︵ᠨᠢᠭᠡ︶ ᠰᠠᠭᠠᠯᠢ ᠶᠢᠨ ᠦᠨᠢᠶ᠎ᠠ ᠶᠢ ᠦᠰᠭᠡᠨ ᠦᠷᠡᠵᠢᠭᠦᠯᠭᠦ ᠮᠡᠷᠭᠡᠵᠢᠯ
ᠨᠡᠶᠢᠲᠡᠯᠡᠭᠰᠡᠨ ᠴᠠᠭ᠄
2015/11/16

      1. ᠰᠠᠭᠠᠯᠢ ᠶᠢᠨ ᠦᠨᠢᠶ᠎ᠠ ᠶᠢᠨ ᠦᠨᠳᠡᠭᠡᠪᠴᠢ᠂ ᠦᠨᠳᠡᠭᠡ ᠲᠠᠮᠵᠢᠭᠤᠯᠬᠤ ᠴᠤᠷᠭᠤ ᠪᠤᠯᠤᠨ ᠰᠠᠪᠠ ᠡᠷᠭᠡᠳᠡᠨ ᠨᠢ ᠶᠠᠮᠠᠷ ᠴᠢᠳᠠᠪᠤᠷᠢ ᠲᠠᠢ ᠪᠠᠶᠢᠳᠠᠭ ᠪᠤᠢ︖

        ᠦᠨᠢᠶᠠᠨ ᠤ ᠦᠷᠡᠵᠢᠯ ᠤᠨ ᠡᠷᠭᠡᠳᠡᠨ ᠨᠢ ᠭᠤᠷᠪᠡᠨ ᠭᠡᠰᠡᠭ ᠢᠶᠠᠷ ᠪᠦᠷᠢᠯᠳᠦᠳᠡᠭ᠃ ᠲᠤᠬᠠᠶᠢᠯᠠᠪᠠᠯ ᠦᠨᠳᠡᠭᠡᠪᠴᠢ᠂ ᠦᠨᠳᠡᠭᠡ ᠲᠠᠮᠵᠢᠭᠤᠯᠬᠤ ᠴᠤᠷᠭᠤ ᠪᠤᠯᠤᠨ ᠰᠠᠪᠠ ᠪᠤᠯᠤᠨ᠎ᠠ᠃ ᠦᠨᠳᠡᠭᠡᠪᠴᠢ ᠨᠢ ᠦᠨᠳᠡᠭᠡ ᠢᠯᠭᠠᠷᠠᠭᠤᠯᠬᠤ ᠪᠠ ᠱᠦᠭᠦᠷᠡᠯ ᠤᠨ ᠬᠤᠷᠮᠤᠨ ᠱᠦᠬᠦᠷᠡᠬᠦᠯᠬᠦ ᠤᠢᠢᠯᠡᠳᠤᠯ ᠲᠠᠢ᠃ ᠦᠨᠢᠶᠠᠨ ᠳᠤ ᠬᠤᠶᠠᠷ ᠦᠨᠳᠡᠭᠡᠪᠴᠢ ᠲᠠᠢ᠂ ᠵᠡᠭᠦᠨ ᠪᠠᠷᠠᠭᠤᠨ ᠬᠤᠶᠠᠷ ᠲᠠᠯ᠎ᠠ ᠳᠤᠨᠢ ᠨᠢᠭᠡ ᠨᠢᠭᠡ ᠪᠠᠶᠢᠵᠤ᠂ ᠰᠠᠪᠠᠨ ᠤ ᠠᠷᠤ ᠭᠡᠰᠡᠭ ᠤᠨ ᠲᠡᠭᠡᠳᠤ ᠲᠠᠯ᠎ᠠ ᠳᠤ ᠪᠠᠶᠢᠷᠢᠯᠡᠵᠤ᠂ ᠦᠨᠳᠡᠭᠡᠪᠴᠢ ᠶᠢᠨ ᠪᠦᠷᠭᠦᠪᠴᠢ ᠲᠡᠭᠡᠷ᠎ᠠ ᠨᠠᠭᠠᠯᠳᠤᠵᠤ ᠪᠠᠶᠢᠳᠠᠭ᠃ ᠦᠨᠳᠡᠭᠡᠪᠴᠢ ᠨᠢ 10~20g ᠭᠦᠨᠳᠤ᠂ 2~3cm ᠤᠷᠳᠤ᠂ 1.5~2cm ᠦᠷᠭᠡᠨ᠂ 1~1.5cm ᠵᠤᠵᠠᠭᠠᠨ ᠪᠠᠶᠢᠳᠠᠭ᠃ ᠦᠨᠢᠶ᠎ᠠ ᠪᠡᠯᠭᠡ ᠶᠢᠨ ᠪᠤᠯᠪᠠᠰᠤᠷᠠᠯ ᠭᠦᠢᠴᠡᠭᠰᠡᠨ ᠤ ᠰᠡᠭᠦᠯᠡᠷ᠂ ᠲᠡᠭᠦᠨ ᠤ ᠦᠨᠳᠡᠭᠡᠪᠴᠢ ᠶᠢᠨ ᠲᠡᠭᠡᠷ᠎ᠡ ᠦᠨᠳᠡᠭᠡᠨ ᠴᠦᠪᠤᠷᠢᠭᠦᠤ ᠲᠠᠰᠤᠷᠠᠯᠳᠠ ᠦᠭᠡᠢ ᠪᠤᠶᠢᠵᠢᠵᠤ᠂ ᠪᠤᠯᠪᠠᠰᠤᠷᠬᠠᠰᠠᠨ ᠦᠡᠳᠡᠭᠡᠨ ᠴᠦᠪᠤᠷᠢᠭᠦᠤ ᠶᠢᠨ ᠳ᠋ᠢᠶᠠᠮᠧᠲᠷ ᠨᠢ 1.2~1.9cm ᠪᠠᠶᠢᠵᠤ᠂ ᠦᠨᠳᠡᠭᠡᠪᠴᠢ ᠨᠢ ᠲᠡᠭᠦᠨ ᠤ ᠲᠤᠳᠤᠷ᠎ᠠ ᠪᠤᠶᠢᠵᠢᠵᠤ᠂ ᠦᠨᠳᠡᠭᠡᠨ ᠴᠦᠪᠤᠷᠢᠭᠦᠤ ᠨᠢ ᠪᠤᠯᠪᠠᠰᠤᠷᠠᠨ ᠬᠠᠭᠠᠷᠠᠵᠦ ᠦᠨᠳᠡᠭᠡ ᠭᠠᠷᠭᠠᠭᠠᠳ᠂ ᠦᠨᠳᠡᠭᠡ ᠭᠠᠷᠤᠠᠠᠰᠨᠨ ᠭᠠᠵᠠᠷ ᠨᠢ ᠰᠢᠷ᠎ᠠ ᠪᠠᠶᠠᠳᠤ ᠪᠦᠷᠢᠯᠳᠦᠵᠤ᠂ ᠦᠨᠳᠡᠭᠡᠪᠴᠢ ᠶᠢᠨ ᠭᠠᠳᠠᠷ ᠲᠠᠯ᠎ᠠ ᠳᠤ ᠢᠯᠡᠷᠡᠳᠡᠭ᠃ ᠰᠢᠷ᠎ᠡ ᠪᠡᠶᠡᠳᠤ ᠨᠢ ᠤᠷᠤᠭ᠎ᠠ ᠤᠷᠤᠠᠠᠰᠠᠨ ᠠᠴᠠ ᠬᠤᠶᠢᠰᠢᠭᠢ ᠠᠷᠪᠠᠭᠠᠳ ᠬᠤᠨᠤᠭ ᠲᠤ ᠬᠠᠮᠤᠭ ᠤᠨ ᠤᠯᠠᠨ ᠪᠤᠯᠵᠤ᠂ ᠰᠡᠭᠦᠯᠡᠷ ᠨᠢ ᠠᠭᠠᠵᠢᠮ ᠢᠶᠠᠷ ᠠᠪᠴᠢᠳᠠᠭ᠃ ᠦᠨᠳᠡᠭᠡᠪᠴᠢ ᠶᠢᠨ ᠲᠡᠭᠡᠷᠡᠭᠢ ᠦᠨᠳᠡᠭᠡᠨ ᠴᠦᠪᠤᠷᠢᠭᠦᠤ ᠶᠢᠨ ᠰᠢᠷ᠎ᠠ ᠪᠡᠶᠡᠳᠤ ᠨᠢ ᠰᠤᠯᠢᠯᠴᠠᠨ ᠢᠯᠡᠷᠡᠳᠡᠭ ᠨᠢ ᠦᠨᠢᠶᠠᠨ ᠤ ᠤᠷᠤᠭᠠᠨ ᠤ ᠦᠶᠡᠯᠡᠯ ᠤᠨ ᠭᠡᠪ ᠤᠨ ᠢᠯᠡᠷᠡᠯ ᠪᠤᠯᠤᠨ᠎ᠠ᠃ ᠦᠨᠳᠡᠭᠡ ᠲᠠᠮᠵᠢᠭᠤᠯᠬᠤ ᠴᠤᠷᠭᠤ ᠪᠤᠯ ᠦᠨᠳᠡᠭᠡ ᠰᠠᠪᠠᠨ ᠳᠤ ᠤᠷᠤᠬᠤ ᠶᠢᠨ ᠡᠷᠭᠡᠪᠰᠢ ᠲᠠᠮᠵᠢᠬᠤ ᠵᠠᠮ ᠪᠤᠯᠤᠨ᠎ᠠ᠃ ᠦᠨᠳᠡᠭᠡ ᠲᠠᠮᠵᠢᠭᠤᠯᠬᠤ ᠴᠤᠷᠭᠤ ᠶᠢᠨ ᠪᠦᠷᠭᠦᠪᠴᠢ ᠲᠡᠭᠡᠷ᠎ᠡ ᠨᠠᠭᠠᠯᠳᠤᠵᠤ᠂ ᠬᠤᠶᠠᠷ ᠲᠠᠯ᠎ᠠ ᠪᠠᠷ ᠨᠢ ᠨᠢᠭᠡ ᠨᠢᠭᠡ ᠵᠤᠷᠪᠤᠰ ᠪᠠᠶᠢᠵᠤ᠂ ᠴᠤᠷᠭᠤ ᠶᠢᠨ ᠦᠨᠳᠡᠭᠡᠪᠴᠢ ᠶᠢᠨ ᠦᠵᠦᠭᠦᠷ ᠤᠨ ᠭᠤᠷᠪᠡᠨ ᠤ ᠨᠢᠭᠡ ᠶᠢᠨ ᠭᠢᠷᠢ ᠪᠦᠳᠦᠭᠦᠨ ᠪᠠᠶᠢᠵᠤ᠂ ᠲᠡᠭᠦᠨ ᠢ ᠦᠨᠳᠡᠭᠡ ᠲᠡᠮᠵᠢᠭᠤᠯᠬᠤ ᠴᠤᠷᠭᠤ ᠶᠢᠨ ᠪᠤᠯᠴᠤᠤ ᠭᠡᠳᠡᠭ᠃ ᠲᠠᠷᠠ ᠨᠢ ᠦᠨᠳᠡᠭᠡ ᠶᠢᠨ ᠦᠷ᠎ᠡ ᠲᠤᠠᠠᠳᠠᠬᠤ ᠭᠠᠵᠠᠷ ᠪᠤᠯᠤᠨ᠎ᠠ᠃ ᠴᠤᠷᠭᠤ ᠶᠢᠨ ᠡᠮᠦᠨ᠎ᠠ ᠭᠡᠰᠡᠭ ᠨᠢ ᠦᠨᠳᠡᠭᠡᠪᠴᠢ ᠠᠴᠠ ᠤᠶᠢᠷᠠᠬᠠᠨ ᠪᠠᠶᠢᠵᠤ ᠶᠡᠭᠦᠯᠡᠭᠦᠷ ᠤᠨ ᠭᠡᠯᠪᠡᠷᠢ ᠪᠤᠶᠤ ᠯᠠᠪᠠ ᠶᠢᠨ ᠭᠡᠯᠪᠡᠷᠢ ᠲᠠᠢ ᠪᠠᠶᠢᠵᠤ᠂ ᠲᠡᠭᠦᠨ ᠢ ᠦᠨᠳᠡᠭᠡ ᠲᠠᠮᠵᠢᠭᠤᠯᠬᠤ ᠴᠤᠷᠭᠤ ᠶᠢᠨ ᠰᠢᠭᠦᠷ ᠤᠨ ᠭᠡᠰᠡᠭ ᠭᠡᠳᠡᠭ᠃ ᠲᠠᠷᠠ ᠨᠢ ᠦᠨᠳᠡᠭᠡ ᠶᠢ ᠲᠤᠰᠴᠤ ᠠᠪᠬᠤ ᠭᠡᠰᠡᠭ ᠪᠤᠯᠤᠨ᠎ᠠ᠃ ᠴᠤᠷᠭᠤ ᠶᠢᠨ ᠠᠷᠤ ᠦᠵᠦᠭᠦᠷ ᠨᠢ ᠰᠠᠪᠠ ᠲᠠᠢ ᠵᠠᠯᠭᠠᠯᠳᠤᠵᠤ᠂ ᠦᠨᠳᠡᠭᠡ ᠲᠠᠮᠵᠢᠭᠤᠯᠬᠤ ᠴᠤᠷᠭᠤ ᠨᠢ ᠰᠠᠪᠠ ᠶᠢᠨ ᠠᠮᠠᠰᠠᠷ ᠭᠢᠭᠡᠳ ᠰᠠᠪᠠ ᠶᠢᠨ ᠪᠤᠯᠤᠩ ᠲᠠᠢ ᠨᠠᠪᠳᠡᠷᠡᠵᠤ᠂ ᠦᠨᠳᠡᠭᠡ ᠲᠠᠮᠵᠢᠭᠤᠯᠬᠤ ᠭᠤᠤᠷᠰᠤ ᠶᠢᠨ ᠪᠦᠭᠦ ᠤᠷᠳᠤ ᠨᠢ 25cm ᠤᠷᠴᠢᠮ ᠪᠠᠶᠢᠵᠤ᠂ ᠦᠨᠳᠡᠭᠡ ᠪᠡ ᠦᠷ᠎ᠡ ᠶᠢ ᠲᠠᠮᠵᠢᠭᠤᠯᠳᠠᠭ ᠪᠦᠭᠡᠳ ᠦᠷ᠎ᠡ ᠪᠤᠯᠤᠨ ᠦᠨᠳᠡᠭᠡ ᠶᠢᠨ ᠦᠷ᠎ᠡ ᠲᠤᠠᠠᠳᠠᠭᠠᠬᠤ ᠪᠠ ᠦᠷ᠎ᠡ ᠲᠤᠠᠠᠳ᠋ᠬᠠᠰᠠᠨ ᠦᠨᠳᠡᠭᠡ ᠶᠢᠨ ᠡᠭᠢᠨ ᠤ ᠪᠤᠶᠢᠵᠢᠯᠳᠡ ᠶᠢᠨ ᠭᠦᠯᠡᠮᠵᠢ ᠪᠤᠯᠤᠨ᠎ᠠ᠃ ᠰᠠᠪᠠ ᠪᠤᠯ ᠭᠦᠪᠤᠷᠠᠯ ᠪᠤᠶᠢᠵᠢᠬᠤ ᠭᠠᠵᠠᠷ ᠪᠤᠯᠤᠨ᠎ᠠ᠃ ᠠᠭᠠᠷᠴᠠᠭ ᠤᠨ ᠭᠦᠨᠳᠡᠢ ᠶᠢᠨ ᠲᠤᠳᠤᠷ᠎ᠠ ᠰᠢᠯᠤᠭᠤᠨ ᠭᠡᠳᠡᠰᠤᠨ ᠤ ᠲᠤᠤᠷ᠎ᠠ ᠲᠠᠯ᠎ᠠ ᠳᠤ ᠪᠠᠶᠢᠵᠤ᠂ ᠰᠠᠪᠠᠨ ᠤ ᠭᠤᠤᠯ ᠭᠡᠰᠡᠭ ᠨᠢ ᠰᠠᠪᠠᠨ ᠤ ᠬᠤᠶᠠᠷ ᠪᠤᠯᠤᠩ ᠪᠤᠯᠤᠨ ᠰᠠᠯᠵᠤ᠂ ᠰᠠᠪᠠ ᠶᠢᠨ ᠴᠤᠠᠠᠴᠠ ᠪᠠ ᠰᠠᠪᠠ ᠶᠢᠨ ᠭᠦᠵᠦᠭᠦᠤ ᠪᠠᠷ ᠪᠦᠷᠢᠯᠳᠦᠳᠡᠭ᠃ ᠰᠠᠪᠠᠨ ᠤ ᠪᠤᠯᠤᠩ ᠨᠢ ᠪᠠᠷᠤᠭ 30~40cm ᠪᠠᠶᠢᠵᠤ᠂ ᠭᠠᠳᠠᠷ ᠭᠡᠯᠪᠡᠷᠢ ᠨᠢ ᠶᠠᠭ ᠯᠡ ᠬᠤᠨᠢᠨ ᠤ ᠡᠪᠡᠷ ᠰᠢᠭ ᠪᠠᠶᠢᠳᠠᠭ᠃ ᠰᠠᠪᠠᠨ ᠤ ᠪᠤᠯᠴᠢᠩ ᠨᠢ ᠮᠠᠰᠢ ᠶᠡᠭᠡ ᠰᠤᠨᠤᠬᠤ ᠴᠢᠳᠠᠪᠤᠷᠢ ᠲᠠᠢ᠂ ᠭᠡᠭᠡᠯ ᠲᠠᠢ ᠲᠠᠢ ᠦᠶ᠎ᠠ ᠳᠤ ᠰᠤᠨᠵᠤ᠂ ᠲᠤᠭᠤᠯᠯᠬᠠᠰᠠᠨ ᠤ ᠰᠡᠭᠦᠯᠡᠷ ᠠᠪᠴᠢᠳᠠᠭ᠃ ᠭᠡᠭᠡᠯᠳᠦᠭᠰᠡᠨ ᠡᠭᠢᠨ ᠤ ᠦᠶ᠎ᠠ ᠳᠤ ᠰᠠᠪᠠᠨ ᠤ ᠱᠦᠭᠦᠷᠡᠰᠤ ᠨᠢ ᠭᠦᠪᠤᠷᠠᠯ ᠤᠨ ᠪᠤᠶᠢᠵᠢᠯᠳᠡ ᠳᠤ ᠭᠡᠷᠡᠭᠴᠡᠭᠡ ᠪᠦᠭᠦᠢ ᠰᠢᠮ᠎ᠠ ᠲᠡᠵᠢᠭᠡᠯ ᠢ ᠬᠠᠨᠭ᠍ᠭᠠᠵᠤ ᠪᠠᠶᠢᠳᠠᠭ᠃ ᠭᠦᠪᠤᠷᠠᠯ ᠨᠢ ᠲᠤᠠᠠᠳ᠋ᠬᠠᠰᠠᠨ ᠤ ᠰᠡᠭᠦᠯᠡᠷ ᠬᠠᠷᠪᠢᠰᠦ ᠪᠠᠷ ᠲᠠᠮᠵᠢᠨ ᠰᠢᠮ᠎ᠠ ᠲᠡᠵᠢᠭᠡᠯ ᠭᠦᠷᠳᠡᠳᠡᠭ᠃ ᠰᠠᠪᠠᠨ ᠤ ᠪᠡᠶ᠎ᠠ ᠨᠢ ᠨᠡᠯᠢᠶᠡᠳ ᠤᠬᠤᠷ᠂ ᠪᠠᠷᠤᠭ 3~4cm ᠪᠠᠶᠢᠵᠤ᠂ ᠭᠡᠭᠡᠯ ᠨᠢ ᠠᠳᠡ ᠪᠤᠶᠢᠵᠢᠳᠠᠭ᠃ ᠰᠠᠪᠠᠨ ᠤ ᠭᠦᠵᠦᠭᠦᠤ ᠪᠤᠯ ᠰᠠᠪᠠ ᠪᠤᠯᠤᠨ ᠡᠮ᠎ᠠ ᠪᠡᠯᠭᠡ ᠶᠢᠨ ᠰᠦᠪᠡ ᠯᠦᠭᠡ ᠵᠠᠯᠭᠠᠠᠠᠳᠠᠵᠤ ᠪᠦᠭᠦᠢ ᠴᠤᠷᠭᠤ ᠪᠤᠯᠤᠨ᠎ᠠ᠃ ᠪᠠᠷᠤᠭ 8~10cm ᠤᠷᠳᠤ ᠪᠦᠭᠡᠳ ᠬᠠᠳᠠᠭᠤᠯᠢᠭ ᠪᠠᠶᠢᠵᠤ᠂ ᠰᠠᠪᠠᠨ ᠤ ᠭᠦᠵᠦᠭᠦᠤ ᠶᠢᠨ ᠲᠤᠳᠤᠷ᠎ᠠ ᠬᠠᠨᠠᠨ ᠲᠡᠭᠡᠷ᠎ᠡ 3~5 ᠤᠷᠢᠶᠠᠯᠭᠠᠨ ᠠᠳᠤᠷᠢᠶᠠᠰᠤ ᠲᠠᠢ᠂ ᠴᠤᠷᠭᠤ ᠶᠢ ᠮᠤᠷᠦ᠋ᠢᠯᠭᠠᠨ ᠨᠤᠭᠤᠯᠵᠤ᠂ ᠰᠠᠯᠠᠢ ᠱᠦᠭᠦᠷᠡᠭᠦᠯᠵᠤ᠂ ᠰᠠᠪᠡᠨ ᠳᠠᠬᠢ ᠭᠡᠭᠡᠯ ᠢ ᠭᠠᠳᠠᠨᠠᠭᠢ ᠶᠢᠨ ᠪᠤᠷᠳᠠᠭ ᠠᠴᠠ ᠬᠠᠮᠠᠭᠠᠯᠠᠵᠤ ᠪᠠᠶᠢᠳᠠᠭ᠃ ᠰᠠᠪᠠᠨ ᠤ ᠭᠦᠵᠦᠭᠦᠤ ᠨᠢ ᠡᠩ ᠤᠨ ᠦᠶ᠎ᠠ ᠳᠤ ᠬᠠᠭᠠᠠᠠᠳᠠᠵᠤ᠂ ᠤᠷᠤᠭᠠᠨ ᠤ ᠦᠶ᠎ᠠ ᠳᠤ ᠪᠠᠭ᠎ᠠ ᠨᠡᠭᠡᠭᠡᠭᠳᠡᠭᠦ ᠪᠦᠭᠡᠳ ᠱᠦᠭᠦᠷᠡᠰᠤ ᠶᠡᠭᠡᠳᠴᠤ᠂ ᠦᠷ᠎ᠠ ᠤᠷᠤᠬᠤ ᠳᠤ ᠲᠦᠭᠦᠮ ᠪᠤᠯᠳᠠᠭ ᠪᠦᠭᠡᠳ ᠭᠠᠷ ᠭᠡᠭᠡᠯᠳᠦᠭᠦᠯᠭᠡ ᠭᠢᠭᠦ ᠳᠤ ᠴᠤ ᠠᠰᠢᠠᠠᠳᠠᠢ ᠪᠠᠶᠢᠳᠠᠭ᠃

      2. ᠰᠠᠭᠠᠯᠢ ᠶᠢᠨ ᠦᠨᠢᠶᠡᠨ ᠤ ᠠᠩᠬᠠᠨ ᠤ ᠤᠷᠤᠭ᠎ᠠ ᠶᠢᠨ ᠬᠤᠭᠤᠴᠠᠭ᠎ᠠ ᠪᠤᠯᠤᠨ ᠦᠷᠡᠵᠢᠯ ᠤᠨ ᠡᠷᠭᠡᠳᠡᠨ ᠤ ᠪᠤᠯᠪᠠᠰᠤᠷᠠᠯᠳᠠ ᠨᠢ ᠶᠠᠮᠠᠷ ᠪᠠᠶᠢᠳᠠᠭ ᠪᠤᠢ︖

        ᠦᠨᠢᠶᠠᠨ ᠤ ᠦᠰᠦᠯᠳᠡ ᠪᠤᠶᠢᠵᠢᠯᠳᠡ ᠨᠢ ᠵᠤᠭᠢᠬᠤ ᠴᠠᠭ ᠬᠤᠭᠤᠴᠠᠭ᠎ᠠ ᠳᠤ ᠭᠦᠷᠴᠤ ᠦᠷᠡᠵᠢᠯ ᠤᠨ ᠡᠷᠭᠡᠳᠡᠨ ᠨᠢ ᠪᠤᠯᠪᠠᠰᠤᠷᠠᠬᠤ ᠠᠴᠠ ᠡᠮᠦᠨ᠎ᠠ ᠠᠩᠬ᠎ᠠ ᠤᠳᠠᠭ᠎ᠠ ᠤᠷᠤᠭ᠎ᠠ ᠤᠷᠤᠬᠤ ᠶᠢ ᠠᠩᠬᠠᠨ ᠤ ᠤᠷᠤᠭ᠎ᠠ ᠶᠢᠨ ᠬᠤᠭᠤᠴᠠᠭ᠎ᠠ ᠭᠡᠨ᠎ᠠ᠃ ᠭᠤᠨᠵᠢᠨ ᠦᠨᠢᠶ᠎ᠠ ᠶᠢᠨ ᠠᠩᠬᠠᠨ ᠤ ᠤᠷᠤᠭ᠎ᠠ ᠶᠢᠨ ᠬᠤᠭᠤᠴᠠᠭ᠎ᠠ ᠨᠢ ᠤᠷᠤᠭ᠎ᠠ ᠤᠷᠤᠬᠤ ᠪᠠᠶᠢᠳᠠᠯ ᠲᠠᠢ ᠪᠤᠯᠪᠠᠴᠤ ᠡᠨᠡ ᠦᠶᠡᠰ ᠤᠨ ᠤᠷᠤᠭ᠎ᠠ ᠤᠷᠤᠬᠤ ᠪᠠ ᠤᠷᠤᠭ᠎ᠠ ᠶᠢᠨ ᠦᠶᠡᠯᠡᠯ ᠤᠨ ᠬᠤᠭᠤᠴᠠᠭ᠎ᠠ ᠨᠢ ᠭᠡᠪ ᠤᠨ ᠪᠤᠰᠤ ᠪᠦᠭᠡᠳ ᠪᠦᠷᠢᠮᠦᠰᠤᠨ ᠤᠷᠤᠭ᠎ᠠ ᠤᠷᠤᠵᠤ ᠪᠠᠶᠢᠭ᠎ᠠ ᠪᠢᠰᠢ ᠶᠤᠮ᠃ 8~10 ᠰᠠᠷ᠎ᠠ ᠪᠤᠯᠤᠠᠠᠰᠠᠨ ᠭᠤᠨᠵᠢ ᠯᠡ ᠠᠩᠬ᠎ᠠ ᠤᠷᠤᠭ᠎ᠠ ᠶᠢᠨ ᠬᠤᠭᠤᠴᠠᠭ᠎ᠠ ᠲᠠᠢ ᠪᠠᠶᠢᠳᠠᠭ᠃ ᠠᠩᠬᠠᠨ ᠤ ᠤᠷᠤᠭ᠎ᠠ ᠶᠢᠨ ᠬᠤᠭᠤᠴᠠᠭ᠎ᠠ ᠠᠴᠠ ᠬᠤᠶᠢᠰᠢ ᠵᠤᠭᠢᠬᠤ ᠬᠤᠭᠤᠴᠠᠭᠠᠨ ᠳᠤ ᠦᠷᠡᠵᠢᠯ ᠤᠨ ᠡᠷᠭᠡᠳᠡᠨ ᠨᠢ ᠦᠨᠳᠤᠰᠤᠨ ᠳᠡᠭᠡᠨ ᠪᠦᠷᠢᠨ ᠪᠤᠶᠢᠵᠢᠭᠠᠳ ᠦᠷᠡᠵᠢᠯ ᠤᠨ ᠴᠢᠳᠠᠪᠤᠷᠢ ᠲᠠᠢ ᠪᠤᠯᠳᠠᠭ᠂ ᠡᠭᠦᠨ ᠢ ᠪᠡᠯᠭᠡ ᠶᠢᠨ ᠪᠤᠯᠪᠠᠰᠤᠷᠠᠯᠳᠠ ᠭᠡᠳᠡᠭ᠃ ᠦᠨᠢᠶ᠎ᠠ 12 ᠰᠠᠷ᠎ᠠ ᠪᠤᠯᠪᠠᠯ ᠪᠡᠯᠭᠡ ᠶᠢᠨ ᠪᠤᠯᠪᠠᠰᠤᠷᠠᠯ ᠨᠢ ᠭᠦᠢᠴᠡᠵᠤ᠂ ᠡᠨᠡ ᠦᠶ᠎ᠠ ᠳᠤ ᠭᠡᠳᠦ᠋ᠢᠪᠡᠷ ᠭᠡᠪ ᠤᠨ ᠤᠷᠤᠭ᠎ᠠ ᠤᠷᠤᠵᠤ᠂ ᠦᠨᠳᠡᠭᠡ ᠭᠠᠷᠭᠠᠵᠤ᠂ ᠰᠠᠪᠠ ᠨᠢ ᠴᠤ ᠭᠡᠭᠡᠯ ᠲᠤᠠᠠᠳᠠᠬᠤ ᠪᠤᠯᠤᠯᠴᠠᠭ᠎ᠠ ᠲᠠᠢ ᠪᠤᠯᠳᠠᠭ ᠪᠤᠯᠪᠠᠴᠤ ᠮᠦᠨ ᠭᠦ ᠭᠡᠭᠡᠯᠳᠦᠭᠦᠯᠭᠦ ᠳᠤ ᠲᠤᠭᠢᠷᠠᠬᠤ ᠦᠭᠡᠢ᠃ ᠤᠴᠢᠷ ᠨᠢ ᠭᠤᠨᠵᠢᠨ ᠤ ᠲᠤᠰ ᠪᠡᠶ᠎ᠠ ᠨᠢ ᠮᠦᠨ ᠦᠰᠦᠯᠳᠡ ᠪᠤᠶᠢᠵᠢᠯᠳᠡ ᠶᠢᠨ ᠦᠶ᠎ᠠ ᠳᠡᠭᠡᠨ ᠪᠠᠶᠢᠬᠤ ᠪᠦᠭᠡᠳ ᠭᠡᠭᠡᠯ ᠤᠨ ᠪᠤᠶᠢᠵᠢᠯᠳᠡ ᠳᠤ ᠴᠤ ᠠᠰᠢᠭ ᠦᠭᠡᠢ ᠪᠠᠶᠢᠳᠠᠭ᠃ ᠲᠠᠷᠠᠴᠢᠯᠡᠨ ᠲᠤᠭᠤᠯᠯᠠᠬᠤ ᠦᠶ᠎ᠠ ᠳᠡᠭᠡᠨ ᠭᠡᠵᠢᠶᠡᠳᠡ ᠪᠡᠷᠭᠡᠳᠤᠳᠡᠭ᠃ ᠵᠠᠷᠢᠮ ᠦᠶ᠎ᠠ ᠳᠤ ᠪᠤᠬᠠᠠᠳᠠᠢ ᠪᠤᠯᠤᠨ ᠭᠤᠨᠵᠢ ᠶᠢ ᠴᠠᠭ ᠲᠤᠬᠠᠢ ᠳᠤᠨᠢ ᠰᠠᠯᠭᠠᠠᠠᠰᠠᠨ ᠦᠭᠡᠢ ᠠᠴᠠ ᠪᠤᠯᠤᠭᠠᠳ᠂ 10 ᠰᠠᠷ᠎ᠠ ᠪᠤᠯᠤᠠᠠᠰᠠᠨ ᠪᠢᠷᠠᠭᠤᠨ ᠭᠤᠨᠵᠢ ᠪᠠᠰᠠ ᠭᠡᠭᠡᠯᠳᠦᠭᠦ ᠪᠠᠶᠢᠳᠠᠯ ᠭᠠᠷᠳᠠᠭ᠃ ᠡᠶᠢᠮᠤ ᠪᠢᠷᠠᠭᠤᠨ ᠭᠤᠨᠵᠢ ᠨᠢ ᠲᠤᠭᠤᠯᠯᠠᠬᠤ ᠶᠢᠨ ᠦᠶ᠎ᠠ ᠳᠡᠭᠡᠨ ᠶᠠᠷᠦᠩᠭᠡᠢ ᠳᠡᠭᠡᠨ ᠪᠡᠷᠭᠡᠳᠤᠳᠡᠭ ᠪᠦᠭᠡᠳ ᠡᠭᠡ ᠲᠤᠭᠤᠯ ᠤᠨ ᠪᠡᠶ᠎ᠠ ᠪᠢᠯᠳᠡᠷ ᠨᠢ ᠦᠰᠳᠡᠭ ᠦᠭᠡᠢ᠃

      3. ᠦᠨᠢᠶᠠᠨ ᠳᠤ ᠶᠠᠮᠠᠷ ᠦᠶ᠎ᠠ ᠳᠤ ᠭᠡᠭᠡᠯᠳᠦᠭᠦᠯᠭᠡ ᠭᠢᠪᠡᠯ ᠵᠤᠭᠢᠬᠤ ᠪᠤᠢ︖

     ᠦᠨᠢᠶᠠᠨ ᠤ ᠬᠠᠮᠤᠭ ᠤᠨ ᠰᠠᠶᠢᠨ ᠠᠩᠬ᠎ᠠ ᠦᠷ᠎ᠠ ᠲᠤᠠᠠᠳᠠᠭᠠᠬᠤ ᠰᠠᠷ᠎ᠠ ᠨᠢ ᠪᠤᠯ 15~17 ᠰᠠᠷ᠎ᠠ ᠪᠤᠯᠤᠨ᠎ᠠ᠃ ᠡᠶᠢᠮᠤ ᠠᠴᠠ ᠦᠨᠢᠶ᠎ᠠ ᠶᠢ 14~17 ᠰᠠᠷ᠎ᠠ ᠪᠤᠯᠤᠠᠠᠰᠠᠨ ᠤ ᠲᠠᠷᠠᠭ᠎ᠠ ᠤᠷᠤᠭᠠᠯᠠᠬᠤ ᠦᠶ᠎ᠠ ᠳᠤ ᠭᠡᠭᠡᠯᠳᠦᠭᠦᠯᠵᠤ ᠪᠤᠯᠤᠨ᠎ᠠ᠃ ᠭᠡᠷᠪᠡ ᠭᠡᠭᠡᠯᠳᠦᠭᠦᠯᠭᠡ ᠠᠴᠠ ᠬᠤᠴᠤᠷᠤᠠᠠᠰᠠᠨ ᠪᠠ ᠭᠡᠭᠡᠯᠳᠦᠭᠦᠯᠭᠡ ᠭᠢᠭᠰᠡᠨ ᠦᠭᠡᠢ ᠪᠤᠯ 18 ᠰᠠᠷ᠎ᠠ ᠳᠤᠨᠢ ᠭᠡᠭᠡᠯᠳᠦᠭᠦᠯᠭᠦ ᠭᠡᠷᠡᠭᠳᠡᠢ᠃ ᠦᠨᠢᠶ᠎ᠠ ᠶᠢ ᠭᠡᠭᠡᠯᠳᠦᠭᠦᠯᠭᠦ ᠨᠠᠰᠤ ᠶᠢ ᠬᠠᠮᠤᠭ ᠤᠳᠠᠭᠠᠨ ᠳᠠᠭᠠᠨ 18 ᠰᠠᠷ᠎ᠠ ᠠᠴᠠ ᠭᠡᠳᠦᠷᠡᠭᠦᠯᠵᠤ ᠪᠤᠯᠬᠤ ᠦᠭᠡᠢ᠃

      4. ᠦᠨᠢᠶᠠᠨ ᠤ ᠤᠷᠤᠭᠠᠨ ᠤ ᠦᠶᠡᠯᠡᠯ ᠤᠨ ᠬᠤᠭᠤᠴᠠᠭ᠎ᠠ ᠭᠡᠵᠤ ᠶᠠᠭᠤ ᠶᠢ ᠭᠡᠯᠡᠵᠤ ᠪᠠᠶᠢᠬᠤ ᠪᠤᠢ︖

       ᠤᠷᠤᠭᠠᠨ ᠤ ᠦᠶᠡᠯᠡᠯ ᠤᠨ ᠬᠤᠭᠤᠴᠠᠭ᠎ᠠ ᠭᠡᠳᠡᠭ ᠨᠢ ᠦᠨᠢᠶ᠎ᠠ ᠭᠡᠪ ᠤᠨ ᠰᠤᠪᠠᠢ ᠪᠠᠶᠢᠳᠠᠯ ᠲᠤᠤᠷ᠎ᠡ ᠤᠷᠤᠭᠠᠯᠠᠬᠤ ᠦᠵᠡᠭᠳᠡᠯ ᠨᠢ ᠦᠶᠡᠯᠡᠯ ᠤᠨ ᠴᠢᠨᠠᠷ ᠤᠨ ᠬᠤᠪᠢᠷᠠᠯᠳᠠ ᠲᠠᠢ ᠪᠠᠶᠢᠳᠠᠭ ᠢ ᠵᠢᠭᠠᠵᠤ ᠪᠠᠶᠢᠨ᠎ᠠ᠃ ᠲᠡᠭᠦᠨ ᠤ ᠡᠷᠭᠢᠯᠳᠡ ᠶᠢᠨ ᠶᠠᠪᠤᠴᠠ ᠨᠢ ᠲᠠᠷᠤᠢ ᠡᠨᠡ ᠤᠳᠠᠭᠠᠨ ᠤ ᠤᠷᠤᠭ᠎ᠠ ᠠᠴᠠ ᠡᠭᠢᠯᠡᠭᠡᠳ ᠲᠠᠷᠠᠭ᠎ᠠ ᠤᠳᠠᠭᠠᠨ ᠤ ᠤᠷᠤᠭ᠎ᠠ ᠤᠷᠤᠬᠤ ᠴᠠᠭ ᠬᠤᠭᠤᠴᠠᠭ᠎ᠠ ᠪᠤᠯᠤᠨ᠎ᠠ᠃ ᠦᠨᠢᠶᠠᠨ ᠤ ᠤᠷᠤᠭᠠᠨ ᠤ ᠦᠶᠡᠯᠡᠯ ᠤᠨ ᠬᠤᠭᠤᠴᠠᠭ᠎ᠠ ᠨᠢ ᠶᠠᠷᠦᠩᠭᠡᠢ ᠳᠡᠭᠡᠨ 18~24 ᠬᠤᠨᠤᠭ᠂ ᠲᠤᠮᠳᠠᠴᠢ ᠪᠠᠷ 21 ᠬᠤᠨᠤᠭ ᠪᠠᠶᠢᠳᠠᠭ᠃ ᠤᠷᠤᠭᠠᠨ ᠤ ᠦᠶᠡᠯᠡᠯ ᠤᠨ ᠬᠤᠭᠤᠴᠠᠭ᠎ᠠ ᠶᠢ ᠲᠦᠷᠪᠡᠨ ᠬᠤᠭᠤᠴᠠᠭ᠎ᠠ ᠬᠤᠪᠢᠶᠠᠳᠠᠭ᠃ ᠤᠷᠤᠭᠠᠨ ᠤ ᠡᠮᠦᠨᠡᠭᠢ ᠬᠤᠭᠤᠴᠠᠭ᠎ᠠ᠄ ᠦᠭᠡᠷ᠎ᠡ ᠪᠠᠷ ᠭᠡᠯᠡᠪᠡᠯ ᠤᠷᠤᠭᠠᠨ ᠤ ᠪᠡᠯᠡᠳᠭᠡᠯ ᠬᠤᠭᠤᠴᠠᠭ᠎ᠠ ᠮᠦᠨ᠃ ᠦᠷᠡᠵᠢᠯ ᠤᠨ ᠡᠷᠭᠡᠳᠡᠨ ᠤ ᠨᠡᠭᠡᠳᠡᠰᠤ ᠨᠢ ᠭᠦᠭᠡᠷᠭᠦ ᠪᠡ ᠰᠠᠯᠠᠢ ᠠᠷᠪᠢᠳᠴᠤ᠂ ᠦᠨᠳᠡᠭᠡᠪᠴᠢ ᠶᠢᠨ ᠲᠡᠭᠡᠷ᠎ᠡ ᠨᠢ ᠨᠢᠭᠡ ᠪᠤᠶᠤ ᠭᠡᠳᠦᠨ ᠦᠨᠳᠡᠭᠡᠨ ᠴᠦᠪᠤᠷᠢᠭᠦᠤ ᠡᠭᠢᠯᠡᠨ ᠪᠤᠶᠢᠵᠢᠵᠤ᠂ ᠲᠡᠭᠡᠷ᠎ᠡ ᠤᠳᠠᠭᠠᠨ ᠤ ᠦᠨᠳᠡᠭᠡ ᠭᠠᠷᠭᠠᠠᠠᠰᠠᠨ ᠠᠴᠠ ᠬᠤᠶᠢᠰᠢ ᠪᠤᠢ ᠪᠤᠯᠤᠠᠠᠰᠠᠨ ᠰᠢᠷ᠎ᠡ ᠪᠡᠶᠡᠳᠤ ᠨᠢ ᠠᠳᠤᠷᠢᠨ ᠠᠪᠴᠢᠳᠠᠭ᠃ ᠡᠨᠡ ᠦᠶᠡᠰ ᠲᠤ ᠦᠨᠢᠶᠠᠨ ᠤ ᠭᠦᠳᠡᠯᠤᠯ ᠪᠠᠶᠢᠳᠠᠯ ᠳᠤ ᠬᠤᠪᠢᠷᠠᠯᠳᠠ ᠭᠠᠷᠳᠠᠭ ᠦᠭᠡᠢ᠂ ᠮᠦᠨ ᠴᠦ ᠪᠡᠯᠭᠡ ᠬᠠᠷᠢᠴᠠᠬᠤ ᠤᠷᠮᠠᠰᠢᠯ ᠦᠭᠡᠢ ᠪᠠᠶᠢᠳᠠᠭ᠃ ᠤᠷᠤᠭᠠᠨ ᠤ ᠬᠤᠭᠤᠴᠠᠭ᠎ᠠ᠄ ᠡᠨᠡ ᠪᠤᠯ ᠤᠷᠤᠭᠠᠨ ᠤ ᠰᠢᠨᠵᠢ ᠲᠡᠮᠳᠡᠭ ᠨᠢ ᠢᠯᠡᠷᠭᠡᠢ ᠪᠤᠯᠬᠤ ᠱᠠᠳᠤ ᠦᠶ᠎ᠠ ᠪᠤᠯᠤᠨ᠎ᠠ᠃ ᠦᠨᠳᠡᠭᠡᠨ ᠴᠦᠪᠤᠷᠢᠭᠦᠤ ᠨᠢ ᠲᠦᠷᠭᠡᠨ ᠪᠤᠶᠢᠵᠢᠵᠤ᠂ ᠦᠷᠡᠵᠢᠯ ᠤᠨ ᠡᠷᠭᠡᠳᠡᠨ ᠤ ᠨᠡᠭᠡᠳᠡᠰᠤ ᠨᠢ ᠭᠦᠭᠡᠷᠴᠤ᠂ ᠰᠠᠯᠠᠢ ᠨᠢ ᠠᠷᠪᠢᠳᠴᠤ᠂ ᠰᠠᠪᠠᠨ ᠤ ᠭᠦᠵᠦᠭᠦᠤ ᠨᠢ ᠨᠡᠭᠡᠭᠡᠭᠳᠡᠵᠤ᠂ ᠪᠡᠯᠭᠡ ᠶᠢᠨ ᠰᠦᠪᠠ ︵ᠮᠠᠰᠠᠢ︶ ᠨᠢ ᠬᠠᠪᠤᠳᠴᠤ᠂ ᠭᠦᠳᠡᠯᠭᠦ ᠶᠠᠪᠤᠬᠤ ᠨᠢ ᠦᠭᠡᠷᠡᠳᠦᠵᠤ᠂ ᠪᠡᠯᠭᠡ ᠶᠢᠨ ᠬᠠᠷᠢᠴᠠᠯ ᠤᠨ ᠤᠷᠮᠠᠰᠢᠯ ᠲᠠᠢ ᠪᠤᠯᠳᠠᠭ᠃ ᠤᠷᠤᠭᠠᠨ ᠤ ᠰᠡᠭᠦᠯ ᠤᠨ ᠬᠤᠭᠤᠴᠠᠭ᠎ᠠ᠄ ᠡᠨᠡ ᠨᠢ ᠤᠷᠤᠭᠠᠯᠬᠠᠰᠠᠨ ᠤ ᠰᠡᠭᠦᠯᠡᠷ ᠲᠠᠭᠢᠨ ᠰᠡᠷᠭᠦᠭᠦ ᠬᠤᠭᠤᠴᠠᠭ᠎ᠠ ᠪᠤᠯᠤᠨ᠎ᠠ᠃ ᠡᠨᠡ ᠦᠶ᠎ᠠ ᠳᠤ ᠤᠷᠤᠭᠠᠨ ᠤ ᠢᠯᠡᠷᠡᠯ ᠨᠢ ᠢᠳᠡᠭ ᠢᠳᠡᠭ ᠢᠶᠠᠷ ᠨᠠᠮᠳᠠᠵᠤ᠂ ᠦᠷᠡᠵᠢᠯ ᠤᠨ ᠡᠷᠭᠡᠳᠡᠨ ᠨᠢ ᠭᠡᠪ ᠤᠨ ᠪᠠᠶᠢᠳᠠᠯ ᠳᠠᠭᠠᠨ ᠤᠷᠤᠨ᠎ᠠ᠃ ᠦᠨᠳᠡᠭᠡᠨ ᠴᠦᠪᠤᠷᠢᠭᠦᠤ ᠨᠢ ᠦᠨᠳᠡᠭᠡ ᠭᠠᠷᠭᠠᠠᠠᠰᠠᠨ ᠤ ᠰᠡᠭᠦᠯᠡᠷ ᠦᠨᠳᠡᠭᠡᠪᠴᠢ ᠶᠢᠨ ᠲᠤᠳᠤᠷ᠎ᠡ ᠨᠢ ᠰᠢᠷ᠎ᠠ ᠪᠡᠶᠡᠳᠤ ᠡᠭᠢᠯᠡᠨ ᠪᠤᠢ ᠪᠤᠯᠤᠨ᠎ᠠ᠃ ᠦᠨᠢᠶ᠎ᠠ ᠴᠤ ᠭᠡᠪ ᠤᠨ ᠪᠠᠶᠢᠳᠠᠯ ᠳᠠᠭᠠᠨ ᠤᠷᠤᠵᠤ᠂ ᠪᠡᠯᠭᠡ ᠬᠠᠷᠢᠴᠠᠬᠤ ᠤᠷᠮ᠎ᠠ ᠨᠢ ᠬᠠᠷᠢᠨ᠎ᠠ᠃ ᠤᠷᠤᠭ᠎ᠠ ᠠᠯᠤᠰᠯᠠᠬᠤ ᠬᠤᠭᠤᠴᠠᠭ᠎ᠠ᠄ ᠪᠠᠰᠠ ᠰᠢᠷ᠎ᠠ ᠪᠠᠶᠠᠳᠤ ᠶᠢᠨ ᠬᠤᠭᠤᠴᠠᠭ᠎ᠠ ᠭᠡᠳᠡᠭ᠃ ᠡᠨᠡ ᠨᠢ ᠤᠷᠤᠭᠠᠨ ᠤ ᠦᠶᠡᠯᠡᠯ ᠤᠨ ᠬᠤᠭᠤᠴᠠᠭᠠᠨ ᠤ ᠲᠤᠳᠤᠷᠠᠭᠢ ᠬᠠᠮᠤᠭ ᠤᠨ ᠤᠷᠳᠤ ᠴᠠᠭ ᠬᠤᠭᠤᠴᠠᠭ᠎ᠠ ᠪᠤᠯᠤᠨ᠎ᠠ᠃ ᠦᠭᠡᠷ᠎ᠡ ᠪᠠᠷ ᠭᠡᠯᠡᠪᠡᠯ ᠤᠷᠤᠭ᠎ᠠ ᠵᠤᠠᠠᠰᠤᠠᠠᠰᠠᠨ ᠠᠴᠠ ᠬᠤᠶᠢᠰᠢ ᠲᠠᠷᠠᠭᠠᠴᠢ ᠶᠢᠨ ᠤᠷᠤᠭ᠎ᠠ ᠡᠭᠢᠯᠡᠭᠦ ᠭᠦᠷᠳᠡᠯᠡᠭᠢ ᠬᠤᠭᠤᠴᠠᠭ᠎ᠠ ᠪᠤᠯᠤᠨ᠎ᠠ᠃ ᠡᠨᠡ ᠬᠤᠭᠤᠴᠠᠭᠠᠨ ᠳᠤ ᠦᠨᠢᠶ᠎ᠠ ᠤᠷᠤᠭ᠎ᠠ ᠤᠷᠤᠬᠤ ᠬᠤᠪᠢᠷᠠᠯᠳᠠ ᠦᠭᠡᠢ ᠪᠠᠶᠢᠳᠠᠭ ᠪᠤᠯᠬᠤᠷ ᠪᠠᠰᠠ ᠤᠷᠤᠭᠠᠨ ᠤ ᠠᠮᠠᠷᠠᠯᠳᠠ ᠶᠢᠨ ᠬᠤᠭᠤᠴᠠᠭ᠎ᠠ ᠭᠡᠳᠡᠭ᠃

      5. ᠦᠨᠢᠶ᠎ᠠ ᠤᠷᠤᠭ᠎ᠠ ᠤᠷᠤᠬᠤ ᠳᠠᠭᠠᠨ ᠭᠠᠳᠠᠷ ᠪᠠᠶᠢᠳᠠᠯ ᠳᠠᠭᠠᠨ ᠶᠠᠮᠠᠷ ᠢᠯᠡᠷᠡᠯ ᠲᠠᠢ ᠪᠠᠶᠢᠳᠠᠭ ᠪᠤᠢ︖

      ᠦᠨᠢᠶ᠎ᠠ ᠤᠷᠤᠭ᠎ᠠ ᠤᠷᠤᠬᠤ ᠦᠶᠡᠰ ᠲᠡᠭᠦᠨ ᠤ ᠹᠢᠽᠢᠤᠯᠤᠭᠢ ᠶᠢᠨ ᠪᠠᠶᠢᠳᠠᠯ᠂ ᠭᠦᠳᠡᠯᠤᠯ ᠪᠠᠶᠢᠳᠠᠯ ᠪᠤᠯᠤᠨ ᠦᠷᠡᠵᠢᠯ ᠤᠨ ᠡᠷᠭᠡᠳᠡᠨ ᠵᠡᠷᠭᠡ ᠡᠯ᠎ᠡ ᠲᠠᠯ᠎ᠠ ᠪᠠᠷ ᠴᠦᠮ ᠮᠠᠰᠢ ᠶᠡᠭᠡ ᠬᠤᠪᠢᠷᠠᠯᠳᠠ ᠲᠠᠢ ᠪᠠᠶᠢᠳᠠᠭ ᠪᠦᠭᠡᠳ ᠵᠤᠭᠢᠬᠤ ᠰᠢᠨᠵᠢ ᠲᠡᠮᠳᠡᠭ ᠢᠯᠡᠷᠡᠳᠡᠭ᠃ ᠵᠢᠱᠢᠶᠡᠯᠡᠪᠡᠯ ᠦᠨᠢᠶ᠎ᠠ ᠲᠤᠠᠠᠳᠠᠪᠤᠷᠢ ᠦᠭᠡᠢ ᠪᠤᠯᠵᠤ ᠮᠦᠭᠡᠷᠡᠭᠦ᠂ ᠢᠳᠡᠭᠦ ᠨᠢ ᠪᠠᠭᠠᠰᠬᠤ᠂ ᠦᠭᠡᠷ᠎ᠡ ᠦᠨᠢᠶᠡᠳ ᠤᠶᠢᠷᠠᠳᠬᠤ ᠦᠶᠡᠰ ᠬᠠᠷᠠᠶᠢᠬᠤ ᠴᠤᠷᠦ᠋ᠢᠬᠤ ᠪᠠ ᠰᠦ ᠨᠢ ᠲᠠᠳᠠᠭᠤᠷᠠᠬᠤ᠂ ᠰᠢᠭᠡᠭᠦ ᠨᠢ ᠤᠯᠠᠳᠠᠬᠤ᠂ ᠮᠡᠰᠡᠢ ᠨᠢ ᠭᠦᠭᠡᠷᠤᠨ ᠬᠠᠪᠤᠳᠬᠤ ᠪᠠ ᠮᠠᠰᠡᠢ ᠠᠴᠠ ᠨᠢ ᠰᠠᠯᠠᠢ ᠭᠤᠭᠤᠵᠢᠳᠠᠭ᠃ ᠦᠨᠢᠶᠠᠨ ᠳᠤ ᠡᠶᠢᠮᠤᠷᠭᠦᠤ ᠪᠠᠶᠢᠳᠠᠯ ᠢᠯᠡᠷᠡᠵᠤ ᠪᠠᠶᠢᠪᠠᠯ ᠲᠠᠷᠤᠢ ᠤᠷᠤᠭ᠎ᠠ ᠤᠷᠤᠵᠤ ᠪᠠᠶᠢᠭ᠎ᠠ ᠶᠠᠪᠤᠳᠠᠯ ᠪᠤᠯᠤᠨ᠎ᠠ᠃

       6. ᠦᠨᠢᠶᠠᠨ ᠤ ᠤᠷᠤᠭ᠎ᠠ ᠤᠷᠤᠠᠠᠰᠠᠨ ᠢ ᠶᠠᠭᠠᠭᠢᠵᠤ ᠮᠠᠭᠠᠳᠯᠠᠬᠤ ᠪᠤᠢ︖

      ᠭᠡᠪ ᠤᠨ ᠪᠠᠶᠢᠳᠠᠯ ᠢᠶᠠᠷ ᠤᠷᠤᠭᠠᠯᠠᠬᠤ ᠦᠨᠢᠶ᠎ᠠ ᠪᠤᠯ ᠭᠠᠳᠠᠷ ᠪᠠᠶᠢᠳᠠᠯ ᠳᠠᠭᠠᠨ ᠢᠯᠡᠷᠡᠯ ᠲᠠᠢ ᠪᠠᠶᠢᠳᠠᠭ ᠪᠦᠭᠡᠳ ᠦᠷᠡᠵᠢᠯ ᠤᠨ ᠵᠠᠮ ᠤᠨ ᠬᠤᠪᠢᠷᠠᠯᠳᠠ ᠪᠠ ᠦᠨᠳᠡᠭᠡ ᠭᠠᠷᠬᠤ ᠶᠠᠪᠤᠴᠠ ᠲᠠᠢ ᠪᠠᠶᠢᠳᠠᠭ᠃ ᠡᠨᠡ ᠭᠤᠷᠪᠡᠨ ᠲᠠᠯ᠎ᠠ ᠪᠠᠷ ᠦᠨᠢᠶᠠᠨ ᠤ ᠤᠷᠤᠭ᠎ᠠ ᠶᠢ ᠭᠢᠨᠠᠨ ᠮᠠᠭᠠᠳᠯᠠᠪᠠᠯ᠂ ᠭᠡᠭᠡᠯᠳᠦᠭᠦᠯᠭᠡ ᠶᠢᠨ ᠨᠤᠷᠮ᠎ᠠ ᠪᠤᠯᠤᠨ ᠦᠷ᠎ᠡ ᠲᠤᠠᠠᠳᠠᠬᠤ ᠨᠤᠷᠮ᠎ᠠ ᠶᠢ ᠲᠡᠭᠡᠭᠰᠢᠯᠡᠭᠦᠯᠭᠦ ᠳᠤ ᠵᠤᠭᠢᠬᠤ ᠲᠤᠰᠠᠯᠠᠮᠵᠢ ᠪᠤᠯᠤᠨ᠎ᠠ᠃ ᠦᠨᠢᠶᠠᠨ ᠤ ᠤᠷᠤᠭ᠎ᠠ ᠤᠷᠤᠬᠤ ᠶᠢ ᠭᠠᠳᠠᠷ ᠪᠠᠶᠢᠳᠠᠯ ᠠᠴᠠ ᠨᠢ ᠮᠠᠭᠠᠳᠯᠠᠬᠤ ᠳᠤ ᠭᠤᠤᠯ ᠨᠢ ᠦᠨᠢᠶᠠᠨ ᠤ ᠬᠠᠷᠠᠶᠢᠵᠤ ᠴᠤᠷᠦ᠋ᠢᠵᠤ ᠪᠠᠶᠢᠭ᠎ᠠ ᠪᠠᠶᠢᠳᠠᠯ ᠪᠠ ᠮᠠᠰᠡᠢ ᠠᠴᠠ ᠨᠢ ᠰᠠᠯᠠᠢ ᠭᠤᠭᠤᠵᠢᠵᠤ ᠪᠠᠶᠢᠬᠤ ᠬᠤᠪᠢᠷᠠᠯᠳᠠ ᠠᠴᠠ ᠨᠢ ᠮᠠᠭᠠᠳᠯᠠᠨ᠎ᠠ᠃ ᠦᠨᠢᠶ᠎ᠠ ᠤᠷᠤᠭ᠎ᠠ ᠤᠷᠤᠬᠤ ᠳᠠᠭᠠᠨ ᠪᠤᠰᠤᠳ ᠦᠨᠢᠶᠠᠳ ᠬᠠᠷᠠᠶᠢᠵᠤ ᠴᠤᠷᠦ᠋ᠢᠬᠤ ᠳᠤ ᠭᠦᠳᠡᠯᠭᠦ ᠦᠭᠡᠢ ᠵᠤᠠᠠᠰᠤᠨ ᠦᠭᠴᠤ᠂ ᠬᠤᠶᠢᠳᠤ ᠬᠤᠶᠠᠷ ᠭᠦᠯ ᠢᠶᠠᠨ ᠠᠯᠴᠠᠶᠢᠯᠭᠠᠨ ᠰᠡᠭᠦᠯ ᠢᠶᠠᠨ ᠤᠯᠠᠠᠳᠠ ᠭᠦᠳᠡᠯᠭᠡᠳᠡᠭ᠃ ᠡᠨᠡ ᠦᠶ᠎ᠠ ᠳᠤ ᠡᠨᠡ ᠦᠨᠢᠶ᠎ᠠ ᠶᠠᠭ ᠤᠷᠤᠭᠠᠨ ᠤ ᠭᠦᠭ ᠦᠶ᠎ᠠ ᠳᠡᠭᠡᠨ ᠪᠠᠶᠢᠬᠤ ᠶᠢ ᠬᠠᠷᠠᠭᠤᠯᠵᠤ ᠪᠠᠶᠢᠨ᠎ᠠ᠃ ᠡᠭᠦᠨ ᠤ ᠡᠰᠡᠷᠭᠦ ᠭᠡᠷᠪᠡ ᠦᠨᠢᠶ᠎ᠠ ᠬᠠᠷᠠᠶᠢᠵᠤ ᠴᠤᠷᠦ᠋ᠢᠬᠤ ᠠᠴᠠ ᠲᠤᠳᠠᠭᠠᠵᠤ ᠪᠠᠶᠢᠪᠠᠯ᠂ ᠨᠦᠭᠦᠭᠡ ᠬᠠᠷᠠᠶᠢᠵᠤ ᠴᠤᠷᠦ᠋ᠢᠵᠤ ᠪᠠᠶᠢᠬᠤ ᠦᠨᠢᠶ᠎ᠠ ᠨᠢ ᠤᠷᠤᠭ᠎ᠠ ᠤᠷᠤᠵᠤ ᠪᠠᠶᠢᠬᠤ ᠶᠢ ᠬᠠᠷᠠᠭᠤᠯᠵᠤ ᠪᠠᠶᠢᠨ᠎ᠠ᠃ ᠡᠭᠦᠨ ᠠᠴᠠ ᠭᠠᠳᠠᠨ᠎ᠠ ᠦᠨᠢᠶ᠎ᠠ ᠠᠩᠬ᠎ᠠ ᠤᠷᠤᠭ᠎ᠠ ᠤᠷᠤᠬᠤ ᠳᠠᠭᠠᠨ ᠦᠷᠡᠵᠢᠯ ᠤᠨ ᠰᠦᠪᠡ ᠠᠴᠠ ᠨᠢ ᠭᠤᠭᠤᠵᠢᠠᠠᠰᠠᠨ ᠰᠠᠯᠠᠢ ᠨᠢ ᠪᠠᠭ᠎ᠠ ᠮᠦᠷᠳᠡᠭᠡᠨ ᠰᠢᠩᠭᠡᠪᠳᠤᠷ ᠲᠤᠩᠭᠠᠯᠠᠭ ᠪᠠᠶᠢᠵᠤ᠂ ᠤᠷᠤᠭᠠᠨ ᠤ ᠭᠦᠭ ᠪᠤᠯᠤᠠᠠᠰᠠᠨ ᠦᠶᠡᠰ ᠰᠠᠯᠠᠢ ᠨᠢ ᠠᠷᠪᠢᠳᠬᠤ ᠪᠦᠭᠡᠳ ᠦᠡᠭᠭᠡ ᠨᠢ ᠬᠤᠪᠢᠷᠠᠳᠠᠭ᠃ ᠤᠷᠤᠭ᠎ᠠ ᠤᠷᠤᠠᠠᠰᠠᠨ ᠦᠨᠢᠶ᠎ᠠ ᠶᠢ ᠲᠤᠳᠤᠷ᠎ᠡ ᠠᠴᠠ ᠨᠢ ᠪᠠᠶᠢᠴᠠᠭᠠᠬᠤ ᠳᠤ ᠭᠤᠤᠯ ᠨᠢ ᠦᠨᠳᠡᠭᠡᠪᠴᠢ ᠶᠢᠨ ᠲᠡᠭᠡᠷ᠎ᠡ ᠦᠨᠳᠡᠭᠡᠨ ᠴᠦᠪᠤᠷᠢᠭᠦᠤ ᠪᠠᠶᠢᠬᠤ ᠡᠰᠡᠭᠦ᠂ ᠦᠨᠳᠡᠭᠡᠨ ᠴᠦᠪᠤᠷᠢᠭᠦᠤ ᠶᠢᠨ ᠲᠤᠮᠤ ᠵᠢᠵᠢᠭ ᠪᠡ ᠬᠠᠳᠠᠭᠤ ᠵᠦᠭᠡᠯᠡᠨ ᠢ ᠲᠠᠮᠳᠡᠷᠢᠨ ᠦᠵᠡᠨ᠎ᠡ᠂ ᠤᠷᠤᠭᠠᠨ ᠤ ᠦᠶ᠎ᠠ ᠪᠤᠯᠬᠤ ᠳᠤ ᠨᠢᠭᠡᠨ ᠲᠠᠯ᠎ᠠ ᠶᠢᠨ ᠦᠨᠳᠡᠭᠡᠪᠴᠢ ᠨᠢ ᠲᠤᠮᠤᠷᠠᠵᠤ᠂ ᠦᠨᠳᠡᠭᠡᠨ ᠴᠦᠪᠤᠷᠢᠭᠦᠤ ᠶᠢᠨ ᠳ᠋ᠢᠶᠠᠮᠧᠲᠷ ᠨᠢ 0.5~1.0cm ᠪᠤᠯᠳᠠᠭ᠃
      ᠡᠨᠡ ᠦᠶ᠎ᠠ ᠳᠤ ᠰᠠᠪᠠᠨ ᠤ ᠭᠦᠵᠦᠭᠦᠤ ᠤᠯᠠᠶᠢᠵᠤ ᠨᠡᠭᠡᠭᠡᠭᠳᠡᠨ ᠮᠠᠰᠠᠢ ᠶᠢᠨ ᠬᠠᠨᠠᠨ ᠳᠤᠨᠢ ᠴᠢᠰᠤ ᠬᠤᠷᠠᠳᠠᠭ ᠪᠠᠶᠢᠨ᠎ᠠ᠃

      7. ᠤᠷᠤᠭ᠎ᠠ ᠤᠷᠤᠠᠠᠰᠠᠨ ᠦᠨᠢᠶ᠎ᠠ ᠶᠠᠮᠠᠷ ᠦᠶ᠎ᠠ ᠳᠤ ᠦᠨᠳᠡᠭᠡ ᠭᠠᠷᠭᠠᠳᠠᠭ ᠪᠤᠢ︖

       ᠦᠨᠢᠶ᠎ᠠ ᠪᠤᠯ ᠶᠠᠷᠦᠩᠭᠡᠢ ᠳᠡᠭᠡᠨ ᠤᠷᠤᠭ᠎ᠠ ᠨᠢ ᠪᠠᠷᠬᠠᠰᠠᠨ ᠤ ᠰᠡᠭᠦᠯᠡᠷ ᠦᠨᠳᠡᠭᠡ ᠭᠠᠷᠭᠠᠳᠠᠭ᠃ ᠦᠨᠳᠡᠭᠡ ᠭᠠᠷᠭᠠᠬᠤ ᠪᠤᠳᠠᠳᠠᠢ ᠴᠠᠭ ᠨᠢ ᠦᠨᠢᠶᠠᠨ ᠤ ᠪᠡᠶ᠎ᠠ ᠪᠢᠯᠳᠠᠷ ᠤᠨ ᠪᠠᠶᠢᠳᠠᠯ ᠪᠠ ᠠᠭᠤᠷ ᠠᠮᠢᠰᠬᠤᠯ ᠵᠡᠷᠭᠡ ᠡᠯᠧᠮᠧᠨ᠋ᠲ ᠠᠴᠠ ᠪᠤᠯᠤᠭᠠᠳ ᠪᠠᠭ᠎ᠠ ᠠᠳᠠᠯᠢ ᠦᠭᠡᠢ ᠪᠠᠶᠢᠳᠠᠭ᠃ ᠤᠷᠤᠭᠠᠨ ᠤ ᠭᠦᠭ ᠦᠶ᠎ᠠ ᠠᠴᠠ ᠡᠭᠢᠯᠡᠨ ᠶᠡᠭᠡ ᠲᠦᠯᠤᠪ 20 ᠴᠠᠭ ᠤᠷᠴᠢᠮ ᠳᠤ ᠦᠨᠳᠡᠭᠡ ᠭᠠᠷᠭᠠᠨ᠎ᠠ᠃ ᠦᠭᠡᠷ᠎ᠡ ᠪᠠᠷ ᠭᠡᠯᠡᠪᠡᠯ ᠤᠷᠤᠭ᠎ᠠ ᠨᠢ ᠵᠤᠠᠠᠰᠤᠠᠠᠰᠠᠨ ᠠᠴᠠ ᠬᠤᠶᠢᠰᠢ 12 ᠴᠠᠭ ᠤᠷᠴᠢᠮ ᠳᠤ ᠦᠨᠳᠡᠭᠡ ᠭᠠᠷᠭᠠᠨ᠎ᠠ᠃ ᠦᠨᠳᠡᠭᠡ ᠨᠢ ᠦᠨᠳᠡᠭᠡ ᠲᠠᠮᠵᠢᠭᠤᠯᠬᠤ ᠴᠤᠷᠭᠤᠨ ᠲᠤᠳᠤᠷ᠎ᠠ ᠦᠷ᠎ᠠ ᠲᠤᠠᠠᠳᠠᠬᠤ ᠴᠢᠳᠠᠪᠤᠷᠢ ᠲᠠᠢ ᠴᠠᠭ ᠨᠢ ᠪᠤᠯ 8~12 ᠴᠠᠭ ᠪᠤᠯᠤᠨ᠎ᠠ᠃ ᠦᠭᠡᠷ᠎ᠡ ᠪᠠᠷ ᠭᠡᠯᠡᠪᠡᠯ ᠡᠨᠡ ᠴᠠᠭ ᠤᠨ ᠲᠤᠳᠤᠷ᠎ᠠ ᠦᠷ᠎ᠡ ᠲᠤᠠᠠᠳᠠᠭᠠᠵᠤ ᠴᠢᠳᠠᠨ᠎ᠠ᠃

      8. ᠦᠨᠢᠶ᠎ᠠ ᠨᠢ ᠶᠠᠮᠠᠷ ᠭᠡᠳᠦᠨ ᠵᠢᠭᠳᠡᠢ ᠤᠷᠤᠭ᠎ᠠ ᠤᠷᠤᠬᠤ ᠰᠢᠨᠵᠢ ᠲᠠᠢ ᠪᠠᠶᠢᠳᠠᠭ ᠪᠤᠢ︖

      ᠦᠨᠢᠶᠠᠨ ᠤ ᠦᠷᠭᠦᠯᠵᠢ ᠲᠤᠭᠢᠶᠠᠯᠳᠤᠳᠠᠭ ᠵᠢᠭᠳᠡᠢ ᠤᠷᠤᠭ᠎ᠠ ᠳᠤ ᠲᠤᠤᠷᠠᠭᠢ ᠭᠡᠳᠦᠨ ᠵᠦᠢᠯ ᠤᠨ ᠢᠯᠡᠷᠡᠯ ᠪᠤᠢ᠃

      ︵1︶ ᠲᠤᠠᠠᠳᠠᠭᠤᠨ ᠤᠷᠤᠭᠠᠯᠠᠬᠤ᠄ ᠡᠨᠡ ᠨᠢ ᠦᠨᠢᠶᠠᠨ ᠳᠤ ᠤᠷᠤᠭ᠎ᠠ ᠶᠢᠨ ᠢᠯᠡᠷᠡᠯ ᠦᠭᠡᠢ᠃ ᠭᠡᠪᠡᠴᠤ ᠦᠨᠳᠡᠭᠡᠪᠴᠢ ᠲᠡᠭᠡᠷᠡᠭᠢ ᠦᠨᠳᠡᠭᠡᠨ ᠴᠦᠪᠤᠷᠢᠭᠦᠤ ᠨᠢ ᠮᠦᠨ ᠭᠦ ᠪᠤᠶᠢᠵᠢᠨ ᠪᠤᠯᠪᠠᠰᠤᠷᠠᠵᠤ ᠪᠠᠶᠢᠬᠤ ᠪᠦᠭᠡᠳ ᠦᠨᠳᠡᠭᠡ ᠭᠠᠷᠭᠠᠳᠠᠭ᠃

      ︵2︶ ᠬᠤᠷᠤᠮᠬᠠᠨ ᠤᠷᠤᠭᠠᠯᠠᠬᠤ᠄ ᠦᠨᠢᠶᠠᠨ ᠤ ᠤᠷᠤᠭ᠎ᠠ ᠶᠢᠨ ᠴᠠᠭ ᠨᠢ ᠲᠤᠩ ᠤᠬᠤᠷᠬᠠᠨ ᠪᠠᠶᠢᠵᠤ᠂ ᠰᠠᠶᠢᠨ ᠰᠢᠨᠵᠢᠭᠦ ᠦᠭᠡᠢ ᠪᠤᠯ ᠠᠮᠠᠷᠬᠠᠨ ᠦᠡᠭᠭᠡᠷᠡᠴᠢᠭᠡᠳᠡᠭ᠃ ᠡᠨᠡ ᠬᠦ ᠦᠵᠡᠭᠳᠡᠯ ᠠᠭᠠᠭᠢᠮ᠎ᠠ ᠬᠠᠯᠠᠭᠤᠨ ᠠᠭᠤᠷ ᠠᠮᠢᠰᠬᠤᠯ ᠲᠠᠢ ᠬᠤᠯᠪᠤᠭ᠎ᠠ ᠲᠠᠢ᠂ ᠤᠯᠠᠩᠭᠢ ᠳᠠᠭᠠᠨ ᠵᠤᠨ ᠤᠯᠠᠨ ᠲᠤᠭᠢᠶᠠᠯᠳᠤᠳᠠᠭ ᠪᠦᠭᠡᠳ ᠦᠨᠳᠡᠭᠡᠨ ᠴᠦᠪᠤᠷᠢᠭᠦᠤ ᠶᠢᠨ ᠪᠤᠶᠢᠵᠢᠯᠳᠡ ᠨᠢ ᠵᠤᠠᠠᠰᠤᠬᠤ ᠪᠤᠶᠤ ᠪᠤᠶᠢᠵᠢᠯᠳᠡ ᠨᠢ ᠬᠠᠷᠰᠢᠯᠠᠯ ᠳᠤ ᠤᠴᠠᠷᠠᠬᠤ ᠲᠠᠢ ᠬᠤᠯᠪᠤᠭ᠎ᠠ ᠲᠠᠢ᠃

      ︵3︶ ᠠᠯᠳᠠᠭ ᠤᠨᠤᠭ ᠤᠷᠤᠭᠠᠯᠠᠬᠤ᠄ ᠦᠨᠢᠶ᠎ᠠ ᠶᠢᠨ ᠤᠷᠤᠭᠠᠯᠠᠬᠤ ᠴᠠᠭ ᠨᠢ ᠲᠠᠰᠤᠯᠳᠠᠵᠤ᠂ ᠤᠷᠤᠭᠠᠨ ᠤ ᠬᠤᠭᠤᠴᠠᠭ᠎ᠠ ᠨᠢ ᠮᠠᠰᠢ ᠤᠷᠳᠤ ᠪᠤᠯᠳᠠᠭ᠃ ᠡᠨᠡ ᠨᠢ ᠦᠨᠳᠡᠭᠡᠪᠴᠢ ᠶᠢᠨ ᠲᠡᠭᠡᠷᠡᠭᠢ ᠦᠨᠳᠡᠭᠡᠨ ᠴᠦᠪᠤᠷᠢᠭᠦᠤ ᠨᠢ ᠰᠤᠯᠪᠢᠴᠢᠨ ᠪᠤᠶᠢᠵᠢᠬᠤ ᠠᠴᠠ ᠪᠤᠯᠤᠠᠠᠰᠠᠨ ᠶᠤᠮ᠃

       ︵4︶ ᠭᠡᠭᠡᠯᠳᠦᠬᠦᠯᠭᠡ ᠶᠢᠨ ᠤᠷᠤᠭ᠎ᠠ᠄ ᠦᠨᠢᠶ᠎ᠠ ᠨᠢ ᠭᠡᠭᠡᠯ ᠲᠤᠠᠠᠳᠠᠠᠰᠠᠨ ᠦᠶ᠎ᠠ ᠮᠦᠨ ᠭᠦ ᠤᠷᠤᠭᠠᠨ ᠤ ᠢᠯᠡᠷᠡᠯ ᠲᠠᠢ ᠪᠠᠶᠢᠳᠠᠭ᠃ ᠡᠭᠦᠨ ᠢ ᠭᠡᠭᠡᠯᠳᠦᠬᠦᠯᠭᠡ ᠶᠢᠨ ᠤᠷᠤᠭ᠎ᠠ ᠪᠠ ᠬᠠᠭᠤᠷᠮᠠᠭ ᠤᠷᠤᠭ᠎ᠠ ᠭᠡᠨ᠎ᠡ᠃ ᠦᠨᠢᠶ᠎ᠠ ᠭᠡᠭᠡᠯᠳᠦᠭᠰᠡᠨ ᠤ ᠪᠠᠨ ᠲᠦᠷᠦᠭᠦᠤ ᠭᠤᠷᠪᠡᠨ ᠰᠠᠷ᠎ᠠ ᠳᠤ ᠪᠠᠷᠤᠭ 3%~5% ᠶᠢᠨ ᠦᠨᠢᠶ᠎ᠠ ᠨᠢ ᠬᠠᠭᠤᠷᠮᠠᠭ ᠤᠷᠤᠭ᠎ᠠ ᠤᠷᠤᠳᠠᠭ᠃ ᠡᠨᠡ ᠨᠢ ᠬᠤᠷᠮᠤᠨ ᠤ ᠴᠢᠳᠠᠯ ᠰᠠᠮᠠᠭᠤᠷᠬᠠᠰᠠᠨ ᠠᠴᠠ ᠪᠤᠢ ᠪᠤᠯᠳᠠᠭ᠃

     9. ᠦᠨᠢᠶ᠎ᠠ ᠤᠷᠤᠭ᠎ᠠ ᠤᠷᠤᠠᠠᠰᠠᠨ ᠤ ᠰᠡᠭᠦᠯᠡᠷ ᠠᠯᠢ ᠦᠶ᠎ᠠ ᠳᠤ ᠭᠡᠭᠡᠯᠳᠦᠭᠦᠯᠭᠡ ᠭᠢᠪᠡᠯ ᠵᠤᠭᠢᠬᠤ ᠪᠤᠢ︖

       ᠲᠤᠷᠰᠢᠯᠭ᠎ᠠ ᠲᠠᠢ ᠭᠡᠭᠡᠯᠳᠦᠭᠦᠯᠭᠦ ᠠᠵᠢᠯ ᠤᠨ ᠠᠵᠢᠯᠳᠡᠳ ᠪᠤᠯ ᠦᠨᠢᠶᠠᠨ ᠤ ᠤᠷᠤᠭᠠᠨ ᠤ ᠢᠯᠡᠷᠡᠯ᠂ ᠭᠤᠭᠤᠵᠢᠬᠤ ᠰᠠᠯᠠᠢ ᠶᠢᠨ ᠰᠢᠨᠵᠢ ᠪᠤᠯᠤᠨ ᠰᠢᠯᠤᠭᠤᠨ ᠭᠡᠳᠡᠰᠤᠨ ᠤ ᠪᠠᠶᠢᠴᠠᠭᠠᠯᠳᠠ ᠪᠠᠷ ᠲᠠᠮᠵᠢᠨ ᠦᠨᠳᠡᠭᠡᠨ ᠴᠦᠪᠤᠷᠢᠭᠦᠤ ᠶᠢᠨ ᠪᠤᠶᠢᠵᠢᠯᠳᠡ ᠶᠢᠨ ᠪᠠᠶᠢᠳᠠᠯ ᠢ ᠦᠨᠳᠦᠰᠦᠯᠡᠨ ᠭᠡᠭᠡᠯᠳᠦᠭᠦᠯᠭᠦ ᠴᠠᠭ ᠢᠶᠠᠨ ᠲᠤᠠᠠᠳᠠᠭᠠᠳᠠᠭ᠃ ᠭᠠᠳᠠᠷ ᠭᠦᠳᠡᠯᠭᠡᠭᠡᠨ ᠤ ᠢᠯᠡᠷᠡᠯ ᠠᠴᠠ ᠨᠢ ᠠᠪᠴᠤ ᠭᠡᠯᠡᠪᠡᠯ ᠭᠤᠤᠯ ᠨᠢ ᠦᠨᠢᠶ᠎ᠠ ᠤᠷᠤᠭ᠎ᠠ ᠤᠷᠤᠭᠠᠳ ᠪᠤᠰᠤᠳ ᠦᠨᠢᠶ᠎ᠠ ᠬᠠᠷᠠᠶᠢᠵᠤ ᠴᠤᠷᠦ᠋ᠢᠬᠤ ᠦᠶᠡᠰ ᠭᠦᠳᠡᠯᠦᠯ ᠦᠭᠡᠢ ᠵᠤᠠᠠᠰᠤᠵᠤ ᠪᠠᠶᠢᠬᠤ ᠴᠠᠭ ᠠᠴᠠ ᠡᠭᠢᠯᠡᠨ 12~18 ᠴᠠᠭ ᠤᠨ ᠲᠠᠷᠠᠭ᠎ᠠ ᠭᠡᠭᠡᠯᠳᠦᠭᠦᠯᠭᠡ ᠭᠢᠨ᠎ᠠ᠃ ᠭᠤᠭᠤᠵᠢᠵᠤ ᠪᠦᠭᠦᠢ ᠰᠠᠯᠠᠢ ᠪᠠᠷ ᠨᠢ ᠲᠤᠠᠠᠳᠠᠭᠠᠬᠤ ᠳᠤ ᠰᠠᠯᠠᠢ ᠨᠢ ᠰᠢᠩᠭᠡᠨ ᠲᠤᠩᠭᠠᠯᠠᠭ ᠪᠠᠶᠢᠠᠠᠰᠠᠨ ᠠᠴᠠ ᠪᠠᠨ ᠦᠳᠭᠡᠷᠡᠨ ᠨᠢᠯᠴᠠᠭᠠᠶᠢᠷᠠᠨ ᠪᠤᠯᠠᠩᠭᠢᠷᠳᠤᠵᠤ᠂ ᠡᠷᠡᠭᠡᠢ ᠬᠤᠷᠤᠭᠤ᠂ ᠲᠤᠯᠤᠪᠤᠷ ᠬᠤᠷᠤᠭᠤᠨ ᠳᠤ ᠨᠠᠭᠠᠯᠳᠤᠭᠤᠯᠤᠭᠠᠳ 7~8 ᠤᠳᠠᠭ᠎ᠠ ᠲᠡᠯᠡᠵᠤ ᠴᠢᠩᠭᠠᠭᠠᠬᠤ ᠳᠤ ᠲᠠᠰᠤᠷᠠᠬᠤ ᠦᠭᠡᠢ ᠪᠠᠶᠢᠬᠤ ᠦᠶ᠎ᠠ ᠳᠤ ᠭᠡᠭᠡᠯᠳᠦᠭᠦᠯᠭᠡ ᠭᠢᠵᠤ ᠪᠤᠯᠤᠨ᠎ᠠ᠃ ᠰᠢᠯᠤᠭᠤᠨ ᠭᠡᠳᠡᠰᠤᠨ ᠤ ᠪᠠᠶᠢᠴᠠᠭᠠᠯᠳᠠ ᠭᠢᠭᠦ ᠳᠡᠭᠡᠨ ᠦᠨᠳᠡᠭᠡᠨ ᠴᠦᠪᠤᠷᠢᠭᠦᠤ ᠶᠢᠨ ᠳ᠋ᠢᠶᠠᠮᠧᠲᠷ ᠨᠢ 1.5cm ᠠᠴᠠ ᠲᠡᠭᠡᠭᠰᠢ ᠪᠤᠯᠵᠤ᠂ ᠮᠡᠳᠡᠭᠳᠡᠮ᠎ᠠ ᠭᠦᠳᠡᠯᠵᠤ᠂ ᠴᠦᠪᠤᠷᠢᠭᠦᠤ ᠶᠢᠨ ᠬᠠᠨ᠎ᠠ ᠨᠢ ᠨᠢᠮᠭᠡᠨ ᠪᠤᠯᠬᠤ ᠦᠶᠡᠰ ᠭᠡᠭᠡᠯᠳᠦᠭᠦᠯᠭᠡ ᠭᠢᠪᠡᠯ ᠲᠤᠭᠢᠷᠠᠮᠵᠢᠳᠡᠢ᠃

      10. ᠦᠨᠢᠶᠠᠨ ᠤ ᠭᠡᠭᠡᠯ ᠬᠠᠶᠠᠬᠤ ᠶᠢ ᠶᠠᠭᠠᠭᠢᠵᠤ ᠰᠡᠷᠭᠡᠶᠢᠯᠡᠭᠦ ᠪᠤᠢ︖

      ᠦᠨᠳᠡᠭᠡ ᠪᠤᠯᠤᠨ ᠦᠷ᠎ᠡ ᠨᠢ ᠤᠶᠠᠯᠳᠤᠨ ᠡᠪᠰᠡᠯ ᠪᠤᠯᠤᠭᠠᠳ ᠦᠨᠢᠶᠠᠨ ᠤ ᠭᠡᠪᠡᠯᠢ ᠳᠤ ᠪᠤᠶᠢᠵᠢᠬᠤ ᠪᠦᠭᠦ ᠶᠠᠪᠤᠴᠠ ᠶᠢ ᠭᠡᠭᠡᠯᠳᠦᠭᠦ ᠭᠡᠵᠤ ᠭᠡᠯᠡᠳᠡᠭ᠃ ᠦᠨᠢᠶ᠎ᠠ ᠭᠡᠭᠡᠯᠳᠦᠭᠰᠡᠨ ᠤ ᠰᠡᠭᠦᠯᠡᠷ ᠭᠡᠭᠡᠯ ᠢ ᠬᠠᠮᠠᠭᠠᠯᠠᠬᠤ ᠠᠵᠢᠯ ᠢ ᠰᠠᠶᠢᠳᠤᠷ ᠭᠢᠭᠦ ᠭᠡᠷᠡᠭᠳᠡᠢ᠃ ᠦᠨᠢᠶ᠎ᠠ ᠶᠢ ᠭᠡᠭᠡᠯ ᠬᠠᠶᠠᠭᠤᠯᠬᠤ ᠡᠯᠧᠮᠧᠨ᠋ᠲ ᠭᠡᠪᠡᠯ ᠭᠤᠤᠯ ᠨᠢ ᠭᠤᠷᠪᠡᠨ ᠵᠦᠢᠯ ᠪᠤᠢ᠃ ︵1︶ ᠭᠡᠭᠡᠯᠳᠦᠭᠦ ᠶᠠᠪᠤᠴᠠ ᠳᠠᠭᠠᠨ ᠦᠭᠦᠳᠡᠭ︔ ︵2︶ ᠰᠠᠪᠠ ᠨᠢ ᠭᠡᠨᠡᠳᠳᠡ ᠰᠤᠨᠢᠨ ᠵᠢᠭᠳᠡᠢ ᠪᠠᠷ ᠠᠪᠴᠢᠳᠠᠭ︔ ︵3︶ ᠦᠨᠢᠶᠠᠨ ᠤ ᠪᠠᠶᠡᠨ ᠳᠠᠬᠢ ᠱᠦᠭᠦᠷᠡᠯ ᠲᠤᠭᠢᠷᠠᠭᠤᠯᠬᠤ ᠴᠢᠳᠠᠪᠤᠷᠢ ᠨᠢ ᠰᠠᠮᠠᠭᠤᠷᠬᠠᠰᠠᠨ ᠢᠶᠠᠷ ᠭᠡᠭᠡᠯ ᠬᠠᠮᠠᠭᠠᠯᠠᠬᠤ ᠴᠢᠳᠠᠪᠤᠷᠢ ᠪᠠᠨ ᠠᠯᠳᠠᠳᠠᠭ ᠪᠠᠶᠢᠨ᠎ᠠ᠃ ᠡᠶᠢᠮᠤ ᠠᠴᠠ ᠭᠡᠭᠡᠯ ᠲᠠᠢ ᠦᠨᠢᠶᠠᠨ ᠳᠤ ᠤᠭᠤᠷᠬᠠᠳᠤ ᠡᠳ᠋᠂ ᠡᠷᠤᠳᠡᠰᠤᠨ ᠡᠳ᠋᠂ ᠺᠠᠯᠼ ᠪᠠᠷ ᠡᠯᠪᠡᠭ ᠪᠤᠷᠳᠤᠭ᠎ᠠ ᠪᠠᠷ ᠲᠡᠵᠢᠭᠡᠭᠦ ᠶᠢ ᠠᠩᠬᠠᠷᠬᠤ ᠭᠡᠷᠡᠭᠳᠡᠢ᠃ ᠤᠴᠢᠷ ᠨᠢ ᠡᠨᠡ ᠦᠶ᠎ᠠ ᠳᠤ ᠦᠨᠢᠶᠠᠨ ᠤ ᠲᠠᠵᠢᠭᠡᠯ ᠤᠨ ᠰᠢᠮ᠎ᠠ ᠨᠢ ᠭᠡᠳᠦᠷᠭᠡᠢ ᠪᠠᠭᠤᠷᠠᠬᠤ ᠪᠠ ᠢᠯᠠᠩᠭᠤᠶ᠎ᠠ ᠲᠡᠵᠢᠭᠡᠯ ᠪᠤᠷᠳᠤᠭ᠎ᠠ ᠶᠢᠨ ᠶᠠᠰᠤ ᠴᠢᠨᠠᠷ ᠨᠢ ᠮᠠᠭᠤᠳᠠᠬᠤ ᠳᠤ ᠭᠦᠷᠪᠡᠯ ᠦᠨᠢᠶᠠᠨ ᠤ ᠰᠠᠪᠠᠨ ᠤ ᠰᠦᠨ ᠱᠦᠭᠦᠷᠡᠯ ᠨᠢ ᠭᠦᠷᠦᠯᠴᠡᠭᠦ ᠦᠭᠡᠢ ᠪᠤᠯᠵᠤ᠂ ᠭᠡᠭᠡᠯ ᠤᠨ ᠪᠤᠶᠢᠵᠢᠯᠳᠡ ᠶᠢ ᠨᠦᠯᠦᠭᠡᠯᠡᠵᠤ᠂ ᠭᠡᠭᠡᠯ ᠢ ᠦᠭᠦᠭᠦᠯᠭᠦ ᠳᠤ ᠭᠦᠷᠦᠨ᠎ᠠ᠃ ᠡᠭᠦᠨ ᠠᠴᠠ ᠭᠠᠳᠠᠨ᠎ᠠ ᠢᠯᠵᠠᠷᠠᠵᠤ ᠸᠠᠯᠬᠠᠰᠠᠨ᠂ ᠭᠦᠴᠢᠯ ᠶᠡᠭᠡᠳᠡᠢ ᠪᠠ ᠭᠦᠯᠳᠡᠵᠤ ᠮᠦᠰᠦᠳᠦᠭᠰᠡᠨ ᠬᠤᠤᠷ ᠲᠠᠢ ᠪᠤᠷᠳᠤᠭ᠎ᠠ ᠪᠠᠷ ᠲᠠᠵᠢᠭᠡᠵᠤ ᠪᠤᠯᠬᠤ ᠦᠭᠡᠢ᠂ ᠡᠭᠦᠨ ᠤ ᠬᠠᠮᠳᠤ ᠵᠤᠭᠢᠰᠳᠡᠢ ᠭᠦᠳᠡᠯᠭᠡᠭᠦ ᠭᠡᠷᠡᠭᠳᠡᠢ᠃ ᠭᠡᠭᠦ ᠳᠡᠭᠡᠨ ᠲᠦᠷᠭᠡᠨ ᠭᠦᠳᠡᠯᠭᠡᠭᠦ ᠪᠤᠶᠤ ᠵᠤᠳᠤᠵᠤ ᠴᠤᠭᠢᠵᠤ ᠪᠤᠯᠬᠤ ᠦᠭᠡᠢ᠂ ᠲᠠᠷᠠᠴᠢᠯᠠᠨ ᠤᠨᠠᠵᠤ ᠲᠤᠰᠴᠤ ᠭᠡᠭᠡᠯ ᠬᠠᠶᠠᠬᠤ ᠠᠴᠠ ᠰᠡᠷᠭᠡᠶᠢᠯᠡᠭᠦ ᠭᠡᠷᠡᠭᠳᠡᠢ᠃ ᠲᠠᠳᠤᠯᠭ᠎ᠠ ᠲᠠᠢ ᠭᠡᠭᠡᠯ ᠬᠠᠶᠠᠬᠤ ᠪᠤᠶᠤ ᠭᠡᠭᠡᠯ ᠬᠠᠶᠠᠬᠤ ᠰᠢᠨᠵᠢ ᠲᠡᠮᠳᠡᠭ ᠲᠠᠢ ᠦᠨᠢᠶ᠎ᠠ ᠳᠤ ᠪᠤᠯ ᠴᠠᠭ ᠲᠠᠷᠤᠢ ᠳᠤᠨᠢ ᠭᠡᠭᠡᠯ ᠬᠠᠮᠠᠭᠠᠯᠠᠬᠤ ᠠᠷᠭ᠎ᠠ ᠭᠡᠮᠵᠢᠶ᠎ᠠ ᠠᠪᠴᠤ᠂ ᠠᠨ ᠲᠠᠢ ︵安胎︶ ᠡᠮ ᠦᠭᠭᠦ ᠪᠤᠶᠤ ᠶᠦᠨ ᠲᠦᠩ ︵孕酮︶ ᠡᠮ ᠵᠡᠭᠦᠯᠡᠭᠦ ᠭᠡᠷᠡᠭᠳᠡᠢ᠃

      11. ᠦᠨᠢᠶᠠᠨ ᠤ ᠲᠤᠭᠤᠯᠯᠠᠬᠤ ᠬᠤᠭᠤᠴᠠᠭ᠎ᠠ ᠶᠢ ᠨᠢ ᠶᠠᠭᠠᠭᠢᠵᠤ ᠪᠤᠳᠤᠵᠤ ᠮᠡᠳᠡᠭᠦ ᠪᠤᠢ︖

      ᠶᠠᠷᠦᠩᠭᠡᠢ ᠳᠡᠭᠡᠨ ᠦᠨᠢᠶᠠᠨ ᠤ ᠭᠡᠭᠡᠯ ᠲᠠᠢ ᠬᠤᠭᠤᠴᠠᠭ᠎ᠠ ᠨᠢ ᠪᠤᠯ 280~285 ᠬᠤᠨᠤᠭ ᠪᠠᠶᠢᠳᠠᠭ᠃ ᠭᠡᠪᠡᠴᠤ ᠦᠨᠢᠶ᠎ᠠ ᠶᠢᠨ ᠲᠤᠭᠤᠯᠯᠠᠬᠤ ᠤᠯᠠᠷᠢᠯ᠂ ᠲᠤᠭᠤᠯ ᠤᠨ ᠭᠦᠢᠰᠤ ᠢᠯᠭᠠᠯ ᠪᠠ ᠲᠤᠭ᠎ᠠ᠂ ᠨᠠᠰᠤ ᠵᠢᠯ ᠪᠠ ᠰᠢᠮ᠎ᠠ ᠲᠡᠵᠢᠭᠡᠯ ᠵᠡᠷᠭᠡ ᠶᠢᠨ ᠪᠠᠶᠢᠳᠠᠯ ᠠᠳᠠᠯᠢ ᠦᠭᠡᠢ ᠠᠴᠠ ᠪᠤᠯᠤᠭᠠᠳ ᠭᠡᠭᠡᠯ ᠤᠨ ᠬᠤᠭᠤᠴᠠᠭ᠎ᠠ ᠶᠢᠨ ᠤᠷᠳᠤ ᠤᠬᠤᠷ ᠨᠢ ᠪᠠᠰᠠ ᠵᠢᠭᠠᠬᠠᠨ ᠵᠦᠷᠢᠶ᠎ᠠ ᠲᠠᠢ ᠪᠠᠶᠢᠳᠠᠭ᠃ ᠦᠨᠢᠶᠠᠨ ᠤ ᠲᠤᠭᠤᠯᠯᠠᠬᠤ ᠴᠠᠭ ᠢ ᠪᠤᠳᠤᠬᠤ ᠳᠤ ᠰᠠᠷ᠎ᠠ ᠠᠴᠠ ᠨᠢ ᠭᠤᠷᠪᠡ ᠶᠢ ᠬᠠᠰᠤᠵᠤ᠂ ᠡᠳᠤᠷ ᠲᠡᠭᠡᠷ᠎ᠡ ᠨᠢ ᠵᠢᠷᠭᠤᠭ᠎ᠠ ᠶᠢ ᠨᠡᠮᠡᠵᠤ ᠪᠤᠳᠤᠪᠠᠯ ᠲᠠᠷᠤᠢ ᠲᠤᠭᠤᠯᠯᠠᠬᠤ ᠴᠠᠭ ᠨᠢ ᠪᠤᠯᠤᠨ᠎ᠠ᠃

      12. ᠦᠨᠢᠶ᠎ᠠ ᠲᠤᠭᠤᠯᠯᠠᠬᠤ ᠠᠴᠠ ᠪᠠᠨ ᠡᠮᠦᠨ᠎ᠠ ᠶᠠᠮᠠᠷ ᠰᠢᠨᠵᠢ ᠪᠠᠶᠢᠳᠠᠯ ᠲᠠᠢ ᠪᠠᠶᠢᠳᠠᠭ ᠪᠤᠢ︖

       ᠦᠨᠢᠶ᠎ᠠ ᠲᠤᠭᠤᠯᠯᠠᠬᠤ ᠠᠴᠠ ᠪᠠᠨ ᠡᠮᠦᠨ᠎ᠠ ᠲᠤᠤᠷᠠᠭᠢ ᠮᠡᠳᠤ ᠰᠢᠨᠵᠢ ᠪᠠᠶᠢᠳᠠᠯ ᠲᠠᠢ ᠪᠠᠶᠢᠳᠠᠭ᠃ ︵1︶ ᠲᠡᠯᠡᠩ ᠭᠦᠭᠦ ᠨᠢ ᠲᠤᠮᠤᠷᠠᠵᠤ᠂ ᠪᠠᠷᠤᠭ ᠲᠤᠭᠤᠯᠯᠠᠬᠤ ᠠᠴᠠ ᠪᠠᠨ ᠬᠠᠭᠠᠰ ᠰᠠᠷ᠎ᠠ ᠶᠢᠨ ᠡᠮᠦᠨ᠎ᠠ ᠠᠴᠠ ᠲᠡᠯᠡᠩ ᠨᠢ ᠬᠠᠪᠤᠳᠤᠨ ᠲᠤᠮᠤᠷᠠᠵᠤ᠂ ᠵᠠᠷᠢᠮ ᠦᠨᠢᠶᠠᠨ ᠤ ᠭᠦᠭᠦᠨ ᠠᠴᠠ ᠨᠢ ᠰᠢᠷᠠᠪᠳᠤᠷ ᠰᠢᠩᠭᠡᠨ ᠶᠠᠭᠤᠮ᠎ᠠ ᠭᠤᠭᠤᠵᠢᠳᠠᠭ᠃ ︵2︶ ᠮᠠᠰᠡᠢ ᠨᠢ ᠭᠦᠭᠡᠭᠡᠵᠤ᠂ ᠲᠤᠭᠤᠯᠯᠠᠬᠤ ᠠᠴᠠ ᠪᠠᠨ 1~2 ᠬᠤᠨᠤᠭ ᠤᠨ ᠡᠮᠦᠨ᠎ᠠ ᠠᠴᠠ ᠮᠠᠰᠡᠢ ᠠᠴᠠ ᠨᠢ ᠬᠤᠷᠤᠭᠤᠨ ᠭᠢᠷᠢ ᠪᠦᠳᠦᠭᠦᠨ ᠭᠡᠯᠭᠢᠶᠡᠵᠢᠭᠰᠡᠨ ᠡᠳ᠋ ᠭᠤᠭᠤᠵᠢᠵᠤ᠂ ᠮᠠᠰᠡᠢ ᠶᠢ ᠨᠢ ᠲᠠᠭᠠᠨ ᠤᠨᠵᠢᠢᠠᠠᠰᠠᠨ ᠪᠠᠶᠢᠳᠠᠭ᠃ ︵3︶ ᠠᠭᠠᠷᠴᠠᠭ ᠶᠠᠰᠤᠨ ᠤ ᠬᠤᠯᠪᠤᠭᠠᠰᠤ ᠨᠢ ᠰᠤᠯᠠᠷᠠᠵᠤ᠂ ᠬᠦᠡᠭᠬᠡᠷ᠎ᠠ ᠨᠢ ᠮᠡᠳᠡᠭᠳᠡᠮ᠎ᠠ ᠪᠠᠭᠤᠳᠠᠭ᠂ ᠡᠨᠡ ᠪᠤᠯ ᠲᠤᠭᠤᠯᠯᠠᠬᠤ ᠭᠡᠵᠤ ᠪᠠᠶᠢᠬᠤ ᠶᠢᠨ ᠭᠤᠤᠯ ᠤᠨᠴᠠᠯᠢᠭ ᠪᠤᠯᠤᠨ᠎ᠠ᠃ ︵4︶ ᠦᠨᠢᠶ᠎ᠠ ᠲᠤᠠᠠᠳᠠᠪᠤᠷᠢ ᠠᠯᠳᠠᠵᠤ᠂ ᠪᠠᠶᠢᠨ ᠲᠠᠭᠢᠨ ᠭᠡᠪᠳᠡᠭᠦ ᠪᠤᠰᠬᠤ ᠪᠠ ᠪᠠᠶᠢᠨ ᠪᠠᠶᠢᠨ ᠭᠡᠪᠡᠯᠢ ᠪᠠᠨ ᠴᠢᠩᠨᠠᠵᠤ ᠪᠠᠶᠢᠪᠠᠯ ᠲᠠᠷᠤᠢ ᠲᠤᠭᠤᠯᠯᠠᠬᠤ ᠭᠡᠵᠤ ᠪᠠᠶᠢᠬᠤ ᠶᠢ ᠬᠠᠷᠠᠭᠤᠯᠵᠤ ᠪᠠᠶᠢᠨ᠎ᠠ᠃ ᠦᠨᠢᠶ᠎ᠠ ᠤᠯᠠᠩᠭᠢ ᠳᠠᠭᠠᠨ ᠦᠳᠡᠰᠢ ᠤᠷᠤᠢ ᠪᠤᠶᠤ ᠰᠦᠨᠢ ᠲᠤᠭᠤᠯᠯᠠᠳᠠᠭ᠃

     13. ᠦᠨᠢᠶᠠᠨ ᠤ ᠲᠤᠭᠤᠯᠯᠠᠬᠤ ᠠᠴᠠ ᠡᠮᠦᠨ᠎ᠠ ᠬᠤᠶᠢᠨᠠᠭᠢ ᠶᠢᠨ ᠡᠷᠡᠭᠦᠯ ᠬᠠᠮᠠᠭᠠᠯᠠᠯ ᠤᠨ ᠠᠵᠢᠯ ᠢ ᠶᠠᠭᠠᠭᠢᠨ ᠰᠠᠶᠢᠨ ᠭᠢᠭᠦ ᠪᠤᠢ︖

       ᠡᠭᠦᠨ ᠳᠤ ᠬᠤᠶᠠᠷ ᠲᠠᠯ᠎ᠠ ᠶᠢᠨ ᠠᠵᠢᠯ ᠢ ᠭᠢᠪᠡᠯ ᠵᠤᠭᠢᠨ᠎ᠠ᠃ ︵1︶ ᠦᠨᠢᠶᠠᠨ ᠤ ᠪᠦᠭᠰᠡᠨ ᠪᠡᠶ᠎ᠠ ᠶᠢ ᠦᠷᠭᠦᠯᠵᠢ ᠴᠡᠪᠡᠷᠯᠡᠭᠦ ᠭᠡᠷᠡᠭᠳᠡᠢ᠂ ᠰᠡᠭᠦᠯ ᠪᠤᠶᠤ ᠮᠡᠰᠡᠢ ᠶᠢᠨ ᠭᠡᠰᠡᠭ ᠲᠤᠨᠢ ᠪᠤᠷᠳᠠᠭ ᠴᠢᠰᠤ ᠪᠠ ᠰᠢᠭᠡᠰᠤ ᠪᠠᠭᠠᠰᠤ ᠲᠠᠢ ᠪᠠᠶᠢᠯᠭᠠᠵᠤ ᠪᠤᠯᠬᠤ ᠦᠭᠡᠢ᠃ ︵2︶ ᠦᠨᠢᠶᠠᠨ ᠤ ᠭᠡᠪᠳᠡᠷᠢ ᠪᠤᠯᠤᠨ ᠤᠷᠴᠢᠨ ᠲᠤᠭᠤᠷᠢᠨ ᠢ ᠨᠢ ᠴᠠᠪᠡᠷ ᠪᠠᠶᠢᠯᠭᠠᠵᠤ᠂ ᠪᠠᠭᠠᠰᠤ ᠰᠢᠭᠡᠰᠤ᠂ ᠴᠢᠰᠤ ᠨᠦᠵᠢ ᠶᠢ ᠲᠠᠷᠦ᠋ᠢᠬᠠᠨ ᠴᠡᠪᠡᠷᠯᠡᠭᠦ ᠭᠡᠷᠡᠭᠳᠡᠢ᠃ ᠢᠡᠭᠭᠢᠪᠡᠯ ᠦᠨᠢᠶᠠᠨ ᠤ ᠲᠤᠭᠤᠯᠯᠬᠠᠰᠠᠨ ᠤ ᠰᠡᠭᠦᠯᠡᠷ ᠰᠢᠪᠬᠠᠷᠭ᠎ᠠ ᠪᠠᠨ ᠭᠠᠷᠭᠠᠬᠤ ᠴᠠᠭ ᠢ ᠪᠤᠭᠤᠨᠢᠰᠬᠠᠵᠤ᠂ ᠲᠤᠭᠤᠯᠯᠬᠠᠰᠠᠨ ᠤ ᠰᠡᠭᠦᠯᠡᠷ ᠰᠠᠪᠠ ᠨᠢ ᠤᠭ ᠭᠡᠪ ᠲᠡᠭᠡᠨ ᠪᠤᠴᠠᠬᠤ ᠳᠤ ᠠᠰᠢᠠᠠᠳᠠᠢ ᠮᠦᠷᠳᠡᠭᠡᠨ ᠪᠠᠰᠠ ᠦᠨᠢᠶ᠎ᠠ ᠲᠤᠭᠤᠯᠯᠬᠠᠰᠠᠨ ᠤ ᠰᠡᠭᠦᠯᠡᠷ ᠭᠡᠪ ᠤᠨ ᠪᠠᠶᠢᠳᠠᠯ ᠢᠶᠠᠷ ᠤᠷᠤᠭ᠎ᠠ ᠤᠷᠤᠵᠤ ᠴᠢᠳᠠᠨ᠎ᠠ᠃ ᠡᠳᠡᠭᠡᠷ ᠨᠢ ᠴᠦᠮ ᠦᠨᠢᠶᠠᠨ ᠤ ᠭᠡᠭᠡᠯ ᠲᠤᠠᠠᠳᠠᠬᠤ ᠨᠤᠷᠮ᠎ᠡ ᠲᠠᠢ ᠬᠤᠯᠪᠤᠭ᠎ᠠ ᠲᠠᠢ ᠶᠤᠮ᠃

      14. ᠦᠨᠢᠶ᠎ᠠ ᠲᠤᠭᠤᠯᠯᠬᠠᠰᠠᠨ ᠤ ᠰᠡᠭᠦᠯᠡᠷ ᠪᠤᠵᠠᠷ ᠪᠤᠷᠳᠠᠭ ᠶᠠᠭᠤᠮ᠎ᠠ ᠠᠷᠪᠢᠨ ᠭᠤᠭᠤᠵᠢᠳᠠᠭ ᠨᠢ ᠭᠡᠪ ᠤᠨ ᠦᠵᠡᠭᠳᠡᠯ ᠤᠤ︖
      ᠦᠨᠢᠶ᠎ᠠ ᠲᠤᠭᠤᠯᠯᠬᠠᠰᠠᠨ ᠤ ᠰᠡᠭᠦᠯᠡᠷ ᠰᠠᠪᠠᠨ ᠠᠴᠠ ᠨᠢ ᠭᠤᠭᠤᠵᠢᠬᠤ ᠡᠳ᠋ ᠢ ᠰᠢᠪᠬᠠᠷᠭ᠎ᠠ ᠭᠡᠳᠡᠭ᠃ ᠰᠢᠪᠬᠠᠷᠭ᠎ᠠ ᠨᠢ ᠪᠤᠯ ᠲᠤᠭᠤᠯᠯᠬᠠᠰᠠᠨ ᠤ ᠰᠡᠭᠦᠯᠡᠷ ᠰᠠᠪᠠᠨ ᠳᠠᠬᠢ ᠦᠯᠡᠳᠡᠭᠳᠡᠯ ᠡᠳ᠋ ᠪᠤᠯᠤᠨ᠎ᠠ᠃ ᠡᠭᠦᠨ ᠳᠤ ᠰᠠᠪᠠᠨ ᠤ ᠱᠦᠭᠦᠷᠡᠯ ᠡᠳ᠋᠂ ᠴᠢᠰᠤ ᠨᠦᠵᠢ ᠪᠤᠯᠤᠨ ᠭᠠᠷᠴᠤ ᠲᠠᠭᠤᠰᠤᠭᠠᠳᠤᠢ ᠬᠠᠯᠢᠶᠠᠷ ᠤᠨ ᠦᠯᠡᠳᠡᠭᠳᠡᠯ ᠵᠡᠷᠭᠡ ᠪᠠᠭᠳᠠᠨ᠎ᠠ᠃ ᠦᠨᠢᠶ᠎ᠠ ᠲᠤᠭᠤᠯᠯᠬᠠᠰᠠᠨ ᠤ ᠰᠡᠭᠦᠯᠡᠷ ᠰᠢᠪᠬᠠᠷᠭ᠎ᠠ ᠪᠠᠭᠤᠬᠤ ᠨᠢ ᠭᠡᠪ ᠤᠨ ᠦᠵᠡᠭᠳᠡᠯ ᠶᠤᠮ᠃ ᠦᠨᠢᠶᠠᠨ ᠤ ᠰᠠᠪᠠᠨ ᠳᠠᠬᠢ ᠰᠢᠪᠬᠠᠷᠭ᠎ᠠ ᠨᠢ ᠲᠤᠭᠤᠯᠯᠬᠠᠰᠠᠨ ᠤ ᠰᠡᠭᠦᠯᠡᠷ 48 ᠴᠠᠭ ᠲᠤ ᠠᠭᠠᠵᠢᠮ ᠢᠶᠠᠷ ᠨᠡᠮᠡᠭᠳᠡᠵᠤ᠂ 8 ᠬᠤᠨᠤᠭ ᠲᠡᠭᠡᠷ᠎ᠡ ᠠᠭᠠᠵᠢᠮ ᠢᠶᠠᠷ ᠪᠠᠭᠠᠰᠴᠤ᠂ 9~10 ᠬᠤᠨᠤᠭ ᠲᠡᠭᠡᠷ᠎ᠡ ᠪᠠᠨ ᠨᠡᠯᠢᠶᠡᠳ ᠴᠢᠰᠤ ᠲᠠᠢ ᠪᠠᠶᠢᠵᠤ᠂ ᠪᠠᠷᠤᠭ 12 ᠬᠤᠨᠤᠭ ᠠᠴᠠ ᠬᠤᠶᠢᠰᠢ ᠴᠢᠰᠤᠨ ᠤ ᠦᠡᠭᠭᠡ ᠨᠢ ᠠᠷᠢᠯᠳᠠᠭ ᠪᠠᠶᠢᠨ᠎ᠠ᠃

      15. ᠶᠠᠭᠤ ᠶᠢ ᠬᠠᠷᠪᠢᠰᠦ ᠭᠡᠳᠡᠭ ᠪᠤᠢ︖ ᠬᠠᠷᠪᠢᠰᠦ ᠨᠢ ᠤᠨᠠᠬᠤ ᠦᠭᠡᠢ ᠪᠤᠯ ᠶᠠᠭᠠᠭᠢᠪᠠᠯ ᠵᠤᠭᠢᠬᠤ ᠪᠤᠢ︖

      ᠬᠠᠷᠪᠢᠰᠦ ᠰᠠᠭᠠᠳᠠᠬᠤ ᠭᠡᠳᠡᠭ ᠨᠢ ᠦᠨᠢᠶ᠎ᠠ ᠲᠤᠭᠤᠯᠯᠬᠠᠰᠠᠨ ᠤ ᠰᠡᠭᠦᠯᠡᠷ᠂ ᠬᠠᠷᠪᠢᠰᠤ ᠪᠤᠯᠤᠨ ᠭᠦᠪᠤᠷᠡᠯ ᠤᠨ ᠪᠦᠷᠭᠦᠪᠴᠢ ᠨᠢ ᠹᠢᠽᠢᠤᠯᠤᠭᠢ ᠶᠢᠨ ᠭᠢᠵᠠᠭᠠᠷᠳᠤ ᠴᠠᠭ ᠲᠤ ᠪᠠᠭᠤᠠᠠᠰᠠᠨ ᠦᠭᠡᠢ ᠪᠠᠶᠢᠬᠤ ᠶᠢ ᠭᠡᠯᠡᠨ᠎ᠡ᠃ ᠹᠢᠽᠢᠤᠯᠤᠭᠢ ᠶᠢᠨ ᠭᠢᠵᠠᠭᠠᠷᠳᠤ ᠴᠠᠭ ᠨᠢ 12 ᠴᠠᠭ ᠪᠠᠶᠢᠳᠠᠭ᠃ ᠭᠡᠷᠪᠡ ᠲᠤᠭᠤᠯᠯᠬᠠᠰᠠᠨ ᠤ ᠰᠡᠭᠦᠯᠡᠷ 12 ᠴᠠᠭ ᠦᠡᠭᠭᠡᠷᠡᠪᠡᠯ ᠬᠠᠷᠪᠢᠰᠦ ᠨᠢ ᠰᠠᠭᠠᠳ᠋ᠬᠠᠰᠠᠨ ᠳᠤ ᠲᠤᠭᠠᠴᠬᠠᠳᠠᠬᠤ ᠪᠦᠭᠡᠳ 10%~15% ᠶᠢᠨ ᠦᠨᠢᠶ᠎ᠠ ᠨᠢ ᠡᠶᠢᠮᠤ ᠪᠠᠶᠢᠳᠠᠯ ᠲᠠᠢ ᠪᠤᠯᠳᠠᠭ᠃ ᠡᠶᠢᠮᠤ ᠭᠡᠮ ᠢ ᠡᠮ ᠢᠶᠠᠷ ᠪᠤᠶᠤ ᠮᠠᠰᠡ ᠵᠠᠰᠠᠯ ᠤᠨ ᠠᠷᠭ᠎ᠠ ᠪᠠᠷ ᠵᠠᠰᠠᠨ᠎ᠠ᠃ ︵1︶ ᠡᠮ ᠢᠶᠠᠷ ᠵᠠᠰᠠᠬᠤ᠃
       ① ᠡᠭᠦᠨ ᠳᠤ ᠬᠤᠷᠮᠤᠨ ᠤ ᠲᠦᠷᠦᠯ ᠤᠨ ᠡᠮ ᠪᠤᠯᠬᠤ ᠤᠷᠳᠤ ᠪᠤᠯᠴᠢᠷᠬᠠᠢ ᠶᠢᠨ ᠡᠮ ᠢ ᠡᠳᠤᠷ ᠲᠤ 10~20mg ᠭᠡᠷᠡᠭᠯᠡᠨ᠎ᠡ᠃ ② ᠹᠧᠨ᠋ᠽᠧᠨ᠋ᠳᠤ ᠮᠧᠲ᠋ᠢᠯ ᠭᠦᠴᠢᠯ ᠤᠨ ᠡᠮ᠎ᠡ ᠬᠤᠶᠠᠷᠴᠢ ᠠᠯᠺᠤᠤᠯ ᠢ ᠡᠳᠤᠷ ᠲᠤ 10~30mg᠂ ᠲᠦᠯᠯᠡᠭᠡ ᠶᠢ ᠱᠠᠯᠠᠪᠳᠠᠭᠤᠯᠬᠤ ᠡᠳ᠋ ᠢ ᠡᠳᠤᠷ ᠲᠤ 75~100 ᠶᠢᠨ ᠲᠡᠯᠡᠭᠡᠢ ᠶᠢᠨ ᠨᠢᠭᠡᠴᠢ ᠪᠠᠷ ᠭᠡᠷᠡᠭᠯᠡᠨ᠎ᠡ᠃ ᠪᠠᠺᠲ᠋ᠧᠷᠢ ᠡᠰᠡᠷᠭᠦᠴᠡᠬᠦ ᠡᠳ᠋ ᠤᠨ ᠲᠦᠷᠦᠯ ᠤᠨ ᠰᠧ ᠬᠤᠸᠠᠠ ᠰᠤ᠋᠂ ᠲᠦ᠋ ᠮᠸᠢ ᠰᠤ᠋ ᠶᠢ ᠡᠳᠤᠷ ᠲᠤ ᠬᠤᠶᠠᠷ ᠤᠳᠠᠭ᠎ᠠ 2g ᠭᠡᠷᠡᠭᠯᠡᠨ᠎ᠠ᠃ ③ ᠪᠤᠰᠤᠳ ᠡᠮ ᠲᠤᠬᠠᠶᠢᠯᠠᠪᠠᠯ 5%~10% ᠦᠨᠳᠤᠷ ᠨᠠᠪᠴᠢᠯᠳᠡ ᠲᠠᠢ ᠲᠠᠪᠤᠰᠤᠳᠤ ᠤᠰᠤ ᠶᠢ ᠬᠠᠷᠪᠢᠰᠤ ᠳᠤᠨᠢ ︵ᠬᠤᠶᠠᠳᠤᠭᠠᠷ ᠤᠳᠠᠭ᠎ᠠ︶ ᠵᠡᠭᠦᠯᠡᠨ᠎ᠡ᠃ ︵2︶ ᠮᠡᠰᠡ ᠵᠠᠰᠠᠯ ᠭᠢᠭᠦ᠃ ᠮᠡᠰᠡ ᠵᠠᠰᠠᠯ ᠭᠢᠭᠦ ᠳᠡᠭᠡᠨ ᠲᠦᠷᠪᠡᠨ ᠵᠦᠢᠯ ᠤᠨ ᠵᠠᠷᠴᠢᠮ ᠢ ᠪᠠᠷᠢᠮᠳᠠᠯᠠᠬᠤ ᠭᠡᠷᠡᠭᠳᠡᠢ᠃ ᠲᠤᠬᠠᠶᠢᠯᠠᠪᠠᠯ ᠴᠠᠭ ᠲᠤᠭᠢᠶᠠᠯ ᠢ ᠲᠤᠭᠢᠷᠠᠮᠵᠢᠳᠡᠢ ᠰᠤᠩᠭᠤᠬᠤ᠂ ᠴᠢᠩᠭ᠎ᠠ ᠨᠢᠠᠠᠳᠠ ᠠᠷᠢᠭᠤᠳᠬᠠᠬᠤ᠂ ᠴᠡᠪᠡᠷ ᠰᠠᠯᠭᠠᠬᠤ᠂ ᠰᠠᠪᠠ ᠶᠢ ᠪᠠᠭ᠎ᠠ ᠭᠡᠮᠳᠦᠭᠡᠭᠦ ᠶᠢ ᠭᠡᠯᠡᠵᠤ ᠪᠤᠢ᠃ ᠴᠠᠭ ᠲᠤᠭᠢᠶᠠᠯ ᠢ ᠲᠤᠭᠢᠷᠠᠮᠵᠢᠳᠡᠢ ᠰᠤᠩᠭᠤᠬᠤ ᠳᠠᠭᠠᠨ ᠭᠡᠳᠦᠷᠭᠡᠢ ᠡᠷᠳᠡᠳᠡᠪᠡᠯ᠂ ᠡᠭᠡ ᠦᠷ᠎ᠡ ᠬᠠᠷᠪᠢᠰᠤ ᠨᠢ ᠨᠢᠠᠠᠳᠠ ᠵᠠᠯᠭᠠᠯᠳᠤᠵᠤ ᠪᠠᠶᠢᠬᠤ ᠲᠤᠯᠠ ᠭᠦᠢᠴᠡᠳ ᠰᠠᠯᠭᠠᠬᠤ ᠳᠤ ᠪᠡᠷᠭᠡ ᠲᠠᠢ ᠪᠠᠶᠢᠳᠠᠭ᠃ ᠭᠡᠳᠦ ᠤᠷᠦ᠋ᠢᠳᠠᠪᠠᠯ ᠬᠠᠷᠪᠢᠰᠦ ᠶᠢ ᠰᠠᠯᠭᠠᠬᠤ ᠳᠤ ᠲᠦᠭᠦᠮ ᠦᠭᠡᠢ ᠪᠠᠶᠢᠳᠠᠭ᠃
      ᠡᠶᠢᠮᠤ ᠠᠴᠠ ᠲᠤᠭᠤᠯᠯᠬᠠᠰᠠᠨ ᠤ ᠲᠠᠷᠠᠭ᠎ᠠ 48~72 ᠴᠠᠭ ᠲᠤ ᠮᠠᠰᠠ ᠵᠠᠰᠠᠯ ᠭᠢᠪᠡᠯ ᠮᠠᠰᠢ ᠲᠤᠭᠢᠷᠠᠮᠵᠢᠳᠡᠢ᠃
      ᠵᠤᠨ ᠪᠤᠯ ᠵᠢᠭᠠᠬᠠᠨ ᠤᠷᠢᠳᠴᠢᠯᠠᠵᠤ᠂ ᠡᠪᠤᠯ ᠪᠤᠯ ᠪᠠᠭ᠎ᠠ ᠤᠷᠤᠢ ᠪᠠᠶᠢᠵᠦ ᠪᠤᠯᠤᠨ᠎ᠠ᠃ ᠰᠠᠯᠭᠠᠬᠤ ᠠᠴᠠ ᠪᠠᠨ ᠬᠠᠭᠠᠰ ᠴᠠᠭ ᠤᠨ ᠡᠮᠦᠨ᠎ᠠ ᠦᠨᠳᠤᠷ ᠨᠠᠪᠴᠢᠯᠳᠡ ᠲᠠᠢ ᠲᠠᠪᠤᠰᠤᠨ ᠤᠰᠤ ᠵᠡᠭᠦᠯᠡᠪᠡᠯ ᠬᠠᠷᠪᠢᠰᠤ ᠶᠢ ᠰᠠᠯᠭᠠᠬᠤ ᠳᠤ ᠲᠤᠰᠠᠳᠠᠢ᠃ ᠢᠯᠵᠠᠷᠬᠠᠰᠠᠨ ᠪᠠᠶᠢᠳᠠᠯ ᠲᠤᠤᠷ᠎ᠠ ᠤᠷᠢᠳ ᠢᠶᠠᠷ 1% ᠶᠢᠨ ᠦᠨᠳᠤᠷ ᠮᠠᠩᠭᠠᠨ ᠭᠦᠴᠢᠯ ᠤᠨ ᠺᠠᠯᠢ ᠪᠤᠶᠤ 1% ᠶᠢᠨ ᠰᠢᠨ᠎ᠠ ᠵᠢᠶᠧ ᠡᠯ ᠮᠢᠶᠧ ︵洁尔灭︶ ᠪᠠᠷ ᠤᠭᠢᠶᠠᠭᠠᠳ᠂ ᠬᠤᠶᠠᠷ ᠴᠠᠭ ᠶᠢᠨ ᠲᠠᠷᠠᠭ᠎ᠠ ᠪᠠᠺᠲ᠋ᠧᠷᠢ ᠡᠰᠡᠷᠭᠦᠴᠡᠬᠦ ᠡᠮ ᠴᠢᠩ ᠮᠸᠢ ᠰᠤ᠋ ᠶᠢ 800 ᠲᠦᠮᠡᠨ ᠨᠢᠭᠡᠴᠢ᠂ ᠯᠢᠶᠠᠨ ᠮᠸᠢ ᠰᠤ᠋ ᠶᠢ 2g ᠢᠶᠠᠷ ᠵᠡᠭᠦᠯᠡᠭᠦ ᠭᠡᠷᠡᠭᠳᠡᠢ᠃

      16. ᠦᠨᠢᠶ᠎ᠠ ᠲᠤᠭᠤᠯᠯᠬᠠᠰᠠᠨ ᠤ ᠰᠡᠭᠦᠯᠡᠷ ᠠᠯᠢ ᠦᠶ᠎ᠠ ᠳᠤ ᠲᠠᠭᠢᠨ ᠭᠡᠭᠡᠯᠳᠦᠭᠦᠯᠭᠡ ᠭᠢᠪᠡᠯ ᠵᠤᠭᠢᠬᠤ ᠪᠤᠢ︖

       ᠲᠤᠭᠤᠯᠯᠬᠠᠰᠠᠨ ᠦᠨᠢᠶᠠᠨ ᠳᠤ ᠶᠠᠮᠠᠷ ᠦᠶ᠎ᠠ ᠳᠤ ᠭᠡᠭᠡᠯᠳᠦᠭᠦᠯᠭᠡ ᠭᠢᠭᠦ ᠨᠢ ᠭᠡᠭᠡᠯ ᠲᠤᠠᠠᠳᠠᠬᠤ ᠨᠤᠷᠮ᠎ᠠ ᠪᠤᠯᠤᠨ ᠰᠦᠨ ᠤ ᠭᠠᠷᠤᠯᠳᠠ ᠳᠤ ᠴᠦᠮ ᠵᠤᠭᠢᠬᠤ ᠨᠦᠯᠦᠭᠡ ᠲᠠᠢ ᠶᠤᠮ᠃ ᠵᠠᠳᠠᠯᠤᠯᠳᠠ ᠶᠢ ᠦᠨᠳᠦᠰᠦᠯᠡᠪᠡᠯ ᠲᠤᠭᠤᠯᠯᠬᠠᠰᠠᠨ ᠦᠨᠢᠶᠠᠨ ᠳᠤ 40 ᠬᠤᠨᠤᠭ ᠤᠨ ᠲᠤᠳᠤᠷ᠎ᠠ ᠭᠡᠭᠡᠯᠳᠦᠭᠦᠯᠭᠡ ᠭᠢᠪᠡᠯ ᠭᠡᠭᠡᠯ ᠲᠤᠠᠠᠳᠠᠬᠤ ᠨᠤᠷᠮ᠎ᠠ ᠨᠢ ᠲᠤᠤᠷ᠎ᠠ ᠪᠠᠶᠢᠵᠤ᠂ 100 ᠬᠤᠨᠤᠭ ᠠᠴᠠ ᠭᠡᠳᠦᠷᠡᠪᠡᠯ ᠭᠡᠭᠡᠯ ᠲᠤᠠᠠᠳᠠᠬᠤ ᠨᠢ ᠨᠡᠩ ᠠᠨᠠᠢ ᠪᠠᠶᠢᠳᠠᠭ᠃ ᠡᠶᠢᠮᠤ ᠠᠴᠠ ᠲᠤᠭᠤᠯᠯᠬᠠᠰᠠᠨ ᠦᠨᠢᠶᠠᠨ ᠳᠤ 60~90 ᠬᠤᠨᠤᠭ ᠤᠨ ᠲᠤᠳᠤᠷ᠎ᠠ ᠭᠡᠭᠡᠯᠳᠦᠭᠦᠯᠭᠡ ᠭᠢᠪᠡᠯ ᠬᠠᠮᠤᠭ ᠤᠨ ᠲᠤᠭᠢᠷᠠᠮᠵᠢᠳᠡᠢ ᠪᠠᠶᠢᠳᠠᠭ᠃

       17. ᠦᠨᠢᠶᠠᠨ ᠳᠤ ᠭᠡᠳᠦᠨᠳᠡ ᠭᠡᠭᠡᠯᠳᠦᠭᠦᠯᠭᠡ ᠭᠢᠭᠰᠡᠨ ᠪᠠᠶᠢᠳᠠᠯ᠎ᠠ ᠭᠡᠭᠡᠯ ᠲᠤᠠᠠᠳᠠᠳᠠᠭ ᠦᠭᠡᠢ ᠨᠢ ᠶᠠᠮᠠᠷ ᠰᠢᠯᠳᠠᠭᠠᠨ ᠠᠴᠠ ᠪᠤᠯᠤᠠᠠᠰᠠᠨ ᠪᠤᠢ︖

       ᠦᠨᠢᠶᠠᠨ ᠳᠤ ᠤᠯᠠᠨ ᠤᠳᠠᠭ᠎ᠠ ᠭᠡᠭᠡᠯᠳᠦᠭᠦᠯᠭᠡ ᠭᠢᠭᠰᠡᠨ ᠪᠠᠶᠢᠳᠠᠯ᠎ᠠ ᠭᠡᠭᠡᠯᠳᠦᠭᠦ ᠦᠭᠡᠢ ᠪᠠᠶᠢᠪᠠᠯ ᠡᠩ ᠲᠡᠷᠢᠭᠦᠨ ᠳᠤ ᠪᠠᠶᠢᠴᠠᠭᠠᠯᠳᠠ ᠭᠢᠭᠦ ᠭᠡᠷᠡᠭᠳᠡᠢ᠃ ᠦᠷ᠎ᠡ ᠶᠢᠨ ᠴᠢᠨᠠᠷ ᠪᠤᠯᠤᠨ ᠭᠡᠭᠡᠯᠳᠦᠭᠦᠯᠭᠦ ᠮᠡᠷᠭᠡᠵᠢᠯ ᠨᠢ ᠠᠰᠠᠭᠤᠳᠠᠯ ᠲᠠᠢ ᠪᠠᠶᠢᠬᠤ ᠡᠰᠡᠭᠦ ᠶᠢ ᠪᠠᠶᠢᠴᠠᠭᠠᠬᠤ᠂ ᠲᠠᠷᠠᠭ᠎ᠠ ᠪᠠᠷ ᠨᠢ ᠭᠡᠪ ᠤᠨ ᠤᠷᠤᠭ᠎ᠠ ᠤᠷᠤᠵᠤ ᠪᠠᠶᠢᠬᠤ ᠡᠰᠡᠭᠦ ᠶᠢ ᠪᠠᠶᠢᠴᠠᠭᠠᠨ᠎ᠠ᠃ ᠭᠡᠷᠪᠡ 20 ᠬᠤᠨᠤᠭ ᠤᠷᠴᠢᠮ ᠨᠢᠭᠡ ᠤᠳᠠᠭ᠎ᠠ ᠤᠷᠤᠭ᠎ᠠ ᠤᠷᠤᠵᠤ ᠪᠠᠶᠢᠪᠠᠯ ᠦᠶᠡᠯᠡᠯ ᠤᠨ ᠬᠤᠭᠤᠴᠠᠭ᠎ᠠ ᠨᠢ ᠭᠡᠪ ᠤᠨ ᠪᠠᠶᠢᠬᠤ ᠶᠢ ᠬᠠᠷᠠᠭᠤᠯᠤᠨ᠎ᠠ᠃ ᠭᠡᠷᠪᠡ ᠭᠡᠭᠡᠯᠳᠦᠭᠦᠯᠭᠡ ᠭᠢᠭᠡᠳ ᠰᠠᠷ᠎ᠠ ᠢᠯᠡᠭᠦᠤ ᠪᠤᠯᠤᠭᠠᠳ ᠲᠠᠭᠢᠨ ᠤᠷᠤᠭ᠎ᠠ ᠤᠷᠤᠵᠤ ᠪᠠᠶᠢᠪᠠᠯ ᠭᠡᠭᠡᠯᠳᠦᠭᠦᠯᠭᠡ ᠭᠢᠭᠰᠡᠨ ᠤ 7 ᠬᠤᠨᠤᠭ ᠪᠤᠶᠤ 11 ᠬᠤᠨᠤᠭ ᠲᠤᠨᠢ ᠶᠦᠨ ᠲᠦᠩ ᠡᠮ ᠢ 100mg ᠵᠡᠭᠦᠯᠡᠭᠦ ᠭᠡᠷᠡᠭᠳᠡᠢ᠃ ᠡᠭᠦᠨ ᠠᠴᠠ ᠭᠠᠳᠠᠨ᠎ᠠ ᠲᠤᠰ ᠦᠨᠢᠶ᠎ᠠ ᠨᠢ ᠤᠷᠤᠭ᠎ᠠ ᠤᠷᠤᠬᠤ ᠦᠶᠡᠰ ᠮᠠᠰᠡᠢ ᠠᠴᠠ ᠨᠢ ᠭᠤᠭᠤᠵᠢᠵᠤ ᠪᠠᠶᠢᠬᠤ ᠰᠠᠯᠠᠢ ᠨᠢ ᠭᠡᠪ ᠤᠨ ᠪᠠᠶᠢᠬᠤ ᠡᠰᠡᠭᠦ ᠶᠢ ᠪᠠᠶᠢᠴᠠᠭᠠᠨ᠎ᠠ᠃ ᠰᠠᠯᠠᠢ ᠲᠤᠳᠤᠷ᠎ᠠ ᠨᠢ ᠰᠢᠷᠭᠡᠭᠯᠢᠭ ᠭᠡᠯᠪᠡᠷᠢ ᠶᠢᠨ ᠪᠤᠶᠤ ᠮᠦᠭᠦᠯᠢᠭ ᠡᠳ᠋ ᠬᠤᠯᠢᠯᠳᠤᠵᠤ ᠪᠠᠶᠢᠪᠠᠯ ᠡᠨᠡ ᠦᠨᠢᠶ᠎ᠠ ᠰᠠᠪᠠᠨ ᠤ ᠦᠷᠪᠢᠰᠦᠯ ᠤᠨ ᠭᠡᠮ ᠳᠤ ᠨᠡᠷᠪᠡᠭᠳᠡᠭᠰᠡᠨ ᠢ ᠬᠠᠷᠠᠭᠤᠯᠵᠤ ᠪᠠᠶᠢᠨ᠎ᠠ᠃ ᠰᠠᠪᠠᠨ ᠤ ᠲᠤᠳᠤᠷ᠎ᠠ ᠪᠦᠷᠭᠦᠪᠴᠢ ᠶᠢᠨ ᠲᠦᠷᠭᠡᠨ ᠴᠢᠨᠠᠷᠳᠡᠢ ᠦᠷᠪᠢᠰᠦᠯ ᠤᠯᠤᠠᠠᠰᠠᠨ ᠪᠤᠯ ᠪᠦᠭᠦ ᠪᠡᠶᠡᠨ ᠳᠤ ᠨᠢ ᠶᠡᠭᠡ ᠭᠡᠮᠵᠢᠶᠠᠨ ᠤ ᠪᠠᠺᠲ᠋ᠧᠷᠢ ᠡᠰᠡᠷᠭᠦᠴᠡᠬᠦ ᠡᠳ᠋ ᠭᠡᠷᠡᠭᠯᠡᠵᠤ᠂ ᠲᠠᠷᠠᠭ᠎ᠠ ᠪᠠᠷ ᠨᠢ ᠶᠡᠭᠡ ᠭᠡᠮᠵᠢᠶᠠᠨ ᠤ ᠰᠢᠩᠭᠡᠨ ᠶᠡᠭᠦᠯᠡᠭᠦ ᠭᠡᠷᠡᠭᠳᠡᠢ᠃ 4000 ᠲᠦᠮᠡᠨ ᠨᠢᠭᠡᠴᠢ ᠶᠢᠨ ᠴᠢᠩ ᠮᠸᠢ ᠰᠤ᠋᠂ 2000mg ᠰᠢᠭᠢᠷᠳᠤ ᠨᠠᠲᠷᠢ᠂ 20mL 20% ᠶᠢᠨ ᠠᠨ ᠨᠠ ᠵᠢᠶᠠ᠂ 50mL 10% ᠶᠢᠨ ᠸᠢᠲ᠋ᠠᠮᠢᠨ C᠂ 25mg ᠳ᠋ᠢ ᠮᠢ ᠡᠮ ᠢ ᠨᠠᠮᠵᠢᠭᠤᠨ ᠰᠤᠳᠠᠯ ᠢᠶᠠᠷ ᠨᠢ ᠶᠡᠭᠦᠯᠡᠭᠦ ᠭᠡᠷᠡᠭᠳᠡᠢ᠃ 0.1% ᠶᠢᠨ ᠰᠢᠨ᠎ᠠ ᠵᠢᠶᠧ ᠡᠯ ᠮᠢᠶᠧ ᠡᠮ ᠢᠶᠠᠷ ᠰᠠᠪᠠ ᠶᠢ ᠨᠢ ᠤᠭᠢᠶᠠᠵᠤ᠂ ᠲᠠᠷᠠᠭ᠎ᠠ ᠪᠠᠷ ᠨᠢ 2g ᠲᠦ᠋ ᠮᠸᠢ ᠰᠤ᠋ ᠶᠢᠨ ᠲᠠᠯᠬ᠎ᠠ ᠡᠮ ᠨᠡᠮᠡᠵᠤ᠂ ᠪᠠᠶᠢᠳᠠᠯ ᠢ ᠨᠢ ᠦᠨᠳᠦᠰᠦᠯᠡᠨ ᠦᠷᠭᠦᠯᠵᠢᠯᠡᠨ 3~4 ᠤᠳᠠᠭ᠎ᠠ ᠭᠡᠷᠡᠭᠯᠡᠭᠦ ᠭᠡᠷᠡᠭᠳᠡᠢ᠃ ᠰᠠᠪᠠᠨ ᠤ ᠪᠦᠷᠭᠦᠪᠴᠢ ᠶᠢᠨ ᠤᠳᠠᠭᠠᠨ ᠴᠢᠨᠠᠷᠳᠡᠢ ᠦᠷᠪᠢᠰᠦᠯ ᠪᠤᠯ ᠡᠮ᠎ᠠ ᠬᠤᠷᠮᠤᠨ ᠤ ᠹᠧᠨ᠋ᠽᠧᠨ᠋ᠳᠤ ᠮᠧᠲ᠋ᠢᠯ ᠭᠦᠴᠢᠯ ᠤᠨ ᠡᠮ᠎ᠡ ᠬᠤᠶᠠᠷᠴᠢ ᠠᠯᠺᠤᠤᠯ 10mL ᠢ ᠰᠠᠪᠠᠨ ᠳᠤᠨᠢ ᠵᠡᠭᠦᠯᠡᠵᠤ᠂ ᠲᠠᠷᠠᠭ᠎ᠠ ᠪᠠᠷ ᠨᠢ 2g ᠲᠦ᠋ ᠮᠸᠢ ᠰᠤ᠋ ᠪᠤᠶᠤ 3g ᠰᠧ ᠬᠤᠸᠠᠨ ᠰᠤ᠋ ᠶᠢ ᠵᠡᠭᠦᠯᠡᠭᠦ ᠭᠡᠷᠡᠭᠳᠡᠢ᠃ ᠲᠦᠷᠭᠡᠨ ᠴᠢᠨᠠᠷᠳᠡᠢ ᠰᠠᠪᠠᠨ ᠤ ᠦᠷᠪᠢᠰᠦᠯ ᠲᠠᠢ ᠦᠨᠢᠶᠠᠨ ᠳᠤ ᠭᠡᠭᠡᠯᠳᠦᠭᠦᠯᠭᠡ ᠭᠢᠭᠦ ᠠᠴᠠ ᠪᠠᠨ ᠡᠮᠦᠨ᠎ᠠ 40 ᠲᠦᠮᠡᠨ ᠨᠢᠭᠡᠴᠢ ᠶᠢᠨ ᠴᠢᠩ ᠮᠸᠢ ᠰᠤ᠋᠂ 0.5g ᠯᠢᠶᠠᠨ ᠮᠸᠢ ᠰᠤ᠋ ᠲᠠᠢ ᠲᠠᠪᠤᠰᠤᠳᠤ ᠤᠰᠤ ᠪᠠᠷ ᠰᠠᠪᠠ ᠶᠢ ᠨᠢ ᠰᠦᠷᠴᠢᠨ ᠤᠭᠢᠶᠠᠵᠤ ᠪᠤᠯᠤᠨ᠎ᠠ᠃ ᠦᠨᠢᠶᠠᠨ ᠤ ᠦᠨᠳᠡᠭᠡᠪᠴᠢ ᠶᠢ ᠪᠤᠯ ᠤᠷᠤᠭ᠎ᠠ ᠤᠷᠤᠠᠠᠰᠠᠨ ᠦᠶ᠎ᠠ ᠳᠤ ᠭᠤᠤᠯ ᠨᠢ ᠦᠨᠳᠡᠭᠡᠪᠴᠢ ᠲᠡᠭᠡᠷ᠎ᠡ ᠨᠢ ᠦᠨᠳᠡᠭᠡᠨ ᠴᠦᠪᠤᠷᠢᠭᠦᠤ ᠪᠤᠶᠢᠵᠢᠠᠠᠰᠠᠨ ᠡᠰᠡᠭᠦ ᠶᠢ ᠪᠠᠶᠢᠴᠠᠭᠠᠬᠤ ᠭᠡᠷᠡᠭᠳᠡᠢ᠃ ᠵᠠᠷᠢᠮ ᠦᠨᠢᠶᠠᠳ ᠤᠨ ᠤᠷᠤᠭ᠎ᠠ ᠤᠷᠤᠬᠤ ᠭᠠᠳᠠᠷ ᠪᠠᠶᠢᠳᠠᠯ ᠨᠢ ᠮᠠᠰᠢ ᠢᠯᠡᠷᠭᠡᠢ ᠪᠠᠶᠢᠳᠠᠯ᠎ᠠ ᠪᠠᠨ ᠦᠨᠳᠡᠭᠡᠨ ᠴᠦᠪᠤᠷᠢᠭᠦᠤ ᠶᠢᠨ ᠪᠤᠶᠢᠵᠢᠯᠳᠡ ᠨᠢ ᠵᠡᠷᠡᠮᠳᠡᠭ ᠵᠤᠠᠠᠰᠤᠴᠢᠬᠠᠭᠠᠳ᠂ ᠵᠦᠪᠭᠡᠨ ᠤᠷᠤᠭᠠᠨ ᠤ ᠰᠢᠨᠵᠢ ᠪᠠᠶᠢᠳᠠᠯ ᠲᠠᠢ ᠪᠠᠶᠢᠵᠤ᠂ ᠦᠨᠳᠡᠭᠡ ᠭᠠᠷᠭᠠᠬᠤ ᠦᠭᠡᠢ ᠪᠠᠶᠢᠳᠠᠭ᠃ ᠴᠡᠯᠮᠡᠨ ᠪᠦᠷᠭᠦᠪᠴᠢ ᠪᠠᠷ ᠪᠡᠯᠭᠡ ᠶᠢᠨ ᠪᠤᠯᠴᠢᠷᠬᠠᠢ ᠶᠢᠨ ᠬᠤᠷᠮᠤᠨ ᠢ ᠭᠦᠳᠡᠯᠭᠡᠨ ᠦᠨᠳᠡᠭᠡ ᠭᠠᠷᠭᠠᠯᠭᠠᠵᠤ ᠭᠡᠭᠡᠯ ᠲᠤᠠᠠᠳᠠᠬᠤ ᠨᠤᠷᠮ᠎ᠠ ᠶᠢ ᠲᠡᠭᠡᠭᠰᠢᠯᠡᠭᠦᠯᠵᠤ ᠪᠤᠯᠤᠨ᠎ᠠ᠃

       18. ᠶᠠᠭᠤᠨ ᠤ ᠤᠴᠢᠷ ᠠᠴᠠ ᠦᠨᠢᠶ᠎ᠠ ᠶᠢ ᠵᠤᠨ ᠲᠤᠭᠤᠯᠯᠠᠬᠤ ᠠᠴᠠ ᠵᠠᠶᠢᠯᠠᠭᠤᠯᠳᠠᠭ ᠪᠤᠢ︖

       ᠤᠴᠢᠷ ᠨᠢ ᠬᠠᠷ᠎ᠠ ᠠᠯᠠᠭ ᠦᠨᠢᠶ᠎ᠠ ᠪᠤᠯ ᠬᠠᠯᠠᠭᠤᠨ ᠠᠴᠠ ᠠᠶᠤᠳᠠᠭ᠃ ᠵᠤᠨ ᠤ ᠴᠠᠭ ᠲᠤᠯᠠᠭᠠᠨ ᠤ ᠭᠡᠮᠵᠢᠶ᠎ᠠ ᠦᠨᠳᠤᠷ ᠲᠤᠯᠠ ᠰᠠᠭᠠᠯᠢ ᠶᠢᠨ ᠦᠨᠢᠶ᠎ᠠ ᠠᠮᠢᠰᠬᠤᠯ ᠲᠠᠪᠬᠤᠴᠠᠵᠤ᠂ ᠢᠳᠡᠭᠦ ᠨᠢ ᠪᠠᠭᠠᠰᠴᠤ᠂ ᠰᠦᠨ ᠤ ᠱᠦᠭᠦᠷᠡᠯᠳᠡ ᠨᠢ ᠴᠤ ᠪᠠᠭᠤᠷᠠᠳᠠᠭ ᠪᠦᠭᠡᠳ ᠵᠤᠨ ᠲᠤᠭᠤᠯᠯᠠᠬᠤ ᠨᠢ ᠡᠭᠡ ᠲᠤᠭᠤᠯ ᠳᠤᠨᠢ ᠴᠦᠮ ᠠᠶᠤᠯ ᠲᠤᠯᠭᠠᠷᠠᠵᠤ ᠮᠡᠳᠡᠨ᠎ᠡ᠃      
        ᠡᠭᠦᠨ ᠤ ᠬᠠᠮᠳᠤ ᠵᠤᠨ ᠤ ᠴᠠᠭ ᠠᠭᠤᠷ ᠠᠮᠢᠰᠬᠤᠯ ᠬᠠᠯᠠᠭᠤᠨ ᠠᠴᠠ ᠪᠤᠯᠤᠭᠠᠳ ᠪᠠᠺᠲ᠋ᠧᠷᠢ ᠮᠠᠰᠢ ᠲᠦᠷᠭᠡᠨ ᠦᠷᠡᠵᠢᠳᠡᠭ ᠪᠤᠯᠬᠤᠷ ᠲᠤᠭᠤᠯᠯᠬᠠᠰᠠᠨ ᠦᠨᠢᠶᠠᠨ ᠤ ᠰᠠᠪᠠ ᠨᠢ ᠠᠮᠠᠷᠬᠠᠨ ᠦᠷᠪᠢᠰᠭᠦ ᠪᠠ ᠭᠡᠷᠪᠡ ᠬᠠᠮᠢᠶᠠᠷᠤᠯᠳᠠ ᠨᠢ ᠪᠠᠷᠤᠠᠠᠳᠠᠢ ᠪᠤᠶᠤ ᠡᠭᠦᠨ ᠤ ᠲᠡᠭᠡᠷ᠎ᠡ ᠬᠠᠷᠪᠢᠰᠦ ᠨᠢ ᠰᠠᠭᠠᠳᠠᠬᠤ ᠶᠤᠮ ᠪᠤᠯ ᠰᠠᠪᠠ ᠨᠢ ᠭᠦᠨᠳᠤ ᠨᠤᠴᠢᠳᠠᠢ ᠦᠷᠪᠢᠰᠴᠤ᠂ ᠬᠤᠵᠢᠮ ᠨᠢ ᠭᠡᠳᠦᠢ ᠭᠡᠭᠡᠯᠳᠦᠭᠦᠯᠭᠡ ᠭᠢᠪᠡᠴᠤ ᠭᠡᠭᠡᠯ ᠲᠤᠠᠠᠳᠠᠬᠤ ᠦᠭᠡᠢ ᠪᠤᠯᠤᠨ᠎ᠠ᠃ ᠲᠠᠷᠠᠴᠢᠯᠠᠨ ᠵᠤᠨ ᠲᠤᠭᠤᠯᠯᠬᠠᠰᠠᠨ ᠦᠨᠢᠶ᠎ᠠ ᠶᠢᠨ ᠰᠦᠨ ᠤ ᠭᠠᠷᠤᠯᠳᠠ ᠶᠢ 10 ᠰᠠᠷ᠎ᠠ ᠳᠤ ᠲᠤᠭᠤᠯᠯᠬᠠᠰᠠᠨ ᠦᠨᠢᠶ᠎ᠠ ᠶᠢᠨ ᠬᠢ ᠲᠠᠢ ᠠᠳᠠᠯᠢᠳᠬᠠᠪᠠᠯ ᠰᠦᠨ ᠭᠠᠷᠤᠯᠳᠠ ᠨᠢ ᠪᠠᠭ᠋ᠠᠨ ᠪᠠᠭ᠎ᠠ ᠪᠠᠶᠢᠳᠠᠭ᠃ ᠡᠶᠢᠮᠤ ᠠᠴᠠ ᠵᠤᠨ ᠤ ᠬᠠᠯᠠᠭᠤᠨ ᠢ ᠪᠠᠭᠤᠷᠠᠭᠤᠯᠬᠤ ᠠᠶᠤᠯ ᠦᠬᠡᠢ ᠠᠵᠢᠯ ᠤᠳ ᠢ ᠵᠠᠪᠠᠯ ᠰᠠᠶᠢᠨ ᠭᠢᠵᠤ᠂ ᠦᠨᠢᠶᠠᠨ ᠤ ᠰᠢᠯᠤᠭᠤᠬᠠᠨ ᠲᠤᠭᠤᠯᠯᠠᠬᠤ ᠶᠢ ᠪᠠᠳᠤᠯᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ