︵ᠬᠤᠶᠠᠷ︶ ᠰᠠᠭᠠᠯᠢ ᠶᠢᠨ ᠦᠨᠢᠶ᠎ᠠ ᠶᠢ ᠰᠢᠨᠵᠢᠯᠡᠭᠦ ᠤᠬᠠᠭᠠᠠᠴᠢ ᠪᠠᠷ ᠮᠠᠯᠵᠢᠬᠤ
ᠨᠡᠶᠢᠲᠡᠯᠡᠭᠰᠡᠨ ᠴᠠᠭ᠄
2015/11/16

       1. ᠰᠠᠭᠠᠯᠢ ᠶᠢᠨ ᠦᠨᠢᠶᠠᠨ ᠤ ᠡᠨᠧᠷᠭᠢ ᠨᠢ ᠶᠠᠭᠤᠨ ᠠᠴᠠ ᠢᠷᠡᠯᠳᠡ ᠲᠠᠢ ᠪᠤᠢ︖

       ᠰᠠᠭᠠᠯᠢ ᠶᠢᠨ ᠦᠨᠢᠶᠠᠨ ᠤ ᠭᠤᠤᠯ ᠡᠨᠧᠷᠭᠢ ᠶᠢᠨ ᠢᠷᠡᠯᠳᠡ ᠨᠢ ᠪᠤᠯ ᠨᠠᠷᠢᠯᠢᠬ ᠪᠦᠳᠦᠭᠦᠯᠢᠭ ᠪᠤᠷᠳᠤᠭ᠎ᠠ ᠳᠠᠬᠢ ᠨᠡᠭᠦᠷᠡᠰᠤ ᠤᠰᠤᠨ ᠤ ᠨᠡᠶᠢᠯᠡᠯᠭᠡ ᠡᠳ᠋ ᠲᠤᠬᠠᠶᠢᠯᠠᠪᠠᠯ ᠰᠢᠷᠭᠡᠭᠯᠢᠭ ᠡᠳ᠋᠂ ᠬᠠᠭᠠᠰ ᠰᠢᠷᠭᠡᠭᠯᠢᠭ ᠡᠳ᠋᠂ ᠵᠢᠮᠢᠰ ᠤᠨ ᠴᠠᠪᠠᠤ᠂ ᠴᠠᠷᠳᠠᠭᠤᠯ᠂ ᠬᠤᠤᠰ ᠰᠢᠭᠢᠷ ᠪᠤᠯᠤᠨ ᠲᠠᠩ ᠰᠢᠭᠢᠷ ᠵᠡᠷᠭᠡ ᠶᠢ ᠢᠳᠡᠭᠦ ᠠᠴᠠ ᠢᠷᠡᠯᠳᠡ ᠲᠠᠢ᠃ ᠲᠤᠬᠠᠶᠢᠯᠠᠪᠠᠯ ᠨᠠᠷᠢᠯᠢᠬ ᠪᠤᠷᠳᠤᠭ᠎ᠠ ᠳᠤ ᠭᠤᠤᠯ ᠨᠢ ᠡᠷᠳᠡᠨᠢ ᠰᠢᠰᠢ᠂ ᠬᠡᠪᠡᠭ᠂ ᠪᠤᠭᠤᠳᠠᠢ᠂ ᠠᠷᠪᠡᠢ᠂ ᠬᠤᠰᠢᠭᠤ ᠪᠤᠳᠠᠭ᠎ᠠ᠂ ᠰᠢᠰᠢ᠂ ᠪᠤᠳᠠᠭᠠᠨ ᠤ ᠠᠭ᠎ᠠ ᠵᠡᠷᠭᠡ ᠡᠨᠧᠷᠭᠢ ᠶᠢᠨ ᠪᠤᠷᠳᠤᠭ᠎ᠠ ᠵᠢᠴᠢ ᠪᠤᠷᠴᠠᠭ ᠤᠨ ᠪᠠᠵᠢᠮᠠᠭ᠂ ᠪᠤᠷᠴᠠᠭ ᠤᠨ ᠰᠢᠭᠠᠷᠤ᠂ ᠭᠠᠶᠢᠮᠤ ᠶᠢᠨ ᠪᠠᠵᠢᠮᠠᠭ᠂ ᠭᠦᠪᠤᠩ ᠤᠨ ᠦᠷ᠎ᠠ ᠶᠢᠨ ᠪᠠᠵᠢᠮᠠᠭ᠂ ᠰᠠᠮᠤᠷ ᠤᠨ ᠰᠢᠭᠠᠷᠤ᠂ ᠨᠠᠷᠠᠨ ᠬᠤᠸᠠᠷ ᠤᠨ ᠦᠷ᠎ᠠ ᠶᠢᠨ ᠰᠢᠭᠠᠷᠤ᠂ ᠬᠤᠮᠠ ᠶᠢᠨ ᠰᠢᠭᠠᠷᠤ᠂ ᠵᠢᠭᠠᠰᠤᠨ ᠲᠠᠯᠬ᠎ᠠ᠂ ᠮᠢᠬᠠᠨ ᠤ ᠲᠠᠯᠬ᠎ᠠ ᠵᠡᠷᠭᠡ ᠤᠭᠤᠷᠬᠠᠳᠤ ᠪᠤᠷᠳᠤᠭ᠎ᠠ ᠠᠴᠠ ᠢᠷᠡᠯᠳᠡ ᠲᠠᠢ ᠶᠤᠮ᠃ ᠰᠠᠭᠠᠯᠢ ᠶᠢᠨ ᠦᠨᠢᠶᠠᠨ ᠤ ᠡᠳᠤᠷ ᠤᠨ ᠢᠳᠡᠰᠢᠨ ᠤ ᠨᠠᠷᠢᠯᠢᠬ ᠮᠠᠲ᠋ᠧᠷᠢᠶᠠᠯ ᠢ ᠨᠦᠭᠦᠪᠤᠷᠢᠯᠡᠨ ᠨᠠᠶᠢᠷᠠᠭᠤᠯᠬᠤ ᠳᠠᠭᠠᠨ ᠡᠳᠡᠭᠡᠷ ᠢ ᠴᠦᠮ ᠰᠤᠩᠭᠤᠨ ᠭᠡᠷᠡᠭᠯᠡᠵᠤ ᠪᠤᠯᠤᠨ᠎ᠠ᠃ ᠲᠠᠵᠢᠭᠡᠯ ᠪᠤᠷᠳᠤᠭᠠᠨ ᠤ ᠲᠦᠭᠦᠭᠡᠢ ᠮᠠᠲ᠋ᠧᠷᠢᠶᠠᠯ ᠤᠨ ᠲᠦᠷᠦᠯ ᠵᠦᠢᠯ ᠨᠢ ᠴᠦᠭᠡᠨ ᠪᠠᠶᠢᠵᠤ ᠭᠡᠳᠦ᠋ᠢᠪᠡᠷ ᠶᠠᠰᠤ ᠴᠢᠨᠠᠷ ᠢ ᠨᠢ ᠭᠢᠵᠠᠭᠠᠷᠯᠠᠬᠤ ᠳᠤ ᠲᠦᠭᠦᠮ ᠪᠤᠯᠪᠠᠴᠤ ᠰᠢᠮ᠎ᠠ ᠲᠡᠵᠢᠭᠡᠯ ᠤᠨ ᠲᠡᠩᠴᠡᠭᠦᠷᠢ ᠶᠢ ᠠᠮᠠᠷᠬᠠᠨ ᠠᠯᠳᠠᠭᠤᠯᠳᠠᠭ᠃

       2. ᠰᠠᠭᠠᠯᠢ ᠶᠢᠨ ᠦᠨᠢᠶᠠᠨ ᠤ ᠰᠢᠮ᠎ᠠ ᠲᠡᠵᠢᠭᠡᠯ ᠤᠨ ᠭᠡᠷᠡᠭᠴᠡᠭᠡ ᠶᠢ ᠭᠡᠷᠭᠢᠨ ᠪᠠᠳᠤᠯᠠᠬᠤ ᠪᠤᠢ︖

      ᠰᠠᠭᠠᠯᠢ ᠶᠢᠨ ᠦᠨᠢᠶ᠎ᠠ ᠪᠤᠯ ᠵᠦᠪᠭᠡᠨ ᠤᠰᠤ᠂ ᠢᠳᠡᠰᠢ ᠪᠠᠷ ᠲᠠᠮᠵᠢᠨ ᠴᠢᠬᠤᠯᠠ ᠪᠦᠭᠦᠢ ᠰᠢᠮ᠎ᠠ ᠲᠡᠵᠢᠭᠡᠯ ᠤᠨ ᠵᠦᠢᠯ ᠢ ᠭᠦᠷᠳᠡᠵᠤ᠂ ᠦᠰᠦᠯᠳᠡ ᠪᠤᠶᠢᠵᠢᠯᠳᠡ᠂ ᠭᠡᠭᠡᠯᠳᠦᠯ ᠪᠠ ᠰᠦ ᠱᠦᠭᠦᠷᠡᠯᠳᠡ ᠶᠢᠨ ᠰᠢᠮ᠎ᠠ ᠲᠡᠵᠢᠭᠡᠯ ᠤᠨ ᠭᠡᠷᠡᠭᠴᠡᠭᠡ ᠪᠠᠨ ᠬᠠᠨᠭ᠍ᠭᠠᠭᠠᠳ᠂ ᠦᠪᠡᠷ ᠤᠨ ᠦᠢᠯᠡᠳᠪᠤᠷᠢᠯᠡᠯ ᠤᠨ ᠭᠢᠷᠢ ᠴᠢᠳᠠᠯ ᠢᠶᠠᠨ ᠪᠠᠳᠠᠷᠠᠭᠤᠯᠳᠠᠭ᠃ ᠰᠠᠭᠠᠯᠢ ᠶᠢᠨ ᠦᠨᠢᠶᠠᠨ ᠤ ᠰᠢᠮ᠎ᠠ ᠲᠡᠵᠢᠭᠡᠯ ᠤᠨ ᠵᠦᠢᠯ ᠳᠤ ᠤᠰᠤ᠂ ᠡᠨᠧᠷᠭᠢ᠂ ᠤᠭᠤᠷᠬᠠᠳᠤ ᠡᠳ᠋᠂ ᠦᠭᠡᠭᠦ᠂ ᠡᠷᠤᠳᠡᠰᠤ᠂ ᠸᠢᠲ᠋ᠠᠮᠢᠨ ᠪᠠ ᠪᠤᠰᠤᠳ ᠵᠦᠢᠯ ᠤᠨ ᠰᠦ ᠪᠠᠭᠤᠯᠭᠠᠬᠤ ᠨᠡᠮᠡᠯᠳᠡ ᠡᠳ᠋ ᠵᠡᠷᠭᠡ ᠪᠠᠭᠳᠠᠨ᠎ᠠ᠃

       3. ᠪᠦᠳᠦᠭᠦᠯᠢᠭ ᠨᠠᠷᠢᠯᠢᠬ ᠪᠤᠷᠳᠤᠭ᠎ᠠ ᠶᠢ ᠲᠤᠭᠢᠷᠠᠭᠤᠯᠬᠤ ᠬᠠᠷᠢᠴᠠᠯ ᠢ ᠶᠠᠭᠠᠭᠢᠵᠤ ᠡᠵᠡᠮᠰᠢᠭᠦ ᠪᠤᠢ︖

       ᠰᠠᠭᠠᠯᠢ ᠶᠢᠨ ᠦᠨᠢᠶᠠᠨ ᠤ ᠰᠢᠮ᠎ᠠ ᠲᠡᠵᠢᠭᠡᠯ ᠤᠨ ᠭᠡᠷᠡᠭᠴᠡᠭᠡ ᠶᠢ ᠬᠠᠨᠭ᠍ᠭᠠᠠᠠᠰᠠᠨ ᠤᠷᠢᠳᠠᠯ ᠲᠤᠤᠷ᠎ᠠ ᠴᠢᠨᠠᠷ ᠰᠠᠶᠢᠳᠠᠢ ᠪᠦᠳᠦᠭᠦᠯᠢᠭ ᠪᠤᠷᠳᠤᠭ᠎ᠠ ᠶᠢ ᠬᠠᠮᠤᠭ ᠤᠨ ᠶᠡᠭᠡ ᠭᠡᠮᠵᠢᠶ᠎ᠠ ᠪᠠᠷ ᠠᠰᠢᠠᠠᠯᠠᠵᠤ᠂ ᠰᠦ ᠱᠦᠭᠦᠷᠡᠯᠳᠡ ᠶᠢᠨ ᠬᠤᠭᠤᠴᠠᠭᠠᠨ ᠳᠤᠨᠢ ᠪᠦᠳᠦᠭᠦᠯᠢᠭ ᠰᠢᠷᠭᠡᠭᠯᠢᠭ ᠢ 15% ᠠᠴᠠ ᠲᠤᠤᠷ᠎ᠠ ᠪᠠᠶᠢᠯᠭᠠᠬᠤ ᠦᠭᠡᠢ ᠪᠠᠶᠢᠪᠠᠯ ᠵᠤᠭᠢᠨ᠎ᠠ᠃ ᠲᠠᠷᠠᠴᠢᠯᠠᠨ ᠵᠤᠭᠢᠬᠤ ᠬᠠᠳᠠᠭᠤᠯᠢᠭ ᠵᠦᠢᠯ ᠲᠠᠢ ᠪᠠᠶᠢᠯᠭᠠᠵᠤ᠂ ᠭᠦᠵᠡᠭᠡᠨ ᠤ ᠬᠠᠨᠠᠨ ᠳᠤ ᠰᠠᠳᠤᠯᠳᠡ ᠦᠭᠴᠤ᠂ ᠭᠡᠪᠢᠯᠳᠡ ᠳᠤᠨᠢ ᠲᠤᠰᠠᠯᠠᠮᠵᠢ ᠦᠵᠡᠭᠦᠯᠭᠦ ᠭᠡᠷᠡᠭᠳᠡᠢ᠃ ᠰᠠᠭᠠᠯᠢ ᠶᠢᠨ ᠦᠨᠢᠶᠠᠨ ᠤ ᠰᠦ ᠱᠦᠭᠦᠷᠡᠯᠳᠡ ᠶᠢᠨ ᠡᠯ᠎ᠠ ᠠᠳᠠᠯᠢ ᠪᠤᠰᠤ ᠬᠤᠭᠤᠴᠠᠭ᠎ᠠ ᠶᠢ ᠦᠨᠳᠦᠰᠦᠯᠡᠵᠤ᠂ ᠨᠠᠷᠢᠯᠢᠬ ᠪᠤᠷᠳᠤᠭ᠎ᠠ ᠦᠭᠭᠦ ᠳᠡᠭᠡᠨ ᠰᠦ ᠱᠦᠭᠦᠷᠡᠯᠳᠡ ᠶᠢᠨ ᠡᠭᠢᠨ ᠤ ᠬᠤᠭᠤᠴᠠᠭᠠᠨ ᠳᠤ ︵11~100 ᠡᠳᠤᠷ︶ ᠶᠠᠷᠦᠩᠭᠡᠢ ᠲᠡᠵᠢᠭᠡᠭᠦ ᠭᠡᠮᠵᠢᠶᠠᠨ ᠤ 50%~60% ᠶᠢ ᠡᠵᠡᠯᠡᠭᠦᠯᠵᠤ᠂ ᠰᠦ ᠱᠦᠭᠦᠷᠡᠯᠳᠡ ᠶᠢᠨ ᠲᠤᠮᠳᠠ ᠬᠤᠭᠤᠴᠠᠭᠠᠨ
︵101~200 ᠡᠳᠤᠷ︶ ᠳᠤ 40%~50% ᠶᠢ ᠡᠵᠡᠯᠡᠭᠦᠯᠵᠤ᠂ ᠰᠦ ᠱᠦᠭᠦᠷᠡᠯᠳᠡ ᠶᠢᠨ ᠰᠡᠭᠦᠯ ᠤᠨ ᠬᠤᠭᠤᠴᠠᠭᠠᠨ ︵201~305 ᠡᠳᠤᠷ︶ ᠳᠤ 30% ᠶᠢ ᠡᠵᠡᠯᠡᠭᠦᠯᠭᠦ ᠭᠡᠷᠡᠭᠳᠡᠢ᠃

      4. ᠰᠠᠭᠠᠯᠢ ᠶᠢᠨ ᠦᠨᠢᠶ᠎ᠠ ᠶᠠᠭᠠᠭᠢᠬᠤ ᠳᠠᠭᠠᠨ ᠭᠡᠭᠡᠷᠡᠳᠡᠭ ᠪᠤᠢ︖

      ᠰᠠᠭᠠᠯᠢ ᠶᠢᠨ ᠦᠨᠢᠶᠠᠨ ᠤ ᠭᠡᠭᠡᠷᠡᠭᠦ ᠨᠢ ᠲᠠᠷᠤᠢ ᠠᠮᠠᠨ ᠭᠦᠨᠳᠡᠢ ᠠᠴᠠ ᠪᠠᠨ ᠶᠡᠭᠡ ᠭᠡᠮᠵᠢᠶᠠᠨ ᠤ ᠭᠡᠢ ᠭᠠᠷᠭᠠᠳᠠᠭ᠃ ᠡᠳᠡᠭᠡᠷ ᠭᠡᠢ ᠨᠢ ᠭᠦᠵᠡᠭᠡᠨ ᠳᠤ ᠮᠢᠺᠷᠤᠪ ᠡᠳ᠋ ᠢᠰᠦᠯᠳᠦᠭᠰᠡᠨ ᠤ ᠦᠷ᠎ᠡ ᠳ᠋ᠦᠩ ᠮᠦᠨ᠃ ᠭᠦᠵᠡᠭᠡᠨ ᠤ ᠲᠡᠭᠡᠳᠤ ᠬᠠᠨ᠎ᠠ ᠶᠢᠨ ᠤᠭᠤᠳᠠ ᠨᠢ ᠠᠪᠴᠢᠬᠤ ᠠᠴᠠ ᠪᠤᠯᠤᠭᠠᠳ ᠭᠦᠵᠡᠭᠡᠨ ᠳᠠᠬᠢ ᠭᠡᠢ ᠪᠡᠶᠡᠳᠤ ᠨᠢ ᠲᠡᠭᠡᠭᠰᠢ ᠲᠤᠷᠤᠠᠠᠰᠢ ᠭᠡᠶᠢᠯᠡᠳᠡᠭ᠃ ᠦᠨᠢᠶᠠᠨ ᠤ ᠭᠡᠭᠡᠷᠡᠭᠦ ᠨᠢ ᠮᠦᠨ ᠴᠦ ᠰᠢᠩᠭᠡᠭᠡᠯᠳᠡ ᠶᠢᠨ ᠴᠢᠳᠠᠪᠤᠷᠢ ᠨᠢ ᠭᠡᠪ ᠤᠨ ᠪᠠᠶᠢᠭ᠎ᠠ ᠶᠢᠨ ᠢᠯᠡᠷᠡᠯ ᠮᠦᠨ᠃ ᠦᠨᠢᠶ᠎ᠠ ᠭᠡᠭᠡᠷᠡᠭᠦ ᠦᠭᠡᠢ ᠪᠤᠶᠤ ᠭᠡᠢ ᠶᠢᠨ ᠭᠡᠮᠵᠢᠶ᠎ᠠ ᠨᠢ ᠭᠡᠳᠦᠷᠡᠭᠦ ᠦᠶᠡᠰ᠂ ᠭᠦᠵᠡᠭᠡ ᠨᠢ ᠭᠦᠭᠡᠭᠡᠵᠤ᠂ ᠭᠦᠨᠳᠤ ᠨᠤᠴᠢᠳᠠᠢ ᠦᠶᠡᠰ ᠠᠮᠢᠨ ᠳᠤ ᠴᠤ
ᠠᠶᠤᠯ ᠲᠠᠢ ᠪᠠᠶᠢᠳᠠᠭ᠃

      5. ᠰᠠᠭᠠᠯᠢ ᠶᠢᠨ ᠦᠨᠢᠶ᠎ᠠ ᠶᠠᠮᠠᠷ ᠡᠪᠡᠰᠤ ᠪᠤᠷᠳᠤᠭ᠎ᠠ ᠶᠢ ᠢᠳᠡᠭᠦ ᠲᠤᠷᠠᠳᠠᠢ ᠪᠠᠶᠢᠳᠠᠭ ᠪᠤᠢ︖

      ᠦᠨᠢᠶᠠᠨ ᠤ ᠢᠳᠡᠰᠢᠯᠡᠭᠦ ᠨᠢ ᠮᠠᠰᠢ ᠪᠦᠳᠦᠭᠦᠯᠢᠭ᠂ ᠬᠤᠷᠳᠤᠨ ᠪᠦᠭᠡᠳ ᠭᠡᠮᠵᠢᠶ᠎ᠠ ᠨᠢ ᠴᠤ ᠶᠡᠭᠡ ᠪᠠᠶᠢᠳᠠᠭ᠃ ᠭᠦᠭᠡ ᠡᠪᠡᠰᠤ᠂ ᠬᠠᠭᠤᠷᠠᠢ ᠡᠪᠡᠰᠤ᠂ ᠲᠠᠷᠢᠶᠠᠨ ᠤ ᠡᠰᠢ ᠭᠤᠤᠷᠰᠤ ᠵᠡᠷᠭᠡ ᠶᠢᠨ ᠪᠦᠳᠦᠭᠦᠯᠢᠭ ᠪᠤᠷᠳᠤᠭ᠎ᠠ ᠶᠢ ᠶᠡᠭᠡ ᠢᠳᠡᠳᠡᠭ᠃ ᠡᠶᠢᠮᠤ ᠠᠴᠠ ᠰᠠᠭᠠᠯᠢ ᠶᠢᠨ ᠦᠨᠢᠶ᠎ᠠ ᠮᠠᠯᠵᠢᠬᠤ ᠳᠠᠭᠠᠨ ᠠᠯᠢ ᠴᠢᠳᠠᠬᠤ ᠪᠠᠷ ᠪᠦᠳᠦᠭᠦᠯᠢᠭ ᠡᠪᠡᠰᠤ ᠪᠤᠷᠳᠤᠭ᠎ᠠ ᠶᠢ ᠠᠰᠢᠠᠠᠯᠠᠬᠤ ᠭᠡᠷᠡᠭᠳᠡᠢ᠃ ᠡᠨᠡ ᠨᠢ ᠦᠨᠢᠶᠠᠨ ᠤ ᠰᠢᠩᠭᠡᠭᠡᠯᠳᠡ ᠳᠤ ᠲᠤᠰᠠᠳᠠᠢ ᠮᠦᠷᠳᠡᠭᠡᠨ ᠪᠠᠰᠠ ᠡᠪᠡᠰᠤ ᠪᠤᠷᠳᠤᠭᠠᠨ ᠤ ᠦᠪᠠᠷ ᠤᠨ ᠦᠷᠳᠡᠭ ᠢ ᠠᠷᠪᠢᠯᠠᠵᠤ ᠴᠢᠳᠠᠨ᠎ᠠ᠃ ᠦᠨᠢᠶ᠎ᠠ ᠢᠳᠡᠰᠢ ᠪᠠᠨ ᠭᠦᠢᠴᠡᠳ ᠰᠠᠶᠢᠨ ᠵᠠᠵᠢᠯᠳᠠᠭ ᠦᠭᠡᠢ᠂ ᠦᠷᠭᠦᠯᠵᠢ ᠡᠪᠡᠰᠤ ᠪᠤᠷᠳᠤᠭ᠎ᠠ ᠪᠠᠨ ᠰᠢᠯᠦᠰᠤ ᠲᠠᠢ ᠪᠠᠨ ᠬᠤᠯᠢᠯᠳᠤᠭᠤᠯᠤᠨ ᠵᠤᠭᠢᠬᠤ ᠪᠦᠭᠡᠮ ᠪᠤᠯᠭᠠᠨ ᠵᠠᠯᠭᠢᠭᠠᠳ ᠭᠡᠰᠡᠭ ᠴᠠᠭ ᠦᠡᠭᠭᠡᠷᠡᠭᠰᠡᠨ ᠤ ᠰᠡᠭᠦᠯᠡᠷ ᠭᠦᠢᠴᠡᠳ ᠵᠠᠵᠢᠯᠤᠠᠠᠰᠠᠨ ᠦᠭᠡᠢ ᠢᠳᠡᠰᠢ ᠪᠠᠨ ᠪᠤᠴᠠᠭᠠᠨ ᠭᠠᠷᠭᠠᠵᠤ᠂ ᠲᠠᠭᠢᠨᠳᠡ ᠭᠡᠪᠢᠵᠤ ᠰᠢᠯᠦᠰᠤ ᠲᠠᠢ ᠪᠠᠨ ᠬᠤᠯᠢᠯᠳᠤᠭᠤᠯᠤᠨ ᠵᠠᠯᠭᠢᠳᠠᠭ ᠪᠠᠶᠢᠨ᠎ᠠ᠃ ᠦᠨᠢᠶ᠎ᠠ ᠶᠠᠷᠤ ᠠᠴᠠ ᠭᠦᠢᠴᠡᠳ ᠵᠠᠵᠢᠯᠳᠠᠭ ᠦᠭᠡᠢ ᠪᠤᠯᠬᠤᠷ ᠲᠡᠵᠢᠭᠡᠭᠦ ᠳᠡᠭᠡᠨ ᠭᠡᠳᠦᠷᠭᠡᠢ ᠲᠤᠮᠤ ᠦᠨᠳᠤᠰᠤ ᠡᠰᠢ ᠲᠠᠢ ᠪᠤᠷᠳᠤᠭ᠎ᠠ ᠦᠭᠭᠦ ᠶᠢ ᠭᠢᠴᠢᠶᠡᠵᠤ᠂ ᠤᠯᠠᠭᠠᠨ ᠬᠤᠭᠤᠯᠠᠢ ᠨᠢ ᠲᠦᠭᠵᠢᠷᠡᠭᠦ ᠠᠴᠠ ᠰᠡᠷᠭᠡᠶᠢᠯᠡᠭᠦ ᠭᠡᠷᠡᠭᠳᠡᠢ᠃ ᠲᠠᠷᠠᠴᠢᠯᠡᠨ ᠡᠪᠡᠰᠤ ᠪᠤᠷᠳᠤᠭᠠᠨ ᠳᠤ ᠲᠠᠮᠤᠷ ᠤᠨ ᠰᠢᠷᠭᠡᠭ᠂ ᠬᠠᠳᠠᠭᠠᠰᠤ ᠵᠡᠷᠭᠡ ᠦᠵᠦᠭᠦᠷ ᠱᠤᠷᠤ ᠲᠠᠢ ᠶᠠᠭᠤᠮ᠎ᠠ ᠬᠤᠯᠢᠯᠳᠤᠨ ᠤᠷᠤᠬᠤ ᠶᠢ ᠤᠨᠴᠠ ᠪᠤᠯᠭᠤᠮᠵᠢᠯᠠᠬᠤ ᠭᠡᠷᠡᠭᠳᠡᠢ᠃

      ᠦᠨᠢᠶ᠎ᠠ ᠪᠤᠯ ᠭᠦᠭᠡ ᠨᠤᠭᠤᠭᠠᠨ ᠰᠢᠭᠦᠰᠤ ᠰᠠᠶᠢᠳᠠᠢ ᠡᠪᠡᠰᠤ ᠪᠤᠷᠳᠤᠭ᠎ᠠ ᠶᠢ ᠬᠠᠮᠤᠭ ᠤᠨ ᠢᠳᠡᠭᠦ ᠲᠤᠷᠠᠳᠠᠢ᠃ ᠲᠠᠷᠠᠭ᠎ᠠ ᠳᠤᠨᠢ ᠰᠢᠮ᠎ᠠ ᠰᠠᠶᠢᠳᠠᠢ ᠭᠦᠭᠡ ᠬᠠᠭᠤᠷᠠᠢ ᠡᠪᠡᠰᠤ ᠢᠳᠡᠭᠦ ᠲᠤᠷᠠᠳᠠᠢ᠃ ᠲᠠᠷᠠᠭᠠᠯᠠᠪᠠᠯ ᠤᠰᠤᠷᠬᠠᠭ ᠪᠤᠰᠤ ᠭᠦᠭᠡ ᠪᠠᠷ ᠲᠠᠷᠤᠰᠢᠭᠤᠯᠤᠠᠠᠰᠠᠨ ᠡᠪᠡᠰᠤ ᠪᠤᠷᠳᠤᠭ᠎ᠠ ᠶᠢ ᠢᠳᠡᠭᠦ ᠲᠤᠷᠠᠳᠠᠢ ᠪᠠᠶᠢᠵᠤ᠂ ᠦᠯᠤ ᠪᠤᠯᠪᠠᠰᠤᠷᠠᠭᠤᠯᠤᠠᠠᠰᠠᠨ ᠡᠰᠢ ᠭᠤᠤᠷᠰᠤ ᠶᠢᠨ ᠪᠦᠳᠦᠭᠦᠯᠢᠭ ᠪᠤᠷᠳᠤᠭ᠎ᠠ ᠪᠠ ᠲᠠᠯᠬ᠎ᠠ ᠨᠤᠠᠳᠠᠭ ᠤᠨ ᠪᠤᠷᠳᠤᠭ᠎ᠠ ᠶᠢ ᠲᠤᠩ ᠢᠳᠡᠭᠦ ᠲᠤᠷ᠎ᠠ ᠦᠭᠡᠢ ᠪᠠᠶᠢᠳᠠᠭ᠃ ᠡᠶᠢᠮᠤ ᠠᠴᠠ ᠬᠠᠭᠤᠷᠠᠢ ᠡᠪᠡᠰᠤ ᠶᠢ ᠭᠡᠷᠴᠢᠭᠡᠳ ᠲᠡᠵᠢᠭᠡᠭᠦ ᠪᠤᠶᠤ ᠡᠪᠡᠰᠤᠨ ᠤ ᠨᠤᠠᠳᠠᠭ ᠲᠠᠯᠬ᠎ᠠ ᠶᠢ ᠮᠦᠭᠦᠯᠢᠭᠵᠢᠭᠦᠯᠦᠭᠡᠳ ᠲᠡᠵᠢᠭᠡᠪᠡᠯ ᠬᠠᠮᠤᠭ ᠤᠨ ᠰᠠᠶᠢᠨ ᠶᠤᠮ᠃

      ᠦᠨᠢᠶ᠎ᠠ ᠪᠠᠰᠠ ᠨᠠᠷᠢᠯᠢᠬ ᠪᠤᠷᠳᠤᠭ᠎ᠠ ᠢᠳᠡᠭᠦ ᠲᠤᠷᠠᠳᠠᠢ᠃ ᠭᠡᠪᠡᠴᠤ ᠭᠡᠳᠦᠷᠭᠡᠢ ᠨᠠᠷᠢᠨ ᠪᠤᠯᠪᠠᠰᠤᠷᠠᠭᠤᠯᠤᠬᠰᠠᠨ ᠨᠤᠠᠳᠠᠭ ᠲᠠᠯᠬ᠎ᠠ ᠪᠤᠷᠳᠤᠭ᠎ᠠ ᠶᠢ ᠮᠦᠨ ᠢᠳᠡᠭᠦ ᠲᠤᠷ᠎ᠠ ᠦᠭᠡᠢ ᠪᠠᠶᠢᠳᠠᠭ᠃ ᠡᠭᠦᠨ ᠠᠴᠠ ᠭᠠᠳᠠᠨ᠎ᠠ ᠦᠨᠢᠶ᠎ᠠ ᠨᠠᠷᠢᠯᠢᠬ ᠪᠤᠷᠳᠤᠭ᠎ᠠ ᠶᠢ ᠭᠡᠳᠦᠷᠡᠳᠡᠯ᠎ᠡ ᠪᠠᠨ ᠢᠳᠡᠪᠡᠯ ᠮᠠᠰᠢ ᠠᠮᠠᠷᠬᠠᠨ ᠰᠢᠩᠭᠡᠭᠡᠯᠳᠡ ᠶᠢᠨ ᠪᠠ ᠰᠤᠯᠢᠯᠴᠠᠭᠠᠨ ᠤ ᠭᠡᠮ ᠤᠯᠳᠠᠭ᠃ ᠦᠨᠢᠶ᠎ᠠ ᠦᠪᠠᠷ ᠢᠶᠠᠨ ᠢᠳᠡᠰᠢᠯᠡᠭᠦ ᠪᠠᠶᠢᠳᠠᠯ ᠲᠤᠤᠷ᠎ᠡ ᠪᠦᠭᠦᠯᠢ ᠡᠳᠤᠷ ᠤᠨ ᠢᠳᠡᠰᠢᠯᠡᠭᠦ ᠴᠠᠭ ᠨᠢ 6~8 ᠴᠠᠭ ᠪᠠᠶᠢᠵᠤ᠂ ᠪᠡᠯᠴᠢᠭᠡᠷᠯᠡᠭᠦᠯᠭᠦ ᠦᠨᠢᠶᠠᠨ ᠤ ᠢᠳᠡᠰᠢᠯᠡᠭᠦ ᠴᠠᠭ ᠨᠢ ᠬᠠᠰᠢᠶᠠᠯᠠᠵᠤ ᠲᠡᠵᠢᠭᠡᠭᠦ ᠦᠨᠢᠶ᠎ᠠ ᠶᠢᠨ ᠬᠢ ᠠᠴᠠ ᠤᠷᠳᠤ ᠪᠠᠶᠢᠳᠠᠭ᠃ ᠡᠶᠢᠮᠤ ᠠᠴᠠ ᠦᠨᠢᠶᠠᠨ ᠳᠤ ᠭᠦᠢᠴᠡᠳ ᠢᠳᠡᠰᠢᠯᠡᠭᠦ ᠪᠠ ᠠᠮᠠᠷᠠᠬᠤ ᠴᠢᠯᠦᠭᠡ ᠤᠯᠭᠤᠬᠤ ᠭᠡᠷᠡᠭᠳᠡᠢ᠃

      6. ᠰᠠᠭᠠᠯᠢ ᠶᠢᠨ ᠦᠨᠢᠶᠠᠨ ᠤ ᠪᠤᠷᠳᠤᠭᠠᠨ ᠳᠤ ᠶᠠᠮᠠᠷ ᠵᠦᠢᠯ ᠤᠨ ᠮᠢᠨᠧᠷᠡᠯ ᠪᠤᠳᠠᠰ ᠭᠡᠷᠡᠭᠴᠡᠭᠡ ᠲᠠᠢ ᠪᠠᠶᠢᠳᠠᠭ ᠪᠤᠢ︖
      ᠰᠠᠭᠠᠯᠢ ᠶᠢᠨ ᠦᠨᠢᠶᠠᠨ ᠤ ᠪᠤᠷᠳᠤᠭᠠᠨ ᠳᠤ ᠺᠠᠯᠼ᠂ ᠹᠤᠰᠹᠤᠷ᠂ ᠨᠠᠲᠷᠢ᠂ ᠺᠠᠯᠢ᠂ ᠮᠬᠠᠨᠢ᠂ ᠭᠦᠭᠦᠷ᠂ ᠲᠠᠮᠤᠷ᠂ ᠵᠠᠰ᠂ ᠴᠠᠶᠢᠷ᠂ ᠮᠠᠩᠭᠠᠨ᠂ ᠺᠤᠪᠠᠯᠲ᠂ ᠢᠤᠳ᠋᠂ ᠰᠧᠯᠸᠠ᠂ ᠮᠤᠯᠢᠪᠳ᠋ᠸᠠ ᠵᠡᠷᠭᠡ ᠮᠢᠨᠧᠷᠡᠯ ᠪᠤᠳᠠᠰ ᠭᠡᠷᠡᠭᠳᠡᠢ ᠪᠠᠶᠢᠳᠠᠭ᠃

      ᠺᠠᠯᠼ ᠪᠤᠯᠤᠨ ᠹᠤᠰᠹᠤᠷ ᠪᠤᠯ ᠠᠷᠤᠭ ᠶᠠᠰᠤ ᠶᠢ ᠪᠦᠳᠦᠭᠡᠭᠦ ᠴᠢᠬᠤᠯᠠ ᠪᠦᠷᠢᠯᠳᠦᠭᠦᠨ ᠮᠦᠨ᠃ ᠤᠷᠳᠤ ᠬᠤᠭᠤᠴᠠᠭ᠎ᠠ ᠪᠠᠷ ᠺᠠᠯᠼ ᠲᠤᠳ᠋ᠬᠠᠳᠠᠪᠠᠯ ᠶᠠᠰᠤ ᠵᠦᠭᠡᠯᠡᠷᠡᠭᠦ ᠭᠡᠮ᠂ ᠶᠠᠰᠤ ᠰᠠᠶᠢᠷᠡᠭᠵᠢᠭᠦ ᠭᠡᠮ ᠤᠯᠳᠠᠭ᠃ ᠹᠤᠰᠹᠤᠷ ᠲᠤᠳ᠋ᠬᠠᠠᠳᠠᠪᠠᠯ ᠡᠯᠳᠡᠪ ᠪᠤᠰᠤ ᠶᠢᠨ ᠶᠠᠭᠤᠮ᠎ᠠ ᠶᠢ ᠢᠳᠡᠳᠡᠭ᠃ ᠶᠠᠰᠤᠨ ᠳᠠᠬᠢ ᠺᠠᠯᠼ ᠪᠤᠯᠤᠨ ᠹᠤᠰᠹᠤᠷ ᠤᠨ ᠬᠠᠷᠢᠴᠠᠯ ᠨᠢ 3∶2 ᠪᠠᠶᠢᠳᠠᠭ᠃ ᠡᠳᠤᠷ ᠤᠨ ᠢᠳᠡᠰᠢᠨ ᠤ ᠺᠠᠯᠼ ᠹᠤᠰᠹᠤᠷ ᠤᠨ ᠬᠠᠷᠢᠴᠠᠯ ᠨᠢ 1∶1.5~1∶2.1 ᠪᠠᠶᠢᠯᠭᠠᠪᠠᠯ ᠲᠤᠭᠢᠷᠠᠮᠵᠢᠳᠡᠢ᠃

      ᠨᠠᠲᠷᠢ ᠪᠤᠯᠤᠨ ᠾᠯᠤᠷ ᠪᠤᠯ ᠤᠷᠭᠠᠨᠢᠭ ᠪᠡᠶ᠎ᠠ ᠶᠢᠨ ᠨᠡᠪᠴᠢᠷᠡᠬᠦ ᠲᠠᠷᠤᠯᠳᠡ ᠪᠤᠯᠤᠨ ᠭᠦᠴᠢᠯ ᠱᠦᠯᠳᠦ ᠶᠢᠨ ᠲᠡᠩᠴᠡᠭᠦᠷᠢ ᠶᠢ ᠪᠠᠳᠤᠯᠠᠳᠠᠭ ᠮᠢᠨᠧᠷᠡᠯ ᠡᠯᠧᠮᠧᠨ᠋ᠲ ᠮᠦᠨ᠃ ᠨᠡᠭᠡᠳᠡᠰᠤ ᠶᠢᠨ ᠤᠰᠤᠨ ᠤ ᠵᠦᠭᠡᠭᠡᠪᠤᠷᠢ ᠳᠤ ᠴᠢᠬᠤᠯᠠ ᠦᠢᠯᠡᠳᠦᠯ ᠦᠵᠡᠭᠦᠯᠳᠡᠭ᠃ ᠡᠳᠡᠭᠡᠷ ᠵᠦᠢᠯ ᠲᠤᠳ᠋ᠬᠠᠳᠠᠪᠠᠯ ᠢᠳᠡᠭᠦ ᠲᠤᠷᠠᠰᠢᠯ ᠨᠢ ᠮᠠᠭᠤᠳᠠᠵᠤ᠂ ᠦᠰᠤ ᠨᠢ ᠰᠡᠭᠰᠡᠶᠢᠳᠡᠭ᠃ ᠶᠠᠷᠦᠩᠭᠡᠢ ᠳᠡᠭᠡᠨ ᠢᠳᠡᠭᠡᠨ ᠤ ᠲᠠᠪᠤᠰᠤ ᠦᠭᠴᠤ ᠪᠤᠯᠤᠨ᠎ᠠ᠃

      ᠮᠬᠠᠨᠢ ᠶᠢᠨ ᠤᠯᠠᠩᠭᠢ ᠨᠢ ᠠᠮᠢᠳᠡᠨ ᠤ ᠪᠡᠶ᠎ᠠ ᠲᠤᠳᠤᠷᠠᠭᠢ ᠠᠷᠤᠭ ᠶᠠᠰᠤᠨ ᠳᠤ ᠪᠠᠶᠢᠵᠤ᠂ ᠭᠡᠰᠡᠭ ᠮᠬᠠᠨᠢ ᠨᠢ ᠤᠭᠤᠷᠬᠠᠳᠤ ᠡᠳ᠋ ᠲᠠᠢ ᠨᠡᠶᠢᠯᠡᠨ ᠬᠠᠮᠳᠤᠷᠠᠮᠠᠯ ᠨᠢᠭᠡᠳᠦᠯ ᠪᠤᠯᠵᠤ᠂ ᠵᠦᠭᠡᠯᠡᠨ ᠨᠡᠭᠡᠳᠡᠰᠤ ᠶᠢᠨ ᠡᠰ ᠤᠨ ᠲᠤᠮᠳᠠ ᠤᠷᠤᠰᠢᠵᠤ ᠪᠠᠶᠢᠳᠠᠭ᠃ ᠮᠬᠠᠨᠢ ᠪᠤᠯ ᠤᠯᠠᠨ ᠵᠦᠢᠯ ᠤᠨ ᠢᠰᠭᠡᠭᠦᠷ ᠤᠨ ᠬᠠᠶᠢᠯᠤᠭᠤᠯᠤᠠᠠᠴᠢ ᠡᠳ᠋ ᠪᠤᠯᠬᠤ ᠪᠦᠭᠡᠳ ᠰᠢᠭᠢᠷ ᠪᠤᠯᠤᠨ ᠤᠭᠤᠷᠠᠭ ᠤᠨ ᠰᠤᠯᠢᠯᠴᠠᠭ᠎ᠠ ᠳᠤ ᠴᠢᠬᠤᠯᠠ ᠦᠢᠯᠡᠳᠦᠯ ᠦᠵᠡᠭᠦᠯᠵᠤ ᠪᠠᠶᠢᠳᠠᠭ᠃

      ᠭᠦᠭᠦᠷ ᠪᠤᠯ ᠦᠨᠢᠶᠠᠨ ᠤ ᠭᠦᠵᠡᠭᠡᠨ ᠤ ᠭᠡᠪ ᠤᠨ ᠴᠢᠳᠠᠪᠤᠷᠢ ᠳᠤ ᠲᠤᠳ᠋ᠬᠠᠳᠠᠵᠤ ᠪᠤᠯᠤᠰᠢ ᠦᠭᠡᠢ ᠨᠢᠭᠡᠨ ᠵᠦᠢᠯ ᠶᠢᠨ ᠰᠢᠮ᠎ᠠ ᠲᠡᠵᠢᠭᠡᠯ ᠤᠨ ᠡᠯᠧᠮᠧᠨ᠋ᠲ ᠪᠤᠯᠤᠨ᠎ᠠ᠃ ᠭᠦᠭᠦᠷ ᠨᠢ ᠭᠦᠵᠡᠭᠡᠨ ᠤ ᠮᠢᠺᠷᠤᠪ ᠤᠨ ᠠᠭᠢᠭᠤᠯᠤᠯ ᠲᠤᠤᠷ᠎ᠠ ᠲᠠᠪᠤᠰᠠᠩ ᠤᠨ ᠨᠡᠶᠢᠯᠡᠮᠡᠯ ᠰᠢᠪᠳᠤᠷᠳᠤ ᠭᠦᠴᠢᠯ᠂ ᠲᠠᠪᠤᠰᠠᠩ ᠤᠨ ᠬᠠᠭᠠᠰ ᠰᠢᠪᠳᠤᠷᠳᠤ ᠭᠦᠴᠢᠯ ᠪᠤᠯᠤᠨ ᠤᠭᠤᠷᠠᠭ ᠤᠨ ᠰᠢᠪᠳᠤᠷᠳᠤ ᠭᠦᠴᠢᠯ ᠳᠤ ᠤᠷᠤᠯᠴᠠᠳᠠᠭ᠃ ᠭᠦᠭᠦᠷ ᠲᠤᠳ᠋ᠬᠠᠳᠠᠪᠠᠯ ᠦᠨᠢᠶᠠᠨ ᠤ ᠰᠢᠷᠭᠡᠭᠯᠢᠭ ᠡᠳ᠋ ᠤᠨ ᠰᠢᠩᠭᠡᠭᠡᠯᠳᠡ ᠪᠤᠯᠤᠨ ᠦᠭᠡᠭᠦᠨ ᠭᠦᠴᠢᠯ ᠤᠨ ᠬᠠᠷᠢᠴᠠᠯ ᠢ ᠨᠦᠯᠦᠭᠡᠯᠡᠳᠡᠭ᠃ ᠭᠦᠭᠦᠷ ᠭᠦᠴᠢᠯ ᠤᠨ ᠮᠬᠠᠨᠢ ᠶᠢ ᠭᠦᠭᠦᠷ ᠪᠤᠯᠤᠨ ᠮᠬᠠᠨᠢ ᠨᠦᠭᠦᠪᠤᠷᠢᠯᠡᠭᠦ ᠳᠤ ᠭᠡᠷᠡᠭᠯᠡᠵᠤ ᠪᠤᠯᠤᠨ᠎ᠠ᠃ ᠦᠨᠢᠶ᠎ᠠ ᠪᠦᠷᠢ ᠳᠤ ᠡᠳᠤᠷ ᠲᠤ 10~40g ᠦᠭᠪᠡᠯ ᠵᠤᠭᠢᠰᠳᠠᠢ᠃

       ᠺᠠᠯᠢ ᠪᠤᠯ ᠨᠡᠭᠦᠷᠡᠰᠤ ᠤᠰᠤᠨ ᠤ ᠨᠠᠶᠢᠯᠡᠯ ᠡᠳ᠋ ᠪᠤᠯᠤᠨ ᠤᠭᠤᠷᠬᠠᠳᠤ ᠡᠳ᠋ ᠤᠨ ᠰᠤᠯᠢᠯᠴᠠᠬᠤ ᠶᠠᠪᠤᠴᠠ ᠳᠤ ᠤᠷᠤᠯᠴᠠᠵᠤ᠂ ᠪᠤᠯᠴᠢᠩ ᠮᠢᠬ᠎ᠠ᠂ ᠮᠡᠳᠡᠷᠡᠯ ᠤᠨ ᠭᠦᠭᠡᠷᠤᠯᠳᠡ ᠶᠢᠨ ᠴᠢᠨᠠᠷ ᠢ ᠬᠠᠳᠠᠭᠠᠯᠠᠳᠠᠭ᠃ ᠭᠦᠭᠡ ᠪᠦᠳᠦᠭᠦᠯᠢᠭ ᠪᠤᠷᠳᠤᠭᠠᠨ ᠳᠤ ᠺᠠᠯᠢ ᠡᠯᠪᠡᠭ ᠠᠭᠤᠯᠤᠠᠠᠳᠠᠵᠤ ᠪᠠᠶᠢᠳᠠᠭ᠃

       ᠲᠠᠮᠤᠷ᠂ ᠵᠠᠰ᠂ ᠺᠤᠪᠠᠯᠲ ᠪᠤᠯ ᠠᠮᠢᠳᠡᠨ ᠤ ᠴᠢᠰᠤ ᠪᠤᠢ ᠪᠤᠯᠬᠤ ᠳᠤ ᠲᠤᠳ᠋ᠬᠠᠳᠠᠵᠤ ᠪᠤᠯᠤᠰᠢ ᠦᠭᠡᠢ ᠡᠯᠧᠮᠧᠨ᠋ᠲ ᠪᠤᠯᠤᠨ᠎ᠠ᠃ ᠠᠮᠢᠳᠡᠨ ᠤ ᠪᠡᠶᠡᠨ ᠳᠤ ᠮᠠᠰᠢ ᠪᠠᠭ᠎ᠠ ᠪᠠᠶᠢᠳᠠᠭ ᠪᠤᠯᠪᠠᠴᠤ ᠹᠢᠽᠢᠤᠯᠤᠭᠢ ᠶᠢᠨ ᠲᠠᠯ᠎ᠠ ᠪᠠᠷ ᠴᠢᠬᠤᠯᠠ ᠦᠢᠯᠡᠳᠦᠯ ᠦᠵᠡᠭᠦᠯᠳᠡᠭ᠃ ᠲᠠᠮᠤᠷ ᠪᠤᠯ ᠦᠨᠢᠶᠠᠨ ᠤ ᠪᠡᠶ᠎ᠠ ᠳᠤ ᠵᠦᠪᠭᠡᠨ ᠪᠡᠶ᠎ᠠ ᠶᠢᠨ ᠭᠦᠨᠳᠤ ᠶᠢᠨ ᠭᠢᠨᠢ ᠲᠦᠮᠡᠨ ᠤ ᠨᠢᠭᠡ ᠴᠢᠭ ᠭᠤᠷᠪᠡ ᠤᠷᠴᠢᠮ ᠠᠭᠤᠯᠤᠠᠠᠳᠠᠵᠤ᠂ ᠲᠠᠮᠤᠷ ᠨᠢ ᠴᠢᠰᠤᠨ ᠳᠠᠬᠢ ᠭᠦᠴᠢᠯᠳᠦ᠋ᠷᠦᠭᠴᠢ ᠶᠢᠨ ᠵᠦᠭᠡᠭᠡᠪᠤᠷᠢ᠂ ᠡᠰ ᠤᠨ ᠲᠤᠳᠤᠷᠠᠭᠢ ᠪᠢᠤᠯᠤᠭᠢ ᠶᠢᠨ ᠢᠰᠦᠯᠳᠡ ᠶᠢᠨ ᠶᠠᠪᠤᠴᠠ ᠲᠠᠢ ᠨᠢᠠᠠᠳᠠ ᠬᠤᠯᠪᠤᠭ᠎ᠠ ᠲᠠᠢ ᠪᠠᠶᠢᠵᠤ᠂ ᠰᠦ ᠭᠦᠭᠦᠵᠤ ᠪᠠᠶᠢᠭ᠎ᠠ ᠲᠤᠭᠤᠯ ᠲᠠᠮᠤᠷ ᠲᠤᠳ᠋ᠬᠠᠳ᠋ᠬᠠᠰᠠᠨ ᠠᠴᠠ ᠪᠤᠯᠵᠤ ᠴᠢᠰᠤ ᠲᠤᠳ᠋ᠬᠠᠳᠠᠳᠠᠭ ᠪᠠᠶᠢᠨ᠎ᠠ᠃ ᠦᠨᠢᠶ᠎ᠠ ᠪᠦᠷᠢ ᠶᠢᠨ ᠡᠳᠤᠷ ᠤᠨ ᠢᠳᠡᠰᠢᠨ ᠳᠤᠨᠢ ᠡᠳᠤᠷ ᠪᠦᠷᠢ 30mg ᠲᠠᠮᠤᠷ ᠢ
4~8 ᠭᠠᠷᠠᠭ ᠨᠦᠭᠦᠪᠤᠷᠢᠯᠡᠪᠡᠯ 20 ᠭᠠᠷᠠᠭ ᠤᠨ ᠲᠠᠷᠠᠭ᠎ᠠ ᠮᠡᠳᠡᠭᠳᠡᠮ᠎ᠠ ᠦᠷ᠎ᠠ ᠳ᠋ᠦᠩ ᠤᠯᠤᠨ᠎ᠠ᠃ ᠵᠠᠰ ᠪᠤᠯ ᠴᠢᠰᠤᠨ ᠤ ᠤᠯᠠᠭᠠᠨ ᠡᠳ᠋ ᠪᠤᠯᠤᠨ ᠤᠯᠠᠨ ᠡᠰ ᠪᠦᠷᠢᠯᠳᠦᠭᠦ ᠶᠠᠪᠤᠴᠠ ᠳᠤ ᠲᠦᠷᠭᠡᠳᠭᠡᠭᠦ ᠦᠢᠯᠡᠳᠦᠯ ᠲᠠᠢ ᠪᠠᠶᠢᠳᠠᠭ᠃ ᠵᠠᠰ ᠲᠤᠳ᠋ᠬᠠᠳᠠᠪᠠᠯ ᠮᠦᠨ ᠭᠦ ᠴᠢᠰᠤ ᠲᠤᠳ᠋ᠬᠠᠳᠠᠬᠤ ᠭᠡᠮ ᠳᠤ ᠨᠡᠷᠪᠡᠭᠳᠡᠨ᠎ᠡ᠃ ᠺᠤᠪᠠᠯᠲ ᠪᠤᠯ ᠸᠢᠲ᠋ᠠᠮᠢᠨ
B12  ᠤᠨ ᠪᠦᠷᠢᠯᠳᠦᠭᠦᠨ ᠪᠤᠯᠤᠨ᠎ᠠ᠃ ᠭᠦᠵᠡᠭᠡᠨ ᠤ ᠮᠢᠺᠷᠤᠪ ᠨᠢ B12 ᠲᠠᠢ ᠨᠡᠶᠢᠯᠡᠭᠦ ᠳᠤ ᠡᠷᠭᠡᠪᠰᠢ ᠺᠤᠪᠠᠯᠲ ᠦᠭᠭᠦ ᠭᠡᠷᠡᠭᠳᠡᠢ᠃ ᠺᠤᠪᠠᠯᠲ ᠨᠢ ᠭᠦᠵᠡᠭᠡᠨ ᠳᠠᠬᠢ ᠰᠢᠷᠭᠡᠭᠯᠢᠭ ᠵᠠᠳᠠᠯᠤᠯᠳᠠ ᠶᠢᠨ ᠪᠠᠺᠲ᠋ᠧᠷᠢ ᠶᠢᠨ ᠠᠵᠢᠯᠯᠠᠭ᠎ᠠ ᠶᠢ ᠲᠡᠭᠡᠭᠰᠢᠯᠡᠭᠦᠯᠵᠤ ᠴᠢᠳᠠᠬᠤ ᠮᠦᠷᠳᠡᠭᠡᠨ ᠪᠠᠰᠠ ᠰᠢᠷᠭᠡᠭᠯᠢᠭ ᠡᠳ᠋ ᠤᠨ ᠰᠢᠩᠭᠡᠭᠡᠯᠳᠡ ᠳᠤ ᠲᠤᠰᠠᠳᠠᠢ ᠪᠠᠶᠢᠳᠠᠭ᠃ ᠺᠤᠪᠠᠯᠲ ᠲᠤᠳ᠋ᠬᠠᠳᠠᠪᠠᠯ ᠦᠨᠢᠶᠠᠨ ᠤ ᠢᠳᠡᠭᠦ ᠲᠤᠷᠠᠰᠢᠯ ᠨᠢ ᠮᠠᠭᠤᠳᠠᠵᠤ᠂ ᠡᠴᠡᠵᠤ ᠲᠤᠷᠠᠵᠤ᠂ ᠰᠦᠨ ᠤ ᠭᠠᠷᠤᠯᠳᠠ ᠨᠢ ᠪᠠᠭᠤᠷᠠᠨ᠎ᠠ᠃ ᠺᠤᠪᠠᠯᠲ ᠲᠤᠳᠠᠮᠠᠭ ᠭᠠᠵᠠᠷ ᠤᠷᠤᠨ ᠳᠤ 100kg ᠪᠦᠷᠢ ᠲᠠᠪᠤᠰᠤᠨ ᠳᠤ 60g ᠭᠦᠭᠦᠷ ᠭᠦᠴᠢᠯ ᠤᠨ ᠺᠤᠪᠠᠯᠲ ᠨᠡᠮᠡᠭᠦ ᠪᠤᠯ ᠮᠠᠰᠢ ᠪᠦᠳᠦᠮᠵᠢᠳᠡᠢ ᠠᠷᠭ᠎ᠠ ᠪᠤᠯᠤᠨ᠎ᠠ᠃

       ᠮᠠᠩᠭᠠᠨ᠂ ᠴᠠᠶᠢᠷ᠂ ᠢᠤᠳ᠋ ᠡᠨᠡ ᠭᠤᠷᠪᠡᠨ ᠵᠦᠢᠯ ᠤᠨ ᠡᠯᠧᠮᠧᠨ᠋ᠲ ᠪᠤᠯ ᠴᠦᠮ ᠨᠡᠭᠦᠷᠡᠰᠤ ᠤᠰᠤᠨ ᠤ ᠨᠡᠶᠢᠯᠡᠯ ᠡᠳ᠋ ᠤᠨ ᠰᠤᠯᠢᠯᠴᠠᠭ᠎ᠠ ᠳᠤ ᠤᠷᠤᠯᠴᠠᠳᠠᠭ᠃ ᠮᠠᠩᠭᠠᠨ ᠨᠢ ᠠᠷᠤᠭ ᠶᠠᠰᠤᠨ ᠤ ᠭᠡᠪ ᠤᠨ ᠪᠤᠶᠢᠵᠢᠯᠳᠡ ᠳᠤ ᠭᠡᠷᠡᠭᠴᠡᠭᠡ ᠲᠠᠢ᠃ ᠺᠠᠯᠼ᠂ ᠹᠤᠰᠹᠤᠷ ᠤᠨ ᠲᠤᠨᠤᠮᠠᠯ ᠪᠤᠯᠤᠨ ᠠᠷᠤᠭ ᠶᠠᠰᠤᠨ ᠤ ᠭᠡᠪ ᠤᠨ ᠪᠦᠷᠢᠳᠦᠯ ᠲᠠᠢ ᠬᠤᠯᠪᠤᠭ᠎ᠠ ᠲᠠᠢ᠃ ᠴᠠᠶᠢᠷ ᠪᠤᠯ ᠠᠮᠢᠳᠠᠨ ᠤ ᠤᠷᠭᠠᠨᠢᠭ ᠪᠡᠶ᠎ᠠ ᠲᠤᠳᠤᠷᠠᠭᠢ ᠤᠯᠠᠨ ᠵᠦᠢᠯ ᠤᠨ ᠢᠰᠭᠡᠭᠦᠷ ᠤᠨ ᠪᠦᠷᠢᠯᠳᠦᠭᠦᠨ ᠮᠦᠨ᠃ ᠭᠤᠤᠯ ᠦᠢᠯᠡᠳᠦᠯ ᠨᠢ ᠭᠡᠪᠡᠯ ᠤᠷᠭᠠᠨᠢᠭ ᠪᠡᠶ᠎ᠠ ᠶᠢᠨ ᠨᠡᠭᠦᠷᠡᠰᠤ ᠭᠦᠴᠢᠯ ᠤᠨ ᠨᠡᠶᠢᠯᠡᠯ ᠪᠠ ᠵᠠᠳᠠᠷᠠᠯᠳᠠ ᠶᠢ ᠲᠦᠷᠭᠡᠳᠭᠡᠵᠤ᠂ ᠨᠡᠭᠦᠷᠡᠰᠤ ᠤᠰᠤᠨ ᠤ ᠨᠡᠶᠢᠯᠡᠯ ᠤᠨ ᠰᠤᠯᠢᠯᠴᠠᠭ᠎ᠠ ᠳᠤ ᠤᠷᠤᠯᠴᠠᠳᠠᠭ᠃ ᠴᠠᠶᠢᠷ ᠲᠤᠳ᠋ᠬᠠᠳᠠᠪᠠᠯ ᠦᠰᠦᠯᠳᠡ ᠨᠢ ᠬᠠᠷᠰᠢᠯᠬᠠᠳᠠᠵᠤ᠂ ᠠᠮᠠ ᠬᠠᠮᠠᠷ ᠨᠢ ᠤᠯᠠᠶᠢᠨ ᠬᠠᠪᠤᠳᠴᠤ᠂ ᠴᠢᠰᠤ ᠭᠠᠷᠴᠤ᠂ ᠭᠦᠨᠳᠤ ᠨᠢ ᠲᠦᠷᠭᠡᠨ ᠪᠠᠭᠤᠷᠠᠳᠠᠭ᠃ ᠢᠤᠳ᠋ ᠪᠤᠯ ᠪᠠᠮᠪᠠᠢ ᠪᠤᠯᠴᠢᠷᠬᠠᠢ ᠶᠢᠨ ᠪᠦᠷᠢᠯᠳᠦᠭᠦᠨ ᠪᠦᠬᠡᠳ ᠪᠠᠷᠤᠭ ᠪᠦᠭᠦ᠋ᠢᠯᠡ ᠪᠤᠳᠠᠰ ᠤᠨ ᠰᠤᠯᠢᠯᠴᠠᠭ᠎ᠠ ᠶᠢᠨ ᠶᠠᠪᠤᠴᠠ ᠳᠤ ᠤᠷᠤᠯᠴᠠᠳᠠᠭ᠃ ᠢᠤᠳ᠋ ᠲᠤᠳ᠋ᠬᠠᠳᠠᠪᠠᠯ ᠦᠨᠢᠶᠠᠨ ᠤ ᠪᠠᠮᠪᠠᠢ ᠪᠤᠯᠴᠢᠷᠬᠠᠢ ᠨᠢ ᠬᠠᠪᠤᠳᠤᠨ ᠲᠤᠮᠤᠷᠠᠵᠤ᠂ ᠰᠠᠭᠤᠷᠢ ᠰᠤᠯᠢᠯᠴᠠᠭ᠎ᠠ ᠨᠢ ᠪᠠᠭᠤᠷᠠᠵᠤ᠂ ᠦᠰᠦᠯᠳᠡ ᠪᠤᠶᠢᠵᠢᠯᠳᠡ ᠨᠢ ᠤᠳᠠᠭᠠᠰᠢᠷᠠᠳᠠᠭ᠃ ᠢᠤᠳ᠋ ᠲᠤᠳ᠋ᠬᠠᠳ᠋ᠬᠠᠰᠠᠨ ᠪᠤᠯ ᠢᠤᠳ᠋ᠵᠢᠭ᠍ᠰᠡᠨ ᠢᠳᠡᠰᠢᠨ ᠲᠠᠪᠤᠰᠤ ᠪᠠᠷ ᠨᠦᠭᠦᠪᠤᠷᠢᠯᠡᠵᠤ ᠪᠤᠯᠤᠨ᠎ᠠ᠃

       ᠮᠤᠯᠢᠪᠳᠧᠨ᠂ ᠰᠧᠯᠧᠨ᠂ ᠹᠯᠤᠷ ᠡᠨᠡ ᠭᠤᠷᠪᠡᠨ ᠵᠦᠢᠯ ᠤᠨ ᠡᠯᠧᠮᠧᠨ᠋ᠲ ᠨᠢ ᠰᠠᠭᠠᠯᠢ ᠶᠢᠨ ᠦᠨᠢᠶᠠᠨ ᠳᠤ ᠰᠢᠮ᠎ᠠ ᠲᠡᠵᠢᠭᠡᠯ ᠤᠨ ᠦᠢᠯᠡᠳᠦᠯ ᠦᠵᠡᠭᠦᠯᠳᠡᠭ᠃ ᠭᠡᠭᠦ ᠳᠡᠭᠡᠨ ᠪᠠᠭ᠎ᠠ ᠯᠡ ᠭᠢᠴᠢᠶᠡᠭᠦ ᠦᠭᠡᠢ ᠪᠤᠯ ᠭᠡᠮᠵᠢᠶ᠎ᠠ ᠶᠢ ᠨᠢ ᠠᠬᠠᠳᠠᠭᠤᠯᠵᠤ ᠬᠤᠤᠷᠳᠠᠭᠤᠯᠳᠠᠭ᠃ ᠮᠤᠯᠢᠪᠳ᠋ᠸᠠ ᠪᠤᠯ ᠦᠨᠢᠶᠠᠨ ᠤ ᠰᠢᠩᠭᠡᠭᠡᠯᠳᠡ ᠶᠢᠨ ᠵᠠᠮ ᠤᠨ ᠮᠢᠺᠷᠤᠪ ᠤᠨ ᠦᠰᠦᠯᠳᠡ ᠶᠢᠨ ᠡᠯᠧᠮᠧᠨ᠋ᠲ ᠪᠤᠯᠤᠨ᠎ᠠ᠃ ᠶᠠᠷᠦᠳᠡ ᠶᠢᠨ ᠪᠤᠷᠳᠤᠭᠠᠨ ᠳᠠᠬᠢ ᠮᠤᠯᠢᠪᠳ᠋ᠸᠠ ᠨᠢ ᠠᠮᠢᠳᠡᠨ ᠤ ᠭᠡᠷᠡᠭᠴᠡᠭᠡ ᠶᠢ ᠭᠦᠢᠴᠡᠳ ᠬᠠᠨᠭ᠍ᠭᠠᠵᠤ ᠲᠠᠶᠢᠯᠦᠨ᠎ᠠ᠃ ᠰᠧᠯᠧᠨ ᠪᠤᠯ ᠠᠮᠢᠳᠡᠨ ᠤ ᠴᠢᠬᠤᠯᠠ ᠪᠦᠭᠦᠢ ᠡᠯᠧᠮᠧᠨ᠋ᠲ ᠮᠦᠨ ᠪᠦᠬᠡᠳ ᠰᠧᠯᠧᠨ ᠲᠤᠳ᠋ᠬᠠᠳᠠᠪᠠᠯ ᠠᠮᠢᠳᠡᠨ ᠤ ᠦᠰᠦᠯᠳᠡ ᠪᠤᠶᠢᠵᠢᠯᠳᠡ ᠨᠢ ᠤᠳᠠᠭᠠᠰᠢᠷᠠᠵᠤ᠂ ᠦᠷᠡᠵᠢᠯ ᠤᠨ ᠴᠢᠳᠠᠪᠤᠷᠢ ᠨᠢ ᠮᠠᠭᠤᠳᠠᠳᠠᠭ᠃ ᠹᠯᠤᠷ ᠨᠢ ᠰᠢᠳᠤᠨ ᠤ ᠬᠤᠷᠤᠬᠠᠶᠢᠳᠤᠯ ᠢ ᠰᠡᠷᠭᠡᠶᠢᠯᠡᠬᠦ ᠪᠠ ᠡᠷᠡᠭᠦᠯ ᠢ ᠬᠠᠮᠠᠭᠠᠯᠠᠬᠤ ᠦᠢᠯᠡᠳᠦᠯ ᠲᠠᠢ᠃
      ᠡᠩ ᠤᠨ ᠪᠠᠶᠢᠳᠠᠯ ᠲᠤᠤᠷ᠎ᠠ ᠪᠤᠷᠳᠤᠭᠠᠨ ᠳᠠᠬᠢ  ᠹᠯᠤᠷ ᠨᠢ ᠭᠡᠷᠡᠭᠴᠡᠭᠡ ᠶᠢ ᠪᠦᠷᠢᠨ ᠬᠠᠨᠭ᠍ᠭᠠᠵᠤ ᠲᠡᠶᠢᠯᠭᠦ ᠲᠤᠯᠠ ᠨᠦᠭᠦᠭᠦ ᠴᠢᠬᠤᠯᠠ ᠦᠭᠡᠢ᠃ ᠦᠨᠢᠶ᠎ᠠ ᠭᠡᠷᠪᠡ ᠹᠯᠤᠷ ᠲᠤ ᠬᠤᠤᠷᠳ᠋ᠬᠠᠳᠠᠪᠠᠯ ᠢᠳᠡᠭᠦ ᠨᠢ ᠮᠠᠭᠤᠳᠠᠵᠤ᠂ ᠰᠦᠨ ᠭᠠᠷᠤᠯᠳᠠ ᠨᠢ ᠪᠠᠭᠤᠷᠠᠵᠤ᠂ ᠲᠦᠷᠪᠡᠨ ᠮᠦᠴᠢ ᠨᠢ ᠭᠦᠰᠢᠵᠤ᠂ ᠠᠷᠤᠭ ᠶᠠᠰᠤ ᠨᠢ ᠲᠤᠮᠤᠷᠠᠵᠤ ᠡᠴᠤᠰ ᠲᠡᠭᠡᠨ ᠦᠭᠦᠳᠡᠭ᠃

       7. ᠰᠠᠭᠠᠯᠢ ᠶᠢᠨ ᠦᠨᠢᠶᠠᠨ ᠤ ᠪᠤᠷᠳᠤᠭᠠᠨ ᠲᠤᠳᠤᠷᠠᠭᠢ ᠮᠢᠨᠧᠷᠡᠯ ᠪᠤᠳᠠᠰ ᠤᠨ ᠭᠤᠤᠯ ᠢᠷᠠᠯᠳᠡ ᠨᠢ ᠶᠠᠭᠤᠨ ᠠᠴᠠ ᠢᠷᠡᠳᠡᠭ ᠪᠤᠢ︖

     ᠰᠠᠭᠠᠯᠢ ᠶᠢᠨ ᠦᠨᠢᠶᠠᠨ ᠳᠤ ᠪᠠᠶᠢᠡᠭᠭᠤ ᠭᠡᠷᠡᠭᠯᠡᠳᠡᠭ ᠺᠠᠯᠼ᠂ ᠹᠤᠰᠹᠤᠷ ᠤᠨ ᠨᠦᠭᠦᠪᠤᠷᠢ ᠡᠳ᠋ ᠪᠤᠯ ᠶᠠᠰᠤᠨ ᠤ ᠲᠠᠯᠬ᠎ᠠ᠂ ᠹᠤᠰᠹᠤᠷ ᠭᠦᠴᠢᠯ ᠤᠨ ᠤᠰᠤᠳᠦ᠋ᠷᠦᠭᠴᠢ ᠺᠠᠯᠼ ᠪᠤᠯᠤᠨ᠎ᠠ᠃ ᠪᠠᠶᠢᠡᠭᠭᠤ ᠭᠡᠷᠡᠭᠯᠡᠳᠡᠭ ᠺᠠᠯᠼ ᠤᠨ ᠨᠦᠭᠦᠪᠤᠷᠢ ᠡᠳ᠋ ᠪᠤᠯ ᠨᠡᠭᠦᠷᠡᠰᠤ ᠭᠦᠴᠢᠯ ᠤᠨ ᠺᠠᠯᠼ ᠪᠤᠯᠤᠨ᠎ᠠ᠃ ᠪᠠᠶᠢᠡᠭᠭᠤ ᠭᠡᠷᠡᠭᠯᠡᠳᠡᠭ ᠺᠠᠯᠢ ᠶᠢᠨ ᠨᠦᠭᠦᠪᠤᠷᠢ ᠡᠳ᠋ ᠪᠤᠯ ᠭᠦᠭᠦᠷ ᠭᠦᠴᠢᠯ ᠤᠨ ᠺᠠᠯᠢ᠂ ᠮᠬᠠᠨᠢ ᠶᠢᠨ ᠨᠦᠭᠦᠪᠤᠷᠢ ᠡᠳ᠋ ᠪᠤᠯ ᠭᠦᠴᠢᠯᠳᠦ᠋ᠷᠦᠭᠵᠢᠭᠦᠯᠦᠭᠰᠡᠨ ᠮᠬᠠᠨᠢ ᠪᠤᠶᠤ ᠭᠦᠭᠦᠷ ᠭᠦᠴᠢᠯ ᠤᠨ ᠮᠬᠠᠨᠢ ᠪᠤᠯᠤᠨ᠎ᠠ᠃ ᠡᠩ ᠤᠨ ᠪᠠᠶᠢᠳᠠᠯ ᠲᠤᠤᠷ᠎ᠠ ᠡᠳᠤᠷ ᠤᠨ ᠢᠳᠡᠰᠢᠨ ᠳᠠᠬᠢ ᠺᠠᠯᠢ᠂ ᠮᠬᠠᠨᠢ᠂ ᠭᠦᠭᠦᠷ ᠨᠢ ᠤᠷᠭᠠᠨᠢᠭ ᠪᠡᠶ᠎ᠠ ᠶᠢᠨ ᠭᠡᠷᠡᠭᠴᠡᠭᠡ ᠶᠢ ᠬᠠᠨᠭ᠍ᠭᠠᠵᠤ ᠲᠡᠶᠢᠯᠭᠦ ᠲᠤᠯᠠ ᠠᠰ ᠲᠤᠨᠢ ᠨᠡᠮᠡᠭᠦ ᠭᠡᠷᠡᠭ ᠦᠭᠡᠢ᠃ ᠭᠦᠭᠦᠷ ᠤᠨ ᠨᠦᠭᠦᠪᠤᠷᠢ ᠡᠳ᠋ ᠪᠤᠯ ᠭᠦᠭᠦᠷ ᠭᠦᠴᠢᠯ ᠤᠨ ᠨᠠᠲᠷᠢ᠂ ᠭᠦᠭᠦᠷ ᠭᠦᠴᠢᠯ ᠤᠨ ᠺᠠᠯᠢ᠂ ᠭᠦᠭᠦᠷ ᠭᠦᠴᠢᠯ ᠤᠨ ᠮᠠᠩᠭᠠᠨ ᠵᠡᠷᠭᠡ ᠪᠤᠯᠤᠨ᠎ᠠ᠃ ᠵᠠᠰ᠂ ᠺᠤᠪᠠᠯᠲ᠂ ᠲᠠᠮᠤᠷ᠂ ᠮᠠᠩᠭᠠᠨ᠂ ᠴᠠᠶᠢᠷ ᠵᠡᠷᠭᠡ ᠶᠢ ᠪᠤᠯ ᠮᠢᠨᠧᠷᠡᠯ ᠤᠭᠤᠷᠬᠠᠳᠤ ᠲᠠᠪᠤᠰᠤ ᠪᠠᠷ ᠨᠦᠭᠦᠪᠤᠷᠢᠯᠡᠵᠤ ᠪᠤᠯᠤᠨ᠎ᠠ᠃

      8. ᠦᠨᠢᠶ᠎ᠠ ᠲᠠᠵᠢᠬᠡᠬᠦ ᠳᠤ ᠸᠢᠲ᠋ᠠᠮᠢᠨ ᠨᠢ ᠶᠠᠮᠠᠷ ᠦᠢᠯᠡᠳᠦᠯ ᠦᠵᠡᠭᠦᠯᠳᠡᠭ ᠪᠤᠢ︖

      ᠸᠢᠲ᠋ᠠᠮᠢᠨ ᠪᠤᠯ ᠰᠠᠭᠠᠯᠢ ᠶᠢᠨ ᠦᠨᠢᠶᠠᠨ ᠤ ᠭᠡᠪ ᠤᠨ ᠴᠢᠳᠠᠪᠤᠷᠢ ᠪᠡ ᠡᠷᠡᠭᠦᠯ ᠢ ᠬᠠᠮᠠᠭᠠᠯᠠᠬᠤ ᠳᠤ ᠡᠷᠭᠡᠪᠰᠢ ᠪᠠᠶᠢᠬᠤ ᠶᠤᠰᠤ ᠲᠠᠢ ᠰᠢᠮ᠎ᠠ ᠲᠡᠵᠢᠭᠡᠯ ᠤᠨ ᠵᠦᠢᠯ ᠪᠤᠯᠤᠨ᠎ᠠ᠃ ᠰᠠᠭᠠᠯᠢ ᠶᠢᠨ ᠦᠨᠢᠶᠠᠨ ᠤ ᠭᠦᠵᠡᠭᠡᠨ ᠤ ᠮᠢᠺᠷᠤᠪ ᠨᠢ ᠶᠡᠭᠡ ᠭᠡᠮᠵᠢᠶᠠᠨ ᠤ B ᠪᠦᠯᠦᠭ ᠤᠨ ᠸᠢᠲ᠋ᠠᠮᠢᠨ ᠢ ᠪᠤᠢ ᠪᠤᠯᠭᠠᠵᠤ ᠦᠪᠡᠷ ᠤᠨ ᠭᠡᠷᠡᠭᠴᠡᠭᠡ ᠪᠠᠨ ᠬᠠᠨᠭ᠍ᠭᠠᠳᠠᠭ᠃ B ᠪᠦᠯᠦᠭ ᠤᠨ ᠸᠢᠲ᠋ᠠᠮᠢᠨ ᠨᠢ ᠰᠠᠭᠠᠯᠢ ᠶᠢᠨ ᠦᠨᠢᠶᠠᠨ ᠤ ᠰᠦᠨ ᠤ ᠴᠢᠨᠠᠷ ᠢ ᠰᠠᠶᠢᠵᠢᠷᠠᠭᠤᠯᠵᠤ᠂ ᠭᠢᠵᠢᠭ ᠰᠡᠷᠭᠡᠶᠢᠯᠡᠭᠦ ᠴᠢᠳᠠᠪᠤᠷᠢ᠂ ᠦᠷᠡᠵᠢᠯ ᠤᠨ ᠴᠢᠳᠠᠪᠤᠷᠢ ᠶᠢ ᠨᠢ ᠨᠡᠮᠡᠭᠳᠡᠭᠦᠯᠳᠡᠭ᠃
     ᠸᠢᠲ᠋ᠠᠮᠢᠨ A ᠨᠢ ᠬᠠᠷᠠᠭᠠᠨ ᠰᠠᠷᠠᠯ᠂ ᠠᠷᠠᠰᠤᠨ ᠤ ᠨᠡᠭᠡᠳᠡᠰᠤ᠂ ᠠᠷᠤᠭ ᠶᠠᠰᠤᠨ ᠤ ᠪᠤᠶᠢᠵᠢᠯᠳᠡ᠂ ᠲᠠᠷᠢᠭᠢ ᠨᠤᠭᠤᠰᠤᠨ ᠤ ᠰᠢᠩᠭᠡᠨ ᠤ ᠲᠠᠷᠤᠯᠳᠠ᠂ ᠠᠷᠠᠰᠤᠨ ᠤ ᠬᠦᠷᠦᠰᠦᠯᠢᠭ ᠡᠳ᠋ ᠤᠨ ᠺᠧᠲ᠋ᠤᠨ ᠤ ᠨᠡᠶᠢᠯᠡᠯᠬᠡ ᠶᠢ ᠪᠠᠳᠤᠯᠠᠳᠠᠭ᠃

     ᠸᠢᠲ᠋ᠠᠮᠢᠨ D ᠨᠢ ᠭᠡᠳᠡᠰᠤᠨ ᠵᠠᠮ ᠤᠨ ᠺᠠᠯᠢ᠂ ᠹᠤᠰᠹᠤᠷ ᠰᠢᠩᠭᠡᠭᠡᠨ ᠠᠪᠬᠤ ᠪᠠ ᠶᠠᠰᠤᠨ ᠤ ᠺᠠᠯᠼᠵᠢᠬᠤ ᠶᠢ ᠠᠭᠢᠭᠤᠯᠳᠠᠭ᠃ ᠸᠢᠲ᠋ᠠᠮᠢᠨ E ᠨᠢ ᠦᠨᠢᠶᠠᠨ ᠤ ᠦᠷᠡᠵᠢᠯ ᠤᠨ ᠴᠢᠳᠠᠪᠤᠷᠢ ᠶᠢ ᠨᠢ ᠨᠡᠮᠡᠭᠳᠡᠭᠦᠯᠳᠡᠭ᠃ ᠨᠢᠺᠤᠲ᠋ᠢᠨ ᠭᠦᠴᠢᠯ ᠪᠤᠯ ᠭᠦᠵᠡᠭᠡᠨ ᠤ ᠮᠢᠺᠷᠤᠪ ᠤᠨ ᠤᠭᠤᠷᠠᠭ ᠤᠨ ᠨᠡᠶᠢᠯᠡᠯᠬᠡ ᠶᠢ ᠠᠭᠢᠭᠤᠯᠳᠠᠭ᠃ ᠭᠦᠭᠦᠷᠳᠤ ᠠᠮᠢᠨ ᠨᠢ ᠰᠠᠭᠠᠯᠢ ᠶᠢᠨ ᠦᠨᠢᠶᠠᠨ ᠤ ᠭᠤᠤᠯ ᠮᠡᠳᠡᠷᠡᠯ ᠤᠨ ᠰᠢᠰᠲ᠋ᠧᠮ ᠢ ᠬᠠᠮᠠᠭᠠᠯᠠᠵᠤ᠂ ᠸᠢᠲ᠋ᠠᠮᠢᠨ B12 ᠨᠢ ᠦᠨᠢᠶᠠᠨ ᠤ ᠭᠡᠪ ᠤᠨ ᠰᠢᠮ᠎ᠠ ᠲᠡᠵᠢᠭᠡᠯ ᠢ ᠬᠠᠮᠠᠭᠠᠯᠠᠳᠠᠭ ᠪᠠᠶᠢᠨ᠎ᠠ᠃

      9. ᠪᠤᠷᠳᠤᠭᠠᠨ ᠲᠤᠳᠤᠷᠠᠭᠢ ᠸᠢᠲ᠋ᠠᠮᠢᠨ ᠨᠢ ᠶᠠᠭᠤᠨ ᠠᠴᠠ ᠭᠤᠤᠯ ᠢᠷᠡᠯᠳᠡ ᠲᠠᠢ ᠪᠤᠢ︖

      ᠭᠤᠤᠯ ᠨᠢ ᠭᠦᠭᠡ᠂ ᠨᠤᠭᠤᠭᠠᠨ ᠪᠤᠷᠳᠤᠭ᠎ᠠ ᠠᠴᠠ ᠢᠷᠡᠯᠳᠡ ᠲᠠᠢ᠃
      ᠵᠢᠱᠢᠶᠡᠯᠡᠪᠡᠯ ᠰᠢᠷ᠎ᠡ ᠯᠤᠤᠪᠠᠩ᠂ ᠲᠦᠮᠦᠰᠦᠯᠢᠭ ᠦᠨᠳᠤᠰᠤ ᠲᠠᠢ ᠲᠠᠷᠢᠮᠠᠯ ᠠᠴᠠ ᠢᠷᠡᠯᠳᠡ ᠲᠠᠢ᠃ ᠸᠢᠲ᠋ᠠᠮᠢᠨ A ᠨᠦᠭᠦᠪᠤᠷᠢᠯᠡᠭᠦ ᠳᠤ ᠭᠦᠭᠡ ᠪᠠᠷ ᠲᠠᠷᠤᠰᠢᠭᠤᠯᠤᠠᠠᠰᠠᠨ ᠡᠷᠳᠡᠨᠢ ᠰᠢᠰᠢ ᠪᠤᠯᠤᠨ ᠰᠢᠷ᠎ᠠ ᠯᠤᠤᠪᠠᠩ ᠢᠶᠠᠷ ᠲᠡᠵᠢᠭᠡᠨ᠎ᠡ᠃ ᠸᠢᠲ᠋ᠠᠮᠢᠨ E ᠨᠦᠭᠦᠪᠤᠷᠢᠯᠡᠪᠡᠯ ᠵᠡᠭᠦᠤ ᠲᠠᠷᠢᠵᠤ ᠨᠦᠭᠦᠪᠤᠷᠢᠯᠡᠨ᠎ᠡ᠃ ᠨᠠᠷᠠᠨ ᠳᠤ ᠭᠠᠷᠭᠠᠬᠤ ᠪᠤᠶᠤ ᠸᠢᠲ᠋ᠠᠮᠢᠨ  B3ᠵ᠊ ᠢ ᠲᠠᠷᠢᠪᠡᠯ ᠺᠠᠯᠼ ᠨᠦᠭᠦᠪᠤᠷᠢᠯᠡᠨ᠎ᠡ᠃

      10. ᠶᠠᠭᠤ ᠶᠢ ᠲᠡᠵᠢᠭᠡᠯ ᠪᠤᠷᠳᠤᠭᠠᠨ ᠤ ᠨᠡᠮᠡᠯᠳᠡ ᠡᠳ᠋ ᠭᠡᠭᠦ ᠪᠤᠢ︖ ᠶᠠᠮᠠᠷ ᠰᠢᠮ᠎ᠠ ᠲᠡᠵᠢᠭᠡᠯ ᠤᠨ ᠪᠦᠷᠢᠯᠳᠦᠭᠦᠨ ᠲᠠᠢ  ᠪᠤᠢ︖ ᠪᠠᠶᠢᠡᠭᠭᠤ ᠭᠡᠷᠡᠭᠯᠡᠳᠡᠭ ᠨᠠᠷᠢᠯᠢᠬ ᠪᠤᠷᠳᠤᠭ᠎ᠠ ᠳᠤ ᠭᠡᠳᠦᠨ ᠵᠦᠢᠯ ᠪᠠᠶᠢᠬᠤ ᠪᠤᠢ︖

      ︵1︶ ᠲᠡᠵᠢᠭᠡᠯ ᠪᠤᠷᠳᠤᠭᠠᠨ ᠤ ᠨᠡᠮᠡᠯᠳᠡ ᠡᠳ᠋ ᠭᠡᠳᠡᠭ ᠪᠤᠯ ᠲᠡᠵᠢᠭᠡᠯ ᠪᠤᠷᠳᠤᠭ᠎ᠠ ᠨᠠᠶᠢᠷᠠᠭᠤᠯᠬᠤ ᠳᠠᠭᠠᠨ ᠪᠤᠳᠠᠰ ᠤᠨ ᠨᠡᠮᠡᠯᠳᠡ ᠡᠳ᠋ ᠵᠢᠱᠢᠶᠡᠯᠡᠪᠡᠯ ᠠᠽᠤᠲ ᠭᠦᠴᠢᠯ᠂ ᠮᠢᠨᠧᠷᠡᠯ ᠪᠤᠳᠠᠰ᠂ ᠪᠢᠴᠢᠯ ᠡᠯᠧᠮᠧᠨ᠋ᠲ᠂ ᠸᠢᠲ᠋ᠠᠮᠢᠨ ᠪᠤᠯᠤᠨ ᠰᠢᠮ᠎ᠠ ᠲᠡᠵᠢᠭᠡᠯ ᠤᠨ ᠪᠤᠰᠤ ᠪᠤᠳᠠᠰ ᠤᠨ ᠨᠡᠮᠡᠯᠳᠡ ᠡᠳ᠋ ᠵᠢᠱᠢᠶᠡᠯᠡᠪᠡᠯ ᠪᠠᠺᠲ᠋ᠧᠷᠢ ᠶᠢ ᠡᠰᠡᠷᠭᠦᠴᠡᠬᠦ ᠡᠳ᠋᠂ ᠬᠤᠷᠮᠤᠨ᠂ ᠬᠤᠷᠤᠬᠠᠢ ᠭᠦᠭᠡᠭᠡᠭᠴᠢ ᠡᠳ᠋᠂ ᠢᠰᠤᠯᠳᠤᠬᠦ ᠶᠢ ᠡᠰᠡᠷᠬᠦᠴᠡᠬᠦ ᠡᠳ᠋ ᠢ ᠰᠢᠨᠵᠢᠯᠡᠭᠦ ᠤᠬᠠᠭᠠᠠᠴᠢ ᠪᠠᠷ ᠪᠠᠭ᠎ᠠ ᠭᠡᠮᠵᠢᠶ᠎ᠠ ᠪᠠᠷ ᠨᠡᠮᠡᠭᠦ ᠶᠢ ᠬᠡᠯᠡᠵᠤ ᠪᠠᠶᠢᠨ᠎ᠠ᠃

       ︵2︶ ᠲᠡᠵᠢᠭᠡᠯ ᠪᠤᠷᠳᠤᠭᠠᠨ ᠳᠠᠬᠢ ᠰᠢᠮ᠎ᠠ ᠲᠡᠵᠢᠭᠡᠯ ᠤᠨ ᠦᠢᠯᠡᠳᠦᠯ ᠲᠠᠢ ᠪᠦᠷᠢᠯᠳᠦᠭᠦᠨ ᠭᠡᠪᠡᠯ ᠤᠭᠤᠷᠬᠠᠳᠤ ᠡᠳ᠋᠂ ᠦᠭᠡᠭᠦ᠂ ᠨᠡᠭᠦᠷᠡᠰᠤ ᠤᠰᠤᠨ ᠤ ᠨᠡᠶᠢᠯᠡᠯᠭᠡ ᠡᠳ᠋᠂ ᠮᠢᠨᠧᠷᠡᠯ ᠪᠤᠳᠠᠰ ᠭᠢᠭᠡᠳ ᠸᠢᠲ᠋ᠠᠮᠢᠨ ᠪᠠᠶᠢᠨ᠎ᠠ᠃

       ︵3︶ ᠰᠠᠭᠠᠯᠢ ᠶᠢᠨ ᠦᠨᠢᠶ᠎ᠠ ᠳᠤ ᠪᠠᠶᠢᠡᠭᠭᠤ ᠭᠡᠷᠡᠭᠯᠡᠳᠡᠭ ᠨᠠᠷᠢᠯᠢᠬ ᠪᠤᠷᠳᠤᠭ᠎ᠠ ᠭᠡᠪᠡᠯ ᠡᠨᠧᠷᠭᠢ ᠶᠢᠨ ᠪᠤᠷᠳᠤᠭ᠎ᠠ ᠳᠤ ᠡᠷᠳᠡᠨᠢ ᠰᠢᠰᠢ᠂ ᠠᠷᠪᠡᠢ᠂ ᠰᠢᠰᠢ᠂ ᠪᠤᠷᠳᠤᠭᠠᠨ ᠤ ᠠᠭ᠎ᠠ᠂ ᠭᠡᠪᠡᠭ᠂ ᠡᠷᠳᠡᠨᠢ ᠰᠢᠰᠢ ᠶᠢᠨ ᠬᠠᠯᠢᠰᠤ ᠪᠠᠭᠳᠠᠨ᠎ᠠ᠃ ᠤᠭᠤᠷᠬᠠᠳᠤ ᠪᠤᠷᠳᠤᠭ᠎ᠠ ᠳᠤ ᠪᠤᠷᠴᠠᠭ ᠤᠨ ᠰᠢᠭᠠᠷᠤ᠂ ᠭᠦᠪᠤᠩ ᠤᠨ ᠦᠷ᠎ᠡ ᠶᠢᠨ ᠪᠠᠵᠢᠮᠠᠭ᠂ ᠭᠠᠶᠢᠮᠤ ᠶᠢᠨ ᠦᠷ᠎ᠡ ᠶᠢᠨ ᠪᠠᠵᠢᠮᠠᠭ᠂ ᠤᠯᠤᠰᠤᠨ ᠤ ᠪᠠᠵᠢᠮᠠᠭ᠂ ᠨᠠᠷᠠᠨ ᠬᠤᠸᠠᠷ ᠤᠨ ᠦᠷ᠎ᠡ ᠶᠢᠨ ᠪᠠᠵᠢᠮᠠᠭ᠂ ᠵᠢᠭᠠᠰᠤᠨ ᠤ ᠲᠠᠯᠬ᠎ᠠ᠂ ᠴᠢᠰᠤᠨ ᠲᠠᠯᠬ᠎ᠠ ᠪᠠᠭᠳᠠᠨ᠎ᠠ᠃

      11. ᠤᠭᠤᠷᠬᠠᠳᠤ ᠪᠤᠷᠳᠤᠭ᠎ᠠ ᠨᠢ ᠶᠠᠭᠤᠨ ᠠᠴᠠ ᠭᠤᠤᠯ ᠢᠷᠡᠯᠳᠡ ᠲᠠᠢ ᠪᠤᠢ︖

      ᠤᠭᠤᠷᠬᠠᠳᠤ ᠪᠤᠷᠳᠤᠭ᠎ᠠ ᠳᠤ ᠤᠷᠭᠤᠮᠠᠯ ᠤᠨ ᠤᠭᠤᠷᠬᠠᠳᠤ ᠪᠤᠷᠳᠤᠭ᠎ᠠ᠂ ᠠᠮᠢᠳᠡᠨ ᠤ ᠤᠭᠤᠷᠬᠠᠳᠤ ᠪᠤᠷᠳᠤᠭ᠎ᠠ ᠪᠠ ᠮᠢᠨᠧᠷᠡᠯ ᠪᠤᠳᠠᠰ ᠤᠨ ᠤᠭᠤᠷᠬᠠᠳᠤ ᠪᠤᠷᠳᠤᠭ᠎ᠠ ᠪᠠᠭᠳᠠᠨ᠎ᠠ᠃ ᠤᠷᠭᠤᠮᠠᠯ ᠤᠨ ᠤᠭᠤᠷᠬᠠᠳᠤ ᠪᠤᠷᠳᠤᠭ᠎ᠠ ᠳᠤ ᠪᠤᠷᠴᠠᠭ ᠤᠨ ᠰᠢᠭᠠᠷᠤ᠂ ᠭᠦᠪᠤᠩ ᠤᠨ ᠦᠷ᠎ᠡ ᠶᠢᠨ ᠪᠠᠵᠢᠮᠠᠭ᠂ ᠰᠠᠮᠤᠷ ᠤᠨ ᠪᠠᠵᠢᠮᠠᠭ᠂ ᠭᠠᠶᠢᠮᠤ ᠶᠢᠨ ᠦᠷ᠎ᠡ ᠶᠢᠨ ᠪᠠᠵᠢᠮᠠᠭ᠂ ᠤᠯᠤᠰᠤᠨ ᠤ ᠪᠠᠵᠢᠮᠠᠭ᠂ ᠨᠠᠷᠠᠨ ᠬᠤᠸᠠᠷ ᠤᠨ ᠪᠠᠵᠢᠮᠠᠭ ᠪᠠᠭᠳᠠᠨ᠎ᠠ᠃ ᠠᠮᠢᠳᠡᠨ ᠤ ᠤᠭᠤᠷᠬᠠᠳᠤ ᠪᠤᠷᠳᠤᠭ᠎ᠠ ᠳᠤ ᠵᠢᠭᠠᠰᠤᠨ ᠲᠠᠯᠬ᠎ᠠ᠂ ᠴᠢᠰᠤᠨ ᠲᠠᠯᠬ᠎ᠠ ᠪᠠᠭᠳᠠᠨ᠎ᠠ᠃ ᠮᠢᠨᠧᠷᠡᠯ ᠪᠤᠳᠠᠰ ᠤᠨ ᠪᠤᠷᠳᠤᠭ᠎ᠠ ᠳᠤ ᠮᠦᠭᠦ ᠶᠢᠨ ᠤᠭᠤᠷᠠᠭ ᠪᠠᠭᠳᠠᠨ᠎ᠠ᠃

      12. ᠤᠭᠤᠷᠬᠠᠳᠤ ᠪᠤᠷᠳᠤᠭ᠎ᠠ ᠰᠠᠭᠠᠯᠢ ᠶᠢᠨ ᠦᠨᠢᠶᠠᠨ ᠳᠤ ᠶᠠᠮᠠᠷ ᠦᠢᠯᠡᠳᠦᠯ ᠦᠵᠡᠭᠦᠯᠳᠡᠭ ᠪᠤᠢ︖

      ᠰᠠᠭᠠᠯᠢ ᠶᠢᠨ ᠦᠨᠢᠶᠠᠨ ᠤ ᠦᠰᠦᠯᠳᠡ ᠪᠤᠶᠢᠵᠢᠯᠳᠡ᠂ ᠦᠷᠡᠵᠢᠯ ᠵᠢᠴᠢ ᠰᠦᠨ ᠤ ᠱᠦᠭᠦᠷᠡᠯᠳᠡ ᠳᠤ ᠴᠦᠮ ᠤᠭᠤᠷᠬᠠᠳᠤ ᠡᠳ᠋ ᠭᠡᠷᠡᠭᠴᠡᠭᠡ ᠲᠠᠢ᠃ ᠬᠤᠷᠢᠶᠠᠩᠭᠤᠶᠢᠯᠠᠭᠠᠳ ᠭᠡᠯᠡᠪᠡᠯ ᠤᠭᠤᠷᠬᠠᠳᠤ ᠪᠤᠷᠳᠤᠭ᠎ᠠ ᠨᠢ ᠰᠠᠭᠠᠯᠢ ᠶᠢᠨ ᠦᠨᠢᠶᠠᠨ ᠳᠤ ᠲᠤᠤᠷᠠᠭᠢ ᠮᠡᠳᠤ ᠴᠢᠬᠤᠯᠠ ᠦᠢᠯᠡᠳᠦᠯ ᠲᠠᠢ ᠶᠤᠮ᠃ ︵1︶ ᠦᠨᠢᠶᠠᠨ ᠤ ᠪᠡᠶ᠎ᠠ ᠶᠢᠨ ᠪᠤᠯᠴᠢᠩ ᠮᠢᠬ᠎ᠠ᠂ ᠴᠤᠯᠤ᠂ ᠴᠢᠰᠤ᠂ ᠮᠡᠳᠡᠷᠡᠯ᠂ ᠠᠷᠠᠰᠤ᠂ ᠦᠰᠤ᠂ ᠰᠢᠭᠢᠷ᠎ᠡ᠂ ᠡᠪᠡᠷ᠂ ᠶᠠᠰᠤ᠂ ᠢᠰᠭᠡᠭᠦᠷ᠂ ᠬᠤᠷᠮᠤᠨ᠂ ᠡᠰᠡᠷᠭᠦ ᠪᠡᠶᠡᠳᠤ ᠵᠡᠷᠭᠡ ᠦᠨᠳᠤᠰᠤᠨ ᠵᠦᠢᠯ ᠨᠢ ᠴᠦᠮ ᠤᠭᠤᠷᠬᠠᠳᠤ ᠡᠳ᠋ ᠶᠤᠮ᠃ ︵2︶ ᠤᠭᠤᠷᠬᠠᠳᠤ ᠡᠳ᠋ ᠪᠤᠯ ᠰᠠᠭᠠᠯᠢ ᠶᠢᠨ ᠦᠨᠢᠶᠠᠨ ᠤ ᠪᠡᠶ᠎ᠠ ᠶᠢᠨ ᠡᠷᠭᠡᠳᠡᠨ ᠤ ᠲᠠᠭᠢᠨ ᠦᠰᠦᠯᠳᠡ᠂ ᠰᠡᠷᠭᠦᠯᠳᠡ ᠪᠤᠯᠤᠨ ᠰᠢᠨᠡᠴᠢᠯᠡᠯᠳᠡ ᠶᠢᠨ ᠲᠤᠳ᠋ᠬᠠᠳᠠᠵᠤ ᠪᠤᠯᠤᠰᠢ ᠦᠭᠡᠢ ᠪᠤᠳᠠᠰ ᠮᠦᠨ᠃ ︵3︶ ᠤᠭᠤᠷᠬᠠᠳᠤ ᠡᠳ᠋ ᠪᠤᠯ ᠰᠦᠨ ᠤ ᠴᠢᠬᠤᠯᠠ ᠪᠦᠷᠢᠯᠳᠦᠭᠦᠨ ᠮᠦᠨ᠃ ︵4︶ ᠤᠭᠤᠷᠬᠠᠳᠤ ᠡᠳ᠋ ᠢ ᠪᠠᠰᠠ ᠡᠨᠧᠷᠭᠢ ᠪᠤᠳᠠᠰ ᠪᠤᠯᠭᠠᠵᠤ᠂ ᠨᠡᠭᠦᠷᠡᠰᠤ ᠤᠰᠤᠨ ᠤ ᠨᠡᠶᠢᠯᠡᠯᠭᠡ ᠡᠳ᠋ ᠪᠤᠯᠤᠨ ᠦᠭᠡᠭᠦ ᠭᠦᠷᠦᠯᠴᠡᠭᠦ ᠦᠭᠡᠢ ᠦᠶᠡᠰ ᠤᠭᠤᠷᠬᠠᠳᠤ ᠡᠳ᠋ ᠢᠶᠠᠷ ᠨᠦᠭᠦᠪᠤᠷᠢᠯᠡᠵᠤ ᠪᠤᠯᠤᠨ᠎ᠠ᠃ ᠰᠠᠭᠠᠯᠢ ᠶᠢᠨ ᠦᠨᠢᠶ᠎ᠠ ᠨᠢ ᠤᠭᠤᠷᠬᠠᠳᠤ ᠡᠳ᠋ ᠢᠶᠠᠷ ᠲᠤᠳᠠᠪᠠᠯ᠂ ᠰᠦ ᠨᠢ ᠰᠢᠩᠭᠡᠷᠡᠵᠤ᠂ ᠭᠦᠨᠳᠤ ᠨᠤᠴᠢᠳᠠᠢ ᠦᠶᠡᠰ ᠰᠤᠯᠢᠯᠴᠠᠭ᠎ᠠ ᠭᠡᠮ ᠪᠡ ᠬᠠᠯᠳᠠᠪᠤᠷᠢᠳᠤ ᠭᠡᠮ ᠲᠤᠰᠳᠠᠭ᠃

      13. ᠤᠭᠤᠷᠬᠠᠳᠤ ᠪᠤᠷᠳᠤᠭ᠎ᠠ ᠶᠢ ᠠᠰᠢᠠᠠᠯᠠᠬᠤ ᠳᠤ ᠶᠠᠮᠠᠷ ᠱᠠᠭᠠᠷᠳᠠᠯᠭ᠎ᠠ ᠪᠠᠶᠢᠬᠤ ᠪᠤᠢ︖

       ᠰᠠᠭᠠᠯᠢ ᠶᠢᠨ ᠦᠨᠢᠶ᠎ᠠ ᠨᠢ ᠲᠡᠵᠢᠭᠡᠯ ᠪᠤᠷᠳᠤᠭᠠᠨ ᠤ ᠤᠭᠤᠷᠬᠠᠳᠤ ᠡᠳ᠋ ᠤᠨ ᠴᠢᠨᠠᠷ ᠲᠤ ᠲᠦᠰᠢᠭᠯᠡᠭᠦ ᠲᠠᠯ᠎ᠠ ᠪᠠᠷ ᠲᠠᠶᠢᠮᠤ ᠴᠢᠩᠭ᠎ᠠ ᠪᠢᠰᠢ᠂ ᠭᠤᠤᠯ ᠨᠢ ᠲᠠᠵᠢᠭᠡᠯ ᠪᠤᠷᠳᠤᠭᠠᠨ ᠳᠤᠨᠢ ᠡᠨᠧᠷᠭᠢ ᠪᠤᠯᠤᠨ ᠤᠭᠤᠷᠬᠠᠳᠤ ᠡᠳ᠋ ᠤᠨ ᠶᠠᠷᠦᠩᠭᠡᠢ ᠬᠠᠨᠭ᠍ᠭᠠᠯᠭ᠎ᠠ ᠶᠢᠨ ᠭᠡᠮᠵᠢᠶ᠎ᠠ ᠶᠢ ᠰᠠᠶᠢᠨ ᠲᠨᠩᠴᠡᠭᠦᠯᠭᠦ ᠭᠡᠷᠡᠭᠳᠡᠢ᠃ ᠪᠤᠷᠳᠤᠭ᠎ᠠ ᠨᠠᠶᠢᠷᠠᠭᠤᠯᠬᠤ ᠳᠠᠭᠠᠨ ᠡᠩ ᠲᠡᠷᠢᠭᠦᠨ ᠳᠤ ᠮᠢᠨᠧᠷᠡᠯ ᠪᠤᠳᠠᠰ ᠤᠨ ᠠᠽᠤᠲ ᠡᠯᠧᠮᠧᠨ᠋ᠲ ᠤᠨ ᠭᠡᠷᠡᠭᠴᠡᠭᠡ ᠶᠢ ᠬᠠᠨᠭ᠍ᠭᠠᠬᠤ ᠶᠢ ᠪᠤᠳᠤᠯᠭᠢᠯᠠᠵᠤ᠂ ᠮᠢᠨᠧᠷᠡᠯ ᠪᠤᠳᠠᠰ ᠤᠨ ᠤᠭᠤᠷᠠᠭ ᠤᠨ ᠨᠡᠶᠢᠯᠡᠯᠭᠡ ᠶᠢᠨ ᠭᠡᠮᠵᠢᠶᠠᠨ ᠤ ᠰᠠᠭᠤᠷᠢᠨ ᠲᠡᠭᠡᠷ᠎ᠡ᠂ ᠲᠠᠭᠢᠨ ᠠᠮᠢᠳᠡᠨ ᠤ ᠤᠭᠤᠷᠬᠠᠳᠤ ᠡᠳ᠋ ᠤᠨ ᠭᠡᠷᠡᠭᠴᠡᠭᠡ ᠶᠢ ᠤᠯᠠᠮ ᠰᠠᠶᠢᠨ ᠬᠠᠨᠭ᠍ᠭᠠᠵᠤ᠂ ᠲᠡᠵᠢᠭᠡᠯ ᠪᠤᠷᠳᠤᠭᠠᠨ ᠤ ᠦᠪᠠᠷ ᠤᠨ ᠦᠷᠳᠡᠭ ᠢ ᠪᠠᠭᠤᠷᠠᠭᠤᠯᠤᠨ᠂ ᠦᠷ᠎ᠡ ᠠᠰᠢᠭ ᠢ ᠨᠢ ᠲᠡᠭᠡᠭᠰᠢᠯᠡᠭᠦᠯᠭᠦ ᠭᠡᠷᠡᠭᠳᠡᠢ᠃

      14. ᠰᠠᠭᠠᠯᠢ ᠶᠢᠨ ᠦᠨᠢᠶ᠎ᠠ ᠶᠢ ᠶᠠᠮᠠᠷ ᠤᠭᠤᠷᠬᠠᠳᠤ ᠪᠤᠷᠳᠤᠭ᠎ᠠ ᠪᠠᠷ ᠲᠡᠵᠢᠭᠡᠪᠡᠯ ᠲᠤᠭᠢᠷᠠᠮᠵᠢᠳᠡᠢ ᠪᠤᠢ︖

      ᠰᠠᠭᠠᠯᠢ ᠶᠢᠨ ᠦᠨᠢᠶᠠᠨ ᠳᠤ ᠤᠷᠭᠤᠮᠠᠯ ᠤᠨ ᠤᠭᠤᠷᠬᠠᠳᠤ ᠪᠤᠷᠳᠤᠭ᠎ᠠ ᠪᠤᠯᠤᠨ ᠠᠮᠢᠳᠡᠨ ᠤ ᠤᠭᠤᠷᠬᠠᠳᠤ ᠪᠤᠷᠳᠤᠭ᠎ᠠ ᠪᠠ ᠲᠠᠩ ᠡᠰᠳᠤ ᠤᠭᠤᠷᠬᠠᠳᠤ ᠪᠤᠷᠳᠤᠭ᠎ᠠ ᠶᠢ ᠭᠡᠷᠡᠭᠯᠡᠵᠤ ᠪᠤᠯᠤᠨ᠎ᠠ᠃ ᠭᠡᠪᠡᠴᠤ ᠠᠮᠢᠳᠡᠨ ᠤ ᠤᠭᠤᠷᠬᠠᠳᠤ ᠪᠤᠷᠳᠤᠭ᠎ᠠ ᠶᠢ ᠪᠤᠯᠪᠠᠰᠤᠷᠠᠭᠤᠯᠤᠨ ᠨᠠᠶᠢᠷᠠᠭᠤᠯᠬᠤ ᠨᠢ ᠲᠤᠭᠢᠳᠡᠢ ᠪᠢᠰᠢ ᠪᠤᠯ ᠬᠠᠷᠢᠨ ᠠᠮᠢᠳᠡᠨ ᠤ ᠦᠨᠤᠷ ᠠᠮᠳᠠ ᠲᠠᠢ ᠪᠠᠶᠢᠵᠤ᠂ ᠰᠠᠭᠠᠯᠢ ᠶᠢᠨ ᠦᠨᠢᠶᠠᠨ ᠤ ᠢᠳᠡᠭᠦ ᠲᠤᠷᠠᠰᠢᠯ ᠢ ᠨᠢ ᠨᠦᠯᠦᠭᠡᠯᠡᠨ᠎ᠡ᠃ ᠡᠶᠢᠮᠤ ᠠᠴᠠ ᠶᠠᠷᠤ ᠶᠢᠨ ᠪᠠᠶᠢᠳᠠᠯ ᠲᠤᠤᠷ᠎ᠠ ᠰᠠᠭᠠᠯᠢ ᠶᠢᠨ ᠦᠨᠢᠶ᠎ᠠ ᠶᠢ ᠠᠮᠢᠳᠡᠨ ᠤ ᠤᠭᠤᠷᠬᠠᠳᠤ ᠪᠤᠷᠳᠤᠭ᠎ᠠ ᠪᠠᠷ ᠲᠡᠵᠢᠭᠡᠭᠦ ᠦᠭᠡᠢ ᠬᠠᠷᠢᠨ ᠤᠷᠭᠤᠮᠠᠯ ᠤᠨ ᠤᠭᠤᠷᠬᠠᠳᠤ ᠪᠤᠷᠳᠤᠭ᠎ᠠ ᠪᠠᠷ ᠭᠤᠤᠯ ᠪᠤᠯᠭᠠᠬᠤ ᠭᠡᠷᠡᠭᠳᠡᠢ᠃ ᠡᠭᠦᠨ ᠠᠴᠠ ᠭᠠᠳᠠᠨ᠎ᠠ ᠦᠨᠢᠶᠠᠨ ᠳᠤ ᠪᠠᠰᠠ ᠤᠭᠤᠷᠬᠠᠳᠤ ᠪᠤᠰᠤ ᠠᠽᠤᠲ ᠢ ᠠᠰᠢᠠᠠᠯᠠᠨ᠂ ᠭᠦᠵᠡᠭᠡᠨ ᠤ ᠮᠢᠨᠧᠷᠡᠯ ᠪᠤᠳᠠᠰ ᠤᠨ ᠨᠡᠶᠢᠯᠡᠮᠡᠯ ᠤᠭᠤᠷᠠᠭ ᠤᠨ ᠲᠦᠭᠦᠭᠡᠢ ᠮᠠᠲ᠋ᠧᠷᠢᠶᠠᠯ ᠪᠤᠯᠭᠠᠪᠠᠯ᠂ ᠭᠦᠵᠡᠭᠡᠨ ᠤ ᠮᠢᠨᠧᠷᠡᠯ ᠪᠤᠳᠠᠰ ᠨᠢ ᠲᠦᠷᠪᠡᠳᠦᠭᠡᠷ ᠬᠤᠳᠤᠭᠤᠳᠤ ᠪᠠ ᠭᠡᠳᠡᠰᠤᠨ ᠳᠤ ᠤᠷᠤᠨ ᠰᠢᠩᠭᠡᠵᠤ᠂ ᠰᠠᠭᠠᠯᠢ ᠶᠢᠨ ᠦᠨᠢᠶ᠎ᠠ ᠡᠭᠦᠨ ᠢᠶᠠᠷ ᠲᠠᠮᠵᠢᠨ ᠤᠭᠤᠷᠬᠠᠳᠤ ᠡᠳ᠋ ᠢ ᠲᠠᠮ ᠢᠶᠠᠷ ᠤᠯᠵᠤ ᠪᠤᠯᠤᠨ᠎ᠠ᠃

      15. ᠬᠤᠨᠤᠭ ᠤᠨ ᠪᠤᠷᠳᠤᠭ᠎ᠠ ᠶᠢ ᠶᠠᠮᠠᠷ ᠵᠠᠷᠴᠢᠮ ᠢᠶᠠᠷ ᠨᠠᠶᠢᠷᠠᠭᠤᠯᠪᠠᠯ ᠵᠤᠭᠢᠬᠤ ᠪᠤᠢ︖

      ᠬᠤᠨᠤᠭ ︵ᠡᠳᠤᠷ ᠰᠦᠨᠢ︶ ᠤᠨ ᠲᠡᠵᠢᠭᠡᠯ ᠳᠤ ᠭᠦᠭᠡ ᠪᠤᠷᠳᠤᠭ᠎ᠠ᠂ ᠪᠦᠳᠦᠭᠦᠯᠢᠭ ᠪᠤᠷᠳᠤᠭ᠎ᠠ᠂ ᠨᠠᠷᠢᠯᠢᠬ ᠪᠤᠷᠳᠤᠭ᠎ᠠ᠂ ᠨᠡᠮᠡᠯᠳᠡ ᠡᠳ᠋ ᠤᠨ ᠪᠤᠷᠳᠤᠭ᠎ᠠ ᠪᠠᠭᠳᠠᠨ᠎ᠠ᠃ ᠰᠠᠭᠠᠯᠢ ᠶᠢᠨ ᠦᠨᠢᠶ᠋ᠨᠨ ᠤ ᠬᠤᠨᠤᠭ ᠤᠨ ᠲᠡᠵᠢᠭᠡᠯ ᠢ ᠨᠠᠶᠢᠷᠠᠭᠤᠯᠬᠤ ᠳᠠᠭᠠᠨ ︽ᠰᠠᠭᠠᠯᠢ ᠶᠢᠨ ᠦᠨᠢᠶ᠎ᠠ ᠶᠢ ᠲᠡᠵᠢᠭᠡᠭᠦ ᠪᠠᠷᠢᠮᠵᠢᠶ᠎ᠠ︾ ᠪᠠᠷ ᠯᠡᠪᠯᠡᠯᠳᠡ ᠪᠤᠯᠭᠠᠵᠤ᠂ ᠲᠤᠤᠷᠠᠭᠢ ᠮᠡᠳᠤ ᠵᠠᠷᠴᠢᠮ ᠢᠶᠠᠷ ᠨᠠᠶᠢᠷᠠᠭᠤᠯᠬᠤ ᠭᠡᠷᠡᠭᠳᠡᠢ᠃

      ︵1︶ ᠬᠤᠨᠤᠭ ᠤᠨ ᠲᠡᠵᠢᠭᠡᠯ ᠢ ᠨᠠᠶᠢᠷᠠᠭᠤᠯᠬᠤ ᠳᠠᠭᠠᠨ ᠡᠷᠭᠡᠪᠰᠢ ᠰᠠᠭᠠᠯᠢ ᠶᠢᠨ ᠦᠨᠢᠶ᠎ᠠ ᠶᠢ ᠲᠡᠵᠢᠭᠡᠭᠦ ᠪᠠᠷᠢᠮᠵᠢᠶ᠎ᠠ ᠪᠠᠷ ᠰᠠᠭᠤᠷᠢ ᠪᠤᠯᠭᠠᠵᠤ᠂ ᠰᠠᠭᠠᠯᠢ ᠶᠢᠨ ᠦᠨᠢᠶᠠᠨ ᠤ ᠠᠳᠠᠯᠢ ᠪᠤᠰᠤ ᠹᠢᠽᠢᠤᠯᠤᠭᠢ ᠶᠢᠨ ᠱᠠᠳᠤᠨ ᠤ ᠡᠯ᠎ᠡ ᠵᠦᠢᠯ ᠤᠨ ᠰᠢᠮ᠎ᠠ ᠲᠡᠵᠢᠭᠡᠯ ᠤᠨ ᠭᠡᠷᠡᠭᠴᠡᠭᠡ ᠶᠢ ᠭᠦᠢᠴᠡᠳ ᠬᠠᠨᠭ᠍ᠭᠠᠬᠤ ᠭᠡᠷᠡᠭᠳᠡᠢ᠃

      ︵2︶ ᠲᠡᠵᠢᠭᠡᠯ ᠪᠤᠷᠳᠤᠭᠠᠨ ᠤ ᠲᠦᠷᠦᠯ ᠵᠦᠢᠯ ᠢ ᠠᠯᠢ ᠴᠢᠳᠠᠬᠤ ᠪᠠᠷ ᠤᠯᠠᠨ ᠶᠠᠩᠵᠤ ᠲᠦᠷᠦᠯ ᠲᠠᠢ ᠪᠠᠶᠢᠯᠭᠠᠪᠠᠯ᠂ ᠬᠤᠨᠤᠭ ᠤᠨ ᠲᠡᠵᠢᠭᠡᠯ ᠤᠨ ᠰᠢᠮ᠎ᠠ ᠲᠡᠵᠢᠭᠡᠯ ᠤᠨ ᠦᠷᠳᠡᠭᠳᠤ ᠴᠢᠨᠠᠷ ᠪᠤᠯᠤᠨ ᠪᠤᠷᠳᠤᠭᠠᠨ ᠤ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠵᠤ ᠪᠤᠯᠤᠨ᠎ᠠ᠃

      ︵3︶ ᠰᠠᠭᠠᠯᠢ ᠶᠢᠨ ᠦᠨᠢᠶ᠎ᠠ ᠶᠢᠨ ᠴᠠᠳᠳᠠᠯ᠎ᠠ ᠢᠳᠡᠭᠦ ᠭᠡᠮᠵᠢᠶ᠎ᠠ ᠪᠤᠯᠤᠨ ᠰᠢᠩᠭᠡᠭᠡᠯᠳᠡ ᠶᠢᠨ ᠴᠢᠳᠠᠪᠤᠷᠢ ᠶᠢᠨ ᠭᠡᠪ ᠤᠨ ᠪᠠᠶᠢᠬᠤ ᠶᠢ ᠪᠠᠳᠤᠯᠠᠬᠤ ᠶᠢᠨ ᠲᠤᠰᠠᠳᠠ ᠬᠤᠨᠤᠭ ᠤᠨ ᠲᠡᠵᠢᠭᠡᠯ ᠢ ᠭᠦᠢᠴᠡᠳ ᠪᠠᠭᠳᠠᠭᠠᠮᠵᠢ ᠲᠠᠢ ᠪᠠ ᠬᠠᠭᠤᠷᠠᠢ ᠪᠤᠳᠠᠰ ᠤᠨ ᠠᠭᠤᠯᠤᠠᠠᠳᠠᠴᠠ ᠲᠠᠢ ᠪᠠᠶᠢᠯᠭᠠᠬᠤ ᠭᠡᠷᠡᠭᠳᠡᠢ᠃ ᠬᠠᠭᠤᠷᠠᠢ ᠪᠤᠳᠠᠰ ᠤᠨ ᠭᠡᠷᠡᠭᠴᠡᠭᠡᠨ ᠤ ᠭᠡᠮᠵᠢᠶ᠎ᠠ ᠶᠢᠨ ᠲᠠᠯ᠎ᠠ ᠪᠠᠷ ᠰᠦ ᠰᠠᠶᠢᠳᠠᠢ ᠦᠨᠢᠶᠠᠨ ᠤ ᠪᠡᠶ᠎ᠡ ᠶᠢᠨ ᠭᠦᠨᠳᠤ ᠶᠢᠨ 3.3%~3.6% ᠪᠠᠷ᠂ ᠨᠡᠯᠢᠶᠡᠳ ᠰᠦ ᠲᠠᠢ ᠦᠨᠢᠶᠠᠨ ᠤ ᠪᠡᠶ᠎ᠠ ᠶᠢᠨ ᠭᠦᠨᠳᠤ ᠶᠢᠨ 2.8%~3.3% ᠪᠠᠷ᠂ ᠰᠦ ᠮᠠᠭᠤᠳᠠᠢ ᠦᠨᠢᠶᠠᠨ ᠤ ᠪᠡᠶ᠎ᠠ ᠶᠢᠨ ᠭᠦᠨᠳᠤ ᠶᠢᠨ 2.5%~ 2.8% ᠪᠠᠷ ᠲᠤᠭᠢᠷᠠᠭᠤᠯᠬᠤ ᠭᠡᠷᠡᠭᠳᠡᠢ᠃

       ︵4︶ ᠬᠤᠨᠤᠭ ᠤᠨ ᠪᠤᠷᠳᠤᠭᠠᠨ ᠳᠤ ᠪᠦᠳᠦᠭᠦᠯᠢᠭ ᠰᠢᠷᠭᠡᠭᠯᠢᠭ ᠤᠨ ᠠᠭᠤᠯᠤᠠᠠᠳᠠᠴᠠ ᠶᠢ ᠬᠤᠨᠤᠭ ᠤᠨ ᠪᠤᠷᠳᠤᠭ᠎ᠠ ᠳᠠᠬᠢ ᠬᠠᠭᠤᠷᠠᠢ ᠪᠤᠳᠠᠰ ᠤᠨ 15%~24% ᠶᠢ ᠡᠵᠡᠯᠡᠭᠦᠯᠭᠦ ᠭᠡᠷᠡᠭᠳᠡᠢ᠃ ᠲᠠᠶᠢᠮᠤ ᠪᠢᠰᠢ ᠪᠤᠯ ᠰᠠᠭᠠᠯᠢ ᠶᠢᠨ ᠦᠨᠢᠶᠠᠨ ᠤ ᠰᠢᠩᠭᠡᠭᠡᠯᠳᠡ ᠪᠤᠯᠤᠨ ᠰᠢᠨ᠎ᠠ ᠬᠠᠭᠤᠴᠢᠨ ᠤ ᠰᠤᠯᠢᠠᠠᠳᠠᠯ ᠤᠨ ᠶᠠᠪᠤᠴᠠ ᠶᠢ ᠨᠦᠯᠦᠭᠡᠯᠡᠭᠦ ᠪᠤᠯᠤᠨ᠎ᠠ᠃ ᠲᠠᠷᠠᠴᠢᠯᠡᠨ ᠬᠠᠭᠤᠷᠠᠢ ᠡᠪᠡᠰᠤ ᠪᠤᠯᠤᠨ ᠭᠦᠭᠡ ᠪᠠᠷ ᠲᠠᠷᠤᠰᠢᠭᠤᠯᠤᠬᠰᠠᠨ ᠪᠤᠷᠳᠤᠭ᠎ᠠ ᠶᠢ ᠬᠤᠨᠤᠭ ᠤᠨ ᠲᠡᠵᠢᠭᠡᠯ ᠤᠨ ᠬᠠᠭᠤᠷᠠᠢ ᠪᠤᠳᠠᠰ ᠤᠨ ᠲᠤᠳᠤᠷ᠎ᠡ 60% ᠠᠴᠠ ᠲᠤᠤᠷ᠎ᠠ ᠪᠠᠶᠢᠯᠭᠠᠵᠤ ᠪᠤᠯᠬᠤ ᠦᠭᠡᠢ᠃

       ︵5︶ ᠨᠠᠷᠢᠯᠢᠬ ᠪᠤᠷᠳᠤᠭ᠎ᠠ ᠪᠤᠯ ᠬᠤᠨᠤᠭ ᠤᠨ ᠲᠡᠵᠢᠭᠡᠯ ᠳᠤ ᠲᠤᠳ᠋ᠬᠠᠳᠠᠵᠤ ᠪᠤᠯᠤᠰᠢ ᠦᠭᠡᠢ ᠰᠢᠮ᠎ᠠ ᠲᠡᠵᠢᠭᠡᠯ ᠤᠨ ᠪᠤᠳᠠᠰ ᠪᠤᠯᠤᠨ᠎ᠠ᠃ ᠲᠡᠭᠦᠨ ᠢᠶᠠᠷ ᠲᠡᠵᠢᠭᠡᠭᠦ ᠭᠡᠮᠵᠢᠶ᠎ᠠ ᠶᠢ ᠰᠦᠨ ᠤ ᠭᠠᠷᠤᠯᠳᠠ ᠶᠢᠨ ᠭᠡᠮᠵᠢᠶ᠎ᠠ ᠪᠠᠷ ᠲᠤᠠᠠᠳᠠᠭᠠᠨ᠎ᠠ᠃ ᠶᠠᠷᠦᠩᠭᠡᠢ ᠳᠡᠭᠡᠨ 3kg ᠰᠦ  ᠪᠦᠷᠢ ᠳᠤ 1kg ᠨᠠᠷᠢᠯᠢᠬ ᠪᠤᠷᠳᠤᠭ᠎ᠠ ᠪᠠᠷ ᠲᠡᠵᠢᠭᠡᠪᠡᠯ ᠵᠤᠭᠢᠨ᠎ᠠ᠃

      ︵6︶ ᠬᠤᠨᠤᠭ ᠤᠨ ᠲᠡᠵᠢᠭᠡᠯ ᠢ ᠨᠠᠶᠢᠷᠠᠭᠤᠯᠬᠤ ᠳᠠᠭᠠᠨ ᠲᠤᠬᠠᠢ ᠶᠢᠨ ᠭᠠᠵᠠᠷ ᠤᠨ ᠪᠠᠶᠢᠳᠠᠯ ᠳᠤ ᠲᠤᠭᠢᠷᠠᠭᠤᠯᠤᠨ᠂ ᠲᠤᠰ ᠭᠠᠵᠠᠷ ᠤᠨ ᠲᠡᠵᠢᠭᠡᠯ ᠪᠤᠷᠳᠤᠭᠠᠨ ᠤ ᠡᠭᠢ ᠪᠠᠶᠠᠯᠢᠭ ᠢ ᠭᠦᠢᠴᠡᠳ ᠠᠰᠢᠠᠠᠯᠠᠵᠤ᠂ ᠲᠡᠵᠢᠭᠡᠯ ᠪᠤᠷᠳᠤᠭᠠᠨ ᠤ ᠦᠪᠠᠷ ᠤᠨ ᠦᠷᠳᠡᠭ ᠢ ᠪᠠᠭᠤᠷᠠᠭᠤᠯᠵᠤ᠂ ᠦᠢᠯᠡᠳᠪᠤᠷᠢᠯᠡᠯ ᠡᠵᠡᠩᠨᠡᠯᠳᠡ ᠶᠢᠨ ᠦᠷ᠎ᠡ ᠠᠰᠢᠭ ᠢ ᠲᠡᠭᠡᠭᠰᠢᠯᠡᠭᠦᠯᠭᠦ ᠭᠡᠷᠡᠭᠳᠡᠢ᠃
      16. ᠭᠦᠭᠡ ᠪᠠᠷ ᠲᠠᠷᠤᠰᠢᠭᠤᠯᠤᠠᠠᠰᠠᠨ ᠪᠤᠷᠳᠤᠭ᠎ᠠ ᠨᠢ ᠶᠠᠮᠠᠷ ᠦᠢᠯᠡᠳᠦᠯ ᠲᠠᠢ ᠪᠤᠢ︖
      ᠬᠦᠬᠡ ᠪᠠᠷ ᠲᠠᠷᠤᠰᠢᠭᠤᠯᠤᠠᠠᠰᠠᠨ ᠴᠢᠨᠠᠷ ᠰᠠᠶᠢᠳᠠᠢ ᠪᠤᠷᠳᠤᠭ᠎ᠠ ᠨᠢ ᠲᠤᠤᠷᠠᠭᠢ ᠮᠡᠳᠤ ᠲᠦᠷᠪᠡᠨ ᠲᠠᠯ᠎ᠠ ᠶᠢᠨ ᠦᠨᠳᠤᠰᠤᠨ ᠤᠨᠴᠠᠯᠢᠭ ᠲᠠᠢ᠄

      ︵1︶ ᠴᠢᠨᠠᠷ ᠰᠠᠶᠢᠳᠠᠢ ᠪᠤᠷᠳᠤᠭ᠎ᠠ ᠪᠤᠯ ᠵᠢᠭᠠᠬᠠᠨ ᠢᠰᠭᠦᠯᠡᠩ ᠪᠠ ᠵᠢᠮᠢᠰ ᠤᠨ ᠦᠨᠤᠷ ᠲᠠᠢ᠂ ᠲᠠᠶᠢᠮᠤ ᠬᠠᠮᠠᠷ ᠴᠤᠷᠭᠢᠮ᠎ᠠ ᠢᠰᠭᠦᠯᠡᠩ ᠪᠢᠰᠢ᠂ ᠠᠮᠳᠠᠳᠠᠢ ᠢᠰᠭᠦᠯᠡᠩ ᠦᠨᠤᠷ ᠲᠠᠢ ᠪᠤᠶᠤ ᠠᠷᠢᠭᠢᠨ ᠦᠨᠤᠷ ᠲᠠᠢ᠂ ᠭᠦᠮᠦᠰ ᠲᠤ ᠮᠠᠰᠢ ᠲᠠᠭᠠᠯᠠᠮᠵᠢᠳᠡᠢ ᠰᠠᠷᠡᠯᠳᠡ ᠦᠭᠳᠡᠭ᠃ ᠬᠠᠮᠠᠷ ᠴᠤᠷᠭᠢᠮ᠎ᠠ
ᠢᠰᠭᠦᠯᠡᠩ᠂ ᠠᠮᠳᠠ ᠦᠨᠤᠷ ᠢᠶᠠᠷ ᠠᠨᠠᠢ ᠪᠠᠶᠢᠪᠠᠯ ᠲᠤᠮᠳᠠ ᠲᠠᠰ ᠤᠨ ᠪᠤᠷᠳᠤᠭ᠎ᠠ ᠪᠤᠯᠤᠨ᠎ᠠ᠃ ᠭᠦᠮᠦᠰ ᠤᠨ ᠪᠦᠭᠡᠯᠵᠢᠰᠤ ᠭᠦᠷᠦᠮ᠎ᠠ ᠪᠠ ᠬᠠᠮᠠᠷ ᠴᠤᠷᠭᠢᠮ᠎ᠠ ᠢᠯᠵᠠᠷᠡᠮᠡᠯ ᠦᠨᠤᠷ ᠲᠠᠢ ᠪᠤᠶᠤ ᠦᠮᠡᠭᠡᠢ ᠦᠨᠤᠷ ᠲᠠᠢ ᠪᠤᠯ ᠲᠤᠩ ᠮᠠᠭᠤ ᠪᠤᠷᠳᠤᠭ᠎ᠠ ᠪᠤᠯᠤᠨ᠎ᠠ᠂ ᠭᠡᠷᠡᠭᠯᠡᠵᠤ ᠪᠤᠯᠬᠤ ᠦᠭᠡᠢ᠃

       ︵2︶ ᠰᠢᠷᠭᠠᠯ ᠨᠤᠭᠤᠭᠠᠨ ᠪᠤᠶᠤ ᠲᠠᠷᠤᠰᠢᠭᠤᠯᠤᠯ ᠤᠨ ᠤᠤᠯ ᠮᠠᠲ᠋ᠧᠷᠢᠶᠠᠯ ᠤᠨ ᠦᠡᠭᠭᠡ ᠲᠠᠢ ᠪᠠᠶᠢᠳᠠᠭ᠃ ᠡᠭᠦᠨ ᠳᠤ ᠴᠢᠨᠠᠷ ᠰᠠᠶᠢᠳᠠᠢ ᠨᠢ ᠨᠤᠭᠤᠭᠠᠨ ᠪᠤᠶᠤ ᠰᠢᠷᠠᠪᠳᠤᠷ ᠨᠤᠭᠤᠭᠠᠨ᠂ ᠲᠤᠮᠳᠠ ᠲᠠᠰ ᠤᠨ ᠭᠢᠨᠢ ᠰᠢᠷᠭᠠᠯ ᠭᠦᠷᠡᠩ ᠪᠤᠶᠤ ᠪᠦᠳᠡᠩᠭᠢ ᠤᠯᠠᠪᠤᠷ᠂ ᠴᠢᠨᠠᠷ ᠮᠠᠭᠤᠳᠠᠢ ᠶᠢᠨ ᠭᠢᠨᠢ ᠭᠦᠷᠡᠩ ᠪᠤᠶᠤ ᠬᠠᠷ᠎ᠠ ᠭᠦᠷᠡᠩ ᠦᠡᠭᠭᠡ ᠲᠠᠢ ᠪᠠᠶᠢᠳᠠᠭ᠃ ᠡᠭᠦᠨ ᠢ ᠭᠡᠷᠡᠭᠯᠡᠵᠤ ᠪᠤᠯᠬᠤ ᠦᠭᠡᠢ᠃

       ︵3︶ ᠢᠰᠭᠦᠯᠡᠩ ᠤᠨ ᠭᠡᠮᠵᠢᠶ᠎ᠠ ᠨᠢ ᠲᠤᠭᠢᠷᠠᠮᠵᠢᠳᠡᠢ ᠪᠠᠶᠢᠳᠠᠭ᠃

       ︵4︶ ᠴᠢᠨᠠᠷ ᠰᠠᠶᠢᠳᠠᠢ ᠪᠤᠷᠳᠤᠭ᠎ᠠ ᠨᠢ ᠵᠤᠭᠤᠷᠢᠨ ᠳᠤ ᠨᠢᠠᠠᠳᠠ ᠲᠠᠷᠤᠠᠠᠳᠠᠵᠤ ᠠᠳᠬᠤᠭᠠᠳ ᠠᠪᠬᠤ ᠳᠤ ᠮᠠᠰᠢ ᠰᠡᠪᠰᠡᠭᠡᠷ᠂ ᠴᠢᠭᠢᠭᠯᠢᠭ᠂ ᠪᠦᠳᠦᠴᠡ ᠨᠢ ᠪᠦᠷᠢᠨ ᠲᠦᠭᠦᠷ᠂ ᠵᠦᠭᠡᠯᠡᠨ ᠪᠠᠶᠢᠵᠤ᠂ ᠤᠷᠭᠤᠮᠠᠯ ᠤᠨ ᠨᠠᠪᠴᠢ᠂ ᠡᠰᠢ᠂ ᠴᠡᠴᠡᠭ ᠪᠤᠯᠤᠨ ᠦᠷ᠎ᠠ ᠵᠢᠮᠢᠰ ᠨᠢ ᠮᠦᠨ ᠭᠦ ᠭᠡᠪ ᠢᠶᠠᠷ ᠢᠶᠠᠨ ᠪᠠᠶᠢᠳᠠᠭ᠃
      17. ᠭᠦᠭᠡ ᠲᠠᠷᠤᠰᠢ ᠶᠢ ᠶᠠᠭᠠᠭᠢᠵᠤ ᠠᠪᠴᠤ ᠭᠡᠷᠡᠭᠯᠡᠭᠦ ᠪᠤᠢ︖ ᠦᠨᠢᠶ᠎ᠠ ᠪᠦᠷᠢ ᠶᠢ ᠡᠳᠤᠷ ᠲᠤ ᠭᠡᠳᠦᠢ ᠲᠡᠵᠢᠭᠡᠪᠡᠯ ᠲᠤᠭᠢᠷᠠᠮᠵᠢᠳᠡᠢ ᠪᠤᠢ︖
        ᠭᠦᠭᠡ ᠲᠠᠷᠤᠰᠢ ᠪᠤᠷᠳᠤᠭ᠎ᠠ ᠶᠢ ᠵᠤᠭᠤᠷᠢᠨ ᠳᠤᠨᠢ ᠨᠢᠠᠠᠳᠠ ᠪᠢᠳᠡᠭᠦᠮᠵᠢᠯᠡᠨ ᠲᠠᠷᠤᠵᠤ᠂ 45 ᠬᠤᠨᠤᠭ ᠪᠤᠯᠤᠠᠠᠰᠠᠨ ᠤ ᠲᠠᠷᠠᠭ᠎ᠠ ᠨᠡᠭᠡᠭᠡᠨ ᠭᠡᠷᠡᠭᠯᠡᠵᠤ ᠪᠤᠯᠤᠨ᠎ᠠ᠃ ᠨᠡᠭᠡᠭᠡᠭᠦ ᠳᠡᠭᠡᠨ ᠪᠢᠳᠡᠭᠦᠮᠵᠢᠯᠡᠭᠦ ᠦᠶᠡᠰ ᠲᠡᠭᠡᠷ᠎ᠡ ᠨᠢ ᠲᠠᠷᠤᠠᠠᠰᠠᠨ ᠰᠢᠷᠤᠢ᠂ ᠡᠪᠡᠰᠤ ᠶᠢ ᠰᠠᠶᠢᠳᠤᠷ ᠴᠡᠪᠡᠷᠯᠡᠭᠦ ᠭᠡᠷᠡᠭᠳᠡᠢ᠃ ᠲᠠᠷᠤᠰᠢᠭᠤᠯᠤᠠᠠᠰᠠᠨ ᠪᠤᠷᠳᠤᠭ᠎ᠠ ᠶᠢ ᠠᠪᠴᠤ ᠭᠡᠷᠡᠭᠯᠡᠭᠦ ᠳᠡᠭᠡᠨ ᠨᠢᠬᠡ ᠯᠠ ᠲᠠᠯ᠎ᠠ ᠠᠴᠠ ᠨᠢ ᠡᠭᠢᠯᠡᠵᠤ᠂ ᠲᠡᠭᠡᠷ᠎ᠡ ᠠᠴᠠ ᠨᠢ ᠲᠤᠷᠤᠠᠠᠰᠢ ᠪᠠᠨ ᠠᠪᠴᠤ᠂ ᠠᠪᠬᠤ ᠶᠢᠨ ᠲᠠᠭᠠᠤ ᠲᠡᠵᠢᠭᠡᠵᠤ ᠪᠤᠯᠤᠨ᠎ᠠ᠃ ᠠᠪᠤᠠᠠᠰᠠᠨ ᠤ ᠪᠠᠨ ᠲᠠᠷᠠᠭ᠎ᠠ ᠲᠠᠷᠠ ᠲᠠᠷᠤᠢ ᠳᠤᠨᠢ ᠲᠠᠭᠢᠨ ᠰᠠᠶᠢᠳᠤᠷ ᠲᠠᠷᠤᠵᠤ ᠪᠢᠳᠡᠭᠦᠮᠵᠢᠯᠡᠵᠤ᠂ ᠨᠠᠷᠠᠨ ᠳᠤ ᠰᠢᠷᠬᠠᠳᠠᠬᠤ᠂ ᠪᠤᠷᠤᠭᠠᠨ ᠳᠤ ᠨᠤᠷᠬᠤ ᠪᠠ ᠬᠤᠶᠠᠷᠳᠡᠭᠢ ᠤᠳᠠᠭ᠎ᠠ ᠢᠰᠦᠯᠳᠦᠭᠦ ᠠᠴᠠ ᠰᠡᠷᠭᠡᠶᠢᠯᠡᠭᠦ ᠭᠡᠷᠡᠭᠳᠡᠢ᠃ ᠭᠦᠭᠡ ᠪᠠᠷ ᠲᠠᠷᠤᠰᠢᠭᠤᠯᠤᠠᠠᠰᠠᠨ ᠪᠤᠷᠳᠤᠭ᠎ᠠ ᠪᠤᠯ ᠡᠪᠤᠯ ᠬᠠᠪᠤᠷ ᠤᠨ ᠤᠯᠠᠷᠢᠯ ᠳᠤ ᠦᠨᠢᠶᠠᠨ ᠳᠤ ᠲᠤᠳ᠋ᠬᠠᠳᠠᠵᠤ ᠪᠤᠯᠤᠰᠢ ᠦᠭᠡᠢ ᠴᠢᠨᠠᠷ ᠰᠠᠶᠢᠳᠠᠢ ᠪᠦᠳᠦᠭᠦᠯᠢᠭ ᠪᠤᠷᠳᠤᠭ᠎ᠠ ᠪᠤᠯᠤᠨ᠎ᠠ᠃ ᠡᠪᠤᠯ ᠬᠠᠪᠤᠷ ᠤᠨ ᠤᠯᠠᠷᠢᠯ ᠳᠤ ᠰᠦᠨ ᠤ ᠭᠠᠷᠤᠯᠳᠠ ᠶᠢ ᠲᠡᠭᠡᠭᠰᠢᠯᠡᠭᠦᠯᠭᠦ ᠪᠠ ᠦᠨᠢᠶᠠᠨ ᠤ ᠡᠷᠡᠭᠦᠯ ᠮᠡᠨᠳᠤ ᠶᠢ ᠬᠠᠮᠠᠭᠠᠯᠠᠬᠤ ᠳᠤ ᠮᠠᠰᠢ ᠴᠢᠬᠤᠯᠠ ᠦᠢᠯᠡᠳᠦᠯ ᠲᠠᠢ ᠶᠤᠮ᠃ ᠶᠠᠷᠤ ᠶᠢᠨ ᠪᠠᠶᠢᠳᠠᠯ ᠲᠤᠤᠷ᠎ᠠ 6 ᠰᠠᠷ᠎ᠠ ᠪᠤᠯᠤᠭᠠᠳᠤᠢ ᠲᠤᠭᠤᠯ ᠳᠤ ᠪᠤᠯ ᠡᠷᠭᠡᠪᠰᠢ ᠲᠤᠰᠬᠠᠢ ᠪᠤᠷᠳᠤᠭ᠎ᠠ ᠭᠡᠷᠡᠭᠯᠡᠵᠤ᠂ 6 ᠰᠠᠷ᠎ᠠ ᠠᠴᠠ ᠲᠡᠭᠡᠭᠰᠢᠭᠢ ᠳᠤᠨᠢ ᠪᠤᠯ ᠪᠦᠳᠦᠭᠦᠨ ᠮᠠᠯ ᠤᠨ ᠴᠢᠨᠠᠷ ᠰᠠᠶᠢᠳᠠᠢ ᠲᠠᠷᠤᠰᠢᠭᠤᠯᠤᠠᠠᠰᠠᠨ ᠪᠤᠷᠳᠤᠭ᠎ᠠ ᠶᠢ ᠭᠡᠷᠡᠭᠯᠡᠭᠦ ᠭᠡᠷᠡᠭᠳᠡᠢ᠃ ᠨᠢᠯᠬ᠎ᠠ ᠲᠤᠭᠤᠯ ᠢ ᠪᠤᠯ ᠨᠢᠭᠡ ᠰᠠᠷ᠎ᠠ ᠪᠤᠯᠤᠠᠠᠰᠠᠨ ᠤ ᠰᠡᠭᠦᠯᠡᠷ ᠡᠭᠢᠯᠡᠨ ᠪᠤᠷᠳᠤᠵᠤ᠂ ᠡᠳᠤᠷ ᠲᠤ ᠲᠤᠭᠤᠯ ᠪᠦᠷᠢ ᠶᠢ 100~200g ᠤᠨ ᠭᠡᠮᠵᠢᠶ᠎ᠠ ᠪᠠᠷ ᠲᠠᠵᠢᠭᠡᠵᠤ᠂ 5~6 ᠰᠠᠷ᠎ᠠ ᠪᠤᠯᠬᠤ ᠦᠶᠡᠰ ᠲᠤᠭᠤᠯ ᠪᠦᠷᠢ ᠶᠢ ᠡᠳᠤᠷ ᠲᠤ 8~15kg ᠢᠶᠠᠷ ᠲᠡᠵᠢᠭᠡᠭᠦ ᠭᠡᠷᠡᠭᠳᠡᠢ᠃ ᠲᠤᠭᠤᠯ ᠪᠦᠷᠢ ᠳᠤ ᠡᠪᠤᠯ ᠳᠡᠭᠡᠨ 600~700kg ᠲᠠᠷᠤᠰᠢᠭᠤᠯᠤᠠᠠᠰᠠᠨ ᠲᠤᠰᠬᠠᠢ ᠪᠤᠷᠳᠤᠭ᠎ᠠ ᠪᠡᠯᠡᠳᠭᠡᠭᠦ ᠭᠡᠷᠡᠭᠳᠡᠢ᠃ ᠪᠦᠳᠦᠭᠦᠨ ᠦᠨᠢᠶ᠎ᠠ ᠪᠤᠯ ᠦᠨᠢᠶ᠎ᠠ ᠪᠦᠷᠢ ᠶᠢ ᠡᠳᠤᠷ ᠲᠤ 8kg ᠢᠶᠠᠷ ᠲᠡᠵᠢᠭᠡᠨ᠎ᠡ᠃ ᠭᠡᠪᠡᠴᠤ ᠦᠢᠯᠡᠳᠦᠯᠭᠡ ᠶᠢᠨ ᠲᠤᠮᠳᠠ ᠡᠳᠤᠷ ᠲᠤ 15~20kg ᠲᠡᠵᠢᠭᠡᠳᠡᠭ ᠪᠠ ᠬᠠᠮᠤᠭ ᠠᠷᠪᠢᠨ ᠳᠠᠭᠠᠨ ᠡᠳᠤᠷ ᠲᠤ 60kg ᠲᠡᠵᠢᠭᠡᠳᠡᠭ ᠪᠠᠶᠢᠨ᠎ᠠ᠃ ᠭᠡᠭᠡᠯ ᠲᠠᠢ ᠦᠨᠢᠶ᠎ᠠ ᠶᠢᠨ ᠬᠠᠮᠤᠭ ᠤᠨ ᠰᠡᠭᠦᠯᠴᠢ ᠶᠢᠨ ᠨᠢᠭᠡ ᠰᠠᠷ᠎ᠠ ᠳᠤ ᠦᠨᠢᠶ᠎ᠠ ᠪᠦᠷᠢ ᠶᠢ ᠡᠳᠤᠷ ᠲᠤ 10~12kg ᠢᠶᠠᠷ ᠲᠡᠵᠢᠭᠡᠵᠤ᠂ ᠲᠤᠭᠤᠯᠯᠠᠬᠤ ᠠᠴᠠ ᠨᠢ ᠡᠮᠦᠨ᠎ᠠ 10~12 ᠬᠤᠨᠤᠭ ᠲᠤ ᠪᠤᠷᠳᠤᠬᠤ ᠪᠠᠨ ᠵᠤᠠᠠᠰᠤᠭᠠᠬᠤ ᠭᠡᠷᠡᠭᠳᠡᠢ᠃ ᠲᠤᠭᠤᠯᠯᠠᠭᠠᠳ 10~15 ᠬᠤᠨᠤᠠᠠᠰᠠᠨ ᠤ ᠲᠠᠷᠠᠭ᠎ᠠ᠂ ᠬᠤᠨᠤᠭ ᠤᠨ ᠲᠡᠵᠢᠭᠡᠯ ᠳᠤᠨᠢ ᠲᠠᠷᠤᠰᠢᠭᠤᠯᠤᠠᠠᠰᠠᠨ ᠪᠤᠷᠳᠤᠭ᠎ᠠ ᠨᠡᠮᠡᠵᠤ ᠦᠭᠭᠦ ᠭᠡᠷᠡᠭᠳᠡᠢ᠃ ᠨᠢᠭᠡ ᠪᠦᠳᠦᠭᠦᠨ ᠦᠨᠢᠶᠠᠨ ᠳᠤ ᠡᠪᠤᠯ ᠳᠡᠭᠡᠨ 5~6t ᠲᠠᠷᠤᠰᠢᠭᠤᠯᠤᠠᠠᠰᠠᠨ ᠪᠤᠷᠳᠤᠭ᠎ᠠ ᠪᠡᠯᠡᠳᠭᠡᠭᠦ ᠴᠢᠬᠤᠯᠠ ᠲᠠᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ