠ ᠵᠢᠴᠢ ᠲᠡᠭᠦᠨ ᠤ ᠶᠠᠰᠤ ᠴᠢᠨᠠᠷ ᠤᠨ ᠠᠶᠤᠯ ᠦᠬᠡᠢ ᠶᠢ ᠪᠠᠳᠤᠯᠠᠵᠤ᠂ ᠮᠠᠯ ᠠᠵᠤ ᠠᠬᠤᠢ ᠶᠢ ᠡᠷᠡᠭᠦᠯ ᠢᠶᠠᠷ ᠭᠦᠭᠵᠢᠭᠦᠯᠭᠦ ᠪᠡ ᠮᠠᠯᠴᠢᠨ ᠲᠠᠷᠢᠶᠠᠴᠢᠨ ᠤ ᠤᠷᠤᠯᠭ᠎ᠠ ᠶᠢ ᠲᠠᠰᠤᠷᠠᠯᠳᠠ ᠦᠭᠡᠢ ᠨᠡᠮᠡᠭᠳᠡᠭᠦᠯᠭᠦ ᠶᠢ ᠪᠠᠳᠤᠯᠠᠵᠤ᠂ ᠭᠦᠮᠦᠨ ᠠᠷᠠᠳ ᠤᠨ ᠪᠡᠶ᠎ᠠ ᠶᠢᠨ ᠡᠷᠡᠭᠦᠯ ᠮᠡᠨᠳᠤ ᠶᠢ ᠬᠠᠮᠠᠭᠠᠯᠠᠵᠤ᠂ ᠨᠡᠶᠢᠭᠡᠮ ᠤᠨ ᠡᠪ ᠵᠤᠭᠢᠴᠠᠯ ᠢ ᠠᠭᠢᠭᠤᠯᠬᠤ ᠪᠤᠯᠤᠨ᠎ᠠ᠃

      2. ᠰᠢᠯᠦᠭᠡᠢ ᠨᠢ ᠶᠠᠮᠠᠷ ᠭᠤᠤᠯ ᠢᠯᠡᠷᠡᠯ ᠲᠠᠢ ᠪᠤᠢ︖ ᠭᠡᠷᠭᠢᠨ ᠰᠡᠷᠭᠡᠶᠢᠯᠡᠨ ᠬᠤᠷᠢᠠᠠᠯᠠᠬᠤ ᠪᠤᠢ︖

      ᠰᠢᠯᠦᠭᠡᠢ ᠶᠢᠨ ᠭᠤᠤᠯ ᠢᠯᠡᠷᠡᠯ ᠵᠢᠴᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

       ︵1︶ ᠭᠤᠤᠯ ᠢᠯᠡᠷᠡᠯ᠄ ᠭᠡᠮ ᠲᠠᠢ ᠦᠭᠡᠷ ᠬᠤᠨᠢᠨ ᠤ ᠠᠮᠠᠨ ᠭᠦᠨᠳᠡᠢ᠂ ᠰᠢᠭᠢᠷ᠎ᠠ ᠲᠠᠪᠠᠭ᠂ ᠲᠡᠯᠠᠩ ᠳᠤᠨᠢ ᠤᠰᠤᠨ ᠴᠦᠪᠤᠷᠢᠭᠦᠤ ᠪᠠ ᠢᠯᠪᠤᠷᠠᠬᠤ ᠲᠤᠯᠪᠤ ᠭᠠᠷᠴᠤ᠂ ᠪᠡᠶ᠎ᠠ ᠶᠢᠨ ᠬᠠᠯᠠᠭᠤᠨ ᠨᠢ ᠲᠦᠷᠭᠡᠨ ᠲᠡᠭᠡᠭᠰᠢᠯᠡᠵᠤ᠂ 40.5℃~41℃ ᠲᠤ ᠭᠦᠷᠴᠤ᠂ ᠶᠡᠭᠡᠳᠡ ᠰᠢᠯᠦᠰᠤ ᠭᠤᠭᠤᠵᠢᠵᠤ᠂ ᠰᠢᠭᠢᠷ᠎ᠠ ᠶᠢᠨ ᠭᠡᠰᠡᠭ ᠨᠢ ᠤᠯᠠᠶᠢᠵᠤ᠂ ᠠᠭᠠᠵᠢᠮ ᠢᠶᠠᠷ ᠤᠰᠤᠨ ᠴᠦᠪᠤᠷᠢᠭᠦᠤ ᠪᠤᠯᠵᠤ᠂ ᠰᠡᠭᠦᠯ ᠳᠡᠭᠡᠨ ᠲᠠᠪ ᠰᠠᠭᠤᠳᠠᠭ ᠪᠠᠶᠢᠨ᠎ᠠ᠃ ᠵᠠᠷᠢᠮ ᠤᠨ ᠭᠢᠨᠢ ᠢᠳᠡᠭᠡᠯᠡᠵᠤ᠂ ᠲᠤᠭᠤᠯᠳᠠᠨ ᠶᠠᠪᠤᠬᠤ ᠪᠠ ᠴᠢᠨ᠋ᠬᠠᠰᠢᠯᠡᠪᠡᠯ ᠲᠠᠪᠠᠭ ᠨᠢ ᠮᠤᠯᠳᠤᠷᠠᠳᠠᠭ ᠪᠠᠶᠢᠨ᠎ᠠ᠃ ᠡᠭᠦᠨ ᠳᠤ ᠪᠠᠭ᠎ᠠ ᠨᠠᠰᠤᠨ ᠤ ᠦᠭᠡᠷ ᠬᠤᠨᠢᠨ ᠤ ᠭᠡᠮᠳᠦᠭᠦ ᠨᠢ ᠮᠠᠰᠢ ᠭᠦᠨᠳᠤ ᠨᠤᠴᠢᠳᠡᠢ ᠪᠠᠶᠢᠵᠤ᠂ ᠦᠭᠦᠯ ᠤᠨ ᠨᠤᠷᠮ᠎ᠠ ᠨᠢ ᠴᠤ ᠦᠨᠳᠤᠷ ᠪᠠᠶᠢᠳᠠᠭ᠃ ᠬᠠᠮᠤᠭ ᠡᠴᠤᠰ ᠲᠤ ᠭᠡᠮᠨᠡᠭᠰᠡᠨ ᠵᠢᠱᠢᠶ᠎ᠠ ᠶᠢ ᠤᠨᠤᠰᠢᠯᠠᠬᠤ ᠳᠤ ᠡᠷᠭᠡᠪᠰᠢ ᠭᠡᠮᠨᠡᠭᠰᠡᠡ ᠮᠠᠲ᠋ᠧᠷᠢᠶᠠᠯ ᠢ ᠴᠤᠠᠠᠯᠠᠭᠤᠯᠤᠨ ᠲᠤᠷᠰᠢᠯᠳᠠ ᠶᠢᠨ ᠭᠡᠷ ᠲᠤ ᠪᠠᠶᠢᠴᠠᠭᠠᠨ ᠰᠢᠯᠭᠠᠯᠳᠠ ᠭᠢᠭᠦ ᠭᠡᠷᠡᠭᠳᠡᠢ᠃

       ︵2︶ ᠡᠭᠡᠯᠢᠯᠡᠭᠡ ᠶᠢᠨ ᠪᠤᠳᠤ ᠲᠠᠷᠢᠬᠤ᠄ ᠤᠳᠤᠬᠠᠨ ᠳᠤ ᠪᠤᠳᠤ ᠲᠠᠷᠢᠯᠭ᠎ᠠ ᠪᠤᠯ ᠲᠡᠯᠡᠭᠡᠢ ᠨᠠᠶᠢᠳᠡ ᠪᠠᠷ ᠢᠶᠠᠨ ᠮᠠᠳᠡᠷᠡᠵᠤ ᠪᠦᠭᠦᠢ ᠰᠢᠯᠦᠭᠡᠢ ᠶᠢ ᠰᠡᠷᠭᠡᠶᠢᠯᠡᠨ ᠵᠠᠰᠠᠬᠤ ᠪᠦᠳᠦᠮᠵᠢᠳᠡᠢ ᠠᠷᠭ᠎ᠠ ᠭᠡᠮᠵᠢᠶ᠎ᠠ ᠮᠦᠨ᠃ ᠪᠦᠭᠦ ᠤᠯᠤᠰ ᠤᠨ ᠭᠡᠪᠴᠢᠶᠠᠨ ᠳᠤ ᠪᠦᠭᠦ᠋ᠢᠯᠡ ᠲᠡᠵᠢᠭᠡᠪᠤᠷᠢ ᠶᠢᠨ ᠡᠷᠦᠭᠡ ᠶᠢᠨ ᠦᠭᠡᠷ ᠬᠤᠨᠢᠨ ᠳᠤ ᠴᠦᠮ ᠵᠢᠯ ᠳᠤ ᠬᠤᠶᠠᠷ ᠤᠳᠠᠭ᠎ᠠ ᠬᠠᠪᠤᠷ ᠨᠠᠮᠤᠷ ᠤᠨ ᠭᠢᠵᠢᠭ ᠰᠡᠷᠭᠡᠶᠢᠯᠡᠯᠳᠡ ᠶᠢᠨ ᠪᠤᠳᠤ ᠲᠠᠷᠢᠬᠤ ᠶᠢ ᠪᠠᠷᠢᠮᠳᠡᠯᠡᠵᠤ᠂ ᠭᠢᠵᠢᠭ
ᠡᠭᠦᠰᠪᠡᠯ ᠭᠢᠵᠢᠭ ᠤᠨ ᠤᠷᠤᠨ᠂ ᠰᠦᠷᠳᠡᠭᠦᠯᠦᠭᠳᠡᠵᠤ ᠪᠦᠭᠦᠢ ᠤᠷᠤᠨ ᠳᠤ ᠠᠯᠪᠠᠳᠠᠯᠭ᠎ᠠ ᠶᠢᠨ ᠴᠢᠨᠠᠷᠳᠡᠢ ᠪᠤᠳᠤ ᠲᠠᠷᠢᠬᠤ ᠭᠡᠷᠡᠭᠳᠡᠢ᠃ ᠤᠷᠢᠳ ᠢᠶᠠᠷ ᠭᠢᠵᠢᠭ ᠤᠨ ᠤᠷᠤᠨ ᠠᠴᠠ ᠪᠤᠰᠤᠳ ᠠᠶᠤᠯ ᠦᠬᠡᠢ ᠤᠷᠤᠨ ᠠᠴᠠ ᠡᠭᠢᠯᠡᠨ ᠲᠠᠷᠢᠵᠤ᠂ ᠲᠠᠭᠢᠨ ᠰᠦᠷᠳᠡᠭᠦᠯᠦᠭᠳᠡᠵᠤ ᠪᠠᠶᠢᠭ᠎ᠠ ᠤᠷᠤᠨ ᠳᠤ ᠲᠠᠷᠢᠵᠤ᠂ ᠬᠠᠮᠤᠭ ᠰᠡᠭᠦᠯ ᠳᠤᠨᠢ ᠭᠢᠵᠢᠭ ᠤᠨ ᠤᠷᠤᠨ ᠳᠠᠬᠢ ᠡᠷᠡᠭᠦᠯ ᠦᠭᠡᠷ ᠬᠤᠨᠢᠨ ᠳᠤ ᠲᠠᠷᠢᠬᠤ ᠭᠡᠷᠡᠭᠳᠡᠢ᠃ ᠤᠳᠤᠬᠠᠨ ᠳᠤ ᠨᠠᠶᠢᠳᠡᠮ ᠳᠡᠭᠡᠨ ᠡᠭᠡᠯᠢᠯᠡᠭᠡ ᠶᠢᠨ ᠪᠤᠳᠤ ᠲᠠᠷᠢᠬᠤ ᠴᠢᠬᠤᠯᠠ ᠲᠠᠢ ᠪᠠᠶᠢᠭ᠎ᠠ ᠰᠢᠯᠦᠭᠡᠢ ᠡᠪᠡᠳᠴᠢᠨ ᠤ ᠸᠠᠺᠼᠢᠨ ᠳᠤ O ᠭᠡᠯᠪᠡᠷᠢ - ᠠᠽᠢᠶ᠎ᠠ ᠭᠡᠯᠪᠡᠷᠢ ᠶᠢᠨ ᠬᠤᠤᠰ ᠦᠨ᠎ᠠ ᠶᠢᠨ ᠸᠠᠺᠼᠢᠨ ᠪᠠᠭᠳᠠᠨ᠎ᠠ᠃ ᠸᠠᠺᠼᠢᠨ ᠢ ᠤᠯᠤᠰ ᠠᠴᠠ ᠲᠦᠯᠦᠪᠤᠷᠢ ᠦᠭᠡᠢ ᠪᠠᠷ ᠬᠠᠨᠭ᠍ᠭᠠᠵᠤ᠂ ᠡᠯ᠎ᠠ ᠭᠠᠵᠠᠷ ᠤᠨ ᠠᠮᠢᠳᠤ ᠪᠤᠳᠠᠰ ᠤᠨ ᠭᠢᠵᠢᠭ ᠰᠡᠷᠭᠡᠶᠢᠯᠡᠯᠳᠡ ᠶᠢᠨ ᠰᠠᠯᠠᠭ᠎ᠠ ᠮᠦᠴᠢᠷ ᠤᠳ ᠡᠭᠡᠯᠢᠯᠡᠭᠡ ᠶᠢᠨ ᠪᠤᠳᠤ ᠲᠠᠷᠢᠬᠤ ᠠᠵᠢᠯ ᠢ ᠵᠤᠭᠢᠶᠠᠨ ᠪᠠᠶᠢᠭᠤᠯᠵᠤ ᠪᠠᠶᠢᠨ᠎ᠠ᠂ ᠲᠡᠵᠢᠭᠡᠪᠤᠷᠢ ᠶᠢᠨ
ᠡᠷᠦᠭᠡ ᠨᠦᠭᠦᠳ ᠢᠳᠡᠪᠭᠢᠳᠡᠢ ᠬᠠᠮᠵᠢᠯᠴᠠᠬᠤ ᠭᠡᠷᠡᠭᠳᠡᠢ᠃

      ︵3︶ ᠭᠢᠵᠢᠭ ᠢ ᠰᠢᠢᠳᠪᠤᠷᠢᠯᠡᠭᠦ᠄ ᠲᠤᠰ ᠭᠡᠮ ᠪᠤᠯ ᠠᠮᠢᠳᠠᠨ ᠤ ᠨᠢᠭᠡᠳᠦᠭᠡᠷ ᠲᠠᠰ ᠤᠨ ᠭᠢᠵᠢᠭ ᠭᠡᠮ ᠮᠦᠨ᠃ ᠭᠡᠮ ᠡᠭᠦᠰᠪᠡᠯ ᠡᠮᠨᠡᠨ ᠵᠠᠰᠠᠬᠤ ᠭᠡᠷᠡᠭ ᠦᠭᠡᠢ ᠬᠠᠷᠢᠨ ᠲᠤᠤᠱᠳᠠᠢ ᠠᠯᠠᠵᠤ ᠤᠰᠠᠳᠬᠠᠬᠤ ᠭᠡᠷᠡᠭᠳᠡᠢ᠃ ᠰᠠᠵᠢᠭ᠍ᠳᠡᠢ ᠭᠢᠵᠢᠭ ᠤᠨ ᠪᠠᠶᠢᠳᠠᠯ ᠢᠯᠡᠷᠡᠪᠡᠯ᠂ ᠭᠦᠮᠦᠨ ᠪᠦᠭᠦᠨ ᠴᠦᠮ ᠭᠢᠵᠢᠭ ᠤᠨ ᠪᠠᠶᠢᠳᠠᠯ ᠢ ᠮᠡᠳᠡᠭᠦᠯᠭᠦ ᠡᠷᠭᠡ ᠪᠡ ᠡᠭᠦᠷᠭᠡ ᠲᠠᠢ᠃ ᠭᠢᠵᠢᠭ ᠡᠭᠦᠰᠦᠭᠰᠡᠨ ᠦᠶ᠎ᠠ ᠳᠤ ᠴᠠᠭ ᠲᠠᠷᠤᠢ ᠳᠤᠨᠢ ᠱᠠᠳᠤ ᠲᠠᠷᠠᠭᠠᠯᠠᠨ ᠲᠡᠭᠡᠭᠰᠢ ᠮᠡᠳᠡᠭᠦᠯᠵᠤ᠂ ᠭᠢᠵᠢᠭ ᠤᠨ ᠤᠷᠤᠨ ᠢ ᠵᠠᠭᠠᠠᠠᠯᠠᠨ ᠲᠤᠠᠠᠳᠠᠭᠠᠵᠤ᠂ ᠴᠢᠩᠭ᠎ᠠ ᠪᠢᠳᠡᠭᠦᠮᠵᠢᠯᠡᠵᠤ᠂ ᠲᠤᠬᠠᠢ ᠶᠢᠨ ᠭᠠᠵᠠᠷ ᠲᠤᠨᠢ ᠠᠯᠠᠵᠤ ᠤᠰᠠᠳᠬᠠᠵᠤ᠂ ᠬᠠᠮᠤᠭ ᠰᠡᠭᠦᠯᠴᠢ ᠶᠢᠨ ᠨᠢᠭᠡᠨ ᠭᠡᠮᠨᠡᠭᠰᠡᠨ ᠮᠠᠯ ᠢ ᠠᠯᠠᠬᠤ ᠪᠤᠶᠤ ᠦᠭᠦᠭᠰᠡᠨ ᠠᠴᠠ 14 ᠬᠤᠨᠤᠭ ᠤᠨ ᠲᠠᠷᠠᠭ᠎ᠠ᠂ ᠲᠠᠭᠢᠨᠳᠠ ᠭᠡᠮᠨᠡᠭᠰᠡᠨ ᠵᠢᠱᠢᠶ᠎ᠠ ᠢᠯᠡᠷᠡᠭᠰᠡᠨ ᠦᠭᠡᠢ ᠪᠤᠯ ᠲᠦᠢᠯᠪᠤᠷᠢᠳᠡᠢ ᠠᠷᠢᠭᠤᠳᠬᠠᠠᠠᠰᠠᠨ ᠤ ᠰᠡᠭᠦᠯᠡᠷ ᠲᠡᠭᠡᠳᠤ ᠱᠠᠳᠤᠨ ᠳᠤ ᠮᠡᠳᠡᠭᠦᠯᠦᠨ ᠵᠦᠪᠰᠢᠶᠡᠷᠡᠭᠦᠯᠵᠤ᠂ ᠪᠢᠳᠡᠭᠦᠮᠵᠢᠯᠡᠯ ᠢ ᠴᠢᠯᠦᠭᠡᠯᠡᠵᠤ ᠪᠤᠯᠤᠨ᠎ᠠ᠃

      ︵4︶ ᠠᠷᠢᠭᠤᠳᠬᠠᠯ ᠭᠢᠵᠤ ᠦᠨᠳᠤᠰᠤ ᠶᠢ ᠨᠢ ᠲᠠᠰᠤᠯᠬᠤ᠄ ᠭᠡᠮ ᠲᠠᠢ ᠦᠭᠡᠷ ᠬᠤᠨᠢᠨ ᠤ ᠪᠤᠭᠢᠷᠳᠤᠭᠤᠯᠤᠠᠠᠰᠠᠨ ᠬᠤᠷᠤᠭ᠎ᠠ ᠬᠠᠰᠢᠶ᠎ᠠ᠂ ᠲᠡᠵᠢᠭᠡᠯ ᠤᠨ ᠤᠡᠭᠭᠤᠴᠠ᠂ ᠠᠵᠢᠯ ᠤᠨ ᠪᠠᠭᠠᠵᠢ ᠭᠡᠷᠡᠭᠰᠡᠯ ᠪᠤᠯᠤᠨ ᠪᠠᠭᠠᠰᠤ ᠰᠢᠭᠡᠰᠤ ᠶᠢ ᠨᠢ 2% ᠤᠨ ᠤᠰᠤᠮᠬᠠᠳᠤ ᠨᠠᠲᠷᠢ ᠶᠢᠨ ᠠᠭᠤᠰᠤᠮᠠᠯ ᠰᠢᠩᠭᠡᠨ ᠵᠡᠷᠭᠡ ᠠᠷᠢᠭᠤᠳᠬᠠᠯ ᠤᠨ ᠡᠮ ᠢ ᠭᠡᠷᠡᠭᠯᠡᠨ᠂ ᠲᠤᠳᠤᠷᠬᠠᠶᠢᠯᠠᠯᠳᠠ ᠶᠢᠨ ᠪᠢᠴᠢᠭ ᠲᠠᠬᠢ ᠭᠡᠮᠵᠢᠶ᠎ᠠ ᠪᠤᠯᠤᠨ ᠱᠠᠭᠠᠷᠳᠠᠯᠭ᠎ᠠ ᠪᠠᠷ ᠭᠡᠳᠦᠭᠡᠨ
ᠮᠢᠨᠦ᠋ᠲ ᠤᠨ ᠲᠤᠳᠤᠷ᠎ᠠ ᠭᠡᠮ ᠤᠨ ᠬᠤᠤᠷ ᠢ ᠤᠰᠠᠳᠬᠠᠵᠤ ᠪᠤᠯᠤᠨ᠎ᠠ᠃

      ︵5︶ ᠭᠢᠵᠢᠭ ᠪᠠᠶᠢᠴᠠᠭᠠᠯᠳᠠ ᠶᠢ ᠡᠷᠴᠢᠮᠵᠢᠭᠦᠯᠭᠦ᠄ ᠦᠭᠡᠷ ᠬᠤᠨᠢ ᠭᠠᠳᠠᠨ᠎ᠠ ᠠᠴᠠ ᠤᠷᠤᠭᠤᠯᠵᠤ ᠢᠷᠡᠭᠦ ᠦᠶᠡᠰ᠂ ᠭᠢᠵᠢᠭ ᠪᠠᠶᠢᠴᠠᠭᠠᠬᠤ ᠪᠡ ᠲᠤᠰᠠᠭᠠᠷᠯᠠᠨ ᠠᠵᠢᠠᠠᠯᠠᠨ ᠪᠠᠶᠢᠴᠠᠭᠠᠬᠤ ᠪᠠᠷ ᠲᠠᠮᠵᠢᠭᠤᠯᠤᠨ᠂ ᠭᠡᠮ ᠲᠠᠢ ᠠᠮᠢᠳᠠᠨ ᠢ ᠤᠷᠤᠭᠤᠯᠵᠤ ᠢᠷᠡᠭᠦ ᠠᠴᠠ ᠰᠠᠷᠭᠡᠶᠢᠯᠡᠨ᠎ᠠ᠃ ᠰᠢᠯᠦᠭᠡᠢ ᠶᠢᠨ ᠬᠤᠤᠷ ᠢ ᠰᠢᠯᠭᠠᠨ ᠪᠠᠶᠢᠴᠠᠭᠠᠬᠤ ᠪᠦᠳᠦᠴᠡ ᠶᠢᠨ ᠪᠤᠰᠤ ᠤᠭᠤᠷᠠᠭ ᠤᠨ ᠲᠠᠭᠠᠭᠠᠴᠠ ᠶᠢᠨ EL-SA ᠲᠤᠷᠰᠢᠯᠳᠡ ᠪᠠᠷ ᠠᠷᠭ᠎ᠠ ᠴᠢᠨᠠᠷ ᠲᠠᠢ ᠮᠠᠯ ᠢ ᠪᠠᠶᠢᠴᠠᠭᠠᠬᠤ ᠪᠠ
ᠰᠢᠯᠢᠳᠡᠭᠵᠢᠭᠦᠯᠭᠦ ᠭᠡᠷᠡᠭᠳᠡᠢ᠃

      3. ᠮᠠᠯ ᠵᠢᠭᠦᠷᠳᠡᠨ ᠤ ᠪᠷᠦ᠋ᠼᠧᠯ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠶᠠᠮᠠᠷ ᠶᠠᠮᠠᠷ ᠲᠠᠯ᠎ᠠ ᠪᠠᠭᠳᠠᠵᠤ ᠪᠠᠶᠢᠬᠤ ᠪᠤᠢ︖
       ᠪᠷᠦ᠋ᠼᠧᠯ ᠤᠨ ᠭᠤᠤᠯ ᠢᠯᠡᠷᠡᠯ ᠵᠢᠴᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

       ︵1︶ ᠭᠤᠤᠯ ᠢᠯᠡᠷᠡᠯ᠄ ᠲᠤᠰ ᠭᠡᠮ ᠨᠢ ᠭᠦᠮᠦᠨ ᠮᠠᠯ ᠳᠤ ᠴᠦᠮ ᠬᠠᠯᠳᠠᠪᠤᠷᠢᠯᠠᠳᠠᠭ᠃ ᠭᠤᠤᠯ ᠨᠢ ᠦᠷᠡᠵᠢᠯ ᠤᠨ ᠰᠢᠰᠲ᠋ᠧᠮ ᠢ ᠭᠦᠨᠦᠭᠡᠵᠤ᠂ ᠦᠨᠢᠶ᠎ᠠ ᠶᠢ ᠭᠡᠭᠡᠯ ᠬᠠᠶᠠᠭᠤᠯᠬᠤ ᠪᠠ ᠭᠡᠭᠡᠯᠳᠦᠭᠦ ᠦᠭᠡᠢ ᠪᠤᠯᠭᠠᠵᠤ᠂ ᠪᠤᠬ᠎ᠠ ᠳᠤ ᠲᠦᠮᠤᠰᠤ ᠶᠢᠨ ᠦᠷᠪᠢᠰᠦᠯ ᠡᠭᠦᠰᠭᠡᠭᠦ ᠪᠡ ᠭᠡᠭᠡᠯᠳᠦᠭᠦᠯᠭᠦ ᠴᠢᠳᠠᠯ ᠢ ᠨᠢ ᠠᠯᠳᠠᠭᠤᠯᠬᠤ ᠤᠨᠴᠠᠯᠢᠭ ᠲᠠᠢ ᠪᠠᠶᠢᠳᠠᠭ᠃ ᠭᠡᠭᠡᠯ ᠲᠠᠢ ᠦᠨᠢᠶᠠᠨ ᠤ ᠭᠤᠤᠯ ᠢᠯᠡᠷᠡᠯ ᠨᠢ ᠭᠡᠪᠡᠯ ᠭᠡᠭᠡᠯ ᠬᠠᠶᠠᠳᠠᠭ᠃ ᠵᠠᠷᠢᠮ ᠨᠢ ᠡᠳᠡᠭᠡᠷᠡᠭᠰᠡᠨ ᠤ ᠰᠡᠭᠦᠯᠡᠷ ᠴᠤ ᠤᠷᠳᠤ ᠬᠤᠭᠤᠴᠠᠭ᠎ᠠ ᠪᠠᠷ ᠪᠠᠺᠲ᠋ᠧᠷᠢ ᠭᠠᠷᠭᠠᠵᠤ᠂ ᠲᠠᠭᠢᠨᠳᠡ ᠭᠡᠭᠡᠯ ᠬᠠᠶᠠᠬᠤ ᠶᠢᠨ ᠰᠢᠯᠳᠠᠭᠠᠨ ᠢ ᠪᠤᠢ ᠪᠤᠯᠭᠠᠳᠠᠭ᠃ ᠵᠠᠷᠢᠮ ᠨᠢ ᠶᠠᠷᠤ ᠡᠳᠡᠭᠡᠷᠡᠭᠦ ᠦᠭᠡᠢ᠂ ᠭᠡᠭᠡᠯᠳᠦᠭᠦ ᠦᠭᠡᠢ ᠪᠤᠯᠵᠤ᠂ ᠡᠴᠦᠰ ᠲᠡᠭᠡᠨ ᠰᠢᠯᠢᠭᠳᠡᠳᠡᠭ᠃ ᠤᠨᠤᠰᠢᠯᠠᠬᠤ ᠪᠠ ᠢᠯᠭᠠᠨ ᠲᠤᠳᠤᠯᠠᠬᠤ ᠳᠤ ᠲᠤᠷᠰᠢᠯᠳᠡ ᠶᠢᠨ ᠭᠡᠷ ᠤᠨ ᠪᠠᠶᠢᠴᠠᠭᠠᠯᠳᠠ ᠭᠢᠭᠦ ᠪᠡ ᠦᠭᠡᠷ᠎ᠡ ᠠᠷᠭ᠎ᠠ ᠭᠡᠮᠵᠢᠶ᠎ᠠ ᠴᠤ ᠮᠠᠰᠢ ᠤᠯᠠᠨ ᠪᠠᠶᠢᠳᠠᠭ ᠪᠤᠯᠬᠤᠷ ᠪᠤᠳᠠᠳᠠᠢ ᠪᠠᠶᠢᠳᠠᠯ ᠢ ᠦᠨᠳᠦᠰᠦᠯᠡᠨ ᠰᠤᠩᠭᠤᠬᠤ ᠭᠡᠷᠡᠭᠳᠡᠢ᠃

      ︵2︶ ᠡᠭᠡᠯᠢᠯᠡᠭᠡ ᠶᠢᠨ ᠪᠤᠳᠤ ᠲᠠᠷᠢᠬᠤ᠄ ᠦᠢᠯᠡᠳᠪᠤᠷᠢᠯᠡᠭᠰᠡᠨ ᠦᠢᠯᠡᠳᠪᠤᠷᠢ ᠶᠢᠨ ᠬᠠᠨᠭ᠍ᠭᠠᠠᠠᠰᠠᠨ ᠲᠤᠳᠤᠷᠬᠠᠶᠢᠯᠠᠯᠳᠠ ᠶᠢᠨ ᠪᠢᠴᠢᠭ ᠢᠶᠠᠷ ᠡᠭᠡᠯᠢᠯᠡᠭᠡ ᠶᠢᠨ ᠪᠤᠳᠦ ᠲᠠᠷᠢᠬᠤ ᠭᠡᠷᠡᠭᠳᠡᠢ᠃ ᠮᠠᠨ ᠤ ᠤᠯᠤᠰ ᠤᠨ ᠦᠷᠭᠦᠯᠵᠢ ᠭᠡᠷᠡᠭᠯᠡᠳᠡᠭ ᠸᠠᠺᠼᠢᠨ ᠳᠤ 19 ᠨᠤᠮᠧᠷᠳᠤ ᠪᠷᠦ᠋ᠼᠧᠯ ᠤᠨ ᠪᠠᠺᠲ᠋ᠧᠷᠢ ᠶᠢᠨ ᠸᠠᠺᠼᠢᠨ᠂ ᠬᠤᠨᠢᠨ ᠤ 5 ᠨᠤᠮᠧᠷᠳᠤ ᠸᠠᠺᠼᠢᠨ ᠪᠠ ᠭᠠᠭ᠋ᠠᠢ ᠶᠢᠨ 2 ᠨᠤᠮᠧᠷᠳᠤ ᠸᠠᠺᠼᠢᠨ ᠪᠠᠶᠢᠨ᠎ᠠ᠃ ᠭᠡᠭᠡᠯ ᠲᠠᠢ ᠦᠨᠢᠶ᠎ᠠ ᠬᠤᠨᠢᠨ ᠳᠤ ᠡᠭᠡᠯᠢᠯᠡᠭᠡ ᠶᠢᠨ ᠪᠤᠳᠤ ᠲᠠᠷᠢᠪᠠᠯ ᠠᠮᠠᠷᠬᠠᠨ ᠭᠡᠭᠡᠯ ᠬᠠᠶᠠᠬᠤ ᠶᠢ ᠤᠨᠴᠠ ᠠᠩᠬᠠᠷᠬᠤ ᠭᠡᠷᠡᠭᠳᠡᠢ᠃

      ︵3︶ ᠠᠷᠢᠭᠤᠳᠬᠠᠯ ᠭᠢᠵᠤ ᠡᠪᠡᠳᠴᠢᠨ ᠤ ᠤᠭ ᠢ ᠲᠠᠰᠤᠯᠬᠤ᠄ ᠶᠠᠷᠤ ᠶᠢᠨ ᠠᠷᠢᠭᠤᠳᠬᠠᠯ ᠡᠮ ᠵᠢᠱᠢᠶᠡᠯᠡᠪᠡᠯ 1%~3% ᠶᠢᠨ ᠴᠤᠬᠤᠢ ᠭᠦᠴᠢᠯ ᠤᠨ ᠠᠭᠤᠰᠤᠮᠠᠯ ᠰᠢᠩᠭᠡᠨ ᠪᠤᠯ ᠪᠷᠦ᠋ᠼᠧᠯ ᠤᠨ ᠪᠠᠺᠲ᠋ᠧᠷᠢ ᠶᠢ ᠭᠤᠷᠪᠠᠭ᠋ᠠᠨ ᠮᠢᠨᠦ᠋ᠲ ᠲᠤᠳᠤᠷ᠎ᠠ ᠤᠰᠠᠳᠬᠠᠵᠤ ᠴᠢᠳᠠᠨ᠎ᠠ᠃ 2% ᠤᠨ ᠹᠤᠷᠮᠠᠯᠢᠨ ᠠᠭᠤᠰᠤᠮᠠᠯ ᠰᠢᠩᠭᠡᠨ ᠪᠤᠯ 15 ᠮᠢᠨᠦ᠋ᠲ ᠤᠨ ᠲᠤᠳᠤᠷ᠎ᠠ ᠠᠯᠠᠵᠤ ᠤᠰᠠᠳᠬᠠᠵᠤ ᠴᠢᠳᠠᠨ᠎ᠠ᠃ ᠡᠭᠦᠨ ᠠᠴᠠ ᠭᠠᠳᠠᠨ᠎ᠠ 3% ᠶᠢᠨ ᠴᠠᠶᠢᠷᠠᠭᠤᠯᠬᠤ ᠠᠭᠤᠰᠤᠮᠠᠯ ᠰᠢᠩᠭᠡᠨ᠂ 20% ᠶᠢᠨ ᠴᠤᠬᠤᠢ ᠶᠢᠨ ᠠᠭᠤᠰᠤᠮᠠᠯ᠂ ᠬᠠᠭ᠋ᠤᠨ ᠨᠠᠲᠷᠢ ᠶᠢᠨ ᠰᠢᠩᠭᠡᠨ ᠢᠶᠠᠷ ᠦᠷᠭᠡᠨ ᠭᠡᠪᠴᠢᠶ᠎ᠠ ᠪᠠᠷ ᠠᠷᠢᠭᠤᠳᠬᠠᠪᠠᠯ ᠦᠷ᠎ᠡ ᠪᠦᠳᠦᠮᠵᠢ ᠨᠢ ᠴᠦᠮ ᠮᠠᠰᠢ ᠰᠠᠶᠢᠨ ᠪᠠᠶᠢᠳᠠᠭ᠃

      4. ᠬᠤᠨᠢᠨ ᠤ ᠴᠡᠴᠡᠭ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠶᠠᠮᠠᠷ ᠭᠡᠳᠦᠨ ᠲᠠᠯ᠎ᠠ ᠪᠠᠭᠳᠠᠵᠤ ᠪᠠᠶᠢᠬᠤ ᠪᠤᠢ︖

      ᠬᠤᠨᠢᠨ ᠤ ᠴᠡᠴᠡᠭ ᠢ ᠰᠡᠷᠭᠡᠶᠢᠯᠡᠨ ᠬᠤᠷᠢᠠᠠᠯᠠᠬᠤ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠭᠤᠤᠯ ᠢᠯᠡᠷᠡᠯ᠄ ᠭᠡᠮᠳᠦᠭᠰᠡᠨ ᠤ ᠡᠭᠢᠨ ᠤ ᠬᠤᠭᠤᠴᠠᠭᠠᠨ ᠳᠤ ᠬᠤᠨᠢᠨ ᠤ ᠪᠡᠶ᠎ᠠ ᠶᠢᠨ ᠬᠠᠯᠠᠭᠤᠨ ᠨᠢ 40℃ ᠠᠴᠠ ᠲᠡᠭᠡᠭᠰᠢ ᠰᠦᠷᠡᠭᠡᠢ ᠲᠦᠷᠭᠡᠨ ᠬᠠᠯᠠᠭᠤᠷᠠᠵᠤ᠂ ᠠᠷᠠᠰᠤ᠂ ᠴᠠᠪᠢᠨ ᠤ ᠭᠤᠪᠢᠯ᠂ ᠰᠤᠭᠤ ᠪᠤᠯᠤᠨ ᠭᠢᠷᠵᠡᠩ ᠵᠡᠷᠭᠡ ᠭᠡᠰᠡᠭ ᠲᠤᠨᠢ ᠴᠢᠰᠤ ᠬᠤᠷᠠᠬᠤ ᠲᠤᠯᠪᠤ ᠭᠠᠷᠴᠤ᠂ ᠤᠯᠠᠭᠠᠨ ᠲᠤᠯᠪᠤ᠂ ᠪᠢᠵᠢᠷᠠᠤ᠂ ᠭᠦᠪᠳᠦᠷᠤᠤ᠂ ᠤᠰᠤᠨ ᠴᠦᠪᠤᠷᠢᠭᠦᠤ ᠬᠠᠷᠬᠠᠳᠠᠵᠤ᠂ ᠭᠦᠨᠳᠤ ᠨᠤᠴᠢᠳᠡᠢ ᠨᠢ ᠢᠳᠡᠭᠡᠯᠡᠳᠡᠭ ᠪᠠᠶᠢᠨ᠎ᠠ᠃

      ︵2︶ ᠡᠭᠡᠯᠢᠯᠡᠭᠡ ᠶᠢᠨ ᠪᠤᠳᠤ ᠲᠠᠷᠢᠬᠤ᠄ ᠡᠭᠡᠯᠢᠯᠡᠭᠡ ᠶᠢᠨ ᠲᠠᠰ ᠲᠠᠷᠠᠭᠠᠯᠠᠯ ᠢᠶᠠᠷ ᠡᠭᠡᠯᠢᠯᠡᠭᠡ ᠶᠢᠨ ᠪᠤᠳᠤ ᠲᠠᠷᠢᠵᠤ᠂ ᠡᠭᠡᠯᠢᠯᠡᠭᠡ ᠶᠢᠨ ᠲᠠᠩᠰᠡ ᠡᠪᠭᠡᠮᠡᠯ ᠪᠠᠶᠢᠭᠤᠯᠬᠤ ᠭᠡᠷᠡᠭᠳᠡᠢ᠃ ᠭᠡᠷᠡᠭᠯᠡᠭᠦ ᠸᠠᠺᠼᠢᠨ ᠨᠢ ᠡᠷᠭᠡᠪᠰᠢ ᠲᠦᠷᠤ ᠶᠢᠨ ᠶᠠᠪᠤᠳᠠᠯ ᠤᠨ ᠬᠤᠷᠢᠶᠠᠨ ᠤ ᠡᠮ ᠡᠮᠨᠡᠯᠭᠡ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠭᠡᠷᠡᠭᠯᠡᠭᠦ ᠶᠢ ᠨᠢ ᠵᠦᠪᠰᠢᠶᠡᠷᠡᠭᠰᠡᠨ ᠬᠠᠤᠯᠢ ᠶᠤᠰᠤᠨ ᠤ ᠸᠠᠺᠼᠢᠨ ᠪᠠᠶᠢᠬᠤ ᠭᠡᠷᠡᠭᠳᠡᠢ᠃

       ︵3︶ ᠠᠷᠢᠭᠤᠳᠬᠠᠯ ᠭᠢᠵᠤ ᠤᠭ ᠢ ᠨᠢ ᠲᠠᠰᠤᠯᠬᠤ ᠭᠡᠷᠡᠭᠳᠡᠢ᠃ ᠨᠢᠠᠠᠳᠠ ᠴᠢᠩᠭ᠎ᠠ ᠠᠷᠢᠭᠤᠳᠬᠠᠬᠤ ᠬᠠᠮᠢᠶᠠᠷᠤᠯᠳᠠ ᠶᠢᠨ ᠲᠦᠷᠢᠮ ᠢ ᠪᠠᠶᠢᠭᠤᠯᠤᠨ᠂ ᠬᠤᠨᠢᠨ ᠬᠠᠰᠢᠶ᠎ᠠ᠂ ᠬᠤᠨᠢᠨ ᠲᠠᠯᠠᠪᠠᠢ ᠶᠢᠨ ᠤᠷᠴᠢᠨ ᠨᠢ ᠪᠠᠭᠠᠵᠢ ᠭᠡᠷᠡᠭᠰᠡᠯ᠂ ᠤᠰᠤ ᠤᠮᠳᠠ ᠵᠡᠷᠭᠡ ᠶᠢ ᠲᠤᠠᠠᠳᠠᠮᠠᠯ
ᠬᠤᠭᠤᠴᠠᠭ᠎ᠠ ᠲᠠᠢ ᠪᠠᠷ ᠨᠢᠠᠠᠳᠠ ᠠᠷᠢᠭᠤᠳᠬᠠᠵᠤ᠂ ᠲᠠᠵᠢᠭᠡᠪᠤᠷᠢ ᠶᠢᠨ ᠲᠠᠯᠠᠪᠠᠢ ᠶᠢᠨ ᠤᠷᠤᠵᠤ ᠭᠠᠷᠬᠤ ᠭᠠᠵᠠᠷ ᠲᠤ ᠠᠷᠢᠭᠤᠳᠬᠠᠬᠤ ᠲᠠᠳᠠᠭᠠᠯ ᠭᠠᠷᠭᠠᠵᠤ᠂ ᠲᠤᠳᠤᠷ᠎ᠠ ᠨᠢ ᠪᠦᠳᠦᠮᠵᠢᠳᠡᠢ ᠠᠷᠢᠭᠤᠳᠬᠠᠬᠤ ᠡᠮ ᠭᠢᠵᠤ ᠲᠠᠯᠪᠢᠬᠤ ᠭᠡᠷᠡᠭᠳᠡᠢ᠃

      5. ᠰᠠᠭᠠᠯᠢ ᠶᠢᠨ ᠦᠨᠢᠶᠠᠨ ᠤ ᠲᠠᠯᠡᠩ ᠤᠨ ᠦᠷᠪᠢᠰᠦᠯ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠵᠤ ᠪᠠᠶᠢᠬᠤ ᠪᠤᠢ︖
      ᠰᠠᠭᠠᠯᠢ ᠶᠢᠨ ᠦᠨᠢᠶᠠᠨ ᠤ ᠲᠠᠯᠡᠩ ᠤᠨ ᠦᠷᠪᠢᠰᠦᠯ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠭᠤᠤᠯ ᠢᠯᠡᠷᠡᠯ᠄ ᠲᠡᠯᠡᠩ ᠤᠨ ᠬᠠᠪᠢ ᠪᠠᠷ ᠨᠢ ᠤᠯᠠᠶᠢᠬᠤ᠂ ᠬᠠᠪᠤᠳᠬᠤ᠂ ᠬᠠᠯᠠᠭᠤᠷᠠᠬᠤ᠂ ᠭᠡᠪᠳᠡᠭᠦ ᠵᠡᠷᠭᠡ ᠢᠯᠡᠷᠡᠯ ᠭᠠᠷᠴᠤ᠂ ᠰᠦ ᠨᠢ ᠤᠡᠭᠭᠠᠷᠢᠯᠯᠢᠬ ᠡᠳ᠋ ᠪᠤᠯᠵᠤ᠂ ᠴᠢᠰᠤ ᠲᠠᠢ  ᠤᠡᠭᠭᠠᠷᠢᠯᠯᠢᠬ ᠨᠦᠵᠢ ᠲᠠᠢ ᠪᠤᠯᠳᠠᠭ᠃ ᠨᠢᠭᠤᠠᠠᠳᠠᠮᠠᠯ ᠲᠡᠯᠡᠩ ᠤᠨ ᠦᠷᠪᠢᠰᠦᠯ ᠢ ᠤᠨᠤᠰᠢᠯᠠᠬᠤ ᠳᠤ ᠪᠡᠷᠭᠡ ᠲᠠᠢ ᠪᠠᠶᠢᠳᠠᠭ ᠲᠤᠯᠠ ᠡᠷᠭᠡᠪᠰᠢ ᠲᠤᠷᠰᠢᠯᠳᠡ ᠶᠢᠨ ᠭᠡᠷ ᠤᠨ ᠰᠢᠯᠭᠠᠨ ᠪᠠᠶᠢᠴᠠᠭᠠᠯᠳᠠ ᠭᠢᠵᠤ ᠤᠨᠤᠰᠢᠯᠠᠬᠤ ᠭᠡᠷᠡᠭᠳᠡᠢ᠃

      ︵2︶ ᠭᠡᠮᠨᠡᠭᠰᠡᠡ ᠢ ᠡᠮᠨᠡᠨ ᠵᠠᠰᠠᠬᠤ᠄ ᠲᠡᠯᠡᠩ ᠤᠨ ᠦᠷᠪᠢᠰᠦᠯ ᠢ ᠭᠡᠳᠦᠢ ᠡᠷᠳᠡ ᠵᠠᠰᠠᠪᠠᠯ ᠭᠡᠳᠦᠢ ᠶᠡᠭᠡ ᠦᠷ᠎ᠡ ᠪᠦᠳᠦᠮᠵᠢ ᠲᠠᠢ ᠪᠠᠶᠢᠳᠠᠭ᠃ ᠲᠠᠪᠤᠰᠤᠨ ᠭᠦᠴᠢᠯ ᠤᠨ ᠽᠦᠸᠧ ᠰᠢᠤᠸᠠᠨ ᠮᠢ ᠽᠦᠸᠧ ᠡᠮ ︵左旋咪唑︶ ᠢ ᠰᠦ ᠱᠦᠭᠦᠷᠡᠯ ᠤᠨ ᠬᠤᠭᠤᠴᠠᠭᠠᠨ ᠳᠠᠬᠢ ᠪᠡᠶ᠎ᠠ ᠶᠢᠨ ᠭᠦᠨᠳᠤ ᠶᠢᠨ ᠭᠢᠨᠢ ᠺᠢᠯᠦᠭᠷᠠᠮ ᠪᠦᠷᠢ 7.5mL ᠤᠨ ᠭᠡᠮᠵᠢᠶ᠎ᠠ ᠪᠠᠷ ᠴᠢᠳᠬᠤᠪᠠᠯ᠂ ᠦᠷ᠎ᠠ ᠪᠦᠳᠦᠮᠵᠢ ᠨᠢ 50% ᠳᠤ ᠭᠦᠷᠦᠨ᠎ᠠ᠃ ᠲᠤᠭᠤᠯᠯᠠᠬᠤ ᠠᠴᠠ ᠨᠢ ᠡᠮᠦᠨ᠎ᠠ ᠨᠢᠭᠡ ᠰᠠᠷ᠎ᠠ ᠳᠤ ᠪᠤᠯ ᠦᠷ᠎ᠠ ᠪᠦᠳᠦᠮᠵᠢ ᠨᠢ 75% ᠠᠴᠠ ᠲᠡᠭᠡᠭᠰᠢ ᠳᠤ ᠭᠦᠷᠳᠡᠭ᠃ ᠡᠮᠴᠢᠯᠡᠭᠡᠨ ᠤ ᠴᠢᠨᠠᠷᠳᠡᠢ ᠲᠠᠯᠠᠩ ᠤᠨ ᠦᠷᠪᠢᠰᠦᠯ ᠢᠶᠠᠷ ᠠᠪᠴᠤ ᠭᠡᠯᠡᠪᠡᠯ᠂ ᠺᠠᠩ ᠱᠧᠩ ᠰᠤ᠋ ︵抗生素︶ ᠪᠤᠯ ᠮᠦᠨ ᠭᠦ ᠡᠩ ᠲᠠᠷᠢᠭᠦᠨ ᠳᠤ ᠰᠤᠩᠭᠤᠬᠤ ᠡᠮ ᠪᠤᠯᠤᠨ᠎ᠠ᠃ ᠲᠠᠷᠠᠭ᠎ᠠ ᠳᠤᠨᠢ ᠬᠤᠸᠠᠩ ᠠᠨ ︵磺胺︶ ᠤ ᠲᠦᠷᠦᠯ ᠤᠨ ᠡᠮ ᠪᠤᠯᠤᠨ᠎ᠠ᠃ ᠲᠡᠵᠢᠭᠡᠭᠦ ᠲᠠᠯ᠎ᠠ ᠪᠠᠷ ᠨᠠᠷᠢᠯᠢᠬ ᠪᠤᠷᠳᠤᠭ᠎ᠠ ᠪᠠᠷ ᠲᠡᠵᠢᠭᠡᠭᠦ ᠪᠡ ᠤᠰᠤᠯᠠᠬᠤ ᠶᠢ ᠲᠤᠭᠢᠳᠠᠢ ᠭᠢᠵᠠᠭᠠᠷᠯᠠᠬᠤ ᠶᠢᠨ ᠲᠠᠭᠠᠤ ᠭᠡᠮ ᠲᠠᠢ ᠦᠨᠢᠶ᠎ᠠ ᠪᠠᠨ ᠴᠡᠪᠡᠷ᠂ ᠬᠠᠭᠤᠷᠠᠢ᠂ ᠲᠤᠯᠠᠭᠠᠨ ᠰᠠᠷᠠᠪᠴᠢᠨ ᠳᠤ ᠬᠤᠷᠢᠵᠤ᠂ ᠨᠠᠮ ᠲᠤᠠᠠᠳᠠᠭᠤᠨ ᠪᠠᠶᠢᠯᠭᠠᠬᠤ ᠭᠡᠷᠡᠭᠳᠡᠢ᠃ ᠰᠠᠭᠠᠬᠤ ᠪᠤᠶᠤ ᠢᠯᠢᠵᠤ ᠨᠤᠬᠤᠯᠠᠬᠤ᠂ ᠭᠦᠢᠳᠡᠨ ᠵᠢᠩ ᠪᠠᠷᠢᠬᠤ᠂ ᠬᠠᠯᠠᠭᠤᠨ ᠵᠢᠩ ᠪᠠᠷᠢᠬᠤ ᠵᠢᠴᠢ ᠰᠠᠳᠤᠯᠳᠡ ᠲᠠᠢ ᠡᠮ ᠲᠦᠷᠭᠢᠭᠦ᠂ ᠲᠡᠯᠨᠩ ᠳᠤᠨᠢ ᠡᠮ ᠵᠡᠭᠦᠯᠡᠭᠦ ᠠᠷᠭ᠎ᠠ ᠶᠢ ᠠᠪᠴᠤ ᠪᠤᠯᠤᠨ᠎ᠠ᠃

      6. ᠪᠤᠭᠤᠮ᠎ᠠ ᠶᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠠᠯᠢ ᠭᠡᠳᠦᠨ ᠵᠦᠢᠯ ᠪᠠᠭᠳᠠᠵᠤ ᠪᠠᠶᠢᠬᠤ ᠪᠤᠢ︖
       ᠪᠤᠭᠤᠮ᠎ᠠ ᠶᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠭᠤᠤᠯ ᠢᠯᠡᠷᠡᠯ᠄ ᠲᠦᠷᠭᠡᠨ ᠴᠢᠨᠠᠷᠳᠡᠢ ᠭᠡᠮ ᠤᠨ ᠢᠯᠡᠷᠡᠯ ᠳᠤ ᠠᠮᠢᠰᠬᠤᠯ ᠨᠢ ᠭᠦᠴᠢᠷᠳᠡᠵᠤ᠂ ᠪᠡᠶ᠎ᠠ ᠶᠢᠨ ᠬᠠᠯᠠᠭᠤᠨ ᠨᠢ ᠲᠦᠷᠭᠡᠨ ᠲᠡᠭᠡᠭᠰᠢᠯᠡᠵᠤ᠂ ᠰᠠᠯᠢᠰᠤᠳᠤ ᠪᠦᠷᠭᠦᠪᠴᠢ ᠨᠢ ᠭᠦᠭᠡᠷᠡᠵᠤ᠂ ᠠᠮᠠ ᠬᠠᠮᠠᠷ ᠵᠡᠷᠭᠡ ᠰᠦᠪᠡ ᠠᠴᠠ ᠨᠢ ᠤᠯᠠᠭᠠᠨ ᠪᠤᠶᠤ ᠭᠦᠷᠡᠪᠳᠤᠷ ᠴᠢᠰᠤ ᠭᠠᠷᠴᠤ᠂ ᠴᠢᠰᠤ ᠨᠢ ᠡᠭᠡᠳᠡᠭᠦ ᠦᠭᠡᠢ ᠪᠠᠶᠢᠵᠤ᠂ ᠰᠢᠷᠪᠤᠰᠤ ᠨᠢ ᠲᠠᠳᠠᠬᠤ ᠪᠡ ᠠᠶᠤᠨ ᠰᠤᠴᠢᠬᠤ ᠵᠡᠷᠭᠡ ᠭᠦᠨᠳᠤ ᠢᠯᠡᠷᠡᠯ ᠲᠠᠢ ᠪᠠᠶᠢᠵᠤ᠂ ᠠᠷᠪᠡᠨ ᠭᠡᠳᠦᠨ ᠮᠢᠨᠦ᠋ᠲ ᠠᠴᠠ ᠭᠡᠳᠦᠨ ᠴᠠᠭ ᠤᠨ ᠲᠠᠷᠠᠭ᠎ᠠ ᠦᠭᠦᠳᠡᠭ᠃

      ︵2︶ ᠡᠮᠴᠢᠯᠡᠭᠡᠨ ᠤ ᠤᠨᠤᠰᠢᠯᠠᠯᠳᠠ᠄ ᠲᠠᠬᠤᠯ ᠡᠪᠡᠳᠴᠢᠨ ᠤ ᠰᠤᠳᠤᠯᠤᠯ ᠢ ᠦᠨᠳᠦᠰᠦᠯᠡᠨ ᠡᠮᠴᠢᠯᠡᠭᠡᠨ ᠤ ᠢᠯᠡᠷᠡᠯ ᠲᠠᠢ ᠨᠢ ᠤᠶᠠᠯᠳᠤᠭᠤᠯᠤᠨ ᠠᠩᠬᠠᠨ ᠤ ᠤᠨᠤᠰᠢᠯᠠᠯᠳᠠ ᠭᠢᠵᠤ ᠪᠤᠯᠤᠨ᠎ᠠ᠃ ᠭᠡᠭᠦ ᠳᠡᠭᠡᠨ ᠫᠠᠰᠲᠸᠦ᠋ᠷ ᠰᠠᠪᠬᠠᠨ ᠪᠠᠺᠲ᠋ᠧᠷᠢ᠂ ᠭᠡᠢ ᠬᠠᠪᠤᠩ ᠤᠨ ᠪᠤᠭᠤᠮ᠎ᠠ᠂ ᠬᠤᠤᠷᠳᠤ ᠭᠡᠢ ᠬᠠᠪᠤᠩ ᠯᠤᠭ᠎ᠠ ᠢᠯᠭᠠᠨ ᠤᠨᠤᠰᠢᠯᠠᠬᠤ ᠭᠡᠷᠡᠭᠳᠡᠢ᠃ ᠵᠠᠳᠠᠯᠤᠨ ᠪᠠᠶᠢᠴᠠᠭᠠᠵᠤ ᠪᠤᠯᠬᠤ ᠦᠭᠡᠢ᠃

      ︵3︶ ᠬᠤᠷᠢᠠᠠᠯᠠᠨ ᠰᠡᠷᠭᠡᠶᠢᠯᠡᠭᠦ ᠠᠷᠭ᠎ᠠ ᠭᠡᠮᠵᠢᠶ᠎ᠠ᠄ ᠬᠤᠤᠷ ᠦᠭᠡᠢ ᠪᠤᠭᠤᠮ᠎ᠠ ᠶᠢᠨ ᠰᠫᠤᠷ ᠸᠠᠺᠼᠢᠨ ᠵᠢᠴᠢ ᠪᠤᠭᠤᠮ᠎ᠠ ᠶᠢᠨ 2 ᠨᠤᠮᠧᠷᠳᠤ ᠰᠦᠶ᠎ᠠ ᠰᠫᠤᠷ ᠸᠠᠺᠼᠢᠨ ᠢ ᠰᠡᠷᠭᠡᠶᠢᠯᠡᠯᠳᠡ ᠶᠢᠨ ᠴᠢᠨᠠᠷ ᠲᠠᠢ ᠲᠠᠷᠢᠬᠤ ᠭᠡᠷᠡᠭᠳᠡᠢ᠃ ᠭᠢᠵᠢᠭ ᠡᠭᠦᠰᠦᠭᠰᠡᠨ ᠤ ᠰᠡᠭᠦᠯᠡᠷ ᠲᠠᠷᠦ᠋ᠢᠬᠠᠨ ᠱᠠᠳᠤ ᠲᠠᠷᠠᠭᠠᠯᠠᠨ ᠲᠡᠭᠡᠭᠰᠢ ᠮᠡᠳᠡᠭᠦᠯᠵᠤ᠂ ᠬᠠᠯᠳᠠᠪᠤᠷᠢᠳᠤ ᠡᠪᠡᠳᠴᠢᠨ ᠢᠶᠠᠷ ᠪᠢᠳᠡᠭᠦᠮᠵᠢᠯᠡᠭᠦ᠂ ᠡᠮᠨᠡᠭᠦ᠂ ᠰᠡᠷᠭᠡᠶᠢᠯᠡᠯᠳᠡ ᠶᠢᠨ ᠸᠠᠺᠼᠢᠨ ᠲᠠᠷᠢᠬᠤ ᠪᠠ ᠤᠷᠴᠢᠨ ᠲᠤᠭᠤᠷᠢᠨ ᠤ ᠪᠤᠭᠢᠷᠳᠤᠯ ᠢ ᠰᠢᠢᠳᠪᠤᠷᠢᠯᠡᠭᠦ ᠵᠡᠷᠭᠡ ᠠᠷᠭ᠎ᠠ ᠪᠠᠷ ᠶᠡᠷᠦᠩᠭᠡᠶᠢᠯᠡᠨ ᠰᠢᠢᠳᠪᠤᠷᠢᠯᠡᠵᠤ᠂ ᠪᠤᠭᠤᠮ᠎ᠠ ᠶᠢᠨ ᠬᠠᠯᠳᠠᠪᠤᠷᠢᠯᠠᠨ ᠲᠡᠯᠭᠡᠷᠡᠭᠦ ᠶᠢ ᠬᠤᠷᠢᠠᠠᠯᠠᠬᠤ ᠭᠡᠷᠡᠭᠳᠡᠢ᠃

     7. ᠬᠤᠨᠢᠨ ᠤ ᠤᠷᠭᠢᠴᠠᠯᠢᠭ ᠭᠡᠮ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠵᠤ ᠪᠠᠶᠢᠬᠤ ᠪᠤᠢ︖

      ᠬᠤᠨᠢᠨ ᠤ ᠤᠷᠭᠢᠴᠠᠯᠢᠭ ᠭᠡᠮ ᠢ ᠰᠡᠷᠭᠡᠶᠢᠯᠡᠨ ᠬᠤᠷᠢᠠᠠᠯᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠤᠨᠤᠰᠢᠯᠠᠬᠤ ᠭᠤᠤᠯᠳᠠᠯᠭ᠎ᠠ᠄ ᠬᠤᠨᠢᠨ ᠤ ᠤᠷᠭᠢᠴᠠᠯᠢᠭ ᠭᠡᠮ ᠳᠤ ᠬᠤᠨᠢᠨ ᠤ ᠲᠦᠷᠭᠡᠨ ᠭᠢᠵᠢᠭ᠂ ᠬᠤᠨᠢᠨ ᠤ ᠭᠡᠳᠡᠰᠤᠨ ᠤ ᠴᠢᠰᠤᠨ ᠬᠤᠤᠷᠳᠠᠯᠭ᠎ᠠ᠂ ᠬᠤᠨᠢᠨ ᠤ ᠴᠤᠴᠢᠮᠠᠭ ᠭᠢᠵᠢᠭ᠂ ᠬᠤᠨᠢᠨ ᠤ ᠬᠠᠷ᠎ᠠ ᠭᠢᠵᠢᠭ᠂ ᠬᠤᠷᠠᠭᠠᠨ ᠤ ᠶᠤᠯᠬᠤᠳᠠᠰᠤ ᠪᠠᠭᠳᠠᠨ᠎ᠠ᠃ ᠡᠳᠡᠭᠡᠷ ᠭᠡᠮ ᠭᠢᠵᠢᠭ ᠤᠨ ᠤᠯᠠᠩᠭᠢ ᠨᠢ ᠭᠡᠮ ᠡᠭᠦᠰᠭᠦ ᠪᠠᠷ ᠲᠦᠷᠭᠡᠨ᠂ ᠭᠡᠮᠨᠡᠭᠦ ᠶᠠᠪᠤᠴᠠ ᠨᠢ ᠤᠬᠤᠷ᠂ ᠦᠭᠦᠭᠦ ᠨᠤᠷᠮ᠎ᠠ ᠨᠢ ᠦᠨᠳᠤᠷ ᠪᠠᠶᠢᠵᠤ᠂ ᠡᠮ ᠢᠶᠠᠷ ᠵᠠᠰᠬᠠᠰᠠᠨ ᠴᠤ ᠲᠡᠮᠡᠢ ᠦᠢᠯᠡᠳᠦᠯ ᠦᠭᠡᠢ ᠪᠠᠶᠢᠵᠤ᠂ ᠬᠤᠨᠢ ᠨᠢ ᠲᠦᠷᠭᠡᠨ ᠦᠭᠦᠵᠤ᠂ ᠬᠤᠨᠢᠨ ᠤ ᠦᠢᠯᠡᠰ ᠲᠤ ᠮᠠᠰᠢ ᠶᠡᠭᠡ ᠭᠦᠨᠦᠭᠡᠯ ᠤᠴᠠᠷᠠᠭᠤᠯᠳᠠᠭ᠃

      ︵2︶ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ᠄ ᠬᠤᠨᠢᠨ ᠤ ᠤᠷᠭᠢᠴᠠᠯᠢᠭ ᠭᠢᠵᠢᠭ ᠤᠨ ᠭᠤᠷᠪᠡᠨ ᠬᠤᠯᠪᠤᠭᠠᠰᠤ ᠲᠦᠷᠪᠡᠨ ᠰᠡᠷᠭᠡᠶᠢᠯᠡᠯᠳᠡ ᠶᠢᠨ ᠤᠰᠤᠮᠬᠠᠳᠤ ᠴᠠᠶᠢᠷ ᠤᠨ ᠡᠭᠡᠯᠢᠯᠡᠭᠡ ᠶᠢ ᠵᠢᠯ ᠪᠦᠷᠢ ᠲᠤᠠᠠᠳᠠᠮᠠᠯ ᠬᠤᠭᠤᠴᠠᠭ᠎ᠠ ᠲᠠᠢ ᠪᠠᠷ 2~3 ᠤᠳᠠᠭ᠎ᠠ ᠲᠠᠷᠢᠵᠤ᠂ ᠬᠠᠷᠢᠭᠤᠯᠵᠤ ᠮᠠᠯᠯᠠᠬᠤ ᠬᠠᠮᠢᠶᠠᠷᠤᠯᠳᠠ ᠪᠠᠨ ᠴᠢᠩᠭᠠᠳᠬᠠᠵᠤ᠂ ᠬᠤᠨᠢ ᠪᠠᠨ ᠦᠨᠳᠦᠷᠯᠢᠭ᠂ ᠭᠠᠩ ᠬᠠᠭᠤᠷᠠᠢ ᠤᠷᠤᠨ ᠳᠤ ᠰᠢᠯᠵᠢᠭᠦᠯᠦᠨ ᠬᠠᠷᠢᠭᠤᠯᠵᠤ᠂ ᠦᠷᠯᠦᠭᠡ ᠳᠡᠭᠡᠨ ᠭᠡᠳᠦᠷᠭᠡᠢ ᠡᠷᠳᠡ ᠪᠡᠯᠴᠢᠭᠡᠷᠯᠡᠭᠦᠯᠵᠤ ᠪᠤᠯᠬᠤ ᠦᠭᠡᠢ᠃ ᠲᠤᠠᠠᠳᠠᠮᠯ ᠬᠤᠭᠤᠴᠠᠭ᠎ᠠ ᠪᠠᠷ ᠠᠷᠢᠭᠤᠳᠬᠠᠵᠤ᠂ ᠪᠤᠭᠢᠷᠳᠤᠠᠠᠰᠠᠨ ᠬᠤᠷᠤᠭ᠎ᠠ ᠬᠠᠰᠢᠶ᠎ᠠ᠂ ᠭᠠᠵᠠᠷ ᠲᠠᠯᠠᠪᠤᠷ᠂ ᠪᠠᠭᠠᠵᠢ ᠭᠡᠷᠡᠭᠰᠡᠯ ᠢᠶᠠᠨ 3% ᠶᠢᠨ ᠢᠳᠡᠮᠡᠭᠡᠢ ᠱᠦᠯᠳᠤ ᠶᠢᠨ ᠠᠭᠤᠰᠤᠮᠠᠯ ᠡᠮ ᠪᠤᠶᠤ 20% ᠶᠢᠨ ᠴᠠᠶᠢᠷᠠᠭᠤᠯᠬᠤ ᠨᠤᠠᠳᠠᠭ ᠢᠶᠠᠷ ᠠᠷᠢᠭᠤᠳᠬᠠᠬᠤ ᠭᠡᠷᠡᠭᠳᠡᠢ᠃

     8. ᠵᠢᠭᠦᠷᠳᠡᠨ ᠤ ᠭᠡᠮ ᠭᠢᠵᠢᠭ ᠢ ᠶᠠᠷᠦᠩᠭᠡᠶᠢᠯᠡᠨ ᠵᠠᠰᠠᠬᠤ ᠮᠡᠷᠭᠡᠵᠢᠯ ᠢ ᠶᠠᠭᠠᠭᠢᠨ ᠬᠤᠷᠢᠶᠠᠩᠭᠤᠶᠢᠯᠠᠪᠠᠯ ᠵᠤᠭᠢᠬᠤ ᠪᠤᠢ︖

     ᠠᠮᠢᠳᠤ ᠪᠤᠳᠠᠰ ᠤᠨ ᠠᠶᠤᠯ ᠦᠬᠡᠢ ᠶᠢᠨ ᠠᠷᠭ᠎ᠠ ᠭᠡᠮᠵᠢᠶ᠎ᠠ ᠠᠪᠬᠤ ᠪᠠᠷ ᠲᠠᠮᠵᠢᠭᠤᠯᠤᠨ ᠭᠡᠮ ᠭᠢᠵᠢᠭ ᠲᠠᠷᠬᠠᠵᠤ ᠮᠡᠳᠡᠭᠦ ᠭᠢᠵᠢᠭ ᠤᠨ ᠤᠭ ᠦᠨᠳᠤᠰᠤ᠂ ᠭᠦᠨᠦᠭᠡᠯ ᠲᠠᠢ ᠠᠮᠢᠳᠤ ᠪᠤᠳᠠᠰ ᠤᠨ ᠰᠢᠮᠡᠭᠦᠷ ᠬᠤᠷᠤᠬᠠᠢ ᠪᠤᠯᠤᠨ ᠭᠦᠨᠦᠭᠡᠯᠳᠤ ᠬᠤᠷᠤᠬᠠᠢ ᠶᠢ ᠰᠡᠷᠭᠡᠶᠢᠯᠡᠨ ᠬᠤᠷᠢᠠᠠᠯᠠᠵᠤ᠂ ᠭᠡᠷ ᠤᠨ ᠵᠢᠭᠦᠷᠳᠡᠨ ᠤ ᠬᠠᠯᠳᠠᠪᠤᠷᠢᠳᠤ ᠭᠡᠮ ᠤᠨ ᠠᠶᠤᠯ ᠭᠦᠨᠦᠭᠡᠯ ᠢ ᠠᠯᠢ ᠲᠤᠤᠷ᠎ᠠ ᠭᠡᠮᠵᠢᠶᠠᠨ ᠳᠤ ᠭᠦᠷᠳᠡᠯ᠎ᠠ ᠭᠢᠵᠠᠭᠠᠷᠯᠠᠵᠤ᠂ ᠵᠢᠭᠦᠷᠳᠡᠨ ᠲᠡᠵᠢᠭᠡᠭᠴᠢᠳ ᠤᠨ ᠠᠶᠤᠯ ᠦᠬᠡᠢ ᠦᠨᠳᠤᠷ ᠠᠰᠢᠭ ᠲᠠᠢ ᠦᠢᠯᠡᠳᠪᠤᠷᠢᠯᠡᠯ ᠢ ᠨᠢ ᠪᠠᠳᠤᠯᠠᠵᠤ᠂ ᠦᠷᠭᠡᠨ ᠤᠯᠠᠨ ᠭᠡᠷᠡᠭᠯᠡᠭᠴᠢᠳ ᠲᠤ ᠠᠶᠤᠯ ᠦᠬᠡᠢ᠂ ᠴᠢᠨᠠᠷ ᠰᠠᠶᠢᠳᠠᠢ ᠦᠨᠳᠡᠭᠡ ᠪᠡ ᠮᠢᠬ᠎ᠠ ᠶᠢᠨ ᠪᠦᠳᠦᠭᠡᠭᠳᠡᠭᠦᠨ ᠢ ᠬᠠᠨᠭ᠍ᠭᠠᠨ ᠦᠭᠭᠦᠨ᠎ᠠ᠃

     9. ᠵᠢᠭᠦᠷᠳᠡᠨ ᠤ ᠬᠠᠯᠳᠠᠪᠤᠷᠢᠳᠤ ᠭᠡᠮ ᠭᠢᠵᠢᠭ ᠢ ᠰᠡᠷᠭᠡᠶᠢᠯᠡᠨ ᠵᠠᠰᠠᠬᠤ ᠳᠤ ᠠᠯᠢ ᠭᠡᠳᠦᠨ ᠲᠠᠯ᠎ᠠ ᠪᠠᠭᠳᠠᠬᠤ ᠪᠤᠢ︖
     ᠵᠢᠭᠦᠷᠳᠡᠨ ᠤ ᠬᠠᠯᠳᠠᠪᠤᠷᠢᠳᠤ ᠭᠡᠮ ᠭᠢᠵᠢᠭ ᠢ ᠰᠡᠷᠭᠡᠶᠢᠯᠡᠨ ᠵᠠᠰᠠᠬᠤ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠢᠯᠭᠠᠨ ᠤᠨᠤᠰᠢᠯᠠᠬᠤ᠄ ᠵᠢᠭᠦᠷᠳᠡᠨ ᠤ ᠬᠠᠯᠳᠠᠪᠤᠷᠢᠳᠤ ᠭᠡᠮ ᠭᠢᠵᠢᠭ ᠤᠨ ᠸᠢᠷᠦ᠋ᠰ ᠨᠢ ᠮᠠᠰᠢ ᠤᠯᠠᠨ ᠲᠡᠳ᠋ ᠭᠡᠯᠪᠡᠷᠢ ᠲᠠᠢ ᠪᠠᠶᠢᠵᠤ᠂ ᠠᠳᠠᠯᠢ ᠪᠤᠰᠤ ᠲᠡᠳ᠋ ᠭᠡᠯᠪᠡᠷᠢ ᠶᠢᠨ ᠵᠢᠭᠦᠷᠳᠡᠨ ᠤ ᠭᠡᠮ ᠭᠢᠵᠢᠭ ᠤᠨ ᠸᠢᠷᠦ᠋ᠰ ᠨᠢ ᠭᠡᠮᠳᠦᠭᠡᠭᠦ ᠲᠠᠯ᠎ᠠ ᠪᠠᠷ ᠮᠡᠳᠡᠭᠳᠡᠮ᠎ᠡ ᠢᠯᠭᠠᠭ᠎ᠠ ᠵᠦᠷᠢᠶ᠎ᠠ ᠲᠠᠢ ᠪᠠᠶᠢᠵᠤ᠂ ᠦᠯᠤ ᠭᠡᠮᠳᠦᠭᠡᠭᠦ ᠴᠢᠨᠠᠷ᠂ ᠴᠦᠭᠡᠨ ᠨᠡᠷᠪᠡᠭᠳᠡᠭᠦ ᠭᠡᠮ ᠭᠢᠵᠢᠭ ᠤᠨ ᠴᠢᠨᠠᠷ ᠪᠡ ᠤᠯᠠᠨ ᠨᠡᠷᠪᠡᠭᠳᠡᠭᠦ ᠭᠡᠮ ᠭᠢᠵᠢᠭ ᠤᠨ ᠴᠢᠨᠠᠷ ᠭᠡᠮᠡᠨ ᠬᠤᠪᠢᠶᠠᠳᠠᠭ᠃  H5᠂ H7 ᠪᠤᠯ ᠰᠦᠷᠡᠭᠡᠢ ᠨᠡᠷᠪᠡᠭᠳᠡᠭᠦ ᠴᠢᠨᠠᠷᠳᠡᠢ ᠵᠢᠭᠦᠷᠳᠡᠨ ᠤ ᠭᠡᠮ ᠭᠢᠵᠢᠭ ᠤᠨ ᠸᠢᠷᠦ᠋ᠰ ᠤᠨ ᠰᠠᠭᠤᠷᠢ ᠪᠤᠯᠤᠨ᠎ᠠ᠃ ᠵᠢᠭᠦᠷᠳᠡᠨ ᠤ ᠰᠦᠷᠦᠭ 100% ᠪᠠᠷ ᠦᠭᠦᠳᠡᠭ ᠪᠦᠭᠡᠳ ᠭᠦᠮᠦᠨ ᠳᠤ ᠪᠠᠰᠠ ᠬᠠᠯᠳᠠᠪᠤᠷᠢᠯᠠᠳᠠᠭ᠃ ᠲᠤᠰ ᠭᠡᠮ ᠢ ᠤᠨᠤᠰᠢᠯᠠᠬᠤ ᠳᠤ ᠤᠯᠤᠰ ᠤᠨ ᠵᠢᠭᠦᠷᠳᠡᠨ ᠤ ᠬᠠᠯᠳᠠᠪᠤᠷᠢᠳᠤ ᠭᠡᠮ ᠭᠢᠵᠢᠭ ᠤᠨ ᠬᠢᠨ ᠲᠤᠷᠰᠢᠯᠳᠠ ᠶᠢᠨ ᠭᠡᠷ ᠢᠶᠠᠷ ᠯᠠᠪᠯᠠᠯᠳᠠ ᠪᠤᠯᠭᠠᠨ ᠪᠡᠶᠡᠯᠡᠭᠦᠯᠳᠡᠭ᠃

      ︵2︶ ᠭᠢᠵᠢᠭ ᠤᠨ ᠪᠠᠶᠢᠳᠠᠯ ᠢ ᠮᠡᠳᠡᠭᠦᠯᠭᠦ᠄ ᠦᠨᠳᠤᠷ ᠲᠤᠰᠤᠯᠳᠠ ᠲᠠᠢ ᠵᠢᠭᠦᠷᠳᠡᠨ ᠤ ᠭᠢᠵᠢᠭ ᠤᠨ ᠰᠡᠵᠢᠭᠳᠡᠢ ᠭᠡᠮ ᠤᠨ ᠵᠢᠱᠢᠶ᠎ᠠ ᠶᠢ ᠤᠯᠵᠤ ᠮᠡᠳᠡᠮᠡᠭᠴᠡ ᠪᠠᠨ ᠲᠠᠷᠦ᠋ᠢᠬᠠᠨ ᠤᠯᠤᠰ ᠤᠨ ᠲᠤᠠᠠᠳᠠᠭᠠᠯ ᠶᠤᠰᠤᠭᠠᠷ ᠲᠤᠬᠠᠢ ᠶᠢᠨ ᠭᠠᠵᠠᠷ ᠤᠨ ᠮᠠᠯ ᠡᠮᠨᠡᠯᠭᠡ ᠶᠢᠨ ᠰᠠᠯᠠᠭ᠎ᠠ ᠮᠦᠴᠢᠷ ᠲᠡᠭᠡᠨ ᠮᠡᠳᠡᠭᠦᠯᠵᠤ᠂ ᠭᠢᠵᠢᠭ ᠲᠠᠢ ᠲᠠᠭᠢᠶᠠᠨ ᠰᠦᠷᠦᠭ ᠤᠨ ᠲᠠᠯᠠᠪᠠᠢ ᠶᠢ ᠪᠢᠳᠡᠭᠦᠮᠵᠢᠯᠡᠭᠦ ᠪᠡ ᠲᠤᠰᠠᠭᠠᠷᠯᠠᠵᠤ᠂ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠵᠢᠯᠤᠭᠤᠳᠤᠯᠭ᠎ᠠ ᠲᠤᠤᠷ᠎ᠡ ᠭᠢᠵᠢᠭ ᠤᠨ ᠰᠢᠢᠳᠪᠤᠷᠢᠯᠡᠯᠳᠡ ᠭᠢᠭᠦ ᠭᠡᠷᠡᠭᠳᠡᠢ᠃

      ︵3︶ ᠠᠷᠢᠭᠤᠳᠬᠠᠬᠤ᠄ ᠵᠢᠭᠦᠷᠳᠡᠨ ᠤ ᠬᠠᠯᠳᠠᠪᠤᠷᠢᠳᠤ ᠭᠢᠵᠢᠭ ᠤᠨ ᠸᠢᠷᠦ᠋ᠰ ᠨᠢ ᠡᠯ᠎ᠡ ᠵᠦᠢᠯ ᠤᠨ ᠪᠠᠶᠢᠭᠠᠯᠢ ᠶᠢᠨ ᠨᠦᠭᠦᠴᠡᠯ ᠵᠢᠴᠢ ᠠᠷᠢᠭᠤᠳᠬᠠᠯ ᠡᠮ ᠢ ᠡᠰᠡᠷᠭᠦᠴᠡᠭᠦ ᠴᠢᠳᠠᠯ ᠢᠶᠠᠷ ᠪᠠᠭᠤᠷᠠᠢ ᠪᠠᠶᠢᠵᠤ᠂ ᠭᠡᠳᠦ ᠭᠦᠷᠡᠩ ᠰᠠᠴᠤᠷᠠᠭ ᠲᠤ ᠰᠡᠳᠤᠯᠳᠡ ᠲᠠᠢ ᠪᠠᠶᠢᠵᠤ᠂ 70℃ ᠲᠤ ᠬᠤᠶᠠᠷ ᠮᠢᠨᠦ᠋ᠲ ᠤᠨ ᠲᠤᠳᠤᠷ᠎ᠠ ᠢᠳᠡᠪᠭᠢ ᠦᠭᠡᠶᠢᠳᠡᠭᠦᠯᠵᠤ ᠴᠢᠳᠠᠨ᠎ᠠ᠃ ᠴᠠᠶᠢᠷᠠᠭᠤᠯᠬᠤ ᠨᠤᠨᠳᠠᠭ᠂ ᠭᠡᠳᠤ ᠭᠦᠴᠢᠯᠳᠦ᠋ᠷᠦᠭᠴᠢᠳᠦ ᠡᠲᠸᠠ ᠭᠦᠴᠢᠯ᠂ ᠰᠢᠨ ᠵᠢᠶᠧ ᠡᠯ ᠮᠢᠶᠧ᠂ ᠲᠡᠭᠡᠳᠤ ᠮᠠᠩᠭᠠᠨ ᠭᠦᠴᠢᠯ ᠤᠨ ᠺᠠᠯᠢ᠂ ᠹᠤᠷᠮᠠᠯᠢᠨ ᠵᠡᠷᠭᠡ ᠠᠷᠢᠭᠤᠳᠬᠠᠯ ᠤᠨ ᠡᠮ ᠢ ᠲᠤᠠᠠᠳᠠᠭᠠᠠᠠᠰᠠᠨ ᠭᠡᠮᠵᠢᠶ᠎ᠠ ᠪᠠᠷ ᠭᠡᠷᠡᠭᠯᠡᠪᠡᠯ ᠴᠦᠮ ᠸᠢᠷᠦ᠋ᠰ ᠢ ᠲᠠᠷᠦ᠋ᠢᠠᠬᠨ ᠤᠰᠠᠳᠬᠠᠵᠤ ᠲᠡᠶᠢᠯᠦᠨ᠎ᠠ᠃

       ︵4︶ ᠡᠭᠡᠯᠢᠯᠡᠭᠡ ᠶᠢᠨ ᠪᠤᠳᠤ ᠲᠠᠷᠢᠬᠤ᠄ ᠤᠯᠤᠰ ᠤᠨ ᠮᠠᠯ ᠡᠮᠨᠡᠯᠭᠡ ᠶᠢᠨ ᠵᠠᠰᠠᠭ ᠵᠠᠭᠢᠷᠭᠠᠨ ᠤ ᠰᠠᠯᠠᠭ᠎ᠠ ᠮᠦᠴᠢᠷ ᠤᠨ ᠱᠠᠭᠠᠷᠳᠠᠯᠭ᠎ᠠ ᠪᠤᠯᠤᠨ ᠸᠠᠺᠼᠢᠨ ᠤ ᠡᠭᠡᠯᠢᠯᠡᠭᠡ ᠶᠢᠨ ᠲᠠᠰ ᠲᠠᠷᠠᠭᠠᠯᠠᠯ ᠢᠶᠠᠷ ᠵᠢᠭᠦᠷᠳᠡᠨ ᠤ ᠬᠠᠯᠳᠠᠪᠤᠷᠢᠳᠤ ᠭᠢᠵᠢᠭ ᠤᠨ ᠡᠭᠡᠯᠢᠯᠡᠭᠡ ᠶᠢᠨ ᠪᠤᠳᠤ ᠶᠢ ᠰᠢᠨᠵᠢᠯᠡᠭᠦ ᠤᠬᠠᠭᠠᠠᠴᠢ ᠪᠠᠷ ᠲᠠᠷᠢᠬᠤ ᠭᠡᠷᠡᠭᠳᠡᠢ᠃

      10. ᠲᠠᠭᠢᠶᠠᠨ ᠭᠢᠵᠢᠭ ᠢ ᠰᠡᠷᠭᠡᠶᠢᠯᠡᠨ ᠵᠠᠰᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠬᠤ ᠪᠤᠢ︖

      ᠲᠠᠭᠢᠶᠠᠨ ᠭᠢᠵᠢᠭ ᠢ ᠰᠡᠷᠭᠡᠶᠢᠯᠡᠨ ᠵᠠᠰᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

     ︵1︶ ᠤᠨᠤᠰᠢᠯᠠᠬᠤ᠄ ᠲᠠᠭᠢᠶᠠᠨ ᠤ ᠭᠢᠵᠢᠭ ᠨᠢ ᠲᠠᠭᠢᠶᠠᠨ ᠤ ᠤᠯᠠᠨ ᠲᠦᠷᠦᠯ ᠤᠨ ᠠᠮᠢᠰᠬᠤᠯ ᠤᠨ ᠰᠦᠪᠡ ᠶᠢᠨ ᠭᠡᠮ ᠯᠦᠭᠡ ᠭᠡᠮᠨᠡᠭᠰᠡᠨ ᠢᠯᠡᠷᠡᠯ ᠤᠨ ᠡᠮᠴᠢᠯᠡᠭᠡᠨ ᠤ ᠰᠢᠨᠵᠢ ᠨᠢ ᠠᠳᠠᠯᠢᠪᠳᠤᠷ ᠪᠠᠶᠢᠳᠠᠭ ᠲᠤᠯᠠ ᠤᠨᠤᠰᠢᠯᠠᠬᠤ ᠳᠠᠭᠠᠨ ᠡᠷᠭᠡᠪᠰᠢ ᠸᠢᠷᠦ᠋ᠰ ᠢ ᠢᠯᠭᠠᠨ ᠲᠤᠠᠠᠳᠠᠭᠠᠬᠤ ᠪᠠ ᠪᠤᠰᠤᠳ ᠲᠤᠷᠰᠢᠯᠳᠡ ᠶᠢᠨ ᠭᠡᠷ ᠤᠨ ᠤᠨᠤᠰᠢᠯᠠᠯᠳᠠ ᠭᠢᠭᠦ ᠭᠡᠷᠡᠭᠳᠡᠢ᠃

      ︵2︶ ᠭᠢᠵᠢᠭ ᠤᠨ ᠪᠠᠶᠢᠳᠠᠯ ᠢ ᠮᠡᠳᠡᠭᠦᠯᠭᠦ᠄ ᠲᠠᠭᠢᠶᠠᠨ ᠤ ᠭᠢᠵᠢᠭ ᠪᠤᠯ ᠠᠮᠢᠳᠠᠨ ᠤ ᠨᠢᠭᠡᠳᠦᠭᠡᠷ ᠲᠠᠰ ᠤᠨ ᠭᠡᠮ ᠭᠢᠵᠢᠭ ᠪᠤᠯᠬᠤᠷ ᠡᠷᠭᠡᠪᠰᠢ ᠤᠯᠤᠰ ᠤᠨ ᠬᠠᠮᠢᠶ᠎ᠠ ᠪᠦᠭᠦᠢ ᠬᠠᠤᠯᠢ ᠴᠠᠭᠠᠵᠠ ᠬᠠᠤᠯᠢ ᠲᠦᠷᠢᠮ ᠤᠨ ᠲᠤᠠᠠᠳᠠᠭᠠᠯ ᠢ ᠴᠢᠩᠭ᠎ᠠ ᠵᠢᠷᠤᠮᠯᠠᠨ᠂ ᠭᠢᠵᠢᠭ ᠤᠨ ᠪᠠᠶᠢᠳᠠᠯ ᠢ ᠴᠢᠩᠭ᠎ᠠ ᠰᠢᠢᠳᠪᠤᠷᠢᠯᠡᠭᠦ ᠭᠡᠷᠡᠭᠳᠡᠢ᠃ ᠡᠩ ᠲᠠᠷᠢᠭᠦᠨ ᠳᠤ ᠴᠠᠭ ᠲᠤᠬᠠᠢ ᠳᠤᠨᠢ ᠲᠡᠭᠡᠭᠰᠢ ᠮᠡᠳᠡᠭᠦᠯᠭᠦ᠂ ᠭᠢᠵᠢᠭ ᠤᠨ ᠤᠷᠤᠨ ᠢ ᠵᠠᠭᠠᠠᠠᠯᠠᠨ ᠲᠤᠠᠠᠳᠠᠭᠠᠬᠤ᠂ ᠠᠯᠠᠵᠤ ᠨᠢᠳᠤᠯᠬᠤ᠂ ᠪᠢᠳᠡᠭᠦᠮᠵᠢᠯᠡᠭᠦ᠂ ᠲᠤᠰᠠᠭᠠᠷᠯᠠᠬᠤ ᠪᠠ ᠠᠷᠢᠭᠤᠳᠬᠠᠬᠤ ᠵᠡᠷᠭᠡ ᠴᠢᠩᠭ᠎ᠠ ᠪᠦᠭᠦᠢ ᠰᠡᠷᠭᠡᠶᠢᠯᠡᠯᠳᠡ ᠶᠢᠨ ᠠᠷᠭ᠎ᠠ ᠭᠡᠮᠵᠢᠶ᠎ᠠ ᠠᠪᠬᠤ ᠭᠡᠷᠡᠭᠳᠡᠢ᠃

      ︵3︶ ᠡᠭᠡᠯᠢᠯᠡᠭᠡ ᠶᠢᠨ ᠪᠤᠳᠤ ᠲᠠᠷᠢᠬᠤ᠄ ᠬᠤᠤᠷ ᠪᠠᠭ᠎ᠠ ᠲᠠᠢ ᠢᠳᠡᠪᠭᠢ ᠸᠠᠺᠼᠢᠨ ᠪᠤᠯᠤᠨ ᠢᠳᠡᠪᠭᠢ ᠦᠭᠡᠶᠢᠳᠡᠭᠦᠯᠭᠦ ᠸᠠᠺᠼᠢᠨ ᠢ ᠭᠡᠷᠡᠭᠯᠡᠨ᠂ ᠸᠠᠺᠼᠢᠨ ᠤ ᠲᠤᠠᠠᠳᠠᠭᠠᠠᠠᠰᠠᠨ ᠡᠭᠡᠯᠢᠯᠡᠭᠡ ᠶᠢᠨ ᠲᠠᠰ ᠲᠠᠷᠠᠭᠠᠯᠠᠯ ᠪᠤᠯᠤᠨ ᠠᠷᠭ᠎ᠠ ᠪᠠᠷ ᠭᠢᠭᠦ ᠭᠡᠷᠡᠭᠳᠡᠢ᠃

      ︵4︶ ᠠᠷᠢᠭᠤᠳᠬᠠᠬᠤ᠄ ᠲᠠᠭᠢᠶᠠᠨ ᠤ ᠭᠢᠵᠢᠭ ᠤᠨ ᠸᠢᠷᠦ᠋ᠰ ᠨᠢ ᠭᠢᠮᠢ ᠶᠢᠨ ᠠᠷᠢᠭᠤᠳᠬᠠᠯ ᠡᠮ ᠳᠤ ᠡᠰᠡᠷᠭᠦᠴᠡᠭᠦ ᠴᠢᠳᠠᠯ ᠢᠶᠠᠷ ᠪᠠᠷᠤᠠᠠᠳᠠᠢ ᠪᠠᠶᠢᠳᠠᠭ ᠲᠤᠯᠠ ᠲᠡᠳ᠋ ᠾᠯᠤᠷ ᠭᠦᠴᠢᠯ ᠤᠨ ᠨᠠᠲᠷᠢ᠂ ᠴᠠᠶᠢᠷᠠᠭᠤᠯᠬᠤ ᠨᠤᠠᠳᠠᠭ᠂ ᠹᠤᠷᠮᠠᠯᠢᠨ᠂ ᠢᠤᠳ᠋ ᠵᠡᠷᠭᠡ ᠪᠠᠷ ᠠᠷᠢᠭᠤᠳᠬᠠᠵᠤ ᠪᠤᠯᠤᠨ᠎ᠠ᠃ ᠲᠤᠳᠤᠷᠬᠠᠶᠢᠯᠠᠯᠳᠠ ᠶᠢᠨ ᠪᠢᠴᠢᠭ ᠲᠤ ᠲᠤᠠᠠᠳᠠᠭᠠᠠᠠᠰᠠᠨ ᠠᠷᠭ᠎ᠠ ᠪᠡ ᠭᠡᠮᠵᠢᠶ᠎ᠠ ᠪᠠᠷ ᠭᠡᠷᠡᠭᠯᠡᠪᠡᠯ᠂ 5~10 ᠮᠢᠨᠦ᠋ᠲ ᠤᠨ ᠲᠤᠳᠤᠷ᠎ᠠ ᠸᠢᠷᠦ᠋ᠰ ᠢ ᠤᠰᠠᠳᠬᠠᠵᠤ ᠪᠤᠯᠤᠨ᠎ᠠ᠃

      11. ᠵᠢᠭᠦᠷᠳᠡᠡ ᠤ ᠬᠠᠯᠳᠠᠪᠤᠷᠢᠳᠤ ᠴᠢᠨᠠᠷᠳᠡᠢ ᠫᠠᠰᠲᠸᠦ᠋ᠷ ᠤᠭᠤᠳᠠᠨ ᠭᠡᠮ ᠢ ᠰᠡᠷᠭᠡᠶᠢᠯᠡᠨ
ᠵᠠᠰᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠬᠤ ᠪᠤᠢ︖

     ᠬᠠᠯᠳᠠᠪᠤᠷᠢᠳᠤ ᠴᠢᠨᠠᠷᠳᠡᠢ ᠫᠠᠰᠲᠸᠦ᠋ᠷ ᠤᠭᠤᠳᠠᠨ ᠡᠪᠡᠳᠴᠢᠨ ᠪᠤᠯ ᠲᠠᠭᠢᠶ᠎ᠠ᠂ ᠭᠠᠯᠠᠭᠤ᠂ ᠨᠤᠭᠤᠰᠤ᠂ ᠲᠡᠮᠡᠭᠡᠨ ᠭᠤᠷᠭᠤᠤᠯ ᠵᠡᠷᠭᠡ ᠵᠢᠭᠦᠷᠳᠡᠨ ᠤ ᠲᠦᠷᠦᠯ ᠳᠤ ᠡᠭᠦᠰᠳᠡᠭ ᠲᠦᠷᠭᠡᠨ ᠴᠢᠨᠠᠷᠳᠡᠢ ᠬᠠᠪᠢᠳᠡᠯ ᠡᠭᠡᠯᠢᠯᠡᠭᠡ ᠪᠠᠷ ᠬᠤᠷᠢᠠᠠᠯᠠᠬᠤ ᠭᠡᠮ ᠪᠤᠯᠤᠨ᠎ᠠ᠃ ᠡᠷᠡᠭᠦᠯ ᠬᠠᠮᠠᠭᠠᠯᠠᠯ ᠤᠨ ᠠᠷᠢᠭᠤᠳᠬᠠᠯ ᠢᠶᠠᠷ ᠲᠠᠮᠵᠢᠭᠤᠯᠤᠨ ᠢᠳᠡᠪᠭᠢ ᠸᠠᠺᠼᠢᠨ ᠪᠤᠯᠤᠨ ᠢᠳᠡᠪᠭᠢ ᠦᠭᠡᠶᠢᠳᠡᠭᠦᠯᠭᠦ ᠸᠠᠺᠼᠢᠨ ᠢ ᠰᠢᠨᠵᠢᠯᠡᠭᠦ ᠤᠬᠠᠭᠠᠠᠴᠢ ᠪᠠᠷ ᠭᠡᠷᠡᠭᠯᠡᠨ ᠪᠦᠳᠦᠮᠵᠢᠳᠡᠢ ᠪᠠᠷ ᠰᠡᠷᠭᠡᠶᠢᠯᠡᠨ ᠬᠤᠷᠢᠠᠠᠯᠠᠬᠤ ᠭᠡᠷᠡᠭᠳᠡᠢ᠃

      ︵1︶ ᠠᠷᠢᠭᠤᠳᠬᠠᠬᠤ᠄ ᠲᠤᠰ ᠸᠢᠷᠦ᠋ᠰ ᠨᠢ ᠬᠠᠯᠠᠭᠤᠨ ᠪᠡ ᠭᠡᠳᠤ ᠭᠦᠷᠡᠩ ᠰᠠᠴᠤᠷᠠᠭ ᠲᠤ ᠲᠠᠰᠪᠤᠷᠢ ᠲᠠᠢ᠂ ᠤᠯᠠᠨ ᠵᠦᠢᠯ ᠤᠨ ᠠᠷᠢᠭᠤᠳᠬᠠᠯ ᠡᠮ ᠳᠤ ᠡᠰᠡᠷᠭᠦᠴᠡᠭᠦ ᠴᠢᠳᠠᠯ ᠲᠠᠢ ᠪᠠᠶᠢᠳᠠᠭ ᠪᠤᠯᠬᠤᠷ ᠵᠢᠭᠦᠷᠳᠡᠨ ᠤ ᠲᠠᠯᠠᠪᠠᠢ ᠶᠢᠨ ᠤᠷᠴᠢᠨ ᠲᠤᠭᠤᠷᠢᠨ ᠵᠢᠴᠢ ᠴᠤᠷᠪᠠᠭ᠎ᠠ ᠲᠠᠭᠢᠶ᠎ᠠ ᠶᠢᠨ ᠡᠭᠦᠷ ᠲᠤ ᠪᠦᠳᠦᠮᠵᠢᠳᠡᠢ ᠠᠷᠢᠭᠤᠳᠬᠠᠯ ᠤᠨ ᠡᠮ ᠭᠡᠷᠡᠭᠯᠡᠭᠦ ᠨᠢ ᠲᠤᠩ ᠴᠢᠬᠤᠯᠠ ᠶᠤᠮ᠃ ᠴᠠᠶᠢᠷᠠᠭᠤᠯᠬᠤ ᠨᠤᠠᠳᠠᠭ᠂ ᠲᠡᠳ᠋ ᠾᠯᠤᠷ ᠭᠦᠴᠢᠯ ᠤᠨ ᠨᠠᠲᠷᠢ᠂ ᠭᠡᠳᠤ ᠭᠦᠴᠢᠯᠳᠦ᠋ᠷᠦᠭᠴᠢᠳᠦ ᠡᠲᠸᠠ ᠭᠦᠴᠢᠯ᠂ ᠹᠤᠷᠮᠠᠯᠢᠨ ᠪᠤᠯ ᠴᠦᠮ ᠪᠦᠳᠦᠮᠵᠢᠳᠡᠢ ᠠᠷᠢᠭᠤᠳᠬᠠᠯ ᠤᠨ ᠡᠮ ᠪᠤᠯᠤᠨ᠎ᠠ᠃

      ︵2︶ ᠡᠭᠡᠯᠢᠯᠡᠭᠡ ᠶᠢᠨ ᠪᠤᠳᠤ ᠲᠠᠷᠢᠬᠤ᠄ ᠴᠤᠷᠪᠠᠭ᠎ᠠ ᠵᠢᠭᠦᠷᠳᠡᠨ ᠤ ᠰᠦᠷᠦᠭ ᠤᠨ ᠬᠠᠯᠳᠠᠪᠤᠷᠢᠳᠤ ᠴᠢᠨᠠᠷᠳᠡᠢ ᠫᠠᠰᠲᠸᠦ᠋ᠷ ᠤᠭᠤᠳᠠᠨ ᠭᠡᠮ ᠤᠨ ᠡᠭᠢ ᠢᠷᠡᠯᠳᠡ ᠶᠢᠨ ᠲᠠᠭᠠᠭᠠᠴᠠ ᠶᠢᠨ ᠪᠠᠶᠢᠳᠠᠯ ᠢ ᠦᠨᠳᠦᠰᠦᠯᠡᠨ᠂ ᠠᠶᠤᠯ ᠦᠬᠡᠢ ᠴᠢᠨᠠᠷ ᠢᠶᠠᠷ ᠦᠨᠳᠤᠷ ᠸᠠᠺᠼᠢᠨ ᠢ ᠭᠡᠷᠡᠭᠯᠡᠨ᠂ ᠴᠤᠷᠪᠠᠭ᠎ᠠ ᠳᠤ ᠢᠳᠡᠪᠭᠢ ᠸᠠᠺᠼᠢᠨ ᠢ ᠭᠡᠷᠡᠭᠯᠡᠨ ᠰᠢᠨᠵᠢᠯᠡᠭᠦ ᠤᠬᠠᠭᠠᠠᠴᠢ ᠡᠭᠡᠯᠢᠯᠡᠭᠡ ᠭᠢᠭᠦ ᠭᠡᠷᠡᠭᠳᠡᠢ᠃ ᠦᠷ᠎ᠠ ᠶᠢᠨ ᠲᠠᠭᠢᠶᠠᠨ ᠤ ᠰᠦᠷᠦᠭ ᠲᠤ ᠦᠨᠳᠡᠭᠡᠯᠡᠭᠦ ᠠᠴᠠ ᠨᠢ ᠡᠮᠦᠨ᠎ᠠ ᠢᠳᠡᠪᠭᠢ ᠦᠭᠡᠶᠢᠳᠡᠭᠦᠯᠭᠦ ᠸᠠᠺᠼᠢᠨ ᠤ ᠡᠭᠡᠯᠢᠯᠡᠭᠡ ᠭᠡᠷᠡᠭᠯᠡᠭᠦ ᠭᠡᠷᠡᠭᠳᠡᠢ᠃

     12. ᠮᠠᠯᠢᠺᠠ ᠭᠡᠮ ᠢ ᠰᠡᠷᠭᠡᠶᠢᠯᠡᠨ ᠵᠠᠰᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠬᠤ ᠪᠤᠢ︖

      ᠮᠠᠯᠢᠺᠠ ᠭᠡᠮ ᠪᠤᠯ ᠠᠮᠢᠰᠬᠤᠯ ᠤᠨ ᠰᠦᠪᠡ ᠪᠠᠷ ᠬᠠᠯᠳᠠᠪᠤᠷᠢᠯᠠᠳᠠᠭ ᠨᠢᠭᠡᠨ ᠵᠦᠢᠯ ᠤᠨ ᠬᠤᠤᠷᠳᠤ ᠬᠠᠪᠤᠳᠠᠷ ᠤᠨ ᠴᠢᠨᠠᠷᠳᠡᠢ ᠬᠠᠯᠳᠠᠪᠤᠷᠢᠳᠤ ᠭᠡᠮ ᠪᠤᠯᠤᠨ᠎ᠠ᠃ ᠴᠤᠷᠪᠠᠭ᠎ᠠ ᠲᠠᠭᠢᠶ᠎ᠠ ᠳᠤ ᠡᠨᠡ ᠭᠡᠮ ᠲᠤᠩ ᠠᠮᠠᠷᠬᠠᠨ ᠲᠤᠰᠴᠤ᠂ ᠨᠢᠭᠤᠠᠠᠳᠠᠮᠠᠯ ᠬᠤᠭᠤᠴᠠᠭ᠎ᠠ ᠨᠢ ᠤᠯᠠᠩᠭᠢ ᠳᠠᠭᠠᠨ 3~10 ᠭᠠᠷᠠᠭ ᠪᠠᠶᠢᠳᠠᠭ ᠲᠤᠯᠠ ᠡᠷᠳᠡᠭᠡᠨ ᠡᠭᠡᠯᠢᠯᠡᠭᠡ ᠭᠢᠭᠦ ᠪᠡ ᠴᠤᠷᠪᠠᠭ᠎ᠠ ᠲᠠᠭᠢᠶᠠᠨ ᠤ ᠡᠭᠦᠷ ᠢ ᠠᠷᠢᠭᠤᠳᠬᠠᠬᠤ ᠪᠤᠯ ᠲᠤᠰ ᠭᠡᠮ ᠢ ᠰᠡᠷᠭᠡᠶᠢᠯᠡᠨ ᠬᠤᠷᠢᠠᠠᠯᠠᠬᠤ ᠴᠢᠬᠤᠯᠠ ᠠᠷᠭ᠎ᠠ ᠭᠡᠮᠵᠢᠶ᠎ᠠ ᠪᠤᠯᠤᠨ᠎ᠠ᠃ ᠰᠡᠷᠭᠡᠶᠢᠯᠡᠨ ᠵᠠᠰᠠᠬᠤ ᠠᠷᠭ᠎ᠠ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠡᠭᠡᠯᠢᠯᠡᠭᠡ ᠶᠢᠨ ᠪᠤᠳᠤ ᠲᠠᠷᠢᠬᠤ᠄ ᠨᠢᠬᠡ ᠯᠠ ᠡᠳᠤᠷ ᠤᠨ ᠴᠤᠷᠪᠠᠭ᠎ᠠ ᠳᠤ ᠮᠠᠯᠢᠺᠠ ᠭᠡᠮ ᠤᠨ ᠸᠠᠺᠼᠢᠨ ᠢ ᠭᠡᠷᠡᠭᠯᠡᠨ᠎ᠡ᠃ ᠨᠢᠭᠡ ᠵᠦᠢᠯ ᠨᠢ ᠴᠡᠴᠡᠭᠳᠤ ᠭᠢᠷᠭᠤᠤᠯ ᠤᠨ ᠴᠦᠪᠤᠷᠢᠭᠦᠤ ᠶᠢᠨ ᠸᠢᠷᠦ᠋ᠰ ᠤᠨ ᠭᠦᠯᠳᠡᠭᠦᠤ ᠬᠠᠭᠤᠷᠠᠢ ᠸᠠᠺᠼᠢᠨ᠂ ᠨᠦᠭᠦᠭᠡ ᠵᠦᠢᠯ ᠨᠢ ᠭᠦᠯᠳᠡᠭᠦᠤ ᠢᠳᠡᠪᠭᠢ ᠸᠠᠺᠼᠢᠨ ᠪᠤᠯᠤᠨ᠎ᠠ᠃ ᠡᠨᠡ ᠬᠤᠶᠠᠷ ᠵᠦᠢᠯ ᠤᠨ ᠡᠭᠡᠯᠢᠯᠡᠭᠡ ᠶᠢ ᠴᠦᠮ ᠡᠷᠭᠡᠪᠰᠢ ᠪᠦᠷᠢᠨ ᠲᠦᠭᠦᠷ ᠸᠠᠺᠼᠢᠨ ᠤ ᠰᠢᠩᠭᠡᠨ ᠲᠠᠢ ᠤᠶᠠᠯᠳᠤᠭᠤᠯᠤᠨ ᠭᠡᠷᠡᠭᠯᠡᠭᠦ ᠭᠡᠷᠡᠭᠳᠡᠢ᠃ ᠬᠠᠯᠳᠠᠪᠤᠷᠢᠳᠤ ᠴᠢᠨᠠᠷᠳᠡᠢ ᠫᠠᠰᠲᠸᠦ᠋ᠷ ᠤᠭᠤᠳᠠᠨ ᠭᠡᠮ᠂ ᠲᠤᠤᠷᠯᠢᠭ ᠲᠤᠳᠤᠷ ᠠᠷᠠᠰᠤᠨ ᠤ ᠨᠡᠭᠡᠳᠡᠰᠤ ᠶᠢ ᠦᠷᠡᠵᠢᠭᠦᠯᠭᠦ ᠭᠡᠮ ᠢ ᠭᠢᠨᠠᠮᠠᠭᠠᠢ ᠰᠡᠷᠭᠡᠶᠢᠯᠡᠨ ᠵᠠᠰᠠᠪᠠᠯ ᠮᠠᠯᠢᠺᠠ ᠭᠡᠮ ᠤᠨ ᠸᠠᠺᠼᠢᠨ ᠤ ᠡᠭᠡᠯᠢᠯᠡᠭᠡ ᠶᠢ ᠪᠦᠳᠦᠮᠵᠢ ᠲᠠᠢ ᠪᠠᠷ ᠲᠡᠭᠡᠭᠰᠢᠯᠡᠭᠦᠯᠵᠤ ᠪᠤᠯᠤᠨ᠎ᠠ᠃

      ︵2︶ ᠠᠷᠢᠭᠤᠳᠬᠠᠬᠤ᠄ ᠲᠡᠳ᠋ ᠾᠯᠤᠷ ᠭᠦᠴᠢᠯ ᠤᠨ ᠨᠠᠲᠷᠢ᠂ ᠹᠤᠷᠮᠠᠯᠢᠨ᠂ ᠭᠡᠳᠤ ᠭᠦᠴᠢᠯᠳᠦ᠋ᠷᠦᠭᠴᠢᠳᠦ ᠡᠲ᠋ᠧᠨ ᠭᠦᠴᠢᠯ᠂ ᠢᠤᠳ᠋ ᠵᠡᠷᠭᠡ ᠠᠷᠢᠭᠤᠳᠬᠠᠬᠤ ᠡᠮ ᠢᠶᠠᠷ ᠴᠤᠷᠪᠠᠭ᠎ᠠ ᠲᠠᠭᠢᠶᠠᠨ ᠤ ᠡᠭᠦᠷ ᠢ ᠠᠷᠢᠭᠤᠳᠬᠠᠪᠠᠯ ᠴᠦᠮ ᠮᠠᠯᠢᠺᠠ ᠭᠡᠮ ᠤᠨ ᠪᠤᠯᠪᠠᠰᠤᠷᠠᠬᠤ ᠭᠡᠯᠪᠡᠷᠢ ᠶᠢᠨ ᠸᠢᠷᠦ᠋ᠰ ᠢ ᠤᠰᠠᠳᠬᠠᠵᠤ ᠪᠤᠯᠤᠨ᠎ᠠ᠃

      13. ᠭᠠᠯᠠᠭᠤᠨ ᠤ ᠭᠢᠵᠢᠭ ᠢ ᠰᠡᠷᠭᠡᠶᠢᠯᠡᠨ ᠵᠠᠰᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠬᠤ ᠪᠤᠢ︖
      ᠭᠠᠯᠠᠭᠤᠨ ᠤ ᠭᠢᠵᠢᠭ ᠪᠤᠯ ᠭᠠᠯᠠᠭᠤᠨ ᠤ ᠭᠢᠵᠢᠭ ᠤᠨ ᠸᠢᠷᠦ᠋ᠰ ᠠᠴᠠ ᠡᠭᠦᠰᠦᠭᠰᠡᠨ ᠭᠠᠯᠠᠭᠤ᠂ ᠨᠤᠭᠤᠰᠤ᠂ ᠬᠤᠨ ᠭᠠᠯᠠᠭᠤ ᠵᠡᠷᠭᠡ ᠵᠢᠭᠦᠷᠳᠡᠨ ᠤ ᠲᠦᠷᠦᠯ ᠤᠨ ᠲᠦᠷᠭᠡᠨ ᠴᠢᠨᠠᠷᠳᠡᠢ ᠬᠠᠯᠳᠠᠪᠤᠷᠢᠳᠤ ᠭᠡᠮ ᠮᠦᠨ᠃ ᠵᠢᠯ ᠤᠨ ᠲᠦᠷᠪᠡᠨ ᠤᠯᠠᠷᠢᠯ ᠳᠤ ᠴᠦᠮ ᠡᠭᠦᠰᠦᠨ ᠲᠡᠯᠭᠡᠷᠡᠵᠤ᠂ ᠭᠠᠯᠠᠭᠤ ᠨᠤᠭᠤᠰᠤᠨ ᠤ ᠲᠡᠵᠢᠭᠡᠪᠤᠷᠢ ᠶᠢᠨ ᠦᠢᠯᠡᠰ ᠲᠤ ᠭᠦᠨᠳᠤ ᠨᠤᠴᠢᠳᠠᠢ ᠭᠦᠨᠦᠭᠡᠯ ᠪᠤᠯᠵᠤ ᠪᠠᠶᠢᠳᠠᠭ᠃ ᠲᠤᠰ ᠸᠢᠷᠦ᠋ᠰ ᠨᠢ ᠬᠠᠯᠠᠭᠤᠨ ᠪᠠ ᠤᠯᠠᠨ ᠵᠦᠢᠯ ᠤᠨ ᠠᠷᠢᠭᠤᠳᠬᠠᠯ ᠤᠨ ᠡᠮ ᠳᠤ ᠰᠠᠳᠤᠯᠳᠡ ᠲᠠᠢ ᠪᠠᠶᠢᠳᠠᠭ ᠨᠢᠭᠡᠨ ᠵᠦᠢᠯ ᠤᠨ ᠠᠮᠠᠷᠬᠠᠨ ᠤᠰᠠᠳᠬᠠᠵᠤ ᠪᠤᠯᠬᠤ ᠸᠢᠷᠦ᠋ᠰ ᠪᠤᠯᠤᠨ᠎ᠠ᠃ ᠰᠡᠷᠭᠡᠶᠢᠯᠡᠨ ᠵᠠᠰᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

      ︵1︶ ᠡᠭᠡᠯᠢᠯᠡᠭᠡ ᠶᠢᠨ ᠪᠤᠳᠤ ᠲᠠᠷᠢᠬᠤ᠄ ᠭᠠᠯᠠᠭᠤ ᠨᠤᠭᠤᠰᠤᠨ ᠳᠤ ᠭᠠᠯᠠᠭᠤᠨ ᠤ ᠭᠢᠵᠢᠭ ᠤᠨ ᠢᠳᠡᠪᠭᠢ ᠸᠠᠺᠼᠢᠨ ᠢ ᠲᠠᠷᠢᠵᠤ ᠪᠤᠯᠤᠨ᠎ᠠ᠃ 2~3 ᠭᠠᠷᠠᠭ ᠤᠨ ᠮᠢᠬᠠᠨ ᠤ ᠭᠠᠯᠠᠭᠤᠨ ᠳᠤ ᠨᠢᠭᠡ ᠤᠳᠠᠭ᠎ᠠ ᠪᠤᠳᠤ ᠲᠠᠷᠢᠨ᠎ᠠ᠃ 23~24 ᠭᠠᠷᠠᠭ ᠤᠨ ᠦᠷ᠎ᠠ ᠶᠢᠨ ᠭᠠᠯᠠᠭᠤ ᠪᠤᠯᠤᠨ ᠦᠨᠳᠡᠭᠡᠨ ᠭᠠᠯᠠᠭᠤ ᠳᠤ ᠴᠢᠩᠭᠠᠳᠬᠠᠯ ᠡᠭᠡᠯᠢᠯᠡᠭᠡ ᠶᠢ ᠨᠢᠭᠡ ᠤᠳᠠᠭ᠎ᠠ ᠲᠠᠷᠢᠨ᠎ᠠ᠃ ᠭᠠᠯᠠᠭᠤᠨ ᠤ ᠭᠢᠵᠢᠭ ᠤᠨ ᠸᠠᠺᠼᠢᠨ ᠢ ᠨᠤᠭᠤᠰᠤᠨ ᠤ ᠡᠭᠡᠯᠢᠯᠡᠭᠡ ᠪᠠᠷ ᠲᠠᠷᠢᠬᠤ ᠳᠤ 5~10 ᠲᠠᠭᠢᠨ ᠤ ᠭᠡᠮᠵᠢᠶ᠎ᠠ ᠪᠠᠷ ᠲᠠᠷᠢᠨ᠎ᠠ᠃

      ︵3︶ ᠠᠷᠢᠭᠤᠳᠬᠠᠬᠤ᠄ ᠬᠠᠷᠢᠭᠤᠯᠵᠤ ᠪᠠᠶᠢᠭ᠎ᠠ ᠭᠠᠯᠠᠭᠤ ᠨᠤᠭᠤᠰᠤᠨ ᠤ ᠤᠰᠤᠨ ᠲᠠᠯᠠᠪᠠᠢ ᠪᠤᠯᠤᠨ ᠬᠠᠰᠢᠶ᠎ᠠ ᠶᠢ ᠨᠢ ᠪᠦᠳᠦᠮᠵᠢᠳᠡᠢ ᠠᠷᠢᠭᠤᠳᠬᠠᠯ ᠤᠨ ᠡᠮ ᠢᠶᠠᠷ ᠠᠷᠢᠭᠤᠳᠬᠠᠨ ᠸᠢᠷᠦ᠋ᠰ ᠢ ᠨᠢ ᠤᠰᠠᠳᠬᠠᠨ᠎ᠠ᠃ ᠭᠠᠯᠠᠭᠤᠨ ᠤ ᠭᠢᠵᠢᠭ ᠡᠭᠦᠰᠦᠭᠰᠡᠨ ᠦᠶᠡᠰ᠂ ᠲᠤᠰᠠᠭᠠᠷᠯᠠᠬᠤ ᠪᠠ ᠠᠷᠢᠭᠤᠳᠬᠠᠬᠤ ᠠᠷᠭ᠎ᠠ ᠭᠡᠮᠵᠢᠶ᠎ᠠ ᠠᠪᠴᠤ᠂ ᠠᠯᠠᠵᠤ ᠨᠢᠳᠤᠯᠬᠤ ᠪᠠ ᠬᠤᠤᠷᠳᠠᠯ ᠦᠭᠡᠢ ᠪᠠᠷ ᠰᠢᠢᠳᠪᠤᠷᠢᠯᠡᠭᠦ ᠭᠡᠷᠡᠭᠳᠡᠢ᠃

      14. ᠲᠠᠭᠢᠶᠠᠨ ᠤ ᠪᠦᠮᠪᠤᠭᠡᠨ ᠬᠤᠷᠤᠬᠠᠢ ᠶᠢᠨ ᠭᠡᠮ ᠢ ᠰᠡᠷᠭᠡᠶᠢᠯᠡᠨ ᠵᠠᠰᠠᠬᠤ ᠮᠡᠷᠭᠡᠵᠢᠯ ᠳᠤ ᠠᠯᠢ ᠭᠡᠳᠦᠨ ᠲᠠᠯ᠎ᠠ ᠪᠠᠭᠳᠠᠬᠤ ᠪᠤᠢ︖
      ᠲᠠᠭᠢᠶᠠᠨ ᠤ ᠪᠦᠮᠪᠤᠭᠡᠨ ᠬᠤᠷᠤᠬᠠᠢ ᠶᠢᠨ ᠭᠡᠮ ᠢ ᠰᠡᠷᠭᠡᠶᠢᠯᠡᠨ ᠵᠠᠰᠠᠬᠤ ᠮᠡᠷᠭᠡᠵᠢᠯ ᠳᠤ ᠲᠤᠤᠷᠠᠭᠢ ᠭᠡᠳᠦᠨ ᠲᠠᠯ᠎ᠠ ᠪᠠᠭᠳᠠᠨ᠎ᠠ᠃

       ︵1︶ ᠤᠨᠤᠰᠢᠯᠠᠬᠤ᠄ ᠡᠮᠴᠢᠯᠡᠭᠡᠨ ᠤ ᠢᠯᠡᠷᠡᠯ ᠢᠶᠠᠷ ᠨᠢ ᠠᠩᠬ᠎ᠠ ᠠᠯᠬᠤᠮ ᠤᠨᠤᠰᠢᠯᠠᠵᠤ᠂ ᠬᠠᠮᠤᠭ ᠡᠴᠤᠰ ᠲᠤ ᠨᠤᠳᠠᠯᠠᠨ ᠤᠨᠤᠰᠢᠯᠠᠬᠤ ᠳᠤ ᠲᠤᠳᠤᠳᠬᠠᠠᠠᠴᠢ ᠰᠢᠯ ᠢᠶᠠᠷ ᠲᠠᠭᠢᠶᠠᠨ ᠤ ᠪᠠᠭᠠᠰᠤ ᠶᠢ ᠨᠢ ᠪᠠᠶᠢᠴᠠᠭᠠᠬᠤ ᠪᠠ ᠭᠡᠳᠡᠰᠤᠨ ᠤ ᠰᠠᠯᠢᠰᠤᠳᠤ ᠪᠦᠷᠭᠦᠪᠴᠢ ᠠᠴᠠ ᠨᠢ ᠬᠤᠰᠤᠨ ᠠᠪᠴᠤ ᠪᠠᠶᠢᠴᠠᠭᠠᠭᠠᠳ ᠪᠦᠮᠪᠦᠭᠡᠨ ᠬᠤᠷᠤᠬᠠᠢ ᠶᠢᠨ ᠦᠨᠳᠡᠭᠡᠨ ᠤᠭᠤᠳᠠ᠂ ᠬᠤᠪᠢᠶ᠋ᠬᠠᠳᠠᠯ ᠪᠠᠶ᠎ᠠ ᠪᠤᠶᠤ ᠬᠤᠪᠢᠶ᠋ᠬᠠᠳᠠᠯ ᠦᠷ᠎ᠡ ᠪᠠᠶᠢᠪᠠᠯ ᠲᠤᠳᠤᠯᠠᠨ ᠤᠨᠤᠰᠢᠯᠠᠵᠤ ᠪᠤᠯᠤᠨ᠎ᠠ᠃

       ︵2︶ ᠰᠡᠷᠭᠡᠶᠢᠯᠡᠨ ᠵᠠᠰᠠᠬᠤ᠄ ᠪᠠᠶᠢᠡᠭᠭᠤ ᠭᠡᠷᠡᠭᠯᠡᠳᠡᠭ ᠰᠡᠷᠭᠡᠶᠢᠯᠡᠨ ᠵᠠᠰᠠᠬᠤ ᠡᠮ ᠭᠡᠪᠡᠯ ᠰᠦᠯᠹᠤᠨ ᠠᠮᠢᠡᠳᠦ ᠬᠤᠶᠠᠷ ᠮᠧᠲ᠋ᠢᠯᠳᠦ  ᠫᠢᠷᠢᠮᠢᠳᠢᠨ  ︵磺胺二甲基嘧啶︶᠂ ᠰᠦᠯᠹᠤᠨ ᠠᠮᠢᠡᠳᠦ ᠾᠯᠤᠷᠳᠦ ᠫᠢᠷᠡᠽᠢᠨ  ︵磺胺氯吡嗪︶᠂  ᠰᠦᠯᠹᠤᠨ ᠠᠮᠢᠨᠳᠦ ᠠᠮᠢᠨ ᠺᠤᠶᠢᠶᠠᠯᠢᠨ ︵磺胺喹恶啉︶᠂ ᠲᠦᠸᠧ ᠴᠢᠤᠢ ᠵᠤ᠋ ᠯᠢ ︵妥曲珠利︶ ᠵᠡᠷᠭᠡ ᠪᠤᠢ᠃ ᠪᠦᠮᠪᠤᠭᠡᠨ ᠬᠤᠷᠤᠬᠠᠢ ᠶᠢ ᠤᠷᠢᠳᠴᠢᠯᠠᠨ ᠰᠡᠷᠭᠡᠶᠢᠯᠡᠭᠦ ᠡᠮ ᠳᠤ ᠴᠢᠤ ᠯᠢ ᠯᠢᠩ ︵球痢灵︶᠂ ᠨᠢᠺᠠᠪᠠᠴᠢᠨ ︵尼卡巴嗪︶᠂ ᠯᠤ᠋ ᠪᠧᠨ ᠭᠤᠸᠠ ︵氯苯胍︶᠂ ᠳ᠋ᠢ ᠺᠧ ᠵᠤ᠋ ᠯᠢ ︵地克珠利︶᠂ ᠴᠠᠩ ᠱᠠᠨ ᠲᠦᠩ ︵常山酮︶᠂ ᠨᠠ ᠯᠡ ᠵᠢᠶᠦ᠋ᠨ ᠰᠤ᠋ ︵那拉菌素︶᠂ ᠶᠠᠨ ᠮᠸᠢ ᠰᠤ᠋ ︵盐霉素︶᠂ ᠮᠦᠸᠧ ᠨᠠᠩ ᠵᠢᠶᠦ᠋ᠨ ᠰᠤ᠋ ︵莫能菌素︶ ᠵᠡᠷᠭᠡ ᠡᠮ ᠪᠤᠢ᠃ ᠡᠮᠴᠢᠯᠡᠭᠡᠨ ᠳᠤ ᠭᠡᠷᠡᠭᠯᠡᠭᠦ ᠦᠶᠡᠰ ᠬᠠᠷᠢᠯᠴᠡᠨ ᠰᠤᠯᠢᠵᠤ᠂ ᠭᠡᠷᠡᠭᠯᠡᠭᠦ ᠡᠮ ᠳᠤ ᠰᠦᠯᠵᠢᠯ ᠭᠡᠷᠡᠭᠯᠡᠭᠡᠨ ᠤ ᠡᠮ᠂ ᠬᠠᠮᠳᠤᠷᠠᠯ ᠭᠡᠷᠡᠭᠯᠡᠭᠡᠨ ᠤ ᠡᠮ ᠢ ᠭᠡᠷᠡᠭᠯᠡᠵᠤ᠂ ᠡᠮ ᠳᠤ ᠲᠠᠰᠪᠤᠷᠢ ᠲᠠᠢ ᠪᠤᠯᠬᠤ ᠶᠢ ᠨᠠᠮᠳᠠᠭᠤᠯᠵᠤ᠂ ᠪᠦᠮᠪᠤᠭᠡᠨ ᠬᠤᠷᠤᠬᠠᠢ ᠶᠢ ᠡᠰᠡᠷᠭᠦᠴᠡᠭᠦ ᠦᠷ᠎ᠡ ᠪᠦᠳᠦᠮᠵᠢ ᠶᠢ ᠲᠡᠭᠡᠭᠰᠢᠯᠡᠭᠦᠯᠦᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ