︵1︶ ᠥᠨᠳᠥᠷ ᠬᠠᠯᠠᠭᠤᠨ
ᠨᠢᠭᠡ ᠡᠳᠥᠷ ᠤᠨ ᠬᠠᠮᠤᠭ ᠥᠨᠳᠥᠷ ᠠᠭᠠᠷ ᠤᠨ ᠲᠤᠯᠠᠭᠠᠨ ᠤ ᠭᠡᠮᠵᠢᠶ᠎ᠡ ᠨᠢ 35℃ ᠬᠥᠷᠬᠦ ᠪᠤᠶᠤ ᠭᠡᠳᠥᠷᠡᠪᠡᠯ ᠥᠨᠳᠥᠷ ᠬᠠᠯᠠᠭᠤᠨ ᠤ ᠴᠠᠭ ᠠᠭᠤᠷ ᠭᠡᠳᠡᠭ᠃ ᠭᠡᠷᠪᠡ ᠥᠷᠬᠦᠯᠵᠢᠯᠡᠨ ᠭᠡᠳᠥᠨ ᠡᠳᠥᠷ ᠬᠠᠮᠤᠭ ᠥᠨᠳᠥᠷ ᠠᠭᠠᠷ ᠤᠨ ᠲᠤᠯᠠᠭᠠᠨ ᠤ ᠭᠡᠮᠵᠢᠶ᠎ᠡ ᠨᠢ ᠪᠥᠷ 35℃ ᠠᠴᠠ ᠭᠡᠳᠥᠷᠡᠪᠡᠯ ᠬᠥᠮᠥᠰ ᠲᠡᠬᠦᠨ ᠢ ︽ᠥᠨᠳᠥᠷ ᠬᠠᠯᠠᠭᠤᠨ ᠠᠭᠠᠷ ᠤᠷᠤᠰᠬᠠᠯ︾ ᠤᠨ ᠴᠠᠭ ᠠᠭᠤᠷ ᠬᠡᠳᠡᠭ᠃ ᠥᠪᠥᠷ ᠮᠤᠩᠭᠤᠯ ᠤᠨ ᠥᠨᠳᠥᠷ ᠬᠠᠯᠠᠭᠤᠨ ᠤ ᠴᠠᠭ ᠠᠭᠤᠷ ᠨᠢ ᠭᠤᠤᠯᠳᠠᠭᠤ 6 ᠳ᠋ᠤᠭᠠᠷ ᠰᠠᠷ᠎ᠠ ᠶᠢᠨ ᠲᠤᠮᠳᠠᠴᠢ ᠠᠴᠠ 8 ᠳ᠋ᠤᠭᠠᠷ ᠰᠠᠷ᠎ᠠ ᠶᠢᠨ ᠡᠬᠢ ᠬᠥᠷᠳᠡᠯ᠎ᠡ ᠢᠯᠡᠷᠡᠳᠡᠭ ᠶᠤᠮ᠃ ᠥᠨᠳᠥᠷ ᠬᠠᠯᠠᠭᠤᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠦᠨᠳᠤᠷ ᠬᠠᠯᠠᠭᠤᠨ ᠤ ᠴᠠᠭ ᠬᠤᠭᠤᠴᠠᠭᠠᠨ ᠳᠤ ᠭᠠᠳᠠᠨᠠᠬᠢ ᠬᠦᠳᠡᠯᠭᠡᠭᠡᠨ ᠠᠴᠠ ᠴᠢᠳᠠᠬᠤ ᠶᠢᠨ ᠲᠤᠳᠤᠷ᠎ᠠ ᠵᠠᠶᠢᠯᠠᠰᠭᠢᠵᠤ᠂ ᠦᠨᠳᠤᠷ ᠬᠠᠯᠠᠭᠤᠨ ᠤ ᠤᠷᠴᠢᠨ ᠨᠦᠬᠦᠴᠡᠯ ᠳᠤ ᠠᠵᠢᠯᠯᠠᠭᠰᠠᠳ ᠠᠵᠢᠯᠯᠠᠬᠤ ᠴᠠᠭ ᠢᠶᠠᠨ ᠪᠤᠭᠤᠨᠢᠰᠬᠠᠬᠤ ᠬᠡᠷᠡᠭᠳᠡᠢ᠃
② ᠦᠳᠡᠯᠦᠭᠰᠡᠨ᠂ ᠪᠠᠭᠤᠷᠠᠢ᠂ ᠡᠪᠡᠳᠴᠢᠨ ᠲᠠᠢ᠂ ᠨᠢᠯᠬ᠎ᠠ ᠬᠡᠤᠭᠡᠳ ᠲᠤ ᠦᠨᠳᠤᠷ ᠬᠠᠯᠠᠭᠤᠨ ᠠᠴᠠ ᠰᠡᠷᠭᠡᠶᠢᠯᠡᠬᠦ ᠵᠢᠯᠦᠭᠤᠳᠤᠮᠵᠢ ᠦᠭᠬᠦ ᠶᠢᠨ ᠬᠠᠮᠳᠤ ᠴᠢᠬᠤᠯᠨ ᠪᠦᠬᠦᠢ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠬᠡᠷᠡᠭᠳᠡᠢ᠃
③ ᠴᠠᠬᠢᠯᠭᠠᠨ ᠬᠡᠷᠡᠭᠯᠡᠬᠦ ᠬᠡᠮᠵᠢᠶ᠎ᠡ ᠬᠡᠳᠤᠷᠡᠬᠦ᠂ ᠴᠠᠬᠢᠯᠭᠠᠨ ᠤᠳᠠᠰᠤ᠂ ᠬᠦᠴᠤᠳᠡᠯ ᠦᠬᠡᠷᠡᠴᠢᠯᠡᠭᠴᠢ ᠵᠡᠷᠭᠡ ᠶᠢᠨ ᠴᠠᠬᠢᠯᠭᠠᠨ ᠬᠦᠴᠦᠨ ᠤ ᠲᠠᠭᠠᠭᠠᠴᠠ ᠬᠡᠳᠦᠷᠡᠭᠰᠡᠨ ᠠᠴᠠ ᠪᠤᠯᠵᠤ᠂ ᠭᠠᠯ ᠤᠨ ᠠᠶᠤᠯ ᠡᠭᠦᠰᠬᠦ ᠠᠴᠠ ᠠᠩᠬᠠᠷᠤᠨ ᠰᠡᠷᠭᠡᠶᠢᠯᠡᠬᠦ ᠬᠡᠷᠡᠭᠳᠡᠢ᠃
ᠰᠠᠨᠠᠭᠤᠯᠬᠤ ᠨᠢ᠄
① ᠬᠤᠯᠪᠤᠭᠳᠠᠯ ᠪᠦᠬᠦᠢ ᠰᠠᠯᠠᠭ᠎ᠠ ᠮᠦᠴᠢᠷ ᠪᠤᠯᠤᠨ ᠨᠢᠭᠡᠴᠢ ᠨᠦᠭᠦᠳ ᠡᠭᠦᠷᠭᠡ ᠬᠠᠷᠢᠭᠤᠴᠠᠯᠭ᠎ᠠ ᠪᠠᠨ ᠦᠨᠳᠤᠰᠦᠯᠡᠵᠤ᠂ ᠨᠠᠷᠠᠰᠢᠬᠤ ᠠᠴᠠ ᠰᠡᠷᠭᠡᠶᠢᠯᠡᠨ ᠬᠠᠯᠠᠭᠤᠨ ᠢ ᠪᠠᠭᠤᠷᠠᠭᠤᠯᠬᠤ ᠶᠢ ᠪᠠᠳᠤᠯᠠᠬᠤ ᠠᠷᠭ᠎ᠠ ᠬᠡᠮᠵᠢᠶ᠎ᠡ ᠪᠠᠨ ᠨᠠᠶᠢᠳᠠᠪᠦᠷᠢᠵᠢᠭᠤᠯᠬᠤ ᠬᠡᠷᠡᠭᠳᠡᠢ᠃
② ᠨᠠᠷᠠᠰᠢᠬᠤ ᠠᠴᠠ ᠰᠡᠷᠭᠡᠶᠢᠯᠡᠨ ᠬᠠᠯᠠᠭᠤᠨ ᠢ ᠪᠠᠭᠤᠷᠠᠭᠤᠯᠬᠤ ᠶᠡᠷᠤᠳᠡ ᠶᠢᠨ ᠡᠮ ᠢ ᠪᠡᠯᠡᠳᠭᠡᠬᠦ ᠬᠡᠷᠡᠭᠳᠡᠢ᠃ ᠵᠢᠱᠢᠶᠡᠯᠡᠪᠡᠯ ᠴᠢᠩ ᠯᠢᠶᠠᠩ ᠶᠢᠤ ᠡᠮ᠂ ᠱᠢ ᠳ᠋ᠢ ᠱᠦᠢ ᠡᠮ᠂ ᠷᠧᠨ ᠳ᠋ᠠᠨ ᠡᠮ ᠵᠡᠷᠭᠡ᠃
③ ᠦᠨᠳᠤᠷ ᠬᠠᠯᠠᠭᠤᠨ ᠴᠠᠭ ᠠᠭᠤᠷ ᠲᠤ ᠬᠦᠮᠦᠰ ᠠᠮᠠᠷᠬᠠᠨ ᠶᠠᠳᠠᠷᠠᠳᠠᠭ ᠲᠤᠯᠨ ᠠᠮᠠᠷᠠᠬᠤ ᠶᠢ ᠠᠩᠬᠠᠷᠴᠤ᠂ ᠣᠨᠳᠠᠬᠤ ᠶᠢ ᠪᠠᠳᠤᠯᠠᠬᠤ ᠬᠡᠷᠡᠭᠳᠡᠢ᠃
︵2︶ ᠭᠠᠩ ᠬᠠᠭᠤᠷᠠᠢ
ᠭᠠᠩ ᠬᠠᠭᠤᠷᠠᠢ ᠭᠡᠳᠡᠭ ᠪᠤᠯ ᠤᠳᠠᠭᠠᠨ ᠬᠤᠨᠤᠭ ᠪᠤᠷᠤᠭᠠᠨ ᠬᠤᠷ᠎ᠠ ᠤᠷᠤᠭᠰᠠᠨ ᠥᠭᠡᠢ ᠪᠤᠶᠤ ᠲᠤᠩ ᠴᠥᠭᠡᠨ ᠤᠷᠤᠭᠰᠠᠨ ᠪᠠᠶᠢᠵᠤ᠂ ᠬᠥᠷᠥᠰᠤ ᠰᠢᠷᠤᠢ ᠶᠢᠨ ᠤᠰᠤᠨ ᠤ ᠭᠡᠮᠵᠢᠶ᠎ᠡ ᠬᠥᠷᠥᠯᠴᠡᠬᠦ ᠥᠭᠡᠢ ᠪᠤᠯᠵᠤ᠂ ᠤᠷᠭᠤᠮᠠᠯ ᠤᠨ ᠤᠰᠤᠨ ᠤ ᠭᠡᠮᠵᠢᠶ᠎ᠡ ᠲᠡᠩᠴᠡᠬᠦᠷᠢ ᠪᠠᠨ ᠠᠯᠳᠠᠭᠰᠠᠨ ᠠᠴᠠ ᠪᠤᠯᠵᠤ᠂ ᠬᠤᠷᠢᠶᠠᠯᠳᠠ ᠪᠠᠭᠤᠷᠠᠬᠤ ᠪᠠᠶᠢᠭᠠᠯᠢ ᠶᠢᠨ ᠭᠠᠮᠰᠢᠭ ᠪᠤᠯᠤᠨ᠎ᠠ᠃ ᠭᠠᠩ ᠬᠠᠭᠤᠷᠠᠢ ᠠᠴᠠ ᠤᠰᠤᠨ ᠤ ᠢᠷᠡᠯᠳᠡ ᠲᠤᠳᠠᠭᠳᠠᠵᠤ᠂ ᠤᠷᠭᠤᠮᠠᠯ ᠤᠨ ᠥᠰᠥᠯᠳᠡ ᠪᠤᠶᠢᠵᠢᠯᠳᠠ ᠳᠤ ᠬᠤᠬᠢᠷᠠᠯ ᠪᠤᠯᠵᠤ᠂ ᠬᠤᠷᠢᠶᠠᠯᠳᠠ ᠤᠨᠠᠯᠳᠠ ᠶᠢ ᠬᠠᠰᠤᠭᠳᠠᠭᠤᠯᠬᠤ ᠪᠠᠷ ᠪᠠᠷᠠᠬᠤ ᠥᠭᠡᠢ ᠪᠠᠰᠠ ᠰᠠᠭᠤᠭᠠᠯᠢ ᠠᠷᠠᠳ ᠤᠨ ᠠᠮᠢᠳᠤᠷᠠᠯ ᠢ ᠨᠥᠯᠥᠭᠡᠯᠡᠵᠤ᠂ ᠠᠵᠤ ᠥᠢᠯᠡᠳᠪᠥᠷᠢ ᠶᠢᠨ ᠥᠢᠯᠡᠳᠪᠥᠷᠢᠯᠡᠯ ᠵᠢᠴᠢ ᠨᠡᠶᠢᠭᠡᠮ ᠤᠨ ᠠᠵᠤ ᠠᠬᠤᠢ ᠶᠢᠨ ᠠᠵᠢᠯᠯᠠᠭ᠎ᠠ ᠶᠢ ᠨᠥᠯᠥᠭᠡᠯᠡᠳᠡᠭ ᠶᠤᠮ᠃ ᠭᠠᠩ ᠬᠠᠭᠤᠷᠠᠢ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠤᠷᠢᠳ ᠢᠶᠠᠷ ᠠᠮᠢᠳᠤᠷᠠᠯ ᠢ ᠲᠥᠪᠬᠢᠨᠡᠬᠦᠯᠵᠤ᠂ ᠲᠠᠷᠠᠭ᠎ᠠ ᠪᠠᠷ ᠨᠢ ᠥᠢᠯᠡᠳᠪᠥᠷᠢᠯᠡᠯ ᠢ ᠠᠷᠭᠠᠴᠠᠬᠤ ᠵᠠᠷᠴᠢᠮ ᠶᠤᠰᠤᠭᠠᠷ ᠰᠠᠭᠤᠭᠠᠯᠢ ᠠᠷᠠᠳ ᠤᠨ ᠠᠮᠢᠳᠤᠷᠠᠯ ᠤᠨ ᠭᠡᠷᠡᠭᠯᠡᠭᠡᠨ ᠤ ᠤᠰᠤ ᠬᠢᠭᠡᠳ ᠮᠠᠯ ᠤᠨ ᠤᠤᠭᠤᠬᠤ ᠤᠰᠤ ᠶᠢ ᠡᠩ ᠲᠡᠷᠢᠬᠦᠨ ᠳᠤ ᠪᠠᠳᠤᠯᠠᠨ᠎ᠠ᠃
② ᠤᠰᠤ ᠶᠢ ᠰᠢᠨᠵᠢᠯᠡᠬᠦ ᠤᠬᠠᠭᠠᠨᠴᠢ ᠪᠠᠷ ᠭᠡᠷᠡᠭᠯᠡᠵᠤ ᠠᠷᠪᠢᠯᠠᠬᠤ ᠨᠢ ᠵᠤᠬᠢᠮᠵᠢᠳᠠᠢ᠃
③ ᠲᠡᠷᠢᠶᠠᠯᠠᠬᠤ ᠤᠷᠤᠨ ᠪᠤᠯ ᠲᠡᠷᠢᠮᠠᠯ ᠤᠨ ᠪᠥᠳᠥᠴᠡ ᠪᠠᠨ ᠲᠤᠬᠢᠷᠠᠭᠤᠯᠵᠤ᠂ ᠭᠠᠩ ᠬᠠᠭᠤᠷᠠᠢ ᠠᠴᠠ ᠰᠡᠷᠭᠡᠶᠢᠯᠡᠨ ᠲᠡᠷᠢᠶᠠᠯᠠᠵᠤ᠂ ᠴᠢᠬᠢᠭ ᠢ ᠬᠠᠮᠠᠭᠠᠯᠠᠨ ᠬᠥᠷᠥᠰᠤ ᠰᠢᠷᠤᠢ ᠶᠢ ᠬᠠᠮᠠᠭᠠᠯᠠᠵᠤ᠂ ᠭᠠᠩ ᠬᠠᠭᠤᠷᠠᠢ ᠶᠢ ᠰᠡᠷᠭᠡᠶᠢᠯᠡᠨ ᠲᠡᠷᠢᠬᠤ ᠪᠤᠶᠤ ᠪᠤᠷᠳᠤᠭᠤᠷ ᠭᠡᠷᠡᠭᠯᠡᠨ ᠭᠠᠩ ᠬᠠᠭᠤᠷᠠᠢ ᠶᠢ ᠰᠡᠷᠭᠡᠶᠢᠯᠡᠨ᠎ᠡ᠃ ᠮᠠᠯᠵᠢᠬᠤ ᠤᠷᠤᠨ ᠪᠤᠯ ᠪᠡᠯᠴᠢᠭᠡᠷᠯᠡᠬᠦᠯᠥᠨ ᠮᠠᠯᠵᠢᠬᠤ ᠪᠠᠨ ᠪᠠᠭᠠᠰᠬᠠᠨ᠎ᠠ᠃
④ ᠪᠤᠷᠤᠭ᠎ᠠ ᠤᠷᠤᠬᠤ ᠠᠯᠢᠪᠠ ᠲᠤᠬᠢᠶᠠᠯ ᠢ ᠠᠰᠢᠭᠯᠠᠨ᠂ ᠪᠤᠷᠤᠭᠠᠨ ᠤ ᠤᠰᠤ ᠶᠢ ᠬᠤᠷᠠᠮᠳᠤᠭᠤᠯᠵᠤ᠂ ᠴᠠᠭ ᠠᠭᠤᠷ ᠤᠨ ᠰᠠᠯᠠᠭ᠎ᠠ ᠮᠥᠴᠢᠷ ᠠᠴᠠ ᠵᠤᠬᠢᠮᠵᠢᠳᠠᠢ ᠴᠠᠭ ᠲᠤᠨᠢ ᠬᠥᠮᠥᠨ ᠤ ᠬᠥᠴᠤ ᠪᠠᠷ ᠪᠤᠷᠤᠭ᠎ᠠ ᠤᠷᠤᠭᠤᠯᠬᠤ ᠠᠷᠭ᠎ᠠ ᠶᠢ ᠠᠪᠴᠤ ᠪᠤᠯᠤᠨ᠎ᠠ᠃
ᠰᠠᠨᠠᠭᠤᠯᠬᠤ ᠨᠢ᠄
① ᠮᠠᠨ ᠤ ᠤᠷᠤᠨ ᠳᠤ ᠠᠷᠪᠠᠨ ᠵᠢᠯ ᠤᠨ ᠶᠢᠰᠥᠨ ᠵᠢᠯ ᠨᠢ ᠭᠠᠨᠭ᠍ᠳᠠᠵᠤ᠂ ᠵᠢᠯ ᠵᠢᠯ ᠤᠨ ᠬᠠᠪᠤᠷ ᠤᠨ ᠤᠯᠠᠷᠢᠯ ᠢᠶᠠᠷ ᠭᠠᠨᠭ᠍ᠳᠠᠳᠠᠭ ᠪᠤᠯᠬᠤᠷ ᠭᠠᠩ ᠬᠠᠭᠤᠷᠠᠢ ᠠᠴᠠ ᠰᠡᠷᠭᠡᠶᠢᠯᠡᠬᠦ ᠥᠵᠡᠯ ᠤᠬᠠᠮᠰᠠᠷ ᠢᠶᠠᠨ ᠲᠡᠭᠡᠭᠰᠢᠯᠡᠬᠦᠯᠬᠦ ᠭᠡᠷᠡᠭᠳᠡᠢ᠃
② ᠵᠠᠰᠠᠭ ᠤᠨ ᠤᠷᠳᠤᠨ ᠤ ᠤᠰᠤᠨ ᠤ ᠡᠬᠢ ᠰᠤᠷᠪᠤᠯᠵᠢ ᠶᠢᠨ ᠲᠤᠬᠠᠢ ᠨᠢᠭᠡᠳᠥᠯᠳᠡᠢ ᠲᠤᠬᠢᠷᠠᠭᠤᠯᠤᠯᠳᠠ ᠶᠢ ᠢᠳᠡᠪᠬᠢᠳᠡᠢ ᠪᠠᠷ ᠬᠥᠷᠢᠶᠡᠯᠡᠨ ᠬᠠᠮᠵᠢᠯᠴᠠᠭᠠᠷᠠᠢ᠃
③ ᠥᠢᠯᠡᠳᠪᠥᠷᠢᠯᠡᠯ ᠤᠨ ᠪᠤᠰᠤ ᠴᠢᠨᠠᠷ ᠲᠠᠢ ᠶᠡᠭᠡ ᠭᠡᠮᠵᠢᠶᠡᠨ ᠤ ᠤᠰᠤ ᠭᠡᠷᠡᠭᠯᠡᠳᠡᠭ ᠡᠷᠥᠭᠡ ᠨᠦᠭᠦᠳ ᠤᠨ ᠤᠰᠤ ᠭᠡᠷᠡᠭᠯᠡᠬᠦ ᠶᠢ ᠨᠢ ᠬᠢᠵᠠᠭᠠᠷᠯᠠᠵᠤ ᠪᠤᠯᠤᠨ᠎ᠠ᠃
④ ᠬᠥᠮᠥᠨ ᠤ ᠪᠡᠶ᠎ᠡ ᠶᠢᠨ ᠠᠮᠢᠰᠬᠤᠯ ᠤᠨ ᠰᠦᠪᠠ ᠶᠢᠨ ᠡᠪᠡᠳᠴᠢᠨ ᠠᠷᠬᠠᠭ ᠢ ᠰᠠᠶᠢᠳᠤᠷ ᠰᠡᠷᠭᠡᠶᠢᠯᠡᠨ᠂ ᠲᠠᠷᠢᠶᠠᠯᠠᠬᠤ ᠤᠷᠤᠨ ᠪᠠ ᠮᠠᠯᠵᠢᠬᠤ ᠤᠷᠤᠨ ᠳᠤ ᠭᠡᠮ ᠬᠢᠵᠢᠭ ᠤᠨ ᠭᠠᠮᠰᠢᠬ ᠢ ᠰᠠᠶᠢᠳᠤᠷ ᠰᠡᠷᠭᠡᠶᠢᠯᠡᠨ ᠵᠠᠰᠠᠬᠤ ᠭᠡᠷᠡᠭᠳᠡᠢ᠃
︵3︶ ᠥᠶᠡᠷ
ᠥᠶᠡᠷ ᠭᠡᠳᠡᠭ ᠪᠤᠯ ᠨᠢᠭᠡ ᠵᠥᠢᠯ ᠤᠨ ᠪᠠᠶᠢᠭᠠᠯᠢ ᠶᠢᠨ ᠥᠵᠡᠭᠳᠡᠯ ᠮᠥᠨ᠃
ᠰᠢᠷᠥᠬᠦᠨ ᠪᠤᠷᠤᠭᠠᠨ ᠤ ᠤᠰᠤ ᠥᠶᠡᠷᠯᠡᠬᠦ ᠪᠤᠯ ᠬᠠᠮᠤᠭ ᠠᠷᠪᠢᠨ ᠲᠤᠬᠢᠶᠠᠯᠳᠤᠳᠠᠭ ᠮᠥᠷᠳᠡᠭᠡᠨ ᠠᠶᠤᠯ ᠢᠶᠠᠷ ᠬᠠᠮᠤᠭ ᠶᠡᠭᠡ ᠪᠠᠶᠢᠳᠠᠭ᠃ ᠨᠢᠭᠡ ᠤᠳᠠᠭᠠᠨ ᠤ ᠰᠢᠷᠥᠬᠦᠨ ᠪᠤᠷᠤᠭᠠᠨ ᠪᠤᠶᠤ ᠤᠰᠤᠨ ᠴᠥᠬᠦᠷᠥᠮ ᠰᠡᠳᠡᠷᠡᠬᠦ᠂ ᠤᠰᠤᠨ ᠬᠠᠰᠢᠯᠭ᠎ᠠ ᠶᠡᠬᠦᠷᠡᠬᠦ ᠵᠡᠷᠭᠡ ᠨᠢ ᠴᠥᠮ ᠰᠢᠷᠥᠬᠦᠨ ᠥᠶᠡᠷ ᠪᠤᠯᠳᠠᠭ᠃ ᠡᠶᠢᠮᠥᠷᠬᠦᠦ ᠥᠶᠡᠷ ᠤᠨ ᠤᠰᠤᠨ ᠤ ᠤᠷᠤᠰᠬᠠᠯ ᠨᠢ ᠲᠥᠷᠭᠡᠨ᠂ ᠤᠰᠤᠨ ᠤ ᠭᠡᠮᠵᠢᠶ᠎ᠡ ᠨᠢ ᠶᠡᠭᠡ᠂ ᠲᠠᠭᠠᠷᠢᠬᠤ ᠬᠥᠴᠥᠨ ᠢᠶᠠᠷ ᠲᠤᠯᠬᠢᠨ᠂ ᠡᠪᠳᠡᠯᠡᠬᠦ ᠴᠢᠨᠠᠷ ᠢᠶᠠᠷ ᠰᠥᠷᠡᠭᠡᠢ ᠪᠠᠶᠢᠵᠤ᠂ ᠥᠶᠡᠷ ᠥᠡᠭᠭᠡᠷᠡᠭᠰᠡᠨ ᠭᠠᠵᠠᠷ ᠢᠶᠠᠷ ᠭᠡᠷ ᠪᠠᠶᠢᠰᠢᠩ ᠨᠤᠷᠠᠵᠤ᠂ ᠵᠠᠮ ᠬᠠᠷᠢᠯᠴᠠᠭ᠎ᠠ᠂ ᠴᠢᠮᠡᠭᠡ ᠨᠡᠪᠳᠡᠷᠡᠯᠭᠡ ᠬᠢᠭᠡᠳ ᠴᠠᠬᠢᠯᠭᠠᠨ ᠬᠥᠴᠥᠨ ᠲᠠᠰᠤᠷᠠᠵᠤ᠂ ᠠᠷᠠᠳ ᠲᠥᠮᠡᠨ ᠤ ᠠᠮᠢ ᠨᠠᠰᠤ ᠪᠠ ᠡᠳ᠋ ᠬᠥᠷᠥᠩᠭᠡ ᠳᠤ ᠯᠤᠳᠤ ᠶᠡᠭᠡ ᠬᠤᠬᠢᠷᠠᠯ ᠤᠴᠠᠷᠠᠭᠤᠯᠳᠠᠭ᠃ ᠦᠶᠡᠷ ᠤᠨ ᠪᠠᠴᠢᠮ ᠪᠠᠶᠢᠳᠠᠯ ᠢ ᠠᠷᠭᠠᠴᠠᠬᠤ ᠳᠤ᠄
① ᠥᠶᠡᠷ ᠤᠨ ᠭᠠᠮᠰᠢᠬ ᠭᠡᠨᠡᠳᠳᠡ ᠲᠤᠯᠭᠠᠷᠠᠭᠰᠠᠨ ᠥᠶ᠎ᠡ ᠳᠤ ᠥᠨᠳᠥᠷ ᠭᠠᠵᠠᠷ᠂ ᠭᠡᠷ ᠤᠨ ᠤᠷᠤᠢ ᠪᠤᠶᠤ ᠲᠤᠮᠤ ᠮᠤᠳᠤ ᠵᠡᠷᠭᠡ ᠥᠨᠳᠥᠷ ᠭᠠᠵᠠᠷ ᠲᠤ ᠥᠳᠳᠡᠷ ᠲᠥᠷᠭᠡᠨ ᠢᠶᠠᠷ ᠰᠢᠯᠵᠢᠵᠤ᠂ ᠠᠷᠭ᠎ᠠ ᠰᠥᠪᠡᠭᠴᠢᠯᠡᠨ ᠠᠪᠤᠷᠠᠯᠳᠠ ᠬᠥᠰᠡᠭᠰᠡᠨ ᠴᠢᠮᠡᠭᠡ ᠲᠤᠬᠢᠶ᠎ᠠ ᠥᠭᠴᠤ᠂ ᠠᠪᠤᠷᠠᠨ ᠲᠤᠰᠠᠯᠠᠬᠤ ᠶᠢ ᠬᠦᠯᠢᠶᠡᠨ᠎ᠡ᠃
② ᠥᠶᠡᠷ ᠤᠨ ᠰᠡᠷᠡᠮᠵᠢ ᠶᠢᠨ ᠲᠤᠬᠢᠶ᠎ᠠ ᠶᠢ ᠰᠤᠨᠤᠰᠤᠭᠰᠠᠨ ᠲᠠᠷᠤᠢ ᠳᠠᠭᠠᠨ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠤ ᠵᠤᠬᠢᠶᠠᠨ ᠪᠠᠶᠢᠭᠤᠯᠤᠭᠰᠠᠨ ᠰᠢᠯᠵᠢᠯᠳᠡ ᠶᠢᠨ ᠱᠤᠭᠤᠮ ᠢᠶᠠᠷ ᠤᠷᠢᠳ ᠢᠶᠠᠷ
ᠬᠥᠮᠥᠨ᠂ ᠲᠠᠷᠠᠭ᠎ᠠ ᠳᠤᠨᠢ ᠡᠳ᠋ ᠬᠥᠷᠥᠩᠭᠡ᠂ ᠤᠷᠢᠳ ᠢᠶᠠᠷ ᠨᠠᠰᠤᠳᠠᠶᠢᠴᠤᠳ ᠭᠡᠥᠭᠡᠳ ᠡᠪᠡᠳᠴᠢᠳᠡᠨ ᠵᠡᠮᠳᠡᠭᠴᠤᠳ ᠪᠥᠰᠡᠬᠦ᠋ᠢᠴᠤᠳ᠂ ᠲᠠᠷᠠᠭ᠎ᠠ ᠳᠤᠨᠢ ᠢᠳᠡᠷ ᠵᠠᠯᠠᠭᠤᠴᠤᠳ ᠢ ᠰᠢᠯᠵᠢᠭᠦᠯᠦᠨ᠎ᠡ᠃
③ ᠠᠭᠤᠯᠠᠨ ᠥᠶᠡᠷ ᠲᠤ ᠲᠤᠯᠭᠠᠷᠠᠵᠤ᠂ ᠤᠰᠤᠨ ᠤ ᠬᠥᠨ ᠢ ᠮᠡᠳᠡᠬᠦ ᠶᠢᠨ ᠠᠷᠭ᠎ᠠ ᠥᠭᠡᠢ ᠪᠠᠶᠢᠳᠠᠯ ᠲᠤᠤᠷ᠎ᠠ᠂ ᠭᠠᠳᠤᠯᠬᠤ ᠪᠤᠶᠤ ᠤᠰᠤᠨ ᠳᠤ ᠤᠷᠤᠬᠤ ᠶᠢ ᠶᠠᠭᠠᠷᠠᠵᠤ ᠪᠤᠯᠬᠤ ᠥᠭᠡᠢ᠃ ᠥᠨᠳᠥᠷ ᠭᠠᠵᠠᠷ ᠲᠤ ᠬᠥᠯᠢᠶᠡᠵᠤ᠂ ᠥᠶᠡᠷ ᠤᠨ ᠤᠰᠤ ᠲᠠᠳᠠᠭᠤᠷᠠᠭᠰᠠᠨ ᠤ ᠰᠡᠬᠦᠯᠡᠷ ᠰᠠᠶ᠋ᠢ ᠭᠠᠳᠤᠯᠬᠤ ᠭᠡᠷᠡᠭᠳᠡᠢ᠃
④ ᠨᠠᠮ ᠲᠤᠤᠷ᠎ᠠ ᠭᠠᠵᠠᠷ ᠪᠤᠶᠤ ᠥᠶᠡᠷ ᠤᠨ ᠤᠰᠤᠨ ᠤ ᠰᠤᠪᠠᠭ ᠲᠤ ᠠᠵᠢᠯᠯᠠᠭᠰᠠᠳ ᠥᠶᠡᠷ ᠤᠨ ᠤᠰᠤᠨ ᠤ ᠲᠠᠭᠤ ᠶᠢ ᠰᠤᠨᠤᠰᠤᠮᠠᠭᠴᠠ ᠪᠠᠨ ᠥᠳᠳᠡᠷ ᠲᠥᠷᠭᠡᠨ ᠢᠶᠠᠷ ᠥᠨᠳᠥᠷ ᠭᠠᠵᠠᠷ ᠲᠤ ᠰᠢᠯᠵᠢᠨ᠎ᠡ᠃
⑤ ᠥᠨᠳᠥᠷ ᠬᠥᠴᠥᠳᠡᠯᠳᠤ ᠴᠠᠬᠢᠯᠭᠠᠨ ᠤᠳᠠᠰᠤᠨ ᠤ ᠲᠡᠮᠥᠷ ᠵᠢᠶᠠᠰᠠ ᠬᠡᠯᠪᠠᠶᠢᠵᠤ ᠤᠨᠠᠬᠤ᠂ ᠴᠠᠬᠢᠯᠭᠠᠨ ᠤᠳᠠᠰᠤ ᠤᠨᠵᠢᠢᠵᠤ ᠭᠠᠵᠠᠷ ᠰᠢᠬᠦᠷᠡᠬᠦ ᠪᠤᠶᠤ ᠲᠠᠰᠤᠷᠠᠭᠰᠠᠨ ᠥᠶ᠎ᠡ ᠳᠤ ᠬᠤᠯᠠ ᠵᠠᠶᠢᠯᠠᠵᠤ᠂ ᠴᠠᠬᠢᠯᠭᠠᠨ ᠳᠤ ᠴᠤᠬᠢᠭᠳᠠᠬᠤ ᠠᠴᠠ ᠰᠡᠷᠭᠡᠶᠢᠯᠡᠬᠦ ᠨᠢ ᠵᠤᠬᠢᠰᠲᠠᠢ᠃
ᠰᠠᠨᠠᠭᠤᠯᠬᠤ ᠨᠢ᠄
① ᠥᠶᠡᠷ ᠨᠢ 6~9 ᠳ᠋ᠤᠭᠡᠷ ᠰᠠᠷ᠎ᠠ ᠶᠢᠨ ᠬᠤᠭᠤᠷᠤᠨᠳᠤ ᠠᠷᠪᠢᠨ ᠡᠬᠦᠰᠳᠡᠭ ᠲᠤᠯᠠ ᠲᠤᠬᠠᠢ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ ᠠᠩᠬᠠᠷᠤᠨ ᠰᠤᠨᠤᠰᠴᠤ᠂ ᠪᠤᠷᠤᠭᠠᠨ ᠬᠤᠷ᠎ᠠ ᠶᠢᠨ ᠪᠠᠶᠢᠳᠠᠯ ᠢ ᠴᠠᠭ ᠲᠤᠬᠠᠢ ᠳᠤᠨᠢ ᠤᠢᠢᠯᠠᠭᠠᠵᠤ᠂ ᠰᠡᠷᠭᠡᠶᠢᠯᠡᠯᠳᠡ ᠪᠠᠨ ᠰᠠᠶᠢᠳᠤᠷ ᠬᠢᠨ᠎ᠡ᠃
② ᠤᠰᠤᠨ ᠤ ᠬᠥᠨ ᠨᠢ 0.7m ᠪᠤᠯᠬᠤ ᠥᠶ᠎ᠡ ᠳᠤ᠂ ᠬᠥᠮᠥᠨ ᠤᠰᠤᠨ ᠲᠤᠳᠤᠷ᠎ᠠ ᠠᠶᠠᠯᠠᠬᠤ ᠳᠤ ᠲᠤᠩ ᠬᠥᠴᠢᠷᠳᠡᠳᠡᠭ ᠲᠤᠯᠠ ᠠᠭᠤᠯᠠᠨ ᠥᠶᠡᠷ ᠲᠤᠯᠭᠠᠷᠠᠭᠰᠠᠨ ᠥᠶ᠎ᠡ ᠳᠤ ᠭᠤᠤᠯ ᠭᠠᠳᠤᠯᠵᠤ ᠪᠤᠯᠬᠤ ᠥᠭᠡᠢ᠃
③ ᠶᠡᠭᠡ ᠥᠶᠡᠷ ᠥᠡᠭᠭᠡᠷᠡᠭᠰᠡᠨ ᠤ ᠲᠠᠷᠠᠭ᠎ᠠ ᠤᠤᠭᠤᠬᠤ ᠤᠰᠤᠨ ᠤ ᠪᠠᠨ ᠴᠢᠨᠠᠷ ᠢ ᠪᠠᠶᠢᠴᠠᠭᠠᠵᠤ᠂ ᠤᠤᠭᠤᠬᠤ ᠤᠰᠤᠨ ᠤ ᠴᠢᠨᠠᠷ ᠨᠢ ᠬᠤᠪᠢᠷᠠᠯᠳᠠ ᠲᠠᠢ ᠪᠤᠯᠤᠭᠰᠠᠨ ᠪᠤᠯ ᠤᠤᠭᠤᠵᠤ ᠪᠤᠯᠬᠤ ᠥᠭᠡᠢ᠃
︵4︶ ᠶᠡᠭᠡ ᠰᠠᠯᠭᠢᠨ
ᠰᠠᠯᠬᠢᠨ ᠤ ᠬᠥᠴᠤ ᠨᠢ 6 ᠲᠡᠰ ︵10.8m\s︶ ᠬᠥᠷᠬᠦ ᠪᠤᠶᠤ ᠭᠱᠠᠨ ᠵᠠᠭᠤᠷ᠎ᠠ ᠶᠢᠨ ᠬᠤᠭᠤᠷᠤᠨᠳᠤ ᠰᠠᠯᠬᠢᠨ ᠤ ᠬᠥᠴᠤ ᠨᠢ 17m\s ᠠᠴᠠ ᠲᠡᠭᠡᠭᠰᠢ ᠳᠤ ᠬᠥᠷᠬᠦ ᠶᠢ ᠶᠡᠭᠡ ᠰᠠᠯᠬᠢᠨ ᠭᠡᠨ᠎ᠡ᠃ ᠶᠡᠭᠡ ᠰᠠᠯᠬᠢᠨ ᠪᠤᠯ ᠨᠢᠭᠡ ᠵᠥᠢᠯ ᠤᠨ ᠪᠠᠶᠢᠭᠠᠯᠢ ᠶᠢᠨ ᠥᠵᠡᠭᠳᠡᠯ᠂ ᠲᠥᠷᠭᠡᠨ ᠬᠤᠷᠳᠤᠴᠠ ᠪᠠᠷ ᠰᠢᠯᠵᠢᠵᠤ ᠪᠠᠶᠢᠭ᠎ᠠ ᠠᠭᠠᠷ ᠪᠤᠯᠤᠨ᠎ᠠ᠃ ᠶᠡᠭᠡ ᠰᠠᠯᠬᠢᠨ ᠤ ᠡᠬᠦᠰᠥᠭᠰᠡᠨ ᠰᠢᠯᠳᠠᠭᠠᠨ ᠨᠢ ᠠᠳᠠᠯᠢ ᠪᠤᠰᠤ ᠠᠴᠠ ᠪᠤᠯᠵᠤ᠂ ᠲᠡᠬᠦᠨ ᠢ ᠲᠠᠯᠠᠢ ᠶᠢᠨ ᠲᠠᠳᠠᠯᠳᠠ ᠶᠢᠨ ᠶᠡᠭᠡ ᠰᠠᠯᠬᠢᠨ᠂ ᠠᠶᠤᠩᠭᠠᠳᠤ ᠪᠤᠷᠤᠭᠠᠨ ᠤ ᠶᠡᠭᠡ ᠰᠠᠯᠬᠢᠨ ᠬᠢᠭᠡᠳ ᠬᠤᠢ ᠰᠠᠯᠬᠢᠨ ᠭᠡᠵᠤ ᠬᠤᠪᠢᠶᠠᠵᠤ ᠪᠤᠯᠳᠠᠭ᠃ ᠶᠡᠭᠡ ᠰᠠᠯᠬᠢᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠤᠰᠤᠨ ᠳᠤ ᠠᠵᠢᠯᠯᠠᠭᠰᠠᠳ ᠪᠠ ᠨᠠᠰᠢ ᠴᠠᠰᠢ ᠵᠤᠷᠴᠢᠵᠤ ᠪᠠᠶᠢᠭ᠎ᠠ ᠤᠡᠭᠭᠤᠴᠠ ᠨᠢ ᠠᠷᠭᠠᠴᠠᠬᠤ ᠠᠷᠭ᠎ᠠ ᠭᠡᠮᠵᠢᠶ᠎ᠡ ᠶᠢ ᠢᠳᠡᠪᠬᠢᠳᠡᠢ ᠠᠪᠴᠤ᠂ ᠭᠠᠷᠠᠮ ᠤᠨ ᠪᠡᠯᠡᠳᠭᠡᠮᠵᠢ ᠪᠠᠨ ᠪᠠᠬᠢᠯᠡᠵᠤ᠂ ᠤᠡᠭᠭᠤᠴᠠ ᠶᠢᠨ ᠤᠷᠤᠰᠴᠤ ᠶᠠᠪᠤᠬᠤ᠂ ᠱᠥᠷᠬᠦᠬᠡᠬᠦ ᠪᠠ ᠮᠥᠷᠬᠦᠯᠳᠥᠬᠦ ᠠᠴᠠ ᠰᠡᠷᠭᠡᠶᠢᠯᠡᠨ᠎ᠡ᠃
② ᠨᠢᠰᠭᠡᠯ ᠤᠨ ᠪᠠᠭᠤᠳᠠᠯ᠂ ᠲᠡᠭᠡᠳᠤ ᠬᠤᠷᠳᠤᠴᠠᠳᠤ ᠵᠠᠮ ᠵᠡᠷᠭᠡ ᠶᠢᠨ ᠬᠠᠮᠢᠶᠠᠷᠤᠯᠳᠠ ᠶᠢᠨ ᠨᠢᠭᠡᠴᠢ ᠨᠦᠭᠦᠳ ᠵᠠᠮ ᠬᠠᠷᠢᠯᠴᠠᠭ᠎ᠠ ᠶᠢᠨ ᠠᠮᠤᠷ ᠲᠥᠪᠰᠢᠨ ᠢ ᠪᠠᠳᠤᠯᠠᠬᠤ ᠠᠷᠭ᠎ᠠ ᠭᠡᠮᠵᠢᠶ᠎ᠡ ᠠᠪᠴᠤ᠂ ᠬᠤᠯᠪᠤᠭᠳᠠᠯ ᠪᠥᠬᠦᠢ ᠰᠠᠯᠠᠭ᠎ᠠ ᠮᠥᠴᠢᠷ ᠪᠤᠯᠤᠨ ᠨᠢᠭᠡᠴᠢ ᠨᠢ ᠤᠢ ᠰᠢᠭᠤᠢ᠂ ᠲᠠᠯ᠎ᠠ ᠨᠤᠳᠤᠭ ᠵᠡᠷᠭᠡ ᠭᠠᠵᠠᠷ ᠤᠷᠤᠨ ᠳᠤ ᠭᠠᠯ ᠲᠥᠢᠮᠡᠷ ᠢ ᠠᠩᠬᠠᠷᠤᠨ ᠰᠡᠷᠭᠡᠶᠢᠯᠡᠵᠤ ᠪᠤᠯᠤᠨ᠎ᠠ᠃
③ ᠵᠠᠳᠠᠭᠠᠢ ᠭᠠᠵᠠᠷ ᠲᠠᠯᠠᠪᠠᠢ ᠳᠠᠬᠢ ᠬᠥᠳᠡᠯᠭᠡᠭᠡᠨ ᠪᠤᠯᠤᠨ ᠥᠨᠳᠥᠷ ᠲᠡᠭᠡᠷᠡᠬᠢ ᠵᠡᠷᠭᠡ ᠭᠡᠷ ᠤᠨ ᠭᠠᠳᠠᠨᠠᠬᠢ ᠲᠥᠭᠰᠢᠬᠦᠷᠢᠳᠡᠢ ᠠᠵᠢᠯ ᠢ ᠵᠤᠭᠰᠤᠭᠠᠵᠤ᠂ ᠠᠶᠤᠯ ᠲᠠᠢ ᠭᠠᠵᠠᠷ ᠤᠨ ᠬᠥᠮᠥᠰ ᠪᠤᠶᠤ ᠠᠶᠤᠯ ᠲᠠᠢ ᠭᠡᠷ ᠪᠠᠷᠢᠯᠭ᠎ᠠ ᠶᠢᠨ ᠰᠠᠭᠤᠭᠠᠯᠢ ᠠᠷᠠᠳ ᠢ ᠴᠢᠳᠠᠬᠤ ᠶᠢᠨ ᠲᠤᠳᠤᠷ᠎ᠠ ᠰᠠᠯᠬᠢ ᠬᠠᠯᠬᠠᠯᠠᠬᠤ ᠭᠠᠵᠠᠷ ᠲᠤ ᠰᠢᠯᠵᠢᠬᠦᠯᠥᠨ ᠰᠠᠯᠬᠢᠨ ᠠᠴᠠ ᠵᠠᠶᠢᠯᠠᠭᠤᠯᠤᠨ᠎ᠠ᠃
④ ᠰᠠᠯᠬᠢ ᠬᠠᠯᠬᠠᠯᠠᠬᠤ ᠭᠠᠷᠠᠮ ᠳᠤ ᠪᠤᠴᠠᠬᠰᠠᠨ ᠤᠡᠭᠭᠤᠴᠠ ᠨᠤᠭᠤᠳ ᠤᠷᠴᠢᠨ ᠪᠠᠶᠢᠳᠠᠯ ᠢᠶᠠᠨ ᠥᠨᠳᠥᠰᠥᠯᠡᠨ᠂ ᠢᠳᠡᠪᠬᠢᠳᠡᠢ ᠠᠷᠭ᠎ᠠ ᠭᠡᠮᠵᠢᠶ᠎ᠡ ᠠᠪᠴᠤ᠂ ᠬᠥᠮᠥᠰ ᠥᠯᠡᠳᠡᠨ ᠰᠠᠬᠢᠬᠤ ᠪᠤᠶᠤ ᠠᠮᠤᠷ ᠲᠥᠪᠰᠢᠨ ᠭᠠᠵᠠᠷ ᠤᠷᠤᠨ ᠳᠤ ᠰᠢᠯᠵᠢᠬᠦ ᠶᠢ ᠵᠤᠬᠢᠮᠵᠢᠳᠠᠢ ᠲᠤᠬᠢᠷᠠᠭᠤᠯᠬᠤ ᠭᠡᠷᠡᠭᠳᠡᠢ᠃
ᠰᠠᠨᠠᠭᠤᠯᠬᠤ ᠨᠢ᠄
① ᠬᠤᠯᠪᠤᠭᠳᠠᠯ ᠪᠥᠬᠦᠢ ᠰᠠᠯᠠᠭ᠎ᠠ ᠮᠥᠴᠢᠷ ᠪᠤᠯᠤᠨ ᠨᠢᠭᠡᠴᠢ ᠨᠦᠭᠦᠳ ᠤᠢ ᠰᠢᠭᠤᠢ᠂ ᠲᠡᠯ᠎ᠠ ᠨᠤᠳᠤᠭ ᠤᠨ ᠭᠠᠯ ᠲᠥᠢᠮᠡᠷ ᠠᠴᠠ ᠰᠡᠷᠭᠡᠶᠢᠯᠡᠬᠦ ᠠᠵᠢᠯ ᠢ ᠰᠠᠶᠢᠳᠤᠷ ᠬᠢᠨ᠎ᠠ᠃
② ᠬᠥᠷᠢᠶ᠎ᠡ ᠬᠠᠰᠢᠶ᠎ᠠ᠂ ᠬᠠᠰᠢᠶ᠎ᠠ ᠰᠠᠷᠠᠪᠴᠢ᠂ ᠵᠠᠷ ᠤᠨ ᠫᠠᠶᠢᠰᠠ ᠵᠡᠷᠭᠡ ᠰᠠᠯᠬᠢᠨ ᠳᠤ ᠠᠮᠠᠷᠬᠠᠨ ᠥᠯᠢᠶᠡᠭᠳᠡᠨ ᠤᠨᠠᠬᠤ ᠪᠠᠷᠢᠯᠭ᠎ᠠ ᠶᠢ ᠪᠠᠬᠢᠯᠡᠬᠦ ᠪᠠᠨ ᠠᠩᠬᠠᠷᠤᠨ᠎ᠠ᠃
③ ᠰᠠᠯᠬᠢᠯᠠᠵᠤ ᠪᠠᠶᠢᠭ᠎ᠠ ᠥᠶ᠎ᠡ ᠳᠤ ᠵᠠᠷ ᠤᠨ ᠫᠠᠶᠢᠰᠠ ᠪᠤᠶᠤ ᠲᠥᠷ ᠴᠠᠭ ᠤᠨ ᠪᠠᠷᠢᠯᠭ᠎ᠠ ᠶᠢᠨ ᠲᠤᠤᠷ᠎ᠠ ᠲᠠᠯᠳᠠᠯᠠᠨ ᠬᠤᠷᠭᠤᠳᠠᠵᠤ ᠪᠤᠯᠬᠤ ᠥᠭᠡᠢ᠃
④ ᠰᠠᠯᠬᠢ ᠬᠠᠯᠬᠠᠯᠠᠬᠤ ᠴᠢᠳᠠᠮᠵᠢ ᠪᠠᠷ ᠠᠨᠠᠢ ᠭᠡᠷ ᠪᠠᠷᠢᠯᠭ᠎ᠠ ᠲᠠᠢ ᠲᠤᠮᠳᠠᠳᠤ ᠪᠠᠭ᠎ᠠ ᠰᠤᠷᠭᠠᠭᠤᠯᠢ ᠪᠤᠯᠤᠨ ᠨᠢᠭᠡᠴᠢ ᠨᠦᠭᠦᠳ ᠬᠢᠴᠢᠶᠡᠯᠯᠡᠬᠦ ᠪᠠᠨ ᠵᠤᠭᠰᠤᠬᠤ ᠪᠤᠶᠤ ᠠᠵᠢᠯᠯᠠᠬᠤ ᠪᠠᠨ ᠵᠤᠭᠰᠤᠨ᠎ᠠ᠃
⑤ ᠬᠥᠮᠥᠰ ᠭᠠᠳᠠᠭᠰᠢ ᠭᠠᠷᠬᠤ ᠪᠠᠨ ᠴᠦᠬᠡᠳᠭᠡᠨ᠎ᠡ᠃
︵5︶ ᠶᠡᠭᠡ ᠮᠠᠨᠠᠨ
ᠮᠠᠨᠠᠨ ᠭᠡᠳᠡᠭ ᠪᠤᠯ ᠭᠠᠵᠠᠷ ᠤᠨ ᠭᠠᠳᠠᠷᠭᠤ ᠶᠢᠨ ᠭᠡᠢ ᠠᠭᠠᠷ ᠲᠠᠬᠢ ᠶᠡᠭᠡ ᠭᠡᠮᠵᠢᠶᠡᠡ ᠤ ᠤᠰᠤᠨ ᠲᠤᠰᠤᠯ ᠪᠤᠶᠤ ᠵᠢᠵᠢᠭ ᠮᠥᠰᠥᠨ ᠲᠤᠰᠤᠯ ᠢᠶᠠᠷ ᠪᠥᠷᠢᠯᠳᠥᠭᠰᠡᠨ ᠰᠥᠨ ᠴᠠᠭᠠᠨ ᠥᠡᠭᠭᠡᠳᠡᠢ ᠬᠥᠪᠥᠮᠡᠯ ᠴᠤᠭᠴᠠ ᠮᠥᠨ᠃ ᠤᠯᠠᠩᠬᠢ ᠳᠠᠭᠠᠨ ᠥᠷᠯᠥᠭᠡ ᠪᠤᠯᠤᠨ ᠤᠷᠤᠢ ᠪᠠᠷ ᠢᠯᠡᠷᠡᠳᠡᠭ᠃ ᠥᠵᠡᠭᠳᠡᠴᠡ ᠶᠢᠨ ᠬᠡᠮᠵᠢᠶ᠎ᠡ ᠶᠢ ᠥᠨᠳᠥᠰᠥᠯᠡᠵᠤ᠂ ᠪᠠᠭ᠎ᠠ ᠮᠠᠨᠠᠨ᠂ ᠲᠤᠮᠳᠠ ᠮᠠᠨᠠᠨ᠂ ᠶᠡᠭᠡ ᠮᠠᠨᠠᠨ᠂ ᠥᠳᠭᠡᠨ ᠮᠠᠨᠠᠨ ᠪᠠ ᠭᠡᠳᠤ ᠥᠳᠭᠡᠨ ᠮᠠᠨᠠᠨ ᠭᠡᠵᠤ ᠬᠤᠪᠢᠶᠠᠳᠠᠭ ᠶᠤᠮ᠃ ᠶᠡᠭᠡ ᠮᠠᠨᠠᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠨᠢᠰᠭᠡᠯ ᠤᠨ ᠪᠠᠭᠤᠳᠠᠯ᠂ ᠲᠡᠭᠡᠳᠤ ᠬᠤᠷᠳᠤᠴᠠᠳᠤ ᠵᠠᠮ᠂ ᠬᠥᠯᠭᠡ ᠤᠡᠭᠭᠤᠴᠠᠨ ᠤ ᠭᠠᠷᠠᠮ ᠵᠡᠷᠭᠡ ᠨᠢᠭᠡᠴᠢ ᠨᠦᠭᠦᠳ ᠵᠠᠮ ᠬᠠᠷᠢᠯᠴᠠᠭᠠᠨ ᠤ ᠬᠠᠮᠢᠶᠠᠷᠤᠯᠳᠠ ᠪᠠᠨ ᠴᠢᠩᠭᠠᠳᠬᠠᠵᠤ᠂ ᠠᠮᠤᠷ ᠲᠥᠪᠰᠢᠨ ᠢ ᠪᠠᠳᠤᠯᠠᠨ᠎ᠠ᠃
② ᠬᠤᠯᠪᠤᠭᠳᠠᠯ ᠪᠥᠬᠦᠢ ᠨᠢᠭᠡᠴᠢ ᠨᠦᠭᠦᠳ ᠨᠢ ᠠᠵᠢᠯ ᠲᠥᠷᠥᠯ ᠤᠨ ᠬᠢᠨ ᠤ ᠲᠤᠭᠳᠠᠭᠠᠯ ᠢ ᠥᠨᠳᠥᠰᠥᠯᠡᠨ᠂ ᠵᠤᠬᠢᠮᠵᠢᠳᠠᠢ ᠴᠠᠭ ᠲᠤ ᠵᠠᠮ ᠬᠠᠷᠢᠯᠴᠠᠭᠠᠨ ᠤ ᠠᠮᠤᠷ ᠲᠥᠪᠰᠢᠨ ᠤ ᠵᠠᠬᠢᠷᠤᠨ ᠬᠠᠮᠢᠶᠠᠷᠬᠤ ᠠᠷᠭ᠎ᠠ ᠭᠡᠮᠵᠢᠶ᠎ᠡ ᠠᠪᠴᠤ᠂ ᠴᠢᠬᠤᠯᠠ ᠲᠠᠢ ᠥᠶ᠎ᠡ ᠳᠤ ᠲᠡᠭᠡᠳᠤ ᠬᠤᠷᠳᠤᠴᠠᠳᠤ ᠵᠠᠮ ᠢ ᠪᠢᠳᠡᠬᠦᠮᠵᠢᠯᠡᠨ᠂ ᠨᠢᠰᠭᠡᠯ ᠤᠨ ᠨᠢᠰᠥᠯᠳᠡ ᠪᠠᠭᠤᠯᠳᠠ᠂ ᠬᠥᠯᠭᠡ ᠤᠡᠭᠭᠤᠴᠠ ᠶᠢᠨ ᠠᠶᠠᠯᠠᠯ ᠵᠡᠷᠭᠡ ᠶᠢ ᠲᠥᠷ ᠵᠤᠭᠰᠤᠭᠠᠨ᠎ᠠ᠃
③ ᠵᠢᠯᠤᠭᠤᠴᠢᠳ ᠮᠠᠨᠠᠨ ᠲᠠᠢ ᠡᠳᠥᠷ ᠤᠨ ᠠᠶᠠᠯᠠᠯ ᠤᠨ ᠲᠤᠭᠳᠠᠭᠠᠯ ᠢ ᠥᠨᠳᠥᠰᠥᠯᠡᠵᠤ᠂ ᠰᠡᠷᠭᠡᠶᠢᠯᠡᠬᠦ ᠠᠷᠭ᠎ᠠ ᠭᠡᠮᠵᠢᠶ᠎ᠡ ᠶᠢ ᠢᠳᠡᠪᠬᠢᠳᠡᠢ ᠠᠪᠴᠤ᠂ ᠴᠢᠬᠤᠯᠠ ᠲᠠᠢ ᠥᠶ᠎ᠡ ᠳᠤ ᠠᠮᠤᠷ ᠲᠥᠪᠰᠢᠨ ᠵᠤᠭᠰᠤᠭᠠᠯ ᠤᠨ ᠭᠠᠵᠠᠷ ᠲᠤ ᠲᠥᠷᠭᠡᠨ ᠬᠥᠷᠴᠤ ᠵᠤᠭᠰᠤᠬᠤ ᠶᠢ ᠪᠠᠷᠢᠮᠳᠠᠯᠠᠭᠠᠷᠠᠢ᠃
ᠰᠠᠨᠠᠭᠤᠯᠬᠤ ᠨᠢ᠄
① ᠬᠤᠯᠪᠤᠭᠳᠠᠯ ᠪᠥᠬᠦᠢ ᠰᠠᠯᠠᠭ᠎ᠠ ᠮᠥᠴᠢᠷ ᠪᠤᠯᠤᠨ ᠨᠢᠭᠡᠴᠢ ᠨᠦᠭᠦᠳ ᠡᠬᠦᠷᠭᠡ ᠬᠠᠷᠢᠭᠤᠴᠠᠯᠭ᠎ᠠ ᠪᠠᠷ ᠢᠶᠠᠨ ᠮᠠᠨᠠᠨ ᠠᠴᠠ ᠪᠠᠴᠢᠮ ᠠᠷᠭᠠᠴᠠᠬᠤ ᠠᠵᠢᠯ ᠢᠶᠠᠨ ᠰᠠᠶᠢᠳᠤᠷ ᠬᠢᠬᠦ ᠭᠡᠷᠡᠭᠳᠡᠢ᠃
② ᠵᠢᠯᠤᠭᠤᠴᠢᠳ ᠮᠠᠨᠠᠨ ᠤ ᠬᠤᠪᠢᠷᠠᠯᠳᠠ ᠶᠢ ᠠᠩᠬᠠᠷᠴᠤ᠂ ᠲᠡᠷᠭᠡ ᠬᠥᠰᠭᠡ ᠪᠠᠨ ᠠᠯᠭᠤᠷ ᠵᠢᠯᠤᠭᠤᠳᠬᠤ ᠭᠡᠷᠡᠭᠳᠡᠢ᠃
③ ᠶᠡᠭᠡ ᠮᠠᠨᠠᠨ ᠲᠠᠢ ᠡᠳᠥᠷ ᠲᠤ ᠭᠠᠳᠠᠨ᠎ᠠ ᠭᠠᠷᠴᠤ ᠪᠡᠶ᠎ᠡ ᠪᠠᠨ ᠪᠤᠯᠪᠠᠰᠤᠷᠠᠵᠤ ᠪᠤᠯᠬᠤ ᠥᠭᠡᠢ᠃ ᠶᠡᠭᠡ ᠮᠠᠨᠠᠨ ᠲᠠᠢ ᠡᠳᠥᠷ ᠭᠠᠳᠠᠭᠰᠢ ᠭᠠᠷᠬᠤ ᠳᠠᠭᠠᠨ ᠠᠮᠠᠪᠴᠢ ᠵᠡᠬᠦᠵᠤ᠂ ᠬᠥᠮᠥᠨ ᠤ ᠪᠡᠶ᠎ᠡ ᠮᠠᠬᠠᠪᠤᠳ ᠲᠤ ᠬᠤᠤᠷ ᠲᠠᠢ ᠭᠡᠢ ᠠᠭᠠᠷ ᠢ ᠠᠮᠢᠰᠬᠤᠬᠤ ᠠᠴᠠ ᠰᠡᠷᠭᠡᠶᠢᠯᠡᠨ᠎ᠡ᠃
︵6︶ ᠰᠢᠷᠥᠬᠦᠨ ᠪᠤᠷᠤᠭᠠᠨ
24 ᠴᠠᠭ ᠤᠨ ᠲᠤᠳᠤᠷᠠᠬᠢ ᠪᠤᠷᠤᠭᠠᠨ ᠤ ᠤᠰᠤᠨ ᠤ ᠭᠡᠮᠵᠢᠶ᠎ᠡ ᠨᠢ 50mm ᠠᠴᠠ ᠶᠡᠭᠡ ᠪᠤᠶᠤ ᠲᠡᠩᠴᠡᠬᠦᠥ ᠪᠠᠶᠢᠵᠤ᠂ 100mm ᠠᠴᠠ ᠪᠠᠭ᠎ᠠ ᠪᠠᠶᠢᠬᠤ ᠶᠢ ᠰᠢᠷᠥᠬᠦᠨ ᠪᠤᠷᠤᠭᠠᠨ ᠭᠡᠳᠡᠭ᠃ 100mm ᠠᠴᠠ ᠶᠡᠭᠡ ᠪᠤᠶᠤ ᠲᠡᠩᠴᠡᠬᠦᠥ ᠪᠠᠶᠢᠵᠤ᠂ 250mm ᠠᠴᠠ ᠪᠠᠭ᠎ᠠ ᠪᠠᠶᠢᠬᠤ ᠶᠢ ᠶᠡᠭᠡ ᠰᠢᠷᠥᠬᠦᠨ ᠪᠤᠷᠤᠭᠠᠨ ᠭᠡᠳᠡᠭ᠃ 250mm ᠠᠴᠠ ᠶᠡᠭᠡ ᠪᠤᠶᠤ ᠲᠡᠩᠴᠡᠬᠦᠥ ᠪᠠᠶᠢᠬᠤ ᠶᠢ ᠤᠨᠴᠠ ᠶᠡᠭᠡ ᠰᠢᠷᠥᠬᠦᠨ ᠪᠤᠷᠤᠭᠠᠨ ᠭᠡᠳᠡᠭ᠃ ᠰᠢᠷᠥᠬᠦᠨ ᠪᠤᠷᠤᠭᠠᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠭᠡᠷ ᠤᠨ ᠭᠠᠳᠠᠨᠠᠬᠢ ᠨᠠᠮ ᠲᠤᠤᠷ᠎ᠠ
ᠭᠠᠵᠠᠷ ᠲᠠᠬᠢ ᠠᠶᠤᠯ ᠲᠠᠢ ᠪᠠᠶᠢᠬᠤ ᠴᠠᠬᠢᠯᠭᠠᠨ ᠤᠳᠠᠰᠤ ᠶᠢ ᠲᠠᠰᠤᠯᠵᠤ᠂ ᠭᠡᠷ ᠤᠨ ᠭᠠᠳᠠᠨᠠᠬᠢ ᠠᠵᠢᠯᠯᠠᠭ᠎ᠠ ᠶᠢ ᠲᠥᠷ ᠵᠤᠭᠰᠤᠭᠠᠵᠤ᠂ ᠠᠶᠤᠯ ᠲᠠᠢ ᠭᠠᠵᠠᠷ ᠤᠨ ᠬᠥᠮᠥᠰ ᠬᠢᠭᠡᠳ ᠠᠶᠤᠯ ᠲᠠᠢ ᠭᠡᠷ ᠪᠠᠷᠢᠯᠭ᠎ᠠ ᠳᠠᠬᠢ ᠰᠠᠭᠤᠭᠠᠯᠢ ᠠᠷᠠᠳ ᠢ ᠠᠮᠤᠷ ᠲᠥᠪᠰᠢᠨ ᠭᠠᠵᠠᠷ ᠲᠠᠯᠠᠪᠠᠢ ᠳᠤ ᠰᠢᠯᠵᠢᠬᠦᠯᠥᠨ ᠪᠤᠷᠤᠭᠠᠨ ᠠᠴᠠ ᠲᠠᠯᠳᠠᠯᠠᠭᠤᠯᠤᠨᠠ᠃
② ᠠᠶᠤᠯ ᠲᠠᠢ ᠭᠠᠵᠠᠷ ᠤᠷᠤᠨ ᠳᠠᠬᠢ ᠰᠤᠷᠭᠠᠭᠤᠯᠢ ᠪᠤᠯᠤᠨ ᠨᠢᠭᠡᠴᠢ ᠨᠦᠭᠦᠳ ᠬᠢᠴᠢᠶᠡᠯᠯᠡᠬᠦ ᠪᠠ ᠠᠵᠢᠯᠯᠠᠬᠤ ᠪᠠᠨ ᠵᠤᠭᠰᠤᠭᠠᠵᠤ᠂ ᠨᠢᠭᠡᠨᠳᠡ ᠰᠤᠷᠭᠠᠭᠤᠯᠢ ᠪᠤᠯᠤᠨ ᠭᠡᠥᠭᠡᠳ ᠤᠨ ᠴᠡᠴᠡᠷᠯᠢᠭ ᠲᠡᠭᠡᠨ ᠤᠴᠢᠭᠰᠠᠨ ᠰᠤᠷᠤᠭᠴᠢ ᠪᠤᠶᠤ ᠠᠵᠢᠯ ᠳᠠᠭᠠᠨ ᠭᠠᠷᠤᠭᠰᠠᠨ ᠪᠤᠰᠤᠳ ᠬᠥᠮᠥᠰ ᠤᠨ ᠠᠮᠤᠷ ᠲᠥᠪᠰᠢᠨ ᠢ ᠲᠤᠰᠬᠠᠢ ᠠᠷᠭ᠎ᠠ ᠭᠡᠮᠵᠢᠶ᠎ᠡ ᠠᠪᠴᠤ ᠬᠠᠮᠠᠭᠠᠯᠠᠨ᠎ᠠ᠃
③ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠰᠠᠯᠠᠭ᠎ᠠ ᠮᠥᠴᠢᠷ ᠤᠳ ᠵᠠᠮ ᠤᠨ ᠪᠠᠶᠢᠳᠠᠯ ᠢᠶᠠᠨ ᠥᠨᠳᠥᠰᠥᠯᠡᠵᠤ᠂ ᠰᠢᠷᠥᠬᠦᠨ ᠪᠤᠷᠤᠭᠠᠨ ᠤᠷᠤᠵᠤ ᠪᠠᠶᠢᠭ᠎ᠠ ᠵᠠᠮ ᠤᠨ ᠭᠡᠰᠡᠭ ᠲᠤ ᠵᠠᠮ ᠬᠠᠷᠢᠯᠴᠠᠭᠠᠨ ᠤ ᠵᠠᠬᠢᠷᠤᠨ ᠬᠠᠮᠢᠶᠠᠷᠬᠤ ᠠᠷᠭ᠎ᠠ ᠭᠡᠮᠵᠢᠶ᠎ᠡ ᠶᠢ ᠠᠪᠴᠤ᠂ ᠤᠰᠦ ᠲᠤᠨᠵᠦ ᠬᠤᠷᠠᠭᠰᠠᠨ ᠵᠠᠮ ᠤᠨ ᠭᠡᠰᠡᠭ ᠲᠠᠬᠢ ᠵᠠᠮ ᠬᠠᠷᠢᠯᠴᠠᠭ᠎ᠠ ᠶᠢ ᠵᠢᠯᠤᠭᠤᠳᠤᠨ ᠲᠠᠭᠠᠭᠤᠯᠤᠨ᠎ᠠ᠃
ᠰᠠᠨᠠᠭᠤᠯᠬᠤ ᠨᠢ᠄
① ᠵᠠᠰᠠᠭ ᠤᠨ ᠤᠷᠳᠤᠨ ᠬᠢᠭᠡᠳ ᠬᠤᠯᠪᠤᠭᠳᠠᠯ ᠪᠥᠬᠦᠢ ᠰᠠᠯᠠᠭ᠎ᠠ ᠮᠥᠴᠢᠷ ᠤᠳ ᠡᠬᠦᠷᠭᠡ ᠬᠠᠷᠢᠭᠤᠴᠠᠯᠭ᠎ᠠ ᠪᠠᠷ ᠢᠶᠠᠨ ᠰᠢᠷᠥᠬᠦᠨ ᠪᠤᠷᠤᠭᠠᠨ ᠠᠴᠠ ᠪᠠᠴᠢᠮ ᠠᠷᠭᠠᠴᠠᠬᠤ ᠪᠠ ᠠᠶᠤᠯ ᠠᠴᠠ ᠠᠪᠤᠷᠠᠬᠤ ᠠᠵᠢᠯ ᠢᠶᠠᠨ ᠰᠠᠶᠢᠳᠤᠷ ᠬᠢᠨ᠎ᠠ᠃
② ᠬᠤᠳᠠ᠂ ᠲᠡᠷᠢᠶᠠᠨ ᠭᠠᠵᠠᠷ᠂ ᠵᠢᠭᠠᠰᠤᠨ ᠲᠠᠯᠠᠪᠠᠢ ᠶᠢᠨ ᠤᠰᠤ ᠵᠠᠯᠠᠬᠤ ᠰᠢᠰᠲ᠋ᠧᠮ ᠢ ᠪᠠᠶᠢᠴᠠᠭᠠᠵᠤ᠂ ᠤᠰᠤᠳᠤᠯ ᠢ ᠵᠠᠯᠠᠬᠤ ᠴᠢᠬᠤᠯᠠ ᠪᠥᠬᠦᠢ ᠠᠷᠭ᠎ᠠ ᠭᠡᠮᠵᠢᠶ᠎ᠡ ᠨᠦᠭᠦᠳ ᠢ ᠠᠪᠴᠤ ᠪᠤᠯᠤᠨ᠎ᠠ᠃
③ ᠡᠬᠦᠰᠴᠤ ᠮᠡᠳᠡᠬᠦ ᠠᠭᠤᠯᠠᠨ ᠥᠶᠡᠷ᠂ ᠠᠭᠤᠯᠨ ᠶᠡᠬᠦᠷᠡᠬᠦ᠂ ᠰᠢᠪᠡᠷ ᠴᠢᠯᠠᠭᠤᠨ ᠤ ᠤᠷᠤᠰᠬᠠᠯ ᠵᠡᠷᠭᠡ ᠭᠠᠮᠰᠢᠬ ᠢ ᠠᠩᠬᠠᠷᠤᠨ ᠰᠡᠷᠭᠡᠶᠢᠯᠡᠨ᠎ᠡ᠃
︵7︶ ᠡᠯᠡᠰᠥᠨ ᠰᠢᠭᠤᠷᠭ᠎ᠠ
ᠡᠯᠡᠰᠥᠨ ᠰᠢᠭᠤᠷᠭ᠎ᠠ ᠭᠡᠳᠡᠭ ᠪᠤᠯ ᠭᠠᠩ ᠬᠠᠭᠤᠷᠠᠢ ᠭᠠᠵᠠᠷ ᠤᠷᠤᠨ ᠳᠤ ᠥᠷᠬᠦᠯᠵᠢ ᠢᠯᠡᠷᠡᠳᠡᠭ ᠨᠢᠭᠡ ᠵᠥᠢᠯ ᠤᠨ ᠪᠠᠶᠢᠭᠠᠯᠢ ᠶᠢᠨ ᠥᠵᠡᠭᠳᠡᠯ ᠮᠥᠨ᠃ ᠭᠤᠤᠯᠳᠠᠭᠤ ᠠᠭᠤᠷ ᠠᠮᠢᠰᠬᠤᠯ ᠵᠢᠴᠢ ᠭᠠᠩ ᠬᠠᠭᠤᠷᠠᠢ ᠤᠷᠴᠢᠨ ᠲᠤᠭᠤᠷᠢᠨ ᠤ ᠪᠠᠶᠢᠳᠠᠯ ᠤᠨ ᠨᠥᠯᠥᠭᠡᠯᠡᠯ ᠢ ᠬᠥᠷᠳᠡᠵᠤ᠂ ᠬᠥᠮᠥᠨ ᠲᠥᠷᠥᠯᠬᠢᠳᠡᠨ ᠤ ᠠᠵᠢᠯᠯᠠᠭ᠎ᠠ ᠨᠢ ᠮᠥᠨ ᠴᠤ ᠡᠯᠡᠰᠥᠨ ᠰᠢᠭᠤᠷᠭ᠎ᠠ ᠲᠠᠢ ᠨᠢᠭᠳᠠ ᠬᠠᠷᠢᠴᠠᠭ᠎ᠠ ᠲᠠᠢ ᠪᠠᠶᠢᠳᠠᠭ᠃ ᠮᠠᠨ ᠤ ᠤᠯᠤᠰ ᠤᠨ ᠴᠠᠭ ᠠᠭᠤᠷ ᠤᠨ ᠰᠠᠯᠠᠭ᠎ᠠ ᠮᠥᠴᠢᠷ ᠤᠨ ᠲᠤᠭᠳᠠᠭᠠᠯ ᠢ ᠥᠨᠳᠥᠰᠥᠯᠡᠪᠡᠯ᠂ ᠡᠯᠡᠰᠥ ᠲᠤᠭᠤᠰᠤ ᠰᠢᠭᠤᠷᠭᠠᠯᠠᠬᠤ ᠶᠢ ᠲᠤᠭᠤᠰᠤ ᠲᠡᠭᠳᠡᠬᠦ᠂ ᠡᠯᠡᠰᠥ ᠭᠡᠶᠢᠰᠬᠦ᠂ ᠡᠯᠡᠰᠥᠨ ᠰᠢᠭᠤᠷᠭ᠎ᠠ᠂ ᠰᠢᠷᠥᠬᠦᠨ ᠡᠯᠡᠰᠥᠨ ᠰᠢᠭᠤᠷᠭ᠎ᠠ ᠬᠢᠭᠡᠳ ᠤᠨᠴᠠ ᠶᠡᠭᠡ ᠡᠯᠡᠰᠥᠨ ᠰᠢᠭᠤᠷᠭ᠎ᠠ ᠭᠡᠵᠤ ᠬᠤᠪᠢᠶᠠᠳᠠᠭ᠃ ᠡᠯᠡᠰᠥᠨ ᠰᠢᠭᠤᠷᠭ᠎ᠠ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠡᠯᠡᠰᠥᠨ ᠰᠢᠭᠤᠷᠭ᠎ᠠ ᠶᠢᠨ ᠤᠷᠢᠳᠴᠢᠯᠠᠭᠰᠠᠨ ᠮᠡᠳᠡᠭᠡ ᠶᠢ ᠤᠯᠤᠭᠰᠠᠨ ᠤ ᠲᠠᠷᠠᠭ᠎ᠠ᠂ ᠠᠷᠭ᠎ᠠ ᠭᠡᠮᠵᠢᠶ᠎ᠡ ᠠᠪᠴᠤ ᠪᠠᠶᠢᠭᠠᠳ ᠲᠤᠯᠠᠭᠠᠨ ᠬᠥᠯᠡᠮᠵᠢ ᠪᠠᠨ ᠪᠠᠬᠢᠯᠡᠵᠤ᠂ ᠬᠤᠬᠢᠷᠠᠯ ᠡᠪᠳᠡᠯᠡᠭᠡ ᠶᠢ ᠪᠠᠭᠠᠰᠬᠠᠬᠤ ᠭᠡᠷᠡᠭᠳᠡᠢ᠃ ᠮᠠᠯᠴᠢᠳ ᠮᠠᠯ ᠢᠶᠠᠨ ᠬᠥᠷᠢᠶ᠎ᠡ ᠬᠠᠰᠢᠶᠠᠨ ᠳᠠᠭᠠᠨ ᠲᠠᠷᠦ᠋ᠢᠬᠠᠨ ᠬᠤᠷᠢᠵᠤ᠂ ᠤᠷᠤᠭᠤᠳᠠᠵᠤ ᠶᠠᠪᠤᠬᠤ ᠠᠴᠠ ᠰᠡᠷᠭᠡᠶᠢᠯᠡᠬᠦ ᠭᠡᠷᠡᠭᠳᠡᠢ᠃ ᠭᠡᠷᠪᠡ ᠮᠠᠯ ᠰᠥᠷᠥᠭ ᠨᠢ ᠭᠡᠷ ᠡᠷᠥᠭᠡ ᠠᠴᠠ ᠪᠠᠨ ᠬᠤᠯᠠ ᠪᠠᠶᠢᠪᠠᠯ᠂ ᠤᠢᠢᠷᠠᠯᠴᠠᠭ᠎ᠠ ᠪᠠᠶᠢᠭ᠎ᠠ ᠰᠠᠯᠬᠢ ᠬᠠᠯᠬᠠᠯᠠᠬᠤ ᠭᠠᠵᠠᠷ ᠲᠤ ᠥᠳᠳᠡᠷ ᠲᠥᠷᠭᠡᠨ ᠤᠷᠤᠭᠤᠯᠤᠨ᠎ᠠ᠃
② ᠪᠠᠷᠢᠯᠭ᠎ᠠ ᠶᠢᠨ ᠭᠠᠵᠠᠷ ᠲᠠᠬᠢ ᠰᠠᠯᠬᠢᠨ ᠳᠤ ᠠᠮᠠᠷᠬᠠᠨ ᠭᠡᠶᠢᠰᠳᠡᠭ ᠪᠠᠷᠢᠯᠭ᠎ᠠ ᠶᠢᠨ ᠮᠠᠲ᠋ᠧᠷᠢᠶᠠᠯ ᠪᠤᠶᠤ ᠬᠠᠶᠠᠭᠳᠠᠮᠠᠯ ᠪᠤᠳᠠᠰ ᠢᠶᠠᠨ ᠰᠠᠶᠢᠳᠤᠷ ᠲᠠᠷᠤᠵᠤ ᠲᠠᠯᠪᠢᠨ᠎ᠠ᠃
③ ᠡᠯᠡᠰᠥᠨ ᠰᠢᠭᠤᠷᠭ᠎ᠠ ᠲᠠᠢ ᠡᠳᠥᠷ ᠤᠨ ᠠᠭᠤᠷ ᠠᠮᠢᠰᠬᠤᠯ ᠨᠢ ᠭᠠᠩ ᠬᠠᠭᠤᠷᠠᠢ᠂ ᠲᠦᠢᠮᠡᠷ ᠠᠮᠠᠷᠬᠠᠨ ᠡᠬᠦᠰᠳᠡᠭ ᠲᠤᠯᠠ ᠴᠠᠬᠢᠯᠭᠠᠨ ᠢ ᠠᠩᠬᠠᠷᠤᠨ ᠬᠠᠮᠢᠶᠠᠷᠴᠤ᠂ ᠭᠠᠯ ᠤᠨ ᠠᠶᠤᠯ ᠡᠬᠦᠰᠬᠦ ᠠᠴᠠ ᠰᠡᠷᠭᠡᠶᠢᠯᠡᠨ᠎ᠡ᠃
④ ᠶᠠᠪᠤᠭᠤᠯ ᠤᠨ ᠬᠥᠮᠥᠰ ᠥᠨᠳᠥᠷ ᠪᠠᠷᠢᠯᠭ᠎ᠠ᠂ ᠪᠠᠷᠢᠯᠭ᠎ᠠ ᠶᠢᠨ ᠭᠠᠵᠠᠷ᠂ ᠵᠠᠷ ᠤᠨ ᠫᠠᠶᠢᠰᠠ᠂ ᠬᠥᠭᠰᠢᠷᠡᠭᠰᠡᠨ ᠮᠤᠳᠤ ᠵᠡᠷᠭᠡ ᠠᠴᠠ ᠬᠤᠯᠠ ᠵᠠᠶᠢᠯᠠᠵᠤ᠂ ᠲᠡᠭᠡᠷ᠎ᠡ ᠠᠴᠠ ᠤᠨᠠᠵᠤ ᠢᠷᠡᠭᠰᠡᠨ ᠶᠠᠭᠤᠮᠠᠨ ᠳᠤ ᠴᠤᠬᠢᠭᠳᠠᠬᠤ ᠠᠴᠠ ᠰᠡᠷᠭᠡᠶᠢᠯᠡᠬᠦ ᠭᠡᠷᠡᠭᠳᠡᠢ᠃ ᠤᠰᠤᠨ ᠰᠤᠪᠠᠭ᠂ ᠤᠰᠤᠨ ᠴᠥᠬᠦᠷᠥᠮ ᠠᠴᠠ ᠵᠠᠶᠢᠳᠠᠭᠤ ᠪᠠᠶᠢᠵᠤ᠂ ᠤᠰᠤᠨ ᠳᠤ ᠤᠨᠠᠬᠤ ᠠᠴᠠ ᠰᠡᠷᠭᠡᠶᠢᠯᠡᠵᠤ ᠪᠤᠯᠤᠨ᠎ᠠ᠃
⑤ ᠰᠤᠷᠭᠠᠭᠤᠯᠢ ᠨᠤᠭᠤᠳ ᠰᠤᠷᠤᠭᠴᠢ ᠪᠠᠨ ᠭᠠᠳᠠᠭᠰᠢ ᠭᠠᠷᠭᠠᠬᠤ ᠥᠭᠡᠢ ᠪᠠᠶᠢᠵᠤ᠂ ᠡᠯᠡᠰᠥᠨ ᠰᠢᠭᠤᠷᠭ᠎ᠠ ᠥᠡᠭᠭᠡᠷᠡᠭᠰᠡᠨ ᠤ ᠲᠠᠷᠠᠭ᠎ᠠ ᠰᠠᠶ᠋ᠢ ᠰᠤᠷᠭᠠᠭᠤᠯᠢ ᠠᠴᠠ ᠪᠠᠨ ᠭᠠᠷᠭᠠᠬᠤ ᠭᠡᠷᠡᠭᠳᠡᠢ᠃ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠭᠡᠷᠪᠡ ᠰᠤᠷᠭᠠᠭᠤᠯᠢ ᠠᠴᠠ ᠪᠠᠨ ᠭᠠᠷᠴᠤ ᠭᠡᠷ ᠲᠡᠭᠡᠨ ᠬᠠᠷᠢᠬᠤ ᠵᠠᠮ ᠳᠠᠭᠠᠨ ᠡᠯᠡᠰᠥᠨ ᠰᠢᠭᠤᠷᠭ᠎ᠠ ᠳᠤ ᠲᠤᠬᠢᠶᠠᠯᠳᠤᠪᠠᠯ ᠰᠠᠯᠬᠢ ᠬᠠᠯᠬᠠᠯᠠᠬᠤ ᠠᠮᠤᠷ ᠲᠥᠪᠰᠢᠨ ᠭᠠᠵᠠᠷ ᠲᠤ ᠬᠤᠷᠭᠤᠳᠠᠵᠤ᠂ ᠥᠨᠳᠥᠷ ᠬᠥᠴᠥᠳᠡᠯᠳᠤ ᠴᠠᠬᠢᠯᠭᠠᠨ ᠤᠳᠠᠰᠤ ᠠᠴᠠ ᠬᠤᠯᠠ ᠪᠠᠶᠢᠬᠤ ᠭᠡᠷᠡᠭᠳᠡᠢ᠃
⑥ ᠰᠠᠭᠤᠭᠠᠯᠢ ᠠᠷᠠᠳ ᠴᠢᠳᠠᠬᠤ ᠶᠢᠨ ᠲᠤᠳᠤᠷ᠎ᠠ ᠭᠠᠳᠠᠭᠰᠢ ᠪᠠᠭ᠎ᠠ ᠭᠠᠷᠴᠤ᠂ ᠭᠠᠳᠠᠭᠰᠢ ᠭᠠᠷᠬᠤ ᠭᠡᠪᠡᠯ ᠠᠮᠠᠪᠴᠢ ᠵᠡᠬᠦᠬᠦ ᠪᠤᠶᠤ ᠱᠠ ᠪᠥᠰ ᠢᠶᠠᠷ ᠲᠤᠯᠤᠭᠠᠢ ᠪᠠᠨ ᠤᠷᠢᠶᠠᠵᠤ᠂ ᠡᠯᠡᠰᠤ ᠰᠢᠷᠤᠢ ᠠᠮᠠᠨ ᠬᠥᠨᠳᠡᠢ ᠪᠤᠯᠤᠨ ᠨᠢᠳᠤᠨ ᠳᠤ ᠤᠷᠤᠵᠤ ᠰᠢᠷᠬᠠᠳᠤᠭᠤᠯᠬᠤ ᠠᠴᠠ ᠰᠡᠷᠭᠡᠶᠢᠯᠡᠨ᠎ᠡ᠃
⑦ ᠲᠤᠭᠤᠢ ᠲᠡᠷᠭᠡ ᠤᠨᠤᠭᠰᠠᠳ ᠠᠯᠭᠤᠷ ᠶᠠᠪᠤᠵᠤ᠂ ᠰᠠᠯᠬᠢ ᠶᠡᠭᠡ ᠪᠤᠯᠬᠤ ᠪᠤᠶᠤ ᠬᠠᠷᠠᠭᠳᠠᠬᠤ ᠭᠡᠮᠵᠢᠶ᠎ᠡ ᠮᠠᠭᠤ ᠪᠤᠯᠬᠤ ᠥᠶ᠎ᠡ ᠳᠤ ᠲᠤᠭᠤᠢ ᠲᠡᠷᠭᠡᠨ ᠠᠴᠠ ᠪᠠᠨ ᠪᠠᠭᠤᠵᠤ ᠵᠠᠮ ᠤᠨ ᠬᠠᠵᠠᠭᠤ ᠪᠠᠷ ᠲᠥᠯᠬᠢᠵᠤ ᠶᠠᠪᠤᠪᠠᠯ ᠵᠤᠬᠢᠨ᠎ᠠ᠃
⑧ ᠡᠯᠡᠰᠥᠨ ᠰᠢᠭᠤᠷᠭ᠎ᠠ ᠡᠬᠦᠰᠥᠭᠰᠡᠨ ᠥᠶ᠎ᠡ ᠳᠤ ᠥᠨᠳᠥᠷ ᠲᠡᠭᠡᠷᠡᠬᠢ ᠪᠤᠶᠤ ᠤᠰᠤᠨ ᠲᠡᠭᠡᠷᠡᠬᠢ ᠠᠶᠤᠯ ᠲᠠᠢ ᠠᠵᠢᠯ ᠪᠥᠬᠦᠨ ᠢ ᠵᠤᠭᠰᠤᠭᠠᠨ᠎ᠠ᠃
ᠰᠠᠨᠠᠭᠤᠯᠬᠤ ᠨᠢ᠄
① ᠡᠯᠡᠰᠥᠨ ᠰᠢᠭᠤᠷᠭ᠎ᠠ ᠲᠠᠢ ᠡᠳᠥᠷ ᠤᠨ ᠠᠭᠤᠷ ᠠᠮᠢᠰᠬᠤᠯ ᠨᠢ ᠭᠠᠩ ᠬᠠᠭᠤᠷᠠᠢ ᠲᠤᠯᠠ ᠤᠰᠤ ᠠᠷᠪᠢᠨ ᠤᠤᠭᠤᠵᠤ᠂ ᠵᠢᠮᠢᠰ ᠠᠷᠪᠢᠨ ᠢᠳᠡᠬᠦ ᠭᠡᠷᠡᠭᠳᠡᠢ᠃ ᠡᠯᠡᠰᠥᠨ ᠰᠢᠭᠤᠷᠭ᠎ᠠ ᠥᠡᠭᠭᠡᠷᠡᠭᠰᠡᠨ ᠤ ᠲᠠᠷᠠᠭ᠎ᠠ ᠠᠮᠢᠰᠬᠤᠯ ᠤᠨ ᠡᠷᠭᠡᠳᠡᠨ ᠨᠢ ᠡᠪ ᠥᠭᠡᠢ ᠪᠠᠶᠢᠪᠠᠯ ᠲᠡᠷᠦ᠋ᠢᠬᠠᠨ ᠡᠮᠨᠡᠯᠭᠡ ᠳᠤ ᠬᠥᠷᠴᠤ ᠥᠵᠡᠬᠦᠯᠬᠦ ᠭᠡᠷᠡᠭᠳᠡᠢ᠃
② ᠡᠯᠡᠰᠥᠨ ᠰᠢᠭᠤᠷᠭ᠎ᠠ ᠲᠠᠢ ᠡᠳᠥᠷ ᠤᠨ ᠬᠠᠷᠠᠭᠳᠠᠬᠤ ᠭᠡᠮᠵᠢᠶ᠎ᠡ ᠠᠨᠠᠢ ᠪᠠᠶᠢᠳᠠᠭ ᠲᠤᠯᠠ ᠲᠡᠷᠭᠡ ᠵᠢᠯᠤᠭᠤᠳᠬᠤ ᠳᠠᠭᠠᠨ ᠡᠷᠭᠡᠪᠰᠢ ᠬᠤᠯᠠ ᠲᠤᠰᠬᠤ ᠳ᠋ᠧᠩ᠂ ᠮᠠᠨᠠᠨ ᠤ ᠳ᠋ᠧᠩ ᠢᠶᠠᠨ ᠨᠤᠴᠤᠭᠠᠨ᠎ᠠ᠃
③ ᠡᠯᠡᠰᠥᠨ ᠰᠢᠭᠤᠷᠭ᠎ᠠ ᠲᠠᠢ ᠡᠳᠥᠷ ᠤᠨ ᠰᠠᠯᠬᠢᠨ ᠤ ᠬᠥᠴᠥᠨ ᠭᠡᠳᠤ ᠶᠡᠭᠡ ᠪᠤᠶᠤ ᠬᠠᠷᠠᠭᠳᠠᠬᠤ ᠭᠡᠮᠵᠢᠶ᠎ᠡ ᠨᠢ ᠲᠤᠭᠳᠠᠭᠠᠭᠰᠠᠨ ᠪᠠᠷᠢᠮᠵᠢᠶ᠎ᠠ ᠠᠴᠠ ᠲᠤᠤᠷ᠎ᠠ ᠪᠤᠯᠬᠤ ᠥᠶ᠎ᠡ ᠳᠤ᠂ ᠲᠡᠭᠡᠳᠤ ᠬᠤᠷᠳᠤᠴᠠᠳᠤ ᠵᠠᠮ ᠤᠨ ᠬᠠᠮᠢᠶᠠᠷᠤᠯᠳᠠ ᠶᠢᠨ ᠰᠠᠯᠠᠭ᠎ᠠ ᠮᠥᠴᠢᠷ ᠤᠳ ᠲᠡᠷᠡ ᠲᠠᠷᠤᠢ ᠳᠤᠨᠢ ᠵᠠᠮ ᠢ ᠪᠢᠳᠡᠬᠦᠮᠵᠢᠯᠡᠵᠤ᠂ ᠵᠠᠮ ᠬᠠᠷᠢᠯᠴᠠᠭᠠᠨ ᠤ ᠠᠳᠡᠯ ᠡᠬᠦᠰᠬᠦ ᠠᠴᠠ ᠰᠡᠷᠭᠡᠶᠢᠯᠡᠨ᠎ᠡ᠃
④ ᠡᠯᠡᠰᠥᠨ ᠰᠢᠭᠤᠷᠭ᠎ᠠ ᠲᠠᠢ ᠡᠳᠥᠷ ᠤᠨ ᠵᠠᠮ ᠲᠡᠭᠡᠷ᠎ᠡ ᠲᠤᠭᠤᠰᠤ ᠪᠥᠷᠬᠦᠳᠡᠭ ᠲᠤᠯᠠ ᠬᠤᠳᠠ ᠶᠢᠨ ᠶᠠᠪᠤᠳᠠᠯ ᠤᠨ ᠤᠷᠴᠢᠨ ᠲᠤᠭᠤᠷᠢᠨ ᠢ ᠬᠠᠮᠠᠭᠠᠯᠠᠬᠤ ᠰᠠᠯᠠᠭ᠎ᠠ ᠮᠥᠴᠢᠷ ᠤᠳ ᠲᠡᠷᠤᠢ ᠳᠤᠨᠢ ᠤᠰᠤ ᠰᠠᠴᠤᠵᠤ᠂ ᠲᠤᠭᠤᠰᠤ ᠲᠡᠭᠳᠡᠬᠦ ᠠᠴᠠ ᠰᠡᠷᠭᠡᠶᠢᠯᠡᠯᠳᠡ ᠬᠢᠨ᠎ᠠ᠃
⑤ ᠭᠠᠯᠳᠤ ᠲᠡᠷᠭᠡ ᠨᠢ ᠵᠠᠮ ᠳᠠᠭᠠᠨ ᠡᠯᠡᠰᠥᠨ ᠰᠢᠭᠤᠷᠭ᠎ᠠ ᠲᠠᠢ ᠲᠤᠬᠢᠶᠠᠯᠳᠤᠪᠠᠯ ᠬᠤᠷᠳᠤᠴᠠ ᠪᠠᠨ ᠬᠠᠰᠤᠵᠤ ᠶᠠᠪᠤᠬᠤ ᠭᠡᠷᠡᠭᠳᠡᠢ᠃ ᠰᠠᠯᠬᠢ ᠨᠡᠯᠢᠶᠡᠳ ᠶᠡᠭᠡ ᠪᠤᠶᠤ ᠬᠠᠷᠠᠭᠳᠠᠬᠤ ᠭᠡᠮᠵᠢᠶ᠎ᠡ ᠮᠠᠭᠤᠳᠠᠵᠤ ᠠᠶᠠᠯᠠᠬᠤ ᠶᠢᠨ ᠠᠷᠭ᠎ᠠ ᠥᠭᠡᠢ ᠪᠤᠯᠬᠤ ᠳᠤ ᠥᠷᠳᠡᠭᠡᠨ ᠳᠤ ᠵᠤᠭᠰᠤᠵᠤ ᠰᠠᠯᠬᠢ ᠬᠠᠯᠬᠠᠯᠠᠵᠤ᠂ ᠡᠯᠡᠰᠥᠨ ᠰᠢᠭᠤᠷᠭ᠎ᠠ ᠥᠡᠭᠭᠡᠷᠡᠭᠰᠡᠨ ᠤ ᠲᠡᠷᠠᠭ᠎ᠠ ᠥᠷᠬᠦᠯᠵᠢᠯᠡᠨ ᠠᠶᠠᠯᠠᠯ ᠬᠢᠨ᠎ᠠ᠃
⑥ ᠴᠤᠩᠬᠤ ᠡᠬᠦᠳᠡ ᠪᠠᠨ ᠲᠡᠷᠤᠢ ᠲᠥᠷᠭᠡᠨ ᠬᠠᠭᠠᠵᠤ᠂ ᠭᠡᠷ ᠲᠤ ᠡᠯᠡᠰᠤ ᠲᠤᠭᠤᠰᠤ ᠤᠷᠤᠬᠤ ᠶᠢ ᠰᠡᠷᠭᠡᠶᠢᠯᠡᠬᠦ ᠭᠡᠷᠡᠭᠳᠡᠢ᠃ ᠭᠡᠷ ᠲᠡᠭᠡᠨ ᠴᠢᠬᠢᠭ ᠤᠨ ᠮᠠᠰᠢᠨ ᠭᠡᠷᠡᠭᠯᠡᠬᠦ ᠪᠤᠶᠤ ᠤᠰᠤ ᠰᠠᠴᠤᠵᠤ᠂ ᠨᠦᠢᠳᠠᠨ ᠵᠥᠯᠬᠦᠬᠦᠷ ᠢᠶᠠᠷ ᠱᠠᠯᠠ ᠪᠠᠨ ᠵᠥᠯᠬᠦᠬᠦ ᠵᠡᠷᠭᠡ ᠠᠷᠭ᠎ᠠ ᠪᠠᠷ ᠲᠤᠭᠤᠰᠤ ᠶᠢ ᠴᠡᠪᠡᠷᠯᠡᠵᠤ᠂ ᠭᠡᠷ ᠤᠨ ᠲᠤᠳᠤᠷᠠᠬᠢ ᠠᠭᠠᠷ ᠤᠨ ᠴᠢᠬᠢᠭ ᠤᠨ ᠭᠡᠮᠵᠢᠶ᠎ᠡ ᠶᠢ ᠲᠤᠬᠢᠷᠠᠭᠤᠯᠤᠨ᠂ ᠲᠤᠭᠤᠰᠤ ᠰᠤᠷᠤᠵᠤ ᠤᠷᠤᠭᠤᠯᠬᠤ ᠠᠴᠠ ᠰᠡᠷᠭᠡᠶᠢᠯᠡᠬᠦ ᠭᠡᠷᠡᠭᠳᠡᠢ᠃
︵8︶ ᠠᠶᠤᠩᠭ᠎ᠠ
ᠠᠶᠤᠩᠭ᠎ᠠ ᠭᠡᠳᠡᠭ ᠪᠤᠯ ᠬᠤᠷ᠎ᠠ ᠪᠤᠷᠤᠭᠠᠨ ᠤ ᠡᠬᠦᠯᠡ ᠴᠢᠩᠭ᠎ᠠ ᠪᠠᠷ ᠬᠤᠮᠢᠷᠠᠯᠳᠤᠨ ᠪᠥᠷᠢᠯᠳᠥᠬᠦ ᠱᠠᠳᠤᠨ ᠳᠠᠭᠠᠨ ᠡᠬᠦᠯᠡᠨ ᠲᠠᠪᠬᠤᠷᠭ᠎ᠠ ᠶᠢᠨ ᠬᠤᠭᠤᠷᠤᠨᠳᠤ᠂ ᠡᠬᠦᠯᠡ ᠭᠠᠵᠠᠷ ᠤᠨ ᠬᠤᠭᠤᠷᠤᠨᠳᠤ᠂ ᠡᠬᠦᠯᠡ ᠠᠭᠠᠷ ᠤᠨ ᠬᠤᠭᠤᠷᠤᠨᠳᠤ ᠳᠠᠬᠢ ᠴᠠᠬᠢᠯᠭᠠᠨ ᠤ ᠪᠠᠶᠢᠷᠢ ᠶᠢᠨ ᠵᠥᠷᠢᠶ᠎ᠡ ᠨᠢ ᠵᠤᠬᠢᠬᠤ ᠭᠡᠮᠵᠢᠶᠡᠨ ᠳᠤ ᠬᠥᠷᠬᠦ ᠳᠤ ᠴᠠᠬᠢᠯᠭᠠᠨ ᠲᠠᠯᠪᠢᠬᠤ ᠥᠵᠡᠭᠳᠡᠯ ᠡᠬᠦᠰᠳᠡᠭ᠃ ᠬᠥᠮᠥᠨ᠂ ᠪᠠᠷᠢᠯᠭ᠎ᠠ ᠪᠤᠶᠤ ᠡᠯ᠎ᠡ ᠵᠥᠢᠯ ᠤᠨ ᠪᠡᠯᠡᠳᠭᠡᠮᠵᠢ ᠳᠤ ᠠᠶᠤᠩᠭ᠎ᠠ ᠪᠠᠭᠤᠪᠠᠯ ᠶᠡᠷᠥ ᠠᠴᠠ ᠬᠥᠮᠥᠨ ᠥᠬᠦᠵᠤ ᠰᠢᠷᠬᠠᠳᠤᠬᠤ ᠪᠠ ᠠᠵᠤ ᠠᠬᠤᠢ ᠶᠢᠨ ᠬᠤᠬᠢᠷᠠᠯ ᠭᠠᠷᠳᠠᠭ᠃ ᠠᠶᠤᠩᠭ᠎ᠠ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠬᠥᠳᠡᠭᠡ ᠭᠠᠳᠠᠨ᠎ᠠ ᠰᠢᠬᠦᠷ ᠲᠡᠯᠭᠡᠬᠦ᠂ ᠲᠡᠷᠢᠶᠠᠯᠠᠩ ᠤᠨ ᠪᠠᠭᠠᠵᠢ᠂ ᠥᠳᠥᠨ ᠪᠥᠮᠪᠦᠭᠡ ᠶᠢᠨ ᠴᠤᠬᠢᠭᠤᠷ ᠪᠠ ᠭᠤᠯᠹ ᠪᠥᠮᠪᠦᠭᠡ ᠶᠢᠨ ᠴᠤᠬᠢᠭᠤᠷ ᠵᠡᠷᠭᠡ ᠶᠢ ᠮᠥᠷᠥᠨ ᠲᠡᠭᠡᠷ᠎ᠡ ᠪᠠᠨ ᠲᠠᠯᠪᠢᠬᠤ ᠠᠴᠠ ᠰᠡᠷᠭᠡᠶᠢᠯᠡᠨ᠎ᠡ᠃
② ᠴᠠᠬᠢᠯᠭᠠᠨ ᠤᠳᠠᠰᠤ᠂ ᠤᠰᠤᠨ ᠤ ᠬᠤᠭᠤᠯᠠᠢ᠂ ᠲᠡᠮᠥᠷ ᠲᠤᠤᠷ᠂ ᠲᠡᠮᠦᠷᠯᠢᠭ ᠡᠬᠦᠳᠡ ᠴᠤᠩᠬᠤ᠂ ᠪᠠᠷᠢᠯᠭ᠎ᠠ ᠶᠢᠨ ᠭᠠᠳᠠᠭᠤᠷ ᠭᠡᠷᠡᠮ ᠲᠠᠢ ᠤᠢᠢᠷᠠᠳᠴᠤ ᠤᠭᠳᠤ ᠪᠤᠯᠬᠤ ᠥᠭᠡᠢ᠃ ᠴᠠᠬᠢᠯᠭᠠᠨ ᠤᠳᠠᠰᠤ ᠵᠡᠷᠭᠡ ᠴᠠᠬᠢᠯᠭᠠᠨ ᠲᠠᠢ ᠪᠡᠯᠡᠳᠭᠡᠮᠵᠢ ᠪᠤᠯᠤᠨ ᠪᠤᠰᠤᠳ ᠲᠡᠮᠦᠷᠯᠢᠭ ᠪᠤᠶᠤ ᠲᠡᠮᠦᠷᠯᠢᠭ ᠲᠠᠢ ᠠᠳᠠᠯᠢᠪᠳᠤᠷ ᠪᠤᠳᠠᠰ ᠠᠴᠠ ᠬᠤᠯᠠ ᠪᠠᠶᠢᠬᠤ ᠶᠢ ᠪᠠᠷᠢᠮᠳᠠᠯᠠᠨ᠎ᠠ᠃
③ ᠶᠡᠭᠡ ᠠᠶᠤᠩᠭ᠎ᠠ ᠨᠢᠷᠬᠡᠬᠦ ᠥᠶ᠎ᠡ ᠳᠤ ᠠᠶᠤᠩᠭ᠎ᠠ ᠰᠡᠷᠭᠡᠶᠢᠯᠡᠬᠦ ᠲᠤᠨᠤᠭᠯᠠᠯ ᠤᠭᠰᠠᠷᠠᠭᠰᠠᠨ ᠥᠭᠡᠢ ᠵᠢᠷᠤᠭᠳᠤ ᠷᠠᠳᠢᠤ᠋᠂ ᠺᠤᠮᠫᠢᠦ᠋ᠲ᠋ᠧᠷ᠂ ᠤᠳᠠᠰᠤ ᠪᠠᠷ ᠲᠤᠤᠷ ᠰᠥᠯᠵᠢᠶᠡᠨ ᠳᠤ ᠭᠠᠷᠬᠤ ᠵᠡᠷᠭᠡ ᠡᠯᠧᠺᠲᠷᠤᠨ ᠪᠥᠳᠥᠭᠡᠭᠳᠡᠬᠦᠨ ᠭᠡᠷᠡᠭᠯᠡᠬᠦ ᠪᠠᠨ ᠵᠤᠭᠰᠤᠬᠤ ᠭᠡᠷᠡᠭᠳᠡᠢ᠃
ᠰᠠᠨᠠᠭᠤᠯᠬᠤ ᠨᠢ᠄
① ᠭᠡᠷ ᠤᠨ ᠭᠠᠳᠠᠨᠠᠬᠢ ᠬᠥᠮᠥᠰ ᠠᠶᠤᠩᠭ᠎ᠠ ᠰᠡᠷᠭᠡᠶᠢᠯᠡᠬᠦ ᠪᠡᠯᠡᠳᠭᠡᠮᠵᠢ ᠤᠭᠰᠠᠷᠠᠭᠰᠠᠨ ᠪᠠᠷᠢᠯᠭ᠎ᠠ ᠪᠤᠶᠤ ᠮᠠᠰᠢᠨ ᠲᠡᠷᠭᠡᠨ ᠲᠤᠳᠤᠷ᠎ᠠ ᠲᠠᠯᠳᠠᠯᠠᠨ᠎ᠠ᠃
② ᠠᠶᠤᠯ ᠲᠠᠢ ᠴᠠᠬᠢᠯᠭᠠᠨ ᠤ ᠢᠷᠡᠯᠳᠡ ᠶᠢ ᠲᠠᠰᠤᠯᠵᠤ᠂ ᠠᠶᠤᠩᠭ᠎ᠠ ᠨᠢᠷᠭᠡᠭᠰᠡᠨ ᠠᠴᠠ ᠪᠤᠯᠵᠤ ᠭᠠᠯ ᠤᠨ ᠠᠶᠤᠯ ᠡᠬᠦᠰᠬᠦ ᠶᠢ ᠰᠡᠷᠭᠡᠶᠢᠯᠡᠵᠤ ᠪᠤᠯᠤᠨ᠎ᠠ᠃
③ ᠵᠤᠷᠴᠢᠨ ᠶᠠᠪᠤᠭᠰᠠᠳ ᠮᠤᠳᠤ᠂ ᠴᠠᠬᠢᠯᠭᠠᠨ ᠤᠳᠠᠰᠤᠨ ᠤ ᠪᠠᠭᠠᠨ᠎ᠠ᠂ ᠰᠤᠪᠤᠷᠭᠠᠨ ᠭᠡᠯᠪᠡᠷᠢᠳᠤ ᠲᠡᠬᠦᠵᠢᠯᠡᠬᠦ ᠮᠠᠰᠢᠨ ᠤ ᠲᠤᠤᠷ᠎ᠠ ᠪᠤᠷᠤᠭᠠᠨ ᠠᠴᠠ ᠲᠠᠯᠳᠠᠯᠠᠵᠤ ᠪᠤᠯᠬᠤ ᠥᠭᠡᠢ᠃
④ ᠬᠥᠳᠡᠭᠡ ᠭᠠᠳᠠᠨ᠎ᠠ ᠭᠠᠷ ᠤᠳᠠᠰᠤ ᠭᠡᠷᠡᠭᠯᠡᠵᠤ ᠪᠤᠯᠬᠤ ᠥᠭᠡᠢ᠃
︵9︶ ᠮᠥᠨᠳᠥᠷ
ᠮᠥᠨᠳᠥᠷ ᠭᠡᠳᠡᠭ ᠪᠤᠯ ᠴᠢᠩᠭ᠎ᠠ ᠰᠤᠯᠢᠯᠴᠠᠯᠳᠤᠭᠰᠠᠨ ᠴᠠᠭ ᠠᠭᠤᠷ ᠤᠨ ᠡᠵᠡᠮᠰᠢᠯ ᠲᠤᠤᠷ᠎ᠠ᠂ ᠬᠤᠷ᠎ᠠ ᠪᠤᠷᠤᠭᠠᠨ ᠤ ᠬᠤᠷᠠᠮᠠᠯ ᠡᠬᠦᠯᠡᠨ ᠲᠤᠳᠤᠷ᠎ᠠ ᠮᠥᠰᠥᠳᠤᠨ ᠪᠥᠷᠢᠯᠳᠥᠭᠰᠡᠨ ᠬᠠᠳᠠᠭᠤ ᠪᠡᠶᠡᠳᠤ ᠤᠰᠤ ᠪᠤᠯᠤᠨ᠎ᠠ᠃ ᠵᠢᠯ ᠪᠥᠷᠢ ᠶᠢᠨ ᠬᠠᠪᠤᠷ ᠵᠤᠨ ᠤ ᠬᠤᠭᠤᠷᠤᠨᠳᠤ ᠪᠠ ᠵᠤᠨ ᠨᠠᠮᠤᠷ ᠤᠨ ᠬᠤᠭᠤᠷᠤᠨᠳᠤ ᠮᠥᠨᠳᠥᠷ ᠬᠠᠮᠤᠭ ᠤᠨ ᠠᠮᠠᠷᠬᠠᠨ ᠡᠬᠦᠰᠳᠡᠭ ᠶᠤᠮ᠃ ᠮᠥᠨᠳᠥᠷ ᠤᠷᠤᠬᠤ ᠳᠤ ᠶᠡᠷᠥ ᠳᠡᠭᠡᠨ ᠶᠡᠭᠡ ᠰᠠᠯᠬᠢ ᠰᠠᠯᠬᠢᠯᠠᠵᠤ᠂ ᠲᠤᠯᠠᠭᠠᠨ ᠤ ᠭᠡᠮᠵᠢᠶ᠎ᠡ ᠭᠡᠨᠡᠳᠳᠡ ᠪᠠᠭᠤᠷᠠᠨ᠂ ᠴᠠᠬᠢᠯᠭᠠᠨ ᠴᠠᠬᠢᠯᠳᠠᠭ᠃ ᠮᠥᠨᠳᠥᠷ ᠤᠨ ᠪᠠᠭᠤᠬᠤ ᠬᠤᠷᠳᠤᠴᠠ ᠨᠢ ᠲᠥᠷᠭᠡᠨ᠂ ᠤᠨᠠᠵᠤ ᠲᠤᠰᠬᠤ ᠬᠥᠴᠥᠨ ᠨᠢ ᠨᠡᠯᠢᠶᠡᠳ ᠶᠡᠭᠡ ᠪᠤᠯᠬᠤᠷ ᠲᠡᠷᠢᠶᠠᠨ ᠭᠠᠵᠠᠷ᠂ ᠵᠢᠮᠢᠰ ᠤᠨ ᠮᠤᠳᠤ ᠵᠡᠷᠭᠡ ᠲᠡᠷᠢᠶᠠᠯᠠᠩ ᠤᠨ ᠪᠥᠳᠥᠭᠡᠭᠳᠡᠬᠦᠨ ᠪᠤᠯᠤᠨ ᠤᠢ ᠰᠢᠭᠤᠢ ᠶᠢ ᠬᠤᠬᠢᠷᠠᠭᠤᠯᠬᠤ ᠪᠠᠷ ᠪᠠᠷᠠᠬᠤ ᠥᠭᠡᠢ ᠲᠤᠮᠤ ᠶᠡᠭᠡ ᠮᠥᠨᠳᠥᠷ ᠨᠢ ᠪᠠᠰᠠ ᠭᠡᠷ ᠪᠠᠷᠢᠯᠭ᠎ᠠ ᠵᠢᠴᠢ ᠪᠠᠷᠢᠯᠭ᠎ᠠ ᠶᠢᠨ ᠭᠠᠵᠠᠷ ᠤᠨ ᠪᠡᠯᠡᠳᠭᠡᠮᠵᠢ ᠶᠢ ᠡᠪᠳᠡᠯᠡᠨ᠂ ᠡᠪᠡᠰᠥᠨ ᠲᠡᠯᠡᠪᠡᠢ ᠶᠢ ᠬᠤᠬᠢᠷᠠᠭᠤᠯᠤᠨ᠂ ᠴᠢᠨᠠᠭᠰᠢᠯᠠᠨ ᠬᠥᠮᠥᠨ ᠮᠠᠯ ᠥᠬᠦᠵᠤ ᠰᠢᠷᠬᠠᠳᠤᠳᠠᠭ᠃ ᠮᠥᠨᠳᠥᠷ ᠪᠤᠯ ᠨᠢᠭᠡ ᠵᠥᠢᠯ ᠤᠨ ᠴᠠᠭ ᠠᠭᠤᠷ ᠤᠨ ᠭᠠᠮᠰᠢᠬ ᠮᠥᠨ᠃ ᠮᠥᠨᠳᠥᠷ ᠤᠨ ᠪᠠᠴᠢᠮ ᠪᠠᠶᠢᠳᠠᠯ ᠢ ᠠᠷᠭᠠᠴᠠᠬᠤ ᠳᠤ᠄
① ᠮᠥᠨᠳᠥᠷ ᠤᠷᠤᠬᠤ ᠶᠢ ᠲᠠᠭᠠᠯᠳᠤᠨ ᠠᠶᠤᠩᠭ᠎ᠠ ᠴᠠᠬᠢᠯᠭᠠᠨ ᠤ ᠭᠠᠮᠰᠢᠬ ᠡᠬᠦᠰᠬᠦ ᠶᠢ ᠠᠩᠬᠠᠷᠤᠨ ᠰᠡᠷᠭᠡᠶᠢᠯᠡᠨ᠎ᠡ᠃
② ᠮᠥᠨᠳᠥᠷ ᠲᠤ ᠠᠮᠠᠷᠬᠠᠨ ᠴᠤᠬᠢᠭᠳᠠᠬᠤ ᠮᠠᠰᠢᠨ ᠲᠡᠷᠭᠡ ᠵᠡᠷᠭᠡ ᠭᠡᠷ ᠤᠨ ᠭᠠᠳᠠᠨᠠᠬᠢ ᠪᠤᠳᠠᠰ ᠬᠢᠭᠡᠳ ᠪᠡᠯᠡᠳᠭᠡᠮᠵᠢ ᠪᠠᠨ ᠲᠤᠬᠢᠳᠠᠢ ᠪᠠᠶᠢᠷᠢᠯᠠᠭᠤᠯᠤᠨ᠎ᠠ᠃
③ ᠭᠡᠷ ᠤᠨ ᠵᠢᠬᠦᠷᠳᠡᠨ᠂ ᠮᠠᠯ ᠤᠨᠤᠭ᠎ᠠ ᠵᠡᠷᠭᠡ ᠶᠢ ᠬᠠᠰᠢᠶ᠎ᠠ ᠰᠠᠷᠠᠪᠴᠢ ᠲᠠᠢ ᠠᠶᠤᠯ ᠥᠭᠡᠢ ᠭᠠᠵᠠᠷ ᠲᠠᠯᠠᠪᠠᠢ ᠳᠤ ᠬᠤᠷᠢᠨ᠎ᠠ᠃
④ ᠭᠡᠷ ᠤᠨ ᠭᠠᠳᠠᠨ᠎ᠠ ᠠᠵᠢᠯᠯᠠᠭᠰᠠᠳ ᠠᠵᠢᠯ ᠢᠶᠠᠨ ᠵᠤᠭᠰᠤᠭᠠᠵᠤ᠂ ᠲᠡᠷᠦ᠋ᠢᠬᠠᠨ ᠠᠶᠤᠯ ᠥᠭᠡᠢ ᠭᠠᠵᠠᠷ ᠲᠤ ᠤᠴᠢᠵᠤ ᠲᠠᠯᠳᠠᠯᠠᠨ᠎ᠠ᠃
⑤ ᠭᠡᠥᠭᠡᠳ ᠤᠨ ᠴᠡᠴᠡᠷᠯᠢᠭ᠂ ᠰᠤᠷᠭᠠᠭᠤᠯᠢ ᠶᠢᠨ ᠰᠤᠷᠤᠭᠴᠢᠳ ᠢ ᠠᠩᠬᠢ ᠶᠢᠨ ᠭᠡᠷ ᠲᠤᠨᠢ ᠪᠠᠶᠢᠯᠭᠠᠪᠠᠯ ᠵᠤᠬᠢᠨ᠎ᠠ᠃
ᠰᠠᠨᠠᠭᠤᠯᠬᠤ ᠨᠢ᠄
① ᠴᠠᠭ ᠠᠭᠤᠷ ᠤᠨ ᠮᠡᠳᠡᠭᠡ ᠶᠢ ᠥᠵᠡᠵᠤ ᠰᠤᠨᠤᠰᠬᠤ ᠪᠠᠨ ᠤᠨᠴᠠᠭᠠᠢ ᠠᠩᠬᠠᠷᠤᠨ᠎ᠠ᠃
② ᠮᠥᠨᠳᠥᠷ ᠤᠷᠤᠬᠤ ᠰᠡᠷᠡᠮᠵᠢ ᠶᠢᠨ ᠲᠤᠬᠢᠶ᠎ᠠ ᠶᠢ ᠤᠯᠤᠭᠰᠠᠨ ᠤ ᠲᠠᠷᠠᠭ᠎ᠠ᠂ ᠭᠠᠮᠰᠢᠬ ᠠᠴᠠ ᠵᠠᠶᠢᠯᠠᠬᠤ ᠵᠤᠬᠢᠬᠤ ᠠᠷᠭ᠎ᠠ ᠭᠡᠮᠵᠢᠶ᠎ᠡ ᠶᠢ ᠢᠳᠡᠪᠬᠢᠳᠡᠢ ᠠᠪᠬᠤ ᠭᠡᠷᠡᠭᠳᠡᠢ᠃
③ ᠡᠬᠦᠳᠡ ᠴᠤᠩᠬᠤ ᠪᠠᠨ ᠬᠠᠭᠠᠵᠤ᠂ ᠭᠡᠷ ᠤᠨ ᠭᠠᠳᠠᠨᠠᠬᠢ ᠠᠵᠢᠯᠯᠠᠭ᠎ᠠ ᠶᠢ ᠲᠥᠷ ᠵᠤᠭᠰᠤᠭᠠᠬᠤ ᠭᠡᠷᠡᠭᠳᠡᠢ᠃
︵10︶ ᠬᠢᠷᠠᠭᠤ
ᠬᠢᠷᠠᠭᠤ ᠭᠡᠳᠡᠭ ᠪᠤᠯ ᠵᠤᠨ ᠤ ᠡᠴᠥᠰ ᠨᠠᠮᠤᠷ ᠤᠨ ᠡᠬᠢ ᠪᠠᠷ ᠬᠥᠢᠳᠡᠨ ᠠᠭᠤᠷ ᠠᠮᠢᠰᠬᠤᠯ ᠤᠨ ᠨᠥᠯᠥᠭᠡ ᠪᠠᠷ ᠬᠥᠷᠥᠰᠤ ᠰᠢᠷᠤᠢ ᠶᠢᠨ ᠭᠠᠳᠠᠷᠭᠤ᠂ ᠤᠷᠭᠤᠮᠠᠯ ᠤᠨ ᠥᠡᠭᠭᠡᠨ ᠲᠠᠯ᠎ᠠ ᠵᠢᠴᠢ ᠭᠠᠵᠠᠷ ᠨᠠᠯᠠᠭᠰᠠᠨ ᠠᠭᠠᠷ ᠤᠨ ᠲᠠᠪᠬᠤᠷᠭ᠎ᠠ ᠶᠢᠨ ᠲᠤᠯᠠᠭᠠᠨ ᠤ ᠭᠡᠮᠵᠢᠶ᠎ᠡ ᠨᠢ ᠲᠥᠷᠭᠡᠨ ᠪᠠᠭᠤᠷᠠᠭᠠᠳ 0℃ ᠠᠴᠠ ᠲᠤᠷᠤᠭᠰᠢ ᠪᠤᠯᠵᠤ᠂ ᠤᠷᠭᠤᠮᠠᠯ ᠤᠨ ᠤᠤᠭᠠᠨ ᠡᠳ᠋ ᠡᠪᠳᠡᠭᠳᠡᠭᠰᠡᠨ ᠠᠴᠠ ᠤᠷᠭᠤᠮᠠᠯ ᠬᠤᠬᠢᠷᠠᠬᠤ ᠪᠤᠶᠤ ᠥᠬᠦᠵᠤ ᠰᠥᠨᠥᠬᠦ ᠨᠢᠭᠡ ᠵᠥᠢᠯ ᠤᠨ ᠲᠤᠤᠷ᠎ᠠ ᠲᠤᠯᠠᠭᠠᠨ ᠤ ᠭᠠᠮᠰᠢᠬ ᠪᠤᠯᠤᠨ᠎ᠠ᠃ ᠬᠢᠷᠠᠭᠤ ᠶᠢ ᠪᠠᠰᠠ ᠴᠠᠭᠠᠨ ᠬᠢᠷᠠᠭᠤ ᠬᠢᠭᠡᠳ ᠬᠠᠷ᠎ᠠ ᠬᠢᠷᠠᠭᠤ ᠭᠡᠵᠤ ᠬᠤᠪᠢᠶᠠᠳᠠᠭ᠃ ᠬᠢᠷᠠᠭᠤ ᠤᠨᠠᠬᠤ ᠨᠥᠬᠦᠴᠡᠯ ᠪᠥᠷᠢᠯᠳᠥᠬᠡᠳ ᠭᠡᠢ ᠠᠭᠠᠷ ᠲᠠᠬᠢ ᠤᠰᠤᠨ ᠠᠭᠤᠷ ᠤᠨ ᠠᠭᠤᠯᠤᠭᠳᠠᠴᠠ ᠨᠢ ᠬᠥᠢᠴᠡᠳ ᠪᠠᠶᠢᠬᠤ ᠥᠶ᠎ᠡ ᠳᠤ ᠤᠰᠤᠨ ᠠᠭᠤᠷ ᠨᠢ ᠤᠷᠭᠤᠮᠠᠯ ᠤᠨ ᠥᠡᠭᠭᠡᠨ ᠲᠠᠯ᠎ᠠ ᠳᠤ ᠰᠢᠭᠤᠳ ᠨᠠᠭᠠᠯᠳᠤᠨ ᠮᠥᠰᠦᠯᠢᠭ ᠪᠤᠯᠵᠤ ᠨᠢᠭᠡᠨ ᠲᠠᠪᠬᠤᠷᠭ᠎ᠠ ᠴᠠᠭᠠᠨ ᠥᠡᠭᠭᠡ ᠲᠠᠢ ᠬᠢᠷᠠᠭᠤ ᠰᠠᠭᠤᠬᠤ ᠶᠢ ᠴᠠᠭᠠᠨ ᠬᠢᠷᠠᠭᠤ ᠭᠡᠳᠡᠭ᠃ ᠬᠢᠷᠠᠭᠤ ᠤᠨᠠᠬᠤ ᠨᠥᠬᠦᠴᠡᠯ ᠪᠥᠷᠢᠯᠳᠥᠭᠡᠳ ᠭᠡᠢ ᠠᠭᠠᠷ ᠲᠠᠬᠢ ᠤᠰᠤᠨ ᠠᠭᠤᠷ ᠤᠨ ᠠᠭᠤᠯᠤᠭᠳᠠᠴᠠ ᠨᠢ ᠬᠥᠢᠴᠡᠳ ᠪᠤᠰᠤ ᠪᠠᠶᠢᠪᠠᠯ ᠤᠷᠭᠤᠮᠠᠯ ᠤᠨ ᠥᠡᠭᠭᠡᠨ ᠲᠠᠯ᠎ᠠ ᠳᠤ ᠴᠠᠭᠠᠨ ᠬᠢᠷᠠᠭᠤ ᠰᠠᠭᠤᠬᠤ ᠥᠭᠡᠢ᠂ ᠭᠡᠪᠡᠴᠤ ᠠᠭᠠᠷ ᠤᠨ ᠲᠤᠯᠠᠭᠠᠨ ᠤ ᠭᠡᠮᠵᠢᠶ᠎ᠡ ᠨᠢ ᠪᠠᠭᠤᠷᠠᠭᠠᠳ 0℃ ᠠᠴᠠ ᠲᠤᠷᠤᠭᠰᠢ ᠪᠤᠯᠵᠤ᠂ ᠲᠡᠷᠢᠮᠠᠯ ᠪᠤᠶᠤ ᠵᠢᠮᠢᠰ ᠤᠨ ᠮᠤᠳᠤ ᠵᠢᠴᠢ ᠪᠤᠰᠤᠳ ᠤᠷᠭᠤᠮᠠᠯ ᠬᠥᠯᠳᠡᠵᠤ᠂ ᠨᠠᠮᠠᠭ᠎ᠠ ᠨᠠᠪᠴᠢ ᠨᠢ ᠬᠤᠪᠠᠭ᠋ᠠᠶᠢᠷᠠᠵᠤ ᠰᠥᠨᠥᠬᠦ ᠠᠴᠠ ᠪᠤᠯᠵᠤ ᠬᠠᠷᠠᠯᠠᠬᠤ ᠶᠢ ᠬᠠᠷ᠎ᠠ ᠬᠢᠷᠠᠭᠤ ᠭᠡᠳᠡᠭ ᠶᠤᠮ᠃ ᠬᠢᠷᠠᠭᠤ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠲᠤᠬᠠᠢ ᠶᠢᠨ ᠭᠠᠵᠠᠷ ᠤᠨ ᠲᠤᠯᠠᠭᠠᠨ ᠤ ᠭᠡᠮᠵᠢᠶ᠎ᠡ ᠪᠠᠭᠤᠷᠠᠵᠤ᠂ ᠬᠢᠷᠠᠭᠤ ᠤᠨᠠᠬᠤ ᠵᠢᠮ᠎ᠡ ᠶᠤᠰᠤ ᠶᠢ ᠡᠵᠡᠮᠰᠢᠵᠤ᠂ ᠲᠡᠷᠢᠮᠠᠯ ᠤᠨ ᠵᠠᠩᠬᠢᠯᠠᠭ᠎ᠠ ᠶᠢᠨ ᠪᠤᠶᠢᠵᠢᠯᠳᠠ ᠶᠢᠨ ᠬᠤᠭᠤᠴᠠᠭ᠎ᠠ ᠶᠢ ᠨᠢ ᠬᠢᠷᠠᠭᠤ ᠤᠨᠠᠬᠤ ᠤᠯᠠᠷᠢᠯ ᠲᠠᠢ ᠵᠥᠷᠢᠬᠦᠯᠡᠵᠤ᠂ ᠲᠤᠤᠷ᠎ᠠ ᠲᠤᠯᠠᠭᠠᠨ ᠳᠤ ᠬᠢᠷᠠᠭᠤ ᠤᠨᠠᠵᠤ ᠬᠤᠬᠢᠷᠠᠬᠤ ᠶᠢ ᠬᠤᠷᠢᠭᠯᠠᠨ ᠪᠠᠭᠠᠰᠬᠠᠬᠤ ᠭᠡᠷᠡᠭᠳᠡᠢ᠃
② ᠬᠥᠢᠳᠡᠨ ᠳᠤ ᠥᠯᠴᠢᠷ ᠲᠡᠷᠢᠮᠠᠯ ᠢ ᠪᠤᠶᠢᠵᠢᠭᠤᠯᠵᠤ᠂ ᠲᠡᠷᠢᠵᠤ ᠪᠤᠶᠢᠵᠢᠭᠤᠯᠬᠤ ᠮᠡᠷᠭᠡᠵᠢᠯ ᠢᠶᠠᠨ ᠴᠤ ᠲᠡᠷᠢᠮᠠᠯ ᠤᠨ ᠬᠥᠢᠳᠡᠨ ᠳᠤ ᠥᠯᠴᠢᠷ ᠪᠠᠶᠢᠬᠤ ᠴᠢᠳᠠᠮᠵᠢ ᠶᠢ ᠲᠡᠭᠡᠭᠰᠢᠯᠡᠬᠦᠯᠬᠦ ᠳᠤ ᠬᠠᠨᠳᠤᠭᠤᠯᠤᠨ᠎ᠠ᠃
③ ᠬᠢᠷᠠᠭᠤ ᠤᠨᠠᠬᠤ ᠠᠴᠠ ᠡᠮᠥᠨ᠎ᠡ ᠤᠰᠤ ᠰᠥᠷᠴᠢᠬᠦ᠂ ᠤᠰᠤ ᠴᠢᠳᠬᠤᠬᠤ᠂ ᠤᠳᠤᠯᠭ᠎ᠠ ᠬᠢᠬᠦ᠂ ᠪᠥᠳᠡᠭᠡᠵᠤ ᠬᠤᠴᠢᠬᠤ᠂ ᠪᠤᠷᠳᠤᠭᠤᠷ ᠤᠷᠤᠭᠤᠯᠬᠤ᠂ ᠰᠠᠯᠬᠢᠨ ᠢ ᠬᠠᠯᠬᠠᠯᠠᠬᠤ ᠵᠡᠷᠭᠡ ᠰᠡᠷᠭᠡᠶᠢᠯᠡᠬᠦ ᠠᠷᠭ᠎ᠠ ᠭᠡᠮᠵᠢᠶ᠎ᠡ ᠪᠠᠷ ᠲᠤᠤᠷ᠎ᠠ ᠲᠤᠯᠠᠭᠠᠨ ᠳᠤ ᠲᠡᠷᠢᠮᠠᠯ ᠤᠨ ᠬᠢᠷᠠᠭᠤᠨ ᠳᠤ ᠬᠥᠯᠳᠡᠬᠦ ᠶᠢ ᠨᠢ ᠪᠠᠭᠠᠰᠬᠠᠨ᠎ᠠ᠃
ᠰᠠᠨᠠᠭᠤᠯᠬᠤ ᠨᠢ᠄
① ᠡᠯ᠎ᠡ ᠱᠠᠳᠤᠨ ᠤ ᠵᠠᠰᠠᠭ ᠤᠨ ᠤᠷᠳᠤᠨ ᠵᠢᠴᠢ ᠲᠡᠷᠢᠶᠠᠯᠠᠩ ᠮᠠᠯ ᠠᠵᠤ ᠠᠬᠤᠢ᠂ ᠴᠠᠭ ᠠᠭᠤᠷ ᠵᠡᠷᠭᠡ ᠬᠤᠯᠪᠤᠭᠳᠠᠯ ᠪᠥᠬᠦᠢ ᠰᠠᠯᠠᠭ᠎ᠠ ᠮᠥᠴᠢᠷ ᠤᠳ ᠬᠠᠮᠵᠢᠯᠴᠠᠨ ᠠᠵᠢᠯᠯᠠᠵᠤ᠂ ᠬᠢᠷᠠᠭᠤ ᠠᠴᠠ ᠰᠡᠷᠭᠡᠶᠢᠯᠡᠬᠦ ᠠᠵᠢᠯ ᠢ ᠬᠠᠮᠳᠤ ᠪᠠᠷ ᠰᠠᠶᠢᠳᠤᠷ ᠬᠢᠨ᠎ᠠ᠃
② ᠨᠡᠶᠢᠭᠡᠮ ᠨᠡᠶᠢᠳᠡ ᠪᠠᠷ ᠢᠶᠠᠨ᠂ ᠤᠨᠴᠠᠭᠠᠢᠢᠯᠠᠨ ᠲᠡᠷᠢᠶᠠᠴᠢᠨ ᠮᠠᠯᠴᠢᠳ ᠴᠠᠭ ᠠᠭᠤᠷ ᠤᠨ ᠤᠷᠢᠳᠴᠢᠯᠠᠭᠰᠠᠨ ᠮᠡᠳᠡᠭᠡ ᠶᠢ ᠴᠠᠭ ᠢᠮᠠᠭᠳᠠ ᠠᠩᠬᠠᠷᠤᠨ᠂ ᠬᠢᠷᠠᠭᠤ ᠶᠢᠨ ᠥᠶ᠎ᠡ ᠪᠤᠯᠬᠤ ᠳᠤ ᠬᠤᠯᠪᠤᠭᠳᠠᠯ ᠪᠥᠬᠦᠢ ᠰᠠᠯᠠᠭ᠎ᠠ ᠮᠥᠴᠢᠷ ᠤᠨ ᠵᠢᠯᠤᠭᠤᠳᠤᠯᠭ᠎ᠠ ᠲᠤᠤᠷ᠎ᠠ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠬᠦ ᠠᠵᠢᠯᠯᠠᠭ᠎ᠠ ᠬᠢᠨ᠎ᠠ᠃
︵11︶ ᠬᠥᠢᠳᠡᠨ ᠤᠷᠤᠰᠬᠠᠯ
ᠤᠳᠠᠭ᠎ᠠ ᠪᠥᠷᠢ ᠶᠢᠨ ᠬᠥᠢᠳᠡᠨ ᠠᠭᠠᠷ ᠲᠠᠭᠠᠷᠢᠵᠤ ᠭᠠᠷᠬᠤ ᠪᠤᠯᠭᠠᠨ ᠳᠤ ᠲᠡᠷᠡ ᠬᠦ ᠭᠠᠵᠠᠷ ᠤᠷᠤᠨ ᠳᠠᠬᠢ 24 ᠴᠠᠭ ᠤᠨ ᠬᠠᠮᠤᠭ ᠲᠤᠤᠷ᠎ᠠ ᠲᠤᠯᠠᠭᠠᠨ ᠤ ᠭᠡᠮᠵᠢᠶ᠎ᠡ ᠨᠢ 8℃ ᠠᠴᠠ ᠲᠡᠭᠡᠭᠰᠢ ᠪᠠᠭᠤᠷᠠᠬᠤ ᠮᠥᠷᠳᠡᠭᠡᠨ ᠬᠠᠮᠤᠭ ᠲᠤᠤᠷ᠎ᠠ ᠲᠤᠯᠠᠭᠠᠨ ᠤ ᠭᠡᠮᠵᠢᠶ᠎ᠡ ᠨᠢ 4℃ ᠲᠠᠢ ᠲᠡᠩᠴᠡᠬᠦᠥ ᠪᠤᠶᠤ ᠲᠤᠤᠷ᠎ᠠ ᠪᠠᠶᠢᠵᠤ᠂ ᠡᠭᠡ ᠬᠠᠭᠤᠷᠠᠢ ᠲᠡᠭᠡᠷᠡᠬᠢ ᠲᠡᠭᠰᠢᠳᠭᠡᠭᠰᠡᠨ ᠰᠠᠯᠬᠢᠨ ᠤ ᠬᠥᠴᠤ ᠨᠢ 5~7 ᠲᠡᠰ ᠲᠤ ᠬᠥᠷᠬᠦ ᠶᠢ ᠬᠥᠢᠳᠡᠨ ᠤᠷᠤᠰᠬᠠᠯ ᠭᠡᠨ᠎ᠡ᠃ ᠬᠥᠢᠳᠡᠨ ᠤᠷᠤᠰᠬᠠᠯ ᠲᠠᠭᠠᠷᠢᠵᠤ ᠭᠠᠷᠤᠭᠰᠠᠨ ᠭᠠᠵᠠᠷ ᠤᠨ ᠲᠤᠯᠠᠭᠠᠨ ᠤ ᠭᠡᠮᠵᠢᠶ᠎ᠡ ᠭᠡᠨᠡᠳᠳᠡ ᠪᠠᠭᠤᠷᠠᠬᠤ᠂ ᠶᠡᠭᠡ ᠰᠠᠯᠬᠢ ᠪᠤᠯᠤᠨ ᠪᠤᠷᠤᠭᠠᠨ ᠴᠠᠰᠤ ᠤᠷᠤᠬᠤ ᠵᠡᠷᠭᠡ ᠴᠠᠭ ᠠᠭᠤᠷ ᠤᠨ ᠪᠠᠶᠢᠳᠠᠯ ᠶᠡᠭᠡ ᠭᠡᠪᠴᠢᠶ᠎ᠡ ᠪᠠᠷ ᠢᠯᠡᠷᠡᠨ᠎ᠡ᠃ ᠬᠥᠢᠳᠡᠨ ᠤᠷᠤᠰᠬᠠᠯ ᠤᠨ ᠪᠠᠴᠢᠮ ᠪᠠᠶᠢᠳᠠᠯ ᠢ ᠠᠷᠭᠠᠴᠠᠬᠤ ᠳᠤ᠄
① ᠪᠠᠬᠢᠯᠡᠵᠤ ᠲᠤᠯᠠᠭᠠᠯᠠᠬᠤ ᠪᠠᠨ ᠠᠩᠬᠠᠷᠴᠤ᠂ ᠡᠪᠡᠳᠴᠢᠨ ᠡᠮᠭᠡᠭ ᠲᠠᠭᠠᠯᠳᠤᠨ ᠡᠬᠦᠰᠬᠦ ᠶᠢ ᠰᠡᠷᠭᠡᠶᠢᠯᠡᠨ᠎ᠡ᠃
② ᠶᠡᠭᠡ ᠰᠠᠯᠬᠢᠨ ᠳᠤ ᠬᠢᠯᠪᠠᠷᠬᠠᠨ ᠬᠡᠶᠢᠰᠴᠤ ᠥᠯᠢᠶᠡᠭᠳᠡᠬᠦ ᠡᠬᠦᠳᠡ ᠴᠤᠩᠬᠤ᠂ ᠪᠥᠰᠡᠯᠡᠬᠦᠷ ᠬᠠᠪᠳᠠᠰᠤ ᠵᠡᠷᠭᠡ ᠪᠡᠯᠡᠳᠭᠡᠮᠵᠢ ᠪᠠᠨ ᠪᠠᠬᠢᠯᠡᠨ᠎ᠡ᠃
③ ᠲᠠᠷᠢᠮᠠᠯ ᠤᠨ ᠵᠥᠢᠯ᠂ ᠮᠠᠯ ᠵᠢᠬᠦᠷᠳᠡᠨ ᠵᠡᠷᠭᠡ ᠪᠠᠨ ᠬᠠᠮᠠᠭᠠᠯᠠᠬᠤ ᠠᠷᠭ᠎ᠠ ᠭᠡᠮᠵᠢᠶ᠎ᠡ ᠠᠪᠬᠤ ᠭᠡᠷᠡᠭᠳᠡᠢ᠃
ᠰᠠᠨᠠᠭᠤᠯᠬᠤ ᠨᠢ᠄
① ᠬᠥᠢᠳᠡᠨ ᠤᠷᠤᠰᠬᠠᠯ ᠤᠨ ᠤᠷᠢᠳᠴᠢᠯᠠᠭᠰᠠᠨ ᠮᠡᠳᠡᠭᠡ ᠶᠢ ᠪᠠᠶᠢᠡᠭᠭᠤ ᠠᠩᠬᠠᠷᠴᠤ᠂ ᠭᠠᠮᠰᠢᠬ ᠢ ᠰᠡᠷᠭᠡᠶᠢᠯᠡᠬᠦ ᠪᠡᠯᠡᠳᠭᠡᠯ ᠠᠵᠢᠯ ᠢᠶᠠᠨ ᠤᠷᠢᠳᠴᠢᠯᠠᠨ ᠰᠠᠶᠢᠳᠤᠷ ᠬᠢᠨ᠎ᠠ᠃
② ᠬᠥᠢᠳᠡᠨ ᠤᠷᠤᠰᠬᠠᠯ ᠠᠴᠠ ᠪᠤᠯᠵᠤ ᠰᠠᠯᠬᠢᠨ ᠪᠤᠷᠤᠭᠠᠨ ᠬᠢᠯᠪᠠᠷ ᠡᠬᠦᠰᠬᠦ ᠪᠤᠯᠬᠤᠷ᠂ ᠤᠰᠤᠨ ᠳᠤ ᠠᠵᠢᠯᠯᠠᠬᠤ ᠬᠥᠮᠥᠰ ᠤᠨᠴᠠᠭᠠᠢ ᠠᠩᠬᠠᠷᠤᠨ᠎ᠠ᠃
︵12︶ ᠴᠠᠰᠤ ᠵᠤᠳ
ᠵᠠᠯᠭᠠᠭ᠎ᠠ ᠪᠠᠷ ᠤᠷᠤᠭᠰᠠᠨ ᠴᠠᠰᠤᠨ ᠤ ᠭᠡᠮᠵᠢᠶ᠎ᠡ ᠨᠢ 10mm ᠠᠴᠠ ᠶᠡᠭᠡ ᠪᠤᠶᠤ ᠲᠡᠩᠴᠡᠬᠦᠥ ᠪᠤᠯᠪᠠᠯ ᠴᠠᠰᠤ ᠵᠤᠳ ᠭᠡᠨ᠎ᠡ᠃ ᠴᠠᠰᠤ ᠵᠤᠳ ᠭᠡᠳᠡᠭ ᠨᠢ ᠤᠷᠳᠤ ᠬᠤᠭᠤᠴᠠᠭ᠎ᠠ ᠪᠠᠷ ᠶᠡᠭᠡ ᠴᠠᠰᠤ ᠤᠷᠤᠭᠠᠳ ᠶᠡᠭᠡ ᠭᠡᠮᠵᠢᠶ᠎ᠡ ᠪᠠᠷ ᠴᠠᠰᠤ ᠬᠤᠷᠠᠵᠤ᠂ ᠵᠠᠮ ᠬᠠᠷᠢᠯᠴᠠᠭ᠎ᠠ᠂ ᠠᠵᠤ ᠥᠢᠯᠡᠳᠪᠥᠷᠢ᠂ ᠲᠡᠷᠢᠶᠠᠯᠠᠩ ᠤᠨ ᠥᠢᠯᠡᠳᠪᠥᠷᠢᠯᠡᠯ ᠪᠤᠯᠤᠨ ᠠᠷᠠᠳ ᠤᠨ ᠠᠮᠢᠳᠤᠷᠠᠯ ᠵᠡᠷᠭᠡ ᠶᠢ ᠨᠥᠯᠥᠭᠡᠯᠡᠬᠦ ᠪᠠᠶᠢᠭᠠᠯᠢ ᠶᠢᠨ ᠭᠠᠮᠰᠢᠬ ᠮᠥᠨ᠃ ᠴᠠᠰᠤ ᠵᠤᠳ ᠤᠨ ᠪᠠᠴᠢᠮ ᠪᠠᠶᠢᠳᠠᠯ ᠢ ᠠᠷᠭᠠᠴᠠᠬᠤ ᠳᠤ᠄
① ᠵᠠᠮ ᠬᠠᠷᠢᠯᠴᠠᠭ᠎ᠠ᠂ ᠲᠡᠮᠥᠷ ᠵᠠᠮ᠂ ᠴᠠᠬᠢᠯᠭᠠᠨ ᠬᠥᠴᠥᠨ᠂ ᠴᠢᠮᠡᠭᠡ ᠨᠡᠪᠳᠡᠷᠡᠯᠭᠡ ᠵᠡᠷᠭᠡ ᠰᠠᠯᠠᠭ᠎ᠠ ᠮᠥᠴᠢᠷ ᠤᠨ ᠬᠢᠨ ᠵᠠᠰᠠᠮᠠᠯ ᠵᠠᠮ᠂ ᠲᠡᠮᠥᠷ ᠵᠠᠮ ᠤᠨ ᠵᠠᠮ ᠱᠤᠭᠤᠮ ᠢᠶᠠᠨ ᠲᠤᠭᠤᠷᠢᠨ ᠪᠠᠶᠢᠴᠠᠭᠠᠵᠤ ᠬᠠᠮᠠᠭᠠᠯᠠᠬᠤ ᠪᠥᠭᠡᠳ ᠵᠠᠮ ᠱᠤᠭᠤᠮ ᠢᠶᠠᠨ ᠴᠡᠪᠡᠷᠯᠡᠵᠤ ᠱᠥᠬᠦᠷᠳᠡᠬᠦ ᠪᠠ ᠬᠤᠷᠠᠭᠰᠠᠨ ᠴᠠᠰᠤ ᠶᠢ ᠠᠷᠢᠯᠭᠠᠬᠤ ᠠᠵᠢᠯ ᠢ ᠰᠠᠶᠢᠳᠤᠷ ᠬᠢᠨ᠎ᠠ᠃
② ᠶᠠᠪᠠᠭᠠᠨ ᠬᠥᠮᠥᠰ ᠲᠠᠭᠠᠷᠠᠬᠤ ᠪᠠ ᠬᠠᠯᠳᠤᠷᠢᠬᠤ ᠠᠴᠠ ᠰᠡᠷᠭᠡᠶᠢᠯᠡᠵᠤ᠂ ᠵᠢᠯᠤᠭᠤᠴᠢᠳ ᠲᠡᠷᠭᠡ ᠬᠥᠰᠭᠡ ᠪᠠᠨ ᠬᠢᠴᠢᠶᠡᠨ ᠵᠢᠯᠤᠭᠤᠳᠴᠤ᠂ ᠲᠡᠷᠭᠡ ᠬᠥᠰᠭᠡ ᠶᠢᠨ ᠬᠥᠷᠳᠥᠨ ᠳᠡᠭᠡᠨ ᠭᠤᠯᠭᠤᠬᠤ ᠠᠴᠠ ᠰᠡᠷᠭᠡᠶᠢᠯᠡᠬᠦ ᠠᠷᠭ᠎ᠠ ᠭᠡᠮᠵᠢᠶ᠎ᠡ ᠠᠪᠬᠤ ᠭᠡᠷᠡᠭᠳᠡᠢ᠃
ᠰᠠᠨᠠᠭᠤᠯᠬᠤ ᠨᠢ᠄
① ᠮᠠᠯ ᠰᠥᠷᠥᠭ ᠤᠨ ᠪᠠᠬᠢᠯᠢᠭ᠌ ᠪᠤᠰᠤ
ᠬᠠᠰᠢᠶ᠎ᠠ ᠰᠠᠷᠠᠪᠴᠢ ᠪᠤᠯᠤᠨ ᠰᠥᠯᠢᠶᠤᠤ ᠫᠧᠩ ᠵᠡᠷᠭᠡ ᠴᠠᠰᠤᠨ ᠳᠤ ᠬᠢᠯᠪᠠᠷ ᠲᠠᠷᠤᠭᠳᠠᠵᠤ ᠡᠪᠳᠡᠷᠡᠬᠦ ᠠᠶᠤᠯ ᠲᠠᠢ ᠪᠠᠷᠢᠯᠭ᠎ᠠ ᠶᠢ ᠪᠠᠬᠢᠯᠡᠨ᠎ᠡ᠃
② ᠲᠠᠷᠢᠶᠠᠯᠠᠬᠤ ᠮᠠᠯᠵᠢᠬᠤ ᠤᠷᠤᠨ ᠪᠤᠯᠤᠨ ᠲᠡᠷᠢᠵᠤ ᠲᠡᠵᠢᠭᠡᠵᠤ ᠥᠷᠡᠵᠢᠬᠦᠯᠬᠦ ᠥᠢᠯᠡᠰ ᠤᠨ ᠬᠢᠨ ᠲᠡᠵᠢᠭᠡᠯ ᠪᠤᠷᠳᠤᠭ᠎ᠠ ᠪᠠᠨ ᠨᠥᠭᠡᠴᠡᠯᠡᠨ ᠬᠠᠳᠠᠭᠠᠯᠠᠵᠤ᠂ ᠵᠤᠳ ᠠᠴᠠ ᠰᠡᠷᠭᠡᠶᠢᠯᠡᠬᠦ ᠪᠠ ᠬᠥᠯᠳᠡᠵᠤ ᠬᠤᠬᠢᠷᠠᠬᠤ ᠠᠴᠠ ᠰᠡᠷᠭᠡᠶᠢᠯᠡᠬᠦ ᠪᠡᠯᠡᠳᠭᠡᠯ ᠠᠵᠢᠯ ᠢᠶᠠᠨ ᠰᠠᠶᠢᠳᠤᠷ ᠬᠢᠨ᠎ᠠ᠃
③ ᠵᠠᠰᠠᠭ ᠤᠨ ᠤᠷᠳᠤᠨ ᠵᠢᠴᠢ ᠬᠠᠮᠢᠶ᠎ᠠ ᠪᠥᠬᠦᠢ ᠰᠠᠯᠠᠭ᠎ᠠ ᠮᠥᠴᠢᠷ ᠤᠳ ᠡᠬᠦᠷᠭᠡ ᠬᠠᠷᠢᠭᠤᠴᠠᠯᠭ᠎ᠠ ᠶᠢᠨ ᠢᠶᠠᠨ ᠶᠤᠰᠤᠭᠠᠷ ᠵᠤᠳ ᠠᠴᠠ ᠰᠡᠷᠭᠡᠶᠢᠯᠡᠬᠦ ᠪᠠ ᠬᠥᠯᠳᠡᠵᠤ ᠬᠤᠬᠢᠷᠠᠬᠤ ᠠᠴᠠ ᠰᠡᠷᠭᠡᠶᠢᠯᠡᠬᠦ ᠠᠵᠢᠯ ᠢ ᠨᠠᠶᠢᠳᠠᠪᠤᠷᠢᠵᠢᠭᠤᠯᠬᠤ ᠭᠡᠷᠡᠭᠳᠡᠢ᠃
︵13︶ ᠮᠥᠰᠤ ᠴᠠᠰᠤ ᠲᠠᠢ ᠠᠭᠤᠷ ᠠᠮᠢᠰᠬᠤᠯ
ᠮᠥᠰᠥ ᠴᠠᠰᠤ ᠲᠠᠢ ᠠᠭᠤᠷ ᠠᠮᠢᠰᠬᠤᠯ ᠳᠤ ᠵᠠᠮ ᠮᠥᠷ ᠲᠤᠳᠤ ᠬᠠᠷᠠᠭᠳᠠᠬᠤ ᠥᠭᠡᠢ᠂ ᠵᠠᠮ ᠨᠦᠢᠳᠠᠨ ᠬᠥᠯᠢᠭᠡᠷ ᠪᠠᠶᠢᠳᠠᠭ ᠪᠤᠯᠬᠤᠷ ᠵᠠᠮ ᠶᠠᠪᠤᠬᠤ ᠳᠤ ᠠᠶᠤᠯ ᠲᠠᠢ ᠲᠠᠯᠳᠠ ᠭᠡᠮ ᠤᠳ ᠤᠷᠤᠰᠢᠵᠤ᠂ ᠵᠠᠮ ᠬᠠᠷᠢᠯᠴᠠᠭ᠎ᠠ ᠶᠢᠨ ᠪᠠ ᠤᠢᠢᠴᠢᠵᠤ ᠰᠢᠷᠬᠠᠳᠤᠬᠤ ᠵᠡᠷᠭᠡ ᠠᠳᠡᠯ ᠬᠢᠯᠪᠠᠷ ᠭᠠᠷᠳᠠᠭ᠃ ᠮᠥᠰᠤ ᠴᠠᠰᠤᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠮᠠᠰᠢᠨᠳᠤ ᠪᠤᠰᠤ ᠲᠡᠷᠭᠡ ᠬᠥᠰᠭᠡ ᠶᠢᠨ ᠵᠢᠯᠤᠭᠤᠴᠢᠳ ᠲᠡᠷᠭᠡᠨ ᠤ ᠬᠥᠷᠳᠥᠨ ᠤ ᠭᠡᠢ ᠪᠠᠨ ᠪᠠᠭ᠎ᠠ ᠰᠢᠬ ᠲᠠᠯᠪᠢᠵᠤ᠂ ᠬᠥᠷᠳᠤ ᠬᠢᠭᠡᠳ ᠵᠠᠮ ᠤᠨ ᠥᠷᠥᠯᠳᠡ ᠶᠢᠨ ᠬᠥᠴᠤ ᠶᠢ ᠨᠡᠮᠡᠭᠳᠡᠬᠦᠯᠬᠦ ᠭᠡᠷᠡᠭᠳᠡᠢ᠃
② ᠮᠥᠰᠥ ᠴᠠᠰᠤ ᠲᠠᠢ ᠠᠭᠤᠷ ᠠᠮᠢᠰᠬᠤᠯ ᠲᠠᠢ ᠥᠶ᠎ᠡ ᠳᠤ ᠲᠡᠷᠭᠡ ᠬᠥᠰᠭᠡ ᠵᠢᠯᠤᠭᠤᠳᠬᠤ ᠳᠠᠭᠠᠨ ᠲᠡᠷᠭᠡᠨ ᠤ ᠬᠤᠷᠳᠤᠴᠠ ᠶᠢ ᠨᠢ ᠬᠠᠰᠤᠵᠤ ᠠᠯᠭᠤᠷ ᠶᠠᠪᠤᠭᠤᠯᠵᠤ᠂ ᠮᠤᠷᠦ᠋ᠢᠬᠤ ᠳᠠᠭᠠᠨ ᠤᠭᠵᠤᠮ ᠡᠷᠬᠢᠭ᠍ᠰᠡᠨ ᠠᠴᠠ ᠪᠤᠯᠵᠤ ᠬᠠᠵᠠᠭᠤ ᠲᠡᠰᠢ ᠪᠠᠨ ᠭᠤᠯᠭᠤᠬᠤ ᠠᠴᠠ ᠰᠡᠷᠭᠡᠶᠢᠯᠡᠵᠤ᠂ ᠲᠡᠷᠭᠡ ᠬᠥᠰᠭᠡ ᠪᠠᠨ ᠭᠡᠳᠤ ᠤᠭᠵᠤᠮ ᠪᠥᠭᠡᠳ ᠭᠡᠳᠤ ᠲᠥᠷᠭᠡᠨ ᠵᠤᠭᠰᠤᠭᠠᠬᠤ ᠠᠴᠠ ᠬᠢᠴᠢᠶᠡᠨ᠎ᠡ᠃
③ ᠮᠥᠰᠤ ᠴᠠᠰᠤ ᠲᠠᠢ ᠵᠠᠮ ᠢᠶᠠᠷ ᠲᠡᠷᠭᠡ ᠶᠠᠪᠤᠭᠤᠯᠬᠤ ᠳᠠᠭᠠᠨ ᠭᠤᠯᠭᠤᠬᠤ ᠠᠴᠠ ᠰᠡᠷᠭᠡᠶᠢᠯᠡᠬᠦ ᠬᠢᠨᠵᠢ ᠤᠭᠰᠠᠷᠠᠭᠤᠯᠵᠤ᠂ ᠥᠡᠭᠭᠡᠳᠤ ᠰᠢᠯ ᠪᠤᠶᠤ ᠥᠡᠭᠭᠡ ᠬᠤᠪᠢᠷᠠᠬᠤ ᠰᠢᠯ ᠵᠠᠭᠦᠨᠠ᠃
④ ᠶᠠᠪᠠᠭᠠᠨ ᠬᠥᠮᠥᠰ ᠬᠥᠬᠦᠷᠭᠡᠨ ᠤ ᠲᠤᠤᠭᠤᠷ᠂ ᠭᠡᠷ ᠪᠠᠶᠢᠰᠢᠩ ᠤᠨ ᠰᠠᠷᠠᠪᠴᠢᠨ ᠲᠤᠤᠭᠤᠷ ᠥᠡᠭᠭᠡᠷᠡᠬᠦ ᠳᠡᠭᠡᠨ ᠬᠤᠷᠳᠤᠨ ᠥᠡᠭᠭᠡᠷᠡᠬᠦ ᠪᠤᠶᠤ ᠲᠤᠭᠤᠷᠢᠨ ᠭᠠᠷᠴᠤ᠂ ᠬᠥᠯᠳᠡᠵᠤ ᠨᠠᠭᠠᠯᠳᠤᠭᠰᠠᠨ ᠮᠥᠰᠤ ᠬᠠᠶᠢᠯᠵᠤ ᠤᠨᠠᠭᠠᠳ ᠰᠢᠷᠬᠠᠳᠤᠭᠤᠯᠬᠤ ᠠᠴᠠ ᠰᠡᠷᠭᠡᠶᠢᠯᠡᠨ᠎ᠡ᠃
⑤ ᠵᠠᠮ ᠲᠡᠭᠡᠷ᠎ᠡ ᠴᠠᠰᠤ ᠬᠠᠶᠢᠯᠤᠭᠤᠯᠬᠤ ᠡᠳ᠋ ᠰᠠᠴᠤᠵᠤ᠂ ᠴᠠᠰᠤ ᠬᠠᠶᠢᠯᠵᠤ ᠮᠥᠰᠥᠳᠥᠬᠦ ᠠᠴᠠ ᠰᠡᠷᠭᠡᠶᠢᠯᠡᠬᠦ ᠶᠢᠨ ᠬᠠᠮᠳᠤ᠂ ᠴᠠᠭ ᠲᠤᠬᠠᠢ ᠳᠤᠨᠢ ᠴᠠᠰᠤ ᠶᠢ ᠱᠥᠬᠦᠷᠳᠡᠬᠦ ᠠᠵᠢᠯ ᠢᠶᠠᠨ ᠵᠤᠬᠢᠶᠠᠨ ᠪᠠᠶᠢᠭᠤᠯᠵᠤ ᠬᠢᠨ᠎ᠠ᠃
ᠰᠠᠨᠠᠭᠤᠯᠬᠤ ᠨᠢ᠄
① ᠨᠠᠰᠤᠳᠠᠶᠢᠴᠤᠳ ᠪᠤᠯᠤᠨ ᠪᠡᠶ᠎ᠡ ᠪᠠᠭᠤᠷᠠᠢ ᠬᠥᠮᠥᠰ ᠭᠠᠳᠠᠭᠰᠢ ᠭᠠᠷᠬᠤ ᠪᠠᠨ ᠴᠦᠬᠡᠳᠭᠡᠨ᠎ᠡ᠃
② 50m ᠤᠨ ᠲᠤᠳᠤᠷ᠎ᠠ ᠯᠠ ᠥᠵᠡᠭᠳᠡᠴᠡ ᠲᠠᠢ ᠥᠶ᠎ᠡ ᠳᠤ᠂ ᠮᠠᠰᠢᠨ ᠲᠡᠷᠭᠡᠨ ᠤ ᠬᠠᠮᠤᠭ ᠥᠨᠳᠥᠷ ᠬᠤᠷᠳᠤᠴᠠ ᠪᠠᠨ ᠴᠠᠭ ᠪᠥᠷᠢ ᠳᠤ 30km ᠠᠴᠠ ᠲᠠᠪᠠᠭᠤᠯᠵᠤ ᠪᠤᠯᠬᠤ ᠥᠭᠡᠢ ᠪᠥᠭᠡᠳ ᠲᠡᠷᠭᠡ ᠬᠥᠰᠭᠡᠨ ᠤ ᠬᠤᠭᠤᠷᠤᠨᠳᠤᠬᠢ ᠵᠠᠢ ᠪᠠᠨ ᠪᠠᠳᠤᠯᠠᠨ᠎ᠠ᠃
③ ᠵᠠᠮ ᠬᠠᠷᠢᠯᠴᠠᠭᠠᠨ ᠤ ᠠᠳᠡᠯ ᠭᠠᠷᠤᠭᠰᠠᠨ ᠤ ᠲᠠᠷᠠᠭ᠎ᠠ᠂ ᠠᠬᠤᠢ ᠲᠠᠯᠠᠪᠠᠢ ᠶᠢᠨ ᠠᠷᠤ ᠲᠠᠯ᠎ᠠ ᠪᠠᠷ ᠨᠢ ᠢᠯᠡ ᠲᠤᠳᠤᠷᠬᠠᠢ ᠲᠡᠮᠳᠡᠭ ᠲᠠᠯᠪᠢᠵᠤ᠂ ᠲᠡᠬᠢᠨᠳᠠ ᠡ᠊ᠨᠳᠡᠯ ᠭᠠᠷᠬᠤ ᠠᠴᠠ ᠰᠡᠷᠭᠡᠶᠢᠯᠡᠨ᠎ᠡ᠃
︵14︶ ᠵᠠᠮ ᠤᠨ ᠮᠥᠰᠥᠳᠥᠯ
ᠵᠠᠮ ᠤᠨ ᠮᠥᠰᠥᠳᠥᠯ ᠢ ᠬᠤᠶᠠᠷ ᠵᠥᠢᠯ ᠳᠤ ᠬᠤᠪᠢᠶᠠᠳᠠᠭ᠃ ᠨᠢᠭᠡ ᠨᠢ ᠪᠤᠯ ᠴᠠᠰᠤ ᠤᠷᠤᠭᠰᠠᠨ ᠤ ᠲᠠᠷᠠᠭ᠎ᠠ ᠲᠡᠷᠡ ᠲᠡᠷᠦ᠋ᠢᠬᠠᠨ ᠴᠡᠷᠴᠠᠵᠤ ᠬᠥᠯᠳᠡᠭᠡᠳ ᠵᠠᠮ ᠮᠥᠰᠥᠳᠥᠯ ᠲᠠᠢ ᠪᠤᠯᠤᠨ᠎ᠠ᠂ ᠨᠥᠬᠦᠭᠡ ᠨᠢ ᠪᠤᠯ ᠬᠤᠷᠠᠭᠰᠠᠨ ᠴᠠᠰᠤ ᠬᠠᠶᠢᠯᠵᠤ ᠡᠬᠢᠯᠡᠭᠰᠡᠨ ᠤ ᠲᠡᠷᠠᠭ᠎ᠠ᠂ ᠠᠭᠠᠷ ᠤᠨ ᠲᠤᠯᠠᠭᠠᠨ ᠪᠠᠭᠤᠷᠠᠭᠰᠠᠨ ᠠᠴᠠ ᠪᠤᠯᠵᠤ ᠵᠠᠮ ᠮᠥᠰᠥᠳᠥᠯ ᠲᠠᠢ ᠪᠤᠯᠤᠨ᠎ᠠ᠃ ᠵᠠᠮ ᠤᠨ ᠮᠥᠰᠥᠳᠥᠯ ᠨᠢ ᠵᠠᠮ ᠬᠠᠷᠢᠯᠴᠠᠭᠠᠨ ᠤ ᠠᠳᠡᠯ ᠤᠨ ᠬᠠᠮᠤᠭ ᠤᠨ ᠠᠶᠤᠯ ᠲᠠᠢ ᠰᠢᠯᠳᠠᠭᠠᠨ ᠪᠤᠯᠵᠤ ᠪᠠᠶᠢᠨ᠎ᠠ᠃ ᠵᠠᠮ ᠤᠨ ᠮᠥᠰᠥᠳᠥᠯ ᠤᠨ ᠪᠠᠴᠢᠮ ᠪᠠᠶᠢᠳᠠᠯ ᠢ ᠠᠷᠭᠠᠴᠠᠬᠤ ᠳᠤ᠄
① ᠮᠠᠰᠢᠨ ᠲᠡᠷᠭᠡᠨ ᠤ ᠵᠢᠯᠤᠭᠤᠴᠢᠳ ᠲᠡᠷᠭᠡᠨ ᠤ ᠬᠥᠷᠳᠥᠨ ᠤ ᠭᠡᠢ ᠪᠠᠨ ᠪᠠᠭ᠎ᠠ ᠰᠢᠬ ᠲᠠᠯᠪᠢᠵᠤ᠂ ᠬᠥᠷᠳᠤ ᠬᠢᠭᠡᠳ ᠭᠠᠵᠠᠷ ᠤᠨ ᠥᠷᠥᠯᠳᠡ ᠶᠢᠨ ᠬᠥᠴᠤ ᠶᠢ ᠨᠡᠮᠡᠭᠳᠡᠭᠦᠯᠦᠨ᠂ ᠴᠢᠬᠤᠯᠠ ᠲᠠᠢ ᠥᠶ᠎ᠡ ᠳᠡᠭᠡᠨ ᠭᠤᠯᠭᠤᠬᠤ ᠠᠴᠠ ᠰᠡᠷᠭᠡᠶᠢᠯᠡᠬᠦ ᠭᠢᠨᠵᠢ ᠲᠠᠭᠠᠷᠠᠭᠤᠯᠤᠨ᠎ᠠ᠃
② ᠵᠠᠮ ᠬᠠᠷᠢᠯᠴᠠᠭ᠎ᠠ᠂ ᠲᠤᠳᠤᠭᠠᠳᠤ ᠶᠢ ᠬᠠᠮᠠᠭᠠᠯᠠᠬᠤ ᠵᠡᠷᠭᠡ ᠰᠠᠯᠠᠭ᠎ᠠ ᠮᠥᠴᠢᠷ ᠤᠳ ᠵᠠᠮ ᠤᠨ ᠲᠡᠷᠭᠡ ᠬᠥᠰᠭᠡ ᠶᠢ ᠵᠠᠬᠢᠷᠴᠤ ᠵᠢᠯᠤᠭᠤᠳᠤᠨ ᠲᠠᠭᠠᠭᠤᠯᠬᠤ ᠪᠠᠨ ᠠᠩᠬᠠᠷᠬᠤ ᠭᠡᠷᠡᠭᠳᠡᠢ᠃ ᠴᠢᠬᠤᠯᠠ ᠲᠠᠢ ᠥᠶ᠎ᠡ ᠳᠤ ᠮᠥᠰᠥᠳᠥᠭᠰᠡᠨ ᠵᠠᠮ ᠢ ᠪᠢᠳᠡᠬᠦᠮᠵᠢᠯᠡᠨ ᠵᠠᠮ ᠬᠠᠷᠢᠯᠴᠠᠭ᠎ᠠ ᠶᠢ ᠵᠤᠭᠰᠤᠭᠠᠨ᠎ᠠ᠃
③ ᠮᠠᠰᠢᠨ ᠲᠡᠷᠭᠡᠨ ᠤ ᠵᠢᠯᠤᠭᠤᠴᠢᠳ ᠵᠠᠰᠠᠮᠠᠯ ᠵᠠᠮ ᠤᠨ ᠬᠠᠮᠢᠶᠠᠷᠤᠯᠳᠠ ᠶᠢᠨ ᠰᠠᠯᠠᠭ᠎ᠠ ᠮᠥᠴᠢᠷ ᠤᠨ ᠬᠢᠨ ᠤ ᠰᠤᠨᠢᠨ ᠮᠡᠳᠡᠭᠡᠨ ᠤ ᠵᠠᠭᠤᠴᠢᠯᠠᠭᠤᠷ ᠢᠶᠠᠷ ᠲᠠᠮᠵᠢᠵᠤ ᠨᠡᠶᠢᠳᠡᠯᠡᠭᠰᠡᠨ ᠵᠠᠮ ᠤᠨ ᠮᠡᠳᠡᠭᠡ ᠵᠠᠩᠬᠢ ᠶᠢ ᠴᠠᠭ ᠢᠮᠠᠭᠳᠠ ᠠᠩᠬᠠᠷᠴᠤ ᠪᠠᠶᠢᠭᠠᠷᠠᠢ᠃
ᠰᠠᠨᠠᠭᠤᠯᠬᠤ ᠨᠢ᠄
① ᠬᠥᠮᠥᠰ ᠭᠠᠳᠠᠭᠤᠷ ᠶᠠᠪᠤᠬᠤ ᠳᠠᠭᠠᠨ ᠬᠠᠯᠳᠤᠷᠢᠬᠤ ᠠᠴᠠ ᠰᠡᠷᠭᠡᠶᠢᠯᠡᠬᠦ ᠶᠢᠨ ᠲᠠᠭᠠᠤ ᠴᠢᠳᠠᠬᠤ ᠶᠢᠨ ᠲᠤᠳᠤᠷ᠎ᠠ ᠲᠤᠭᠤᠢ ᠲᠡᠷᠭᠡ ᠤᠨᠤᠬᠤ ᠥᠭᠡᠢ ᠪᠠᠶᠢᠪᠠᠯ ᠵᠤᠬᠢᠨ᠎ᠠ᠃
② ᠵᠢᠯᠤᠭᠤᠴᠢᠳ ᠲᠡᠷᠭᠡ ᠬᠥᠰᠭᠡᠨ ᠳᠡᠭᠡᠨ ᠭᠤᠯᠭᠤᠬᠤ ᠠᠴᠠ ᠰᠡᠷᠭᠡᠶᠢᠯᠡᠬᠦ ᠠᠷᠭ᠎ᠠ ᠭᠡᠮᠵᠢᠶ᠎ᠡ ᠠᠪᠴᠤ᠂ ᠵᠢᠯᠤᠭᠤᠳᠤᠯᠭ᠎ᠠ ᠶᠢ ᠲᠠᠭᠠᠵᠤ ᠲᠡᠷᠭᠡ ᠬᠥᠰᠭᠡ ᠪᠠᠨ ᠠᠯᠭᠤᠷ ᠵᠢᠯᠤᠭᠤᠳᠬᠤ ᠭᠡᠷᠡᠭᠳᠡᠢ᠃
③ 50m ᠤᠨ ᠲᠤᠳᠤᠷ᠎ᠠ ᠯᠠ ᠥᠵᠡᠭᠳᠡᠴᠡ ᠲᠠᠢ ᠥᠶ᠎ᠡ ᠳᠤ᠂ ᠮᠠᠰᠢᠨ ᠲᠡᠷᠭᠡ ᠵᠢᠯᠤᠭᠤᠳᠬᠤ ᠬᠤᠷᠳᠤᠴᠠ ᠪᠠᠨ ᠴᠠᠭ ᠪᠥᠷᠢ ᠳᠤ 30km ᠠᠴᠠ ᠤᠳᠠᠭᠠᠨ ᠪᠠᠶᠢᠯᠭᠠᠬᠤ ᠶᠢᠨ ᠬᠠᠮᠳᠤ᠂ ᠲᠡᠷᠭᠡ ᠬᠥᠰᠭᠡᠨ ᠤ ᠬᠤᠭᠤᠷᠤᠨᠳᠤᠬᠢ ᠵᠠᠢ ᠪᠠᠨ ᠪᠠᠳᠤᠯᠠᠬᠤ ᠭᠡᠷᠡᠭᠳᠡᠢ᠃
︵15︶ ᠰᠢᠪᠠᠷ ᠴᠢᠯᠠᠭᠤᠨ ᠤ ᠤᠷᠤᠰᠬᠠᠯ
ᠰᠢᠪᠠᠷ ᠴᠢᠯᠠᠭᠤᠨ ᠤ ᠤᠷᠤᠰᠬᠠᠯ ᠭᠡᠳᠡᠭ ᠪᠤᠯ ᠠᠭᠤᠯᠠᠷᠬᠠᠭ ᠤᠷᠤᠨ ᠤ ᠭᠤᠤ ᠬᠠᠪᠴᠢᠯ ᠢᠶᠠᠷ ᠮᠥᠰᠥ ᠴᠠᠰᠤ ᠬᠠᠶᠢᠯᠬᠤ᠂ ᠰᠢᠷᠥᠬᠦᠨ ᠪᠤᠷᠤᠭᠠᠨ ᠤᠷᠤᠬᠤ᠂ ᠥᠶᠡᠷᠯᠡᠬᠦ ᠪᠤᠶᠤ ᠭᠠᠵᠠᠷ ᠬᠥᠳᠡᠯᠥᠯᠳᠡ ᠠᠴᠠ ᠤᠰᠤᠨ ᠬᠠᠰᠢᠯᠭ᠎ᠠ ᠰᠡᠳᠡᠷᠡᠬᠦ ᠵᠡᠷᠭᠡ ᠠᠴᠠ ᠪᠤᠯᠵᠤ ᠶᠡᠭᠡ ᠭᠡᠮᠵᠢᠶᠡᠨ ᠤ ᠰᠢᠪᠠᠷ ᠰᠢᠷᠤᠢ ᠴᠢᠯᠠᠭᠤ ᠲᠠᠢ ᠥᠶᠡᠷ ᠤᠨ ᠤᠷᠤᠰᠬᠠᠯ ᠢ ᠬᠡᠯᠡᠳᠡᠭ᠃ ᠰᠢᠪᠠᠷ ᠴᠢᠯᠠᠭᠤᠨ ᠤ ᠤᠷᠤᠰᠬᠠᠯ ᠢᠷᠡᠬᠦ ᠨᠢ ᠰᠢᠷᠥᠬᠦᠨ ᠮᠥᠷᠳᠡᠭᠡᠨ ᠥᠷᠬᠦᠯᠵᠢ ᠠᠭᠤᠯᠠᠨ ᠤ ᠪᠠᠯ ᠶᠡᠬᠦᠷᠡᠵᠤ ᠨᠤᠷᠠᠳᠠᠭ ᠲᠤᠯᠠ ᠲᠤᠤᠷ᠎ᠠ ᠤᠷᠤᠰᠬᠠᠯ ᠬᠢᠭᠡᠳ ᠵᠠᠮ ᠲᠠᠭᠠᠤ ᠶᠢᠨ ᠪᠠᠯᠭᠠᠰᠤ ᠲᠤᠰᠬᠤᠨ᠂ ᠲᠡᠷᠢᠶᠠᠨ ᠭᠠᠵᠠᠷ᠂ ᠵᠠᠮ ᠬᠥᠬᠦᠷᠭᠡ ᠳᠤ ᠯᠤᠳᠤ ᠶᠡᠭᠡ ᠡᠪᠳᠡᠯᠡᠭᠡ ᠤᠴᠠᠷᠠᠭᠤᠯᠳᠠᠭ ᠶᠤᠮ᠃ ᠰᠢᠪᠠᠷ ᠴᠢᠯᠠᠭᠤᠨ ᠤ ᠪᠠᠴᠢᠮ ᠪᠠᠶᠢᠳᠠᠯ ᠢ ᠠᠷᠭᠠᠴᠠᠬᠤ ᠳᠤ᠄
① ᠰᠢᠪᠠᠷ ᠴᠢᠯᠠᠭᠤᠨ ᠤ ᠤᠷᠤᠰᠬᠠᠯ ᠡᠬᠦᠰᠬᠦ ᠶᠢ ᠰᠡᠷᠡᠵᠤ ᠮᠡᠳᠡᠭᠰᠡᠨ ᠲᠠᠷᠤᠢ ᠳᠠᠭᠠᠨ ᠭᠠᠵᠠᠷ ᠤᠨ ᠪᠠᠶᠢᠳᠠᠯ ᠢ ᠠᠵᠢᠭᠯᠠᠵᠤ᠂ ᠭᠤᠤ ᠬᠠᠪᠴᠢᠯ ᠤᠨ ᠬᠤᠶᠠᠷ ᠲᠠᠯ᠎ᠠ ᠶᠢᠨ ᠠᠭᠤᠯᠠᠨ ᠤᠷᠤᠢ ᠪᠤᠶᠤ ᠥᠨᠳᠥᠷ ᠭᠠᠵᠠᠷ ᠵᠥᠭ ᠵᠠᠶᠢᠯᠠᠬᠤ ᠭᠡᠷᠡᠭᠳᠡᠢ᠃
② ᠰᠢᠯᠵᠢᠵᠤ ᠵᠠᠶᠢᠯᠠᠬᠤ ᠳᠠᠭᠠᠨ ᠪᠡᠶ᠎ᠡ ᠳᠡᠭᠡᠨ ᠠᠪᠴᠤ ᠶᠠᠪᠤᠵᠦ ᠪᠠᠶᠢᠭ᠎ᠠ ᠬᠥᠶᠥᠬᠦ ᠶᠢ ᠨᠥᠯᠥᠭᠡᠯᠡᠵᠤ ᠮᠡᠳᠡᠬᠦ ᠠᠯᠢᠪᠠ ᠶᠠᠭᠤᠮᠠᠰ ᠢᠶᠠᠨ ᠬᠠᠶᠠᠨ᠎ᠠ᠃
③ ᠴᠢᠯᠠᠭᠤ ᠪᠥᠮᠪᠥᠷᠢᠵᠤ ᠪᠠᠭᠤᠬᠤ ᠪᠤᠶᠤ ᠶᠡᠭᠡ ᠭᠡᠮᠵᠢᠶᠡᠨ ᠤ ᠶᠠᠭᠤᠮ᠎ᠠ ᠭᠡᠥᠮᠡ ᠤᠪᠤᠭᠠᠷᠠᠭᠰᠠᠨ ᠡᠭ᠍ᠴᠡ ᠠᠭᠤᠯᠠᠨ ᠤ ᠪᠠᠯ ᠤᠨ ᠲᠤᠤᠷ᠎ᠠ ᠤᠴᠢᠵᠤ ᠲᠡᠯᠳᠠᠯᠠᠵᠤ ᠪᠤᠯᠬᠤ ᠥᠭᠡᠢ᠃
④ ᠬᠤᠳᠤᠭᠤᠷ ᠭᠠᠵᠠᠷ ᠲᠤ ᠵᠤᠭᠰᠤᠵᠤ ᠬᠤᠷᠭᠤᠳᠠᠬᠤ ᠪᠠ ᠮᠤᠳᠤᠨ ᠲᠡᠭᠡᠷ᠎ᠡ ᠠᠪᠠᠷᠢᠨ ᠭᠠᠷᠴᠤ ᠲᠠᠯᠳᠠᠯᠠᠵᠤ ᠪᠤᠯᠬᠤ ᠥᠭᠡᠢ᠃
ᠰᠠᠨᠠᠭᠤᠯᠬᠤ ᠨᠢ᠄
① ᠭᠡᠷ ᠪᠠᠶᠢᠰᠢᠩ ᠪᠠᠷᠢᠬᠤ ᠳᠠᠭᠠᠨ ᠲᠡᠭᠰᠢ ᠮᠥᠷᠳᠡᠭᠡᠨ ᠪᠠᠬᠢᠯᠢᠭ᠌ ᠠᠭᠤᠯᠠᠨ ᠬᠢᠷ᠎ᠡ ᠪᠤᠶᠤ ᠥᠨᠳᠥᠷ ᠭᠠᠵᠠᠷ ᠢ ᠰᠤᠩᠭᠤᠵᠤ᠂ ᠭᠤᠤᠯ ᠤᠨ ᠲᠡᠩ᠂ ᠭᠤᠤ ᠬᠠᠪᠴᠢᠯ ᠵᠡᠷᠭᠡ ᠬᠤᠳᠤᠭᠤᠷ ᠭᠠᠵᠠᠷ ᠠᠴᠠ ᠬᠤᠯᠠ ᠪᠠᠷᠢᠬᠤ ᠭᠡᠷᠡᠭᠳᠡᠢ᠃
② ᠭᠤᠤᠯ ᠤᠨ ᠤᠷᠤᠰᠬᠠᠯ ᠭᠡᠨᠡᠳᠳᠡ ᠲᠠᠰᠤᠷᠠᠬᠤ ᠪᠤᠶᠤ ᠤᠰᠤᠨ ᠤ ᠤᠷᠤᠰᠬᠠᠯ ᠨᠢ ᠲᠥᠷᠭᠡᠨ ᠨᠡᠮᠡᠭᠳᠡᠵᠤ᠂ ᠤᠰᠤᠨ ᠲᠤᠳᠤᠷ᠎ᠠ ᠨᠡᠯᠢᠶᠡᠳ ᠶᠡᠭᠡ ᠭᠡᠮᠵᠢᠶᠡᠨ ᠤ ᠮᠤᠳᠤ ᠡᠪᠡᠰᠤ ᠲᠠᠭᠠᠯᠳᠤᠨ ᠤᠷᠤᠰᠴᠤ᠂ ᠬᠥᠨ ᠬᠠᠪᠴᠢᠯ ᠪᠤᠶᠤ ᠭᠤᠤ ᠵᠢᠯᠠᠭ᠎ᠠ ᠪᠠᠷ ᠭᠠᠯᠳᠤ ᠲᠡᠷᠭᠡᠨ ᠤ ᠲᠠᠭᠤᠨ ᠪᠤᠶᠤ ᠪᠢᠳᠡᠬᠦᠥ ᠠᠶᠤᠩᠭ᠎ᠠ ᠮᠡᠳᠤ ᠲᠠᠭᠤᠨ ᠭᠠᠷᠴᠤ᠂ ᠭᠤᠤ ᠬᠠᠪᠴᠢᠯ ᠤᠨ ᠬᠥᠨ ᠳᠤ ᠬᠡᠨᠡᠳᠳᠡ ᠬᠠᠷᠠᠩᠭᠤᠢᠢᠯᠠᠵᠤ᠂ ᠬᠥᠡᠭᠭᠡᠪᠳᠥᠷ ᠲᠤᠷᠬᠢᠬᠤ ᠪᠠᠶᠢᠳᠠᠯ ᠡᠬᠦᠰᠬᠦ ᠵᠡᠷᠭᠡ ᠨᠢ ᠴᠥᠮ ᠰᠢᠪᠠᠷ ᠴᠢᠯᠠᠭᠤᠨ ᠤ ᠤᠷᠤᠰᠬᠠᠯ ᠡᠬᠦᠰᠬᠦ ᠶᠢᠨ ᠲᠡᠮᠳᠡᠭ ᠮᠥᠨ᠃
③ ᠠᠭᠤᠯᠠᠷᠬᠠᠬ ᠤᠷᠤᠨ ᠳᠤ ᠵᠤᠭᠠᠴᠠᠨ ᠨᠠᠭᠠᠳᠬᠤ ᠳᠠᠭᠠᠨ ᠲᠡᠭᠰᠢᠭᠡᠨ ᠥᠨᠳᠥᠷ ᠭᠠᠵᠠᠷ ᠢ ᠰᠤᠩᠭᠤᠨ ᠪᠠᠭᠤᠳᠠᠯᠯᠠᠵᠤ᠂ ᠬᠤᠳᠤᠭᠤᠷ ᠡᠷᠬᠢ ᠪᠤᠶᠤ ᠢᠪᠴᠤᠬᠠᠨ ᠥᠨᠳᠥᠷ ᠡᠷᠬᠢ ᠠᠴᠠ ᠵᠠᠶᠢᠳᠠᠭᠤ ᠪᠠᠶᠢᠬᠤ ᠶᠢ ᠠᠩᠬᠠᠷᠤᠨ᠎ᠠ᠃
④ ᠬᠠᠪᠴᠢᠯ ᠲᠤᠳᠤᠷ᠎ᠠ ᠪᠤᠶᠤ ᠭᠤᠤ ᠵᠢᠯᠠᠭ᠎ᠠ ᠲᠤᠳᠤᠷ᠎ᠠ ᠪᠠᠭᠤᠳᠠᠯᠯᠠᠬᠤ ᠶᠢ ᠡᠷᠡᠰ ᠴᠡᠭᠡᠷᠯᠡᠬᠦ ᠭᠡᠷᠡᠭᠳᠡᠢ᠃ ᠤᠷᠳᠤ ᠬᠤᠭᠤᠴᠠᠭ᠎ᠠ ᠪᠠᠷ ᠪᠤᠷᠤᠭᠠᠨ ᠤᠷᠤᠬᠤ ᠪᠤᠶᠤ ᠰᠢᠷᠥᠬᠦᠨ ᠪᠤᠷᠤᠭᠠᠨ ᠤᠷᠤᠭᠰᠠᠨ ᠥᠶ᠎ᠡ ᠳᠤ ᠰᠢᠪᠠᠷ ᠴᠢᠯᠠᠭᠤᠨ ᠤ ᠤᠷᠤᠰᠬᠠᠯ ᠡᠬᠦᠰᠬᠦ ᠠᠴᠠ ᠰᠡᠷᠭᠡᠶᠢᠯᠡᠨ᠎ᠡ᠃
⑤ ᠰᠢᠷᠥᠬᠦᠨ ᠪᠤᠷᠤᠭᠠᠨ ᠠᠭᠠᠵᠢᠮ ᠢᠶᠠᠷ ᠪᠠᠭᠠᠰᠬᠤ ᠪᠤᠶᠤ ᠤᠷᠳᠤ ᠬᠤᠭᠤᠴᠠᠭ᠎ᠠ ᠪᠠᠷ ᠤᠷᠤᠭᠰᠠᠨ ᠪᠤᠷᠤᠭᠠᠨ ᠤ ᠲᠠᠷᠠᠭ᠎ᠠ ᠠᠶᠤᠯ ᠲᠥᠭᠰᠢᠬᠦᠷᠢᠳᠡᠢ ᠭᠠᠵᠠᠷ ᠲᠤ ᠲᠠᠷᠦ᠋ᠢᠬᠠᠨ ᠪᠤᠴᠠᠵᠤ ᠪᠤᠯᠬᠤ ᠥᠭᠡᠢ᠃
︵16︶ ᠭᠠᠵᠠᠷ ᠬᠥᠳᠡᠯᠥᠯᠳᠡ
ᠭᠠᠵᠠᠷ ᠬᠥᠳᠡᠯᠥᠯᠳᠡ ᠭᠡᠳᠡᠭ ᠪᠤᠯ ᠭᠠᠵᠠᠷ ᠤᠨ ᠪᠥᠮᠪᠥᠷᠴᠡᠭ ᠤᠨ ᠲᠤᠳᠤᠭᠠᠳᠤ ᠳᠠᠬᠢ ᠪᠤᠳᠠᠰ ᠲᠠᠰᠤᠷᠠᠯᠳᠠ ᠥᠭᠡᠢ ᠬᠥᠳᠡᠯᠥᠨ ᠬᠤᠪᠢᠷᠠᠵᠤ᠂ ᠠᠭᠠᠵᠢᠮ ᠢᠶᠠᠷ ᠬᠤᠷᠠᠮᠳᠤᠭᠰᠠᠨ ᠡᠨᠧᠷᠬᠢ ᠶᠢᠨ ᠬᠡᠮᠵᠢᠶ᠎ᠡ ᠨᠢ ᠬᠠᠳᠠᠨ ᠲᠠᠪᠬᠤᠷᠭ᠎ᠠ ᠶᠢ ᠡᠪᠳᠡᠭᠰᠡᠨ ᠪᠤᠶᠤ ᠵᠥᠷᠢᠯᠳᠥᠭᠰᠡᠨ ᠠᠴᠠ ᠪᠤᠯᠤᠭᠰᠠᠨ ᠬᠥᠴᠥᠷᠭᠡᠭ ᠲᠤᠯᠬᠢᠰᠤᠯᠳᠠ ᠪᠤᠯᠤᠨ᠎ᠠ᠃ ᠭᠠᠵᠠᠷ ᠬᠥᠳᠡᠯᠥᠯᠳᠡ ᠨᠢ ᠭᠤᠤᠯᠳᠠᠭᠤ ᠭᠡᠷ ᠪᠠᠷᠢᠯᠭ᠎ᠠ ᠨᠤᠷᠠᠬᠤ ᠵᠢᠴᠢ ᠭᠠᠵᠠᠷ ᠬᠥᠳᠡᠯᠥᠯᠳᠡ ᠠᠴᠠ ᠭᠠᠯ ᠲᠥᠢᠮᠡᠷ ᠤᠨ ᠠᠶᠤᠯ᠂ ᠥᠶᠡᠷ ᠤᠰᠤᠨ ᠤ ᠠᠶᠤᠯ᠂ ᠰᠢᠪᠠᠷ ᠴᠢᠯᠠᠭᠤᠨ ᠤ ᠤᠷᠤᠰᠬᠠᠯ᠂ ᠬᠢᠵᠢᠭ ᠡᠪᠡᠳᠴᠢᠨ ᠵᠡᠷᠭᠡ ᠶᠢ ᠡᠬᠦᠰᠭᠡᠵᠤ᠂ ᠬᠥᠮᠥᠨ ᠲᠥᠷᠥᠯᠬᠢᠳᠡᠨ ᠳᠤ ᠥᠬᠦᠵᠤ ᠰᠢᠷᠬᠠᠳᠤᠬᠤ ᠵᠢᠴᠢ ᠠᠵᠤ ᠠᠬᠤᠢ ᠡᠳ᠋ ᠬᠥᠷᠥᠩᠭᠡ ᠶᠢᠨ ᠬᠤᠬᠢᠷᠠᠯ ᠢ ᠠᠪᠴᠢᠷᠠᠳᠠᠭ ᠶᠤᠮ᠃ ᠭᠠᠵᠠᠷ ᠬᠥᠳᠡᠯᠥᠯᠳᠡ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠭᠠᠵᠠᠷ ᠬᠥᠳᠡᠯᠥᠯᠳᠡ ᠡᠬᠦᠰᠬᠦ ᠥᠶ᠎ᠡ ᠳᠤ ᠲᠡᠷᠡ ᠲᠡᠷᠦ᠋ᠢᠬᠠᠨ ᠤᠢᠢᠷ᠎ᠠ ᠬᠠᠪᠢ ᠳᠠᠭᠠᠨ ᠲᠠᠯᠳᠠᠯᠠᠬᠤ ᠪᠤᠶᠤ ᠠᠶᠤᠯ ᠲᠥᠭᠰᠢᠬᠦᠷᠢ ᠥᠭᠡᠢ ᠭᠠᠵᠠᠷ ᠲᠤ ᠰᠢᠯᠵᠢᠵᠤ ᠤᠴᠢᠬᠤ ᠭᠡᠷᠡᠭᠳᠡᠢ᠃ ᠬᠤᠪᠴᠠᠰᠤ ᠡᠮᠥᠰᠬᠦ ᠪᠤᠶᠤ ᠡᠳ᠋ ᠮᠥᠡᠭᠬᠦ ᠡᠷᠢᠬᠦ ᠰᠢᠯᠳᠠᠭᠠᠨ ᠢᠶᠠᠷ ᠴᠠᠭ ᠢ ᠰᠠᠭᠠᠳᠠᠭᠠᠵᠤ ᠪᠤᠯᠬᠤ ᠥᠭᠡᠢ᠃ ᠭᠠᠯ᠂ ᠴᠠᠬᠢᠯᠭᠠᠨ᠂ ᠨᠡᠬᠦᠷᠡᠰᠥᠨ ᠭᠡᠢ ᠶᠢᠨ ᠤᠢᠢᠷᠠᠯᠴᠠᠭ᠎ᠠ ᠪᠠᠶᠢᠭ᠎ᠠ ᠪᠤᠯ ᠥᠳᠳᠡᠷ ᠲᠥᠷᠭᠡᠨ ᠢᠶᠠᠷ ᠤᠨᠳᠠᠷᠠᠭᠠᠵᠤ ᠬᠠᠭᠠᠬᠤ ᠭᠡᠷᠡᠭᠳᠡᠢ᠃
② ᠠᠰᠠᠷ ᠲᠤᠳᠤᠷ᠎ᠠ ᠪᠠᠶᠢᠭᠰᠠᠨ ᠪᠤᠯ ᠭᠠᠳᠠᠷ ᠭᠡᠷᠡᠮ ᠪᠤᠶᠤ ᠴᠤᠩᠬᠤ ᠡᠬᠦᠳᠡᠨ ᠠᠴᠠ ᠥᠳᠳᠡᠷ ᠲᠥᠷᠭᠡᠨ ᠢᠶᠠᠷ ᠵᠠᠶᠢᠯᠠᠵᠤ᠂ ᠬᠤᠭᠤᠯᠠᠨ ᠭᠡᠷ᠂ ᠵᠤᠷᠯᠤᠩ ᠪᠤᠯᠤᠨ ᠪᠡᠶ᠎ᠡ ᠤᠬᠢᠶᠠᠬᠤ ᠲᠠᠰᠤᠯᠭ᠎ᠠ ᠵᠡᠷᠭᠡ ᠵᠠᠢ ᠪᠠᠭ᠎ᠠ ᠲᠠᠢ ᠭᠡᠷ ᠲᠤ ᠲᠠᠯᠳᠠᠯᠠᠬᠤ ᠭᠡᠷᠡᠭᠳᠡᠢ᠂ ᠮᠥᠨ ᠴᠤ ᠭᠡᠷᠡᠮ ᠤᠨ ᠪᠤᠯᠤᠩ᠂ ᠭᠡᠷ ᠤᠨ ᠠᠪᠳᠠᠷ᠎ᠠ ᠬᠤᠷᠭᠤ ᠶᠢᠨ ᠬᠠᠵᠠᠭᠤ ᠬᠠᠪᠢ ᠵᠡᠷᠭᠡ ᠭᠤᠷᠪᠠᠯᠵᠢᠨ ᠥᠨᠴᠥᠭ ᠲᠠᠢ ᠭᠠᠵᠠᠷ ᠲᠤ ᠲᠠᠯᠳᠠᠯᠠᠵᠤ ᠪᠤᠯᠤᠨ᠎ᠠ᠃ ᠭᠠᠵᠠᠷ ᠬᠥᠳᠡᠯᠥᠭᠰᠡᠨ ᠤ ᠲᠠᠷᠠᠭ᠎ᠠ ᠵᠢᠭᠤᠳᠠᠵᠤ ᠵᠠᠶᠢᠯᠠᠬᠤ ᠳᠠᠭᠠᠨ ᠴᠠᠬᠢᠯᠭᠠᠨ ᠱᠠᠳᠤ ᠶᠢ ᠭᠡᠷᠡᠭᠯᠡᠵᠤ ᠪᠤᠯᠬᠤ ᠥᠭᠡᠢ᠂ ᠭᠡᠷᠪᠡ ᠭᠠᠵᠠᠷ ᠬᠥᠳᠡᠯᠵᠤ ᠪᠠᠶᠢᠭ᠎ᠠ ᠥᠶ᠎ᠡ ᠳᠤ ᠴᠠᠬᠢᠯᠭᠠᠨ ᠱᠠᠳᠤᠨ ᠲᠤᠳᠤᠷ᠎ᠠ ᠪᠠᠶᠢᠭᠰᠠᠨ ᠪᠤᠯ ᠥᠳᠳᠡᠷ ᠲᠥᠷᠭᠡᠨ ᠵᠠᠶᠢᠯᠠᠬᠤ ᠭᠡᠷᠡᠭᠳᠡᠢ᠃ ᠭᠤᠷᠪᠠᠨ ᠲᠠᠪᠬᠤᠷᠭ᠎ᠠ ᠠᠴᠠ ᠲᠡᠭᠡᠭᠰᠢ ᠥᠨᠳᠥᠷ ᠠᠰᠠᠷ ᠲᠠᠬᠢ ᠬᠥᠮᠥᠰ ᠠᠰᠠᠷ ᠬᠠᠷᠠᠶᠢᠵᠤ ᠪᠤᠯᠬᠤ ᠥᠭᠡᠢ᠃
③ ᠰᠢᠪᠠᠷ ᠪᠠᠶᠢᠰᠢᠩ ᠳᠤ ᠪᠠᠶᠢᠭᠰᠠᠨ ᠪᠤᠯ ᠭᠡᠷ ᠤᠨ ᠭᠠᠳᠠᠨᠠᠬᠢ ᠥᠷᠭᠡᠨ ᠠᠭᠤᠵᠢᠮ ᠭᠠᠵᠠᠷ ᠲᠠᠯᠠᠪᠠᠢ ᠳᠤ ᠥᠳᠳᠡᠷ ᠲᠥᠷᠭᠡᠨ ᠬᠥᠶᠥᠵᠤ ᠭᠠᠷᠬᠤ ᠭᠡᠷᠡᠭᠳᠡᠢ᠃ ᠬᠥᠶᠥᠨ ᠭᠠᠷᠴᠤ ᠠᠮᠵᠢᠬᠤ ᠥᠭᠡᠢ ᠪᠤᠯ ᠬᠠᠳᠠᠭᠤ ᠪᠠᠬᠢ ᠤᠷᠤ ᠶᠢᠨ ᠲᠤᠤᠷ᠎ᠠ᠂ ᠰᠢᠷᠡᠭᠡᠨ ᠤ ᠲᠤᠤᠷ᠎ᠠ᠂ ᠠᠪᠳᠠᠷ᠎ᠠ ᠬᠤᠷᠭᠤ ᠶᠢᠨ ᠬᠠᠵᠠᠭᠤ ᠳᠤ ᠲᠠᠯᠳᠠᠯᠠᠵᠤ᠂ ᠲᠡᠷᠡ ᠪᠤᠶᠤ ᠭᠠᠷ ᠢᠶᠠᠷ ᠢᠶᠠᠨ ᠲᠤᠯᠤᠭᠠᠢ ᠪᠠᠨ ᠬᠠᠮᠠᠭᠠᠯᠠᠬᠤ ᠶᠢᠨ ᠲᠠᠭᠠᠤ᠂ ᠠᠯᠴᠢᠭᠤᠷ ᠪᠤᠶᠤ ᠬᠤᠪᠴᠠᠰᠤ ᠪᠠᠷ ᠢᠶᠠᠨ ᠠᠮᠠ ᠬᠠᠮᠠᠷ ᠢᠶᠠᠨ ᠪᠥᠭᠯᠡᠵᠤ᠂ ᠤᠳᠤᠭ᠎ᠠ ᠲᠤᠭᠤᠰᠤ ᠠᠴᠠ ᠰᠡᠷᠭᠡᠶᠢᠯᠡᠨ᠎ᠡ᠃
④ ᠬᠤᠳᠠᠯᠳᠤᠭᠠᠨ ᠤ ᠲᠠᠯᠠᠪᠠᠢ᠂ ᠺᠢᠨᠤ᠋ ᠶᠢᠨ ᠤᠷᠳᠤᠨ᠂ ᠲᠡᠷᠭᠡᠨ ᠤ ᠥᠷᠳᠡᠭᠡ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠠᠢ ᠳᠤ ᠪᠠᠶᠢᠭ᠎ᠠ ᠪᠤᠯ ᠥᠳᠳᠡᠷ ᠲᠥᠷᠭᠡᠨ ᠢᠶᠠᠷ ᠲᠤᠯᠤᠭᠠᠢ ᠲᠡᠷᠢᠬᠦᠨ ᠢᠶᠠᠨ ᠬᠠᠮᠠᠭᠠᠯᠠᠵᠤ᠂ ᠤᠢᠢᠷᠠᠯᠴᠠᠭ᠎ᠠ ᠪᠠᠶᠢᠭ᠎ᠠ ᠬᠠᠳᠠᠭᠤ ᠪᠠᠬᠢᠯᠢᠭ᠌ ᠠᠪᠳᠠᠷ᠎ᠠ ᠬᠤᠷᠭᠤ᠂ ᠰᠠᠨᠳᠠᠯᠢ ᠰᠢᠷᠡᠭᠡ ᠪᠤᠶᠤ ᠲᠤᠯᠭᠠᠭᠤᠷᠢ ᠶᠢᠨ ᠬᠠᠵᠠᠭᠤ ᠳᠤ ᠲᠠᠯᠳᠠᠯᠠᠵᠤ᠂ ᠰᠢᠯᠤᠨ ᠴᠤᠩᠬᠤ᠂ ᠰᠢᠯᠤᠨ ᠬᠤᠷᠭᠤ᠂ ᠡᠯᠬᠦᠬᠦᠷ ᠳ᠋ᠧᠩ ᠠᠴᠠ ᠵᠠᠶᠢᠯᠠᠵᠤ᠂ ᠬᠥᠮᠥᠰ ᠢ ᠲᠠᠭᠠᠨ ᠠᠰᠠᠷ ᠤᠨ ᠱᠠᠳᠤᠨ ᠳᠤ ᠴᠢᠬᠢᠯᠳᠥᠬᠦ ᠠᠴᠠ ᠰᠡᠷᠭᠡᠶᠢᠯᠡᠬᠦ ᠭᠡᠷᠡᠭᠳᠡᠢ᠃ ᠠᠩᠬᠢ ᠶᠢᠨ ᠭᠡᠷ ᠲᠤ ᠪᠤᠯ ᠪᠢᠴᠢᠭ ᠤᠨ ᠪᠤᠭᠴᠤ ᠪᠠᠷ ᠢᠶᠠᠨ ᠲᠤᠯᠤᠭᠠᠢ ᠲᠡᠷᠢᠬᠦᠨ ᠢᠶᠠᠨ ᠬᠠᠮᠠᠭᠠᠯᠠᠵᠤ᠂ ᠠᠮᠠ ᠬᠠᠮᠠᠷ ᠢᠶᠠᠨ ᠪᠢᠳᠡᠬᠦᠯᠡᠨ᠂ ᠰᠢᠷᠡᠭᠡᠨ ᠤ ᠲᠤᠤᠷ᠎ᠠ ᠪᠤᠶᠤ ᠬᠠᠵᠠᠭᠤ ᠳᠤᠨᠢ ᠲᠠᠯᠳᠠᠯᠠᠵᠤ᠂ ᠭᠠᠵᠠᠷ ᠬᠥᠳᠡᠯᠥᠯᠳᠡ ᠲᠠᠭᠤᠰᠤᠭᠰᠠᠨ ᠤ ᠲᠠᠷᠠᠭ᠎ᠠ ᠪᠠᠭᠰᠢ ᠶᠢᠨ ᠵᠢᠯᠤᠭᠤᠳᠤᠯᠭ᠎ᠠ ᠪᠠᠷ ᠡᠮᠬᠢ ᠲᠢᠭᠯᠢᠮ ᠲᠠᠢ ᠪᠠᠷ ᠵᠠᠶᠢᠯᠠᠬᠤ ᠭᠡᠷᠡᠭᠳᠡᠢ᠃
⑤ ᠬᠤᠳᠠ ᠶᠢᠨ ᠵᠡᠭᠡᠯᠢ ᠭᠤᠳᠤᠮᠵᠢ ᠳᠤ ᠶᠠᠪᠤᠵᠤ ᠪᠠᠶᠢᠭᠰᠠᠨ ᠪᠤᠯ ᠥᠳᠳᠡᠷ ᠲᠥᠷᠭᠡᠨ ᠢᠶᠠᠷ ᠠᠭᠤᠳᠠᠮ ᠲᠠᠯᠠᠪᠠᠢ ᠳᠤ ᠤᠴᠢᠵᠤ᠂ ᠥᠨᠳᠥᠷ ᠲᠤᠮᠤ ᠪᠠᠷᠢᠯᠭ᠎ᠠ ᠠᠴᠠ ᠵᠠᠶᠢᠳᠠᠢ ᠪᠠᠶᠢᠵᠤ᠂ ᠵᠠᠷ ᠤᠨ ᠫᠠᠶᠢᠰᠠ᠂ ᠬᠥᠴᠥᠳᠡᠯ ᠥᠭᠡᠷᠡᠴᠢᠯᠡᠭᠴᠢ᠂ ᠴᠠᠬᠢᠯᠭᠠᠨ ᠤᠳᠠᠰᠤᠨ ᠤ ᠪᠠᠭᠠᠨ᠎ᠠ᠂ ᠵᠠᠮ ᠤᠨ ᠳ᠋ᠧᠩ ᠵᠡᠷᠭᠡ ᠠᠶᠤᠯ ᠲᠠᠢ ᠶᠠᠭᠤᠮ᠎ᠠ ᠠᠴᠠ ᠵᠠᠶᠢᠳᠠᠢ ᠪᠠᠶᠢᠬᠤ ᠭᠡᠷᠡᠭᠳᠡᠢ᠃
⑥ ᠬᠥᠳᠡᠭᠡ ᠭᠠᠳᠠᠨ᠎ᠠ ᠪᠠᠶᠢᠭᠰᠠᠨ ᠪᠤᠯ ᠡᠭ᠍ᠴᠡ ᠥᠨᠳᠥᠷ ᠠᠭᠤᠯᠠᠨ ᠤ ᠬᠢᠷ᠎ᠠ ᠪᠤᠶᠤ ᠠᠰᠬ᠎ᠠ ᠬᠠᠳᠠᠨ ᠠᠴᠠ ᠥᠳᠳᠡᠷ ᠲᠥᠷᠭᠡᠨ ᠢᠶᠠᠷ ᠵᠠᠶᠢᠳᠠᠬᠤ ᠭᠡᠷᠡᠭᠳᠡᠢ᠃ ᠴᠢᠯᠠᠭᠤ ᠪᠥᠮᠪᠥᠷᠢᠬᠦ᠂ ᠠᠭᠤᠯᠠᠨ ᠭᠢᠷ᠎ᠠ ᠶᠡᠬᠦᠷᠡᠬᠦ ᠪᠠ ᠰᠢᠪᠠᠷ ᠴᠢᠯᠠᠭᠤᠨ ᠤ ᠤᠷᠤᠰᠬᠠᠯ ᠠᠴᠠ ᠰᠡᠷᠭᠡᠶᠢᠯᠡᠵᠤ᠂ ᠠᠭᠤᠯᠠ ᠶᠡᠬᠦᠷᠡᠭᠰᠡᠨ ᠪᠤᠯ ᠴᠢᠯᠠᠭᠤ ᠪᠥᠮᠪᠥᠷᠢᠵᠤ ᠮᠡᠳᠡᠬᠦ ᠡᠭ᠍ᠴᠡ ᠴᠢᠭᠯᠡᠯ ᠤᠨ ᠬᠤᠶᠠᠷ ᠲᠠᠯ᠎ᠠ ᠲᠡᠰᠢ ᠵᠢᠭᠤᠳᠠᠬᠤ ᠭᠡᠷᠡᠭᠳᠡᠢ᠃ ᠲᠡᠷᠭᠡ ᠬᠥᠰᠭᠡ ᠪᠠᠨ ᠵᠦᠷᠢᠯᠢᠭ ᠬᠥᠬᠦᠷᠭᠡ᠂ ᠥᠨᠳᠥᠷ ᠬᠥᠬᠦᠷᠭᠡ᠂ ᠠᠭᠤᠯᠠᠨ ᠤ ᠵᠠᠮ ᠵᠡᠷᠭᠡ ᠠᠶᠤᠯ ᠲᠥᠭᠰᠢᠬᠦᠷᠢᠳᠡᠢ ᠭᠠᠵᠠᠷ ᠠᠴᠠ ᠥᠳᠳᠡᠷ ᠲᠥᠷᠭᠡᠨ ᠵᠢᠯᠤᠭᠤᠳᠤᠨ ᠵᠠᠶᠢᠯᠠᠭᠤᠯᠵᠤ᠂ ᠠᠭᠤᠵᠢᠮ ᠭᠠᠵᠠᠷ ᠲᠤ ᠵᠤᠭᠰᠤᠬᠤ ᠭᠡᠷᠡᠭᠳᠡᠢ᠃ ᠲᠡᠷᠭᠡᠨ ᠲᠤᠳᠤᠷ᠎ᠠ ᠪᠠᠶᠢᠭ᠎ᠠ ᠠᠶᠠᠨᠴᠢᠳ ᠪᠠᠷᠢᠭᠤᠯ ᠠᠴᠠ ᠴᠢᠩᠭ᠎ᠠ ᠠᠳᠬᠤᠨ᠂ ᠪᠡᠶ᠎ᠡ ᠪᠠᠨ ᠲᠡᠩᠴᠡᠬᠦᠨ ᠪᠠᠶᠢᠯᠭᠠᠵᠤ᠂ ᠲᠡᠷᠭᠡᠨ ᠠᠴᠠ ᠥᠰᠥᠷᠴᠤ ᠪᠠᠭᠤᠬᠤ ᠶᠢ ᠡᠷᠡᠰ ᠴᠡᠭᠡᠷᠯᠡᠵᠤ᠂ ᠲᠡᠷᠭᠡ ᠬᠥᠰᠭᠡ ᠶᠢᠨ ᠯᠠᠪᠳᠠᠭᠤᠨ ᠵᠤᠭᠰᠤᠭᠰᠠᠨ ᠤ ᠲᠠᠷᠠᠭ᠎ᠠ ᠠᠭᠤᠵᠢᠮ ᠭᠠᠵᠠᠷ ᠲᠤ ᠥᠳᠳᠡᠷ ᠲᠥᠷᠭᠡᠨ ᠢᠶᠠᠷ ᠰᠢᠯᠵᠢᠬᠦ ᠭᠡᠷᠡᠭᠳᠡᠢ᠃
⑦ ᠭᠠᠵᠠᠷ ᠬᠥᠳᠡᠯᠥᠭᠡᠳ ᠪᠡᠶ᠎ᠡ ᠮᠠᠬᠠᠪᠤᠳ ᠪᠤᠯᠠᠭᠳᠠᠭᠰᠠᠨ ᠪᠤᠯ ᠰᠠᠨᠠᠭ᠎ᠠ ᠰᠡᠳᠬᠢᠯ ᠢᠶᠠᠨ ᠲᠤᠭᠳᠠᠭᠤᠨ ᠪᠠᠶᠢᠯᠭᠠᠵᠤ᠂ ᠥᠪᠡᠷ ᠢ ᠪᠠᠨ ᠠᠪᠤᠷᠠᠬᠤ ᠠᠷᠭ᠎ᠠ ᠡᠷᠢᠵᠤ᠂ ᠪᠡᠶ᠎ᠡ ᠲᠡᠭᠡᠷᠡᠬᠢ ᠲᠠᠷᠤᠭᠰᠠᠨ ᠶᠠᠭᠤᠮᠠᠰ ᠢ ᠴᠢᠳᠠᠬᠤ ᠶᠢᠨ ᠲᠤᠳᠤᠷ᠎ᠠ ᠵᠠᠶᠢᠯᠠᠭᠤᠯᠵᠤ᠂ ᠤᠨᠠᠵᠤ ᠮᠡᠳᠡᠬᠦ ᠭᠡᠪᠡᠷᠡᠭ ᠶᠠᠭᠤᠮᠠᠰ ᠠᠴᠠ ᠬᠤᠯᠠ ᠪᠠᠶᠢᠵᠤ᠂ ᠠᠮᠤᠷ ᠲᠥᠪᠰᠢᠨ ᠤᠷᠤᠨ ᠵᠠᠢ ᠪᠠᠨ ᠶᠡᠭᠡᠰᠭᠡᠬᠦ ᠭᠡᠷᠡᠭᠳᠡᠢ᠃ ᠥᠪᠡᠷ ᠢ ᠪᠠᠨ ᠠᠪᠤᠷᠠᠵᠤ ᠲᠡᠶᠢᠯᠬᠦ ᠥᠭᠡᠢ ᠪᠤᠯ ᠲᠡᠷᠦ᠋ᠢᠬᠠᠨ ᠶᠡᠭᠡ ᠲᠠᠭᠤ ᠪᠠᠷ ᠠᠪᠤᠷᠠᠯᠳᠠ ᠬᠥᠰᠡᠬᠦ ᠪᠠ ᠬᠥᠴᠥᠳᠡᠢ ᠬᠥᠳᠡᠯᠵᠤ ᠪᠤᠯᠬᠤ ᠥᠭᠡᠢ᠂ ᠬᠠᠷᠢᠨ ᠬᠥᠴᠤ ᠲᠡᠮᠢᠷ ᠢᠶᠠᠨ ᠬᠠᠳᠠᠭᠠᠯᠠᠵᠤ᠂ ᠠᠪᠤᠷᠠᠨ ᠲᠡᠳᠬᠦᠬᠦ ᠬᠥᠮᠥᠰ ᠤᠨ ᠴᠢᠮᠡᠭᠡ ᠶᠢ ᠠᠩᠬᠠᠷᠤᠨ ᠬᠥᠯᠢᠶᠡᠵᠤ᠂ ᠲᠤᠬᠠᠢ ᠶᠢᠨ ᠥᠶ᠎ᠡ ᠳᠤᠨᠢ ᠶᠠᠭᠤᠮ᠎ᠠ ᠴᠤᠬᠢᠬᠤ ᠪᠤᠶᠤ ᠶᠡᠭᠡ ᠲᠠᠭᠤᠨ ᠢᠶᠠᠷ ᠬᠠᠰᠬᠢᠷᠬᠤ ᠮᠡᠳᠤ ᠠᠷᠭ᠎ᠠ ᠪᠠᠷᠢᠯ ᠢᠶᠠᠷ ᠠᠪᠤᠷᠠᠯᠳᠠ ᠬᠥᠰᠡᠵᠤ ᠪᠤᠯᠤᠨ᠎ᠠ᠃
ᠰᠠᠨᠠᠭᠤᠯᠬᠤ ᠨᠢ᠄
① ᠭᠠᠵᠠᠷ ᠬᠥᠳᠡᠯᠥᠭᠰᠡᠨ ᠥᠶ᠎ᠡ ᠳᠤ ᠪᠠᠴᠢᠮ ᠠᠷᠭᠠᠴᠠᠬᠤ ᠶᠢᠨ ᠥᠨᠳᠥᠰᠥᠨ ᠵᠠᠷᠴᠢᠮ ᠪᠤᠯ ᠭᠠᠵᠠᠷ ᠬᠥᠳᠡᠯᠵᠤ ᠪᠠᠶᠢᠭ᠎ᠠ ᠥᠶ᠎ᠡ ᠳᠤ ᠤᠢᠢᠷ᠎ᠠ ᠬᠠᠪᠢ ᠳᠠᠭᠠᠨ ᠲᠠᠯᠳᠠᠯᠠᠵᠤ᠂ ᠭᠠᠵᠠᠷ ᠬᠥᠳᠡᠯᠥᠯᠳᠡ ᠶᠢᠨ ᠲᠠᠷᠠᠭ᠎ᠠ ᠡᠮᠬᠢ ᠲᠢᠭᠯᠢᠮ ᠲᠠᠢ ᠪᠠᠷ ᠵᠠᠶᠢᠯᠠᠭᠤᠯᠬᠤ ᠶᠠᠪᠤᠳᠠᠯ ᠪᠤᠯᠤᠨ᠎ᠠ᠃
② ᠭᠠᠵᠠᠷ ᠬᠥᠳᠡᠯᠥᠭᠰᠡᠨ ᠥᠶ᠎ᠡ ᠳᠤ ᠡᠷᠡᠰ ᠰᠢᠭᠤᠷᠬᠠᠢ ᠪᠠᠷ ᠠᠷᠭ᠎ᠠ ᠭᠡᠮᠵᠢᠶ᠎ᠡ ᠠᠪᠴᠤ᠂ ᠲᠠᠯᠳᠠᠯᠠᠬᠤ ᠪᠠ ᠵᠢᠭᠤᠳᠠᠬᠤ ᠡᠰᠡᠬᠦ ᠪᠠᠨ ᠲᠤᠬᠠᠢ ᠶᠢᠨ ᠭᠠᠵᠠᠷ ᠤᠨ ᠪᠠᠶᠢᠳᠠᠯ ᠢ ᠥᠵᠡᠵᠤ ᠪᠠᠶᠢᠭᠠᠳ ᠲᠤᠭᠳᠠᠭᠠᠬᠤ ᠭᠡᠷᠡᠭᠳᠡᠢ᠂ ᠤᠷᠤᠨ ᠳᠠᠭᠠᠨ ᠲᠠᠳᠠᠭᠠᠯᠵᠠᠨ ᠵᠤᠭᠰᠤᠵᠤ ᠪᠤᠯᠬᠤ ᠥᠭᠡᠢ᠃
③ ᠭᠠᠵᠠᠷ ᠬᠥᠳᠡᠯᠵᠤ ᠪᠠᠶᠢᠭ᠎ᠠ ᠥᠶ᠎ᠡ ᠳᠤ ᠴᠢᠳᠠᠬᠤ ᠶᠢᠨ ᠲᠤᠳᠤᠷ᠎ᠠ ᠰᠥᠬᠦᠳᠬᠦ ᠪᠤᠶᠤ ᠭᠡᠪᠳᠡᠵᠤ᠂ ᠪᠡᠶ᠎ᠡ ᠪᠠᠨ ᠲᠡᠩᠴᠡᠬᠦᠨ ᠪᠠᠶᠢᠯᠭᠠᠵᠤ᠂ ᠲᠤᠯᠤᠭᠠᠢ ᠬᠥᠵᠥᠬᠦᠥ ᠪᠠᠨ ᠰᠠᠶᠢᠳᠤᠷ ᠬᠠᠮᠠᠭᠠᠯᠠᠬᠤ ᠭᠡᠷᠡᠭᠳᠡᠢ᠃ ᠭᠠᠵᠠᠷ ᠬᠥᠳᠡᠯᠥᠯᠳᠡ ᠶᠢᠨ ᠲᠠᠷᠠᠭ᠎ᠠ᠂ ᠤᠷᠤᠨ ᠰᠠᠭᠤᠴᠠ ᠳᠠᠭᠠᠨ ᠪᠤᠴᠠᠵᠤ ᠬᠠᠷᠢᠬᠤ ᠶᠢ ᠶᠠᠭᠠᠷᠠᠵᠤ ᠪᠤᠯᠬᠤ ᠥᠭᠡᠢ᠂ ᠥᠯᠡᠳᠡᠭᠳᠡᠯ ᠬᠥᠳᠡᠯᠥᠯᠳᠡ ᠬᠢᠭᠡᠳ ᠭᠠᠵᠠᠷ ᠬᠥᠳᠡᠯᠥᠯᠳᠡ ᠠᠴᠠ ᠡᠬᠦᠰᠥᠭᠰᠡᠨ ᠭᠠᠯ ᠤᠨ ᠠᠶᠤᠯ᠂ ᠤᠰᠤᠨ ᠤ ᠠᠶᠤᠯ᠂ ᠠᠭᠤᠯᠠ ᠶᠡᠬᠦᠷᠡᠬᠦ᠂ ᠰᠢᠪᠠᠷ ᠴᠢᠯᠠᠭᠤᠨ ᠤ ᠤᠷᠤᠰᠬᠠᠯ᠂ ᠬᠤᠤᠷ ᠲᠠᠢ ᠭᠡᠢ ᠪᠡᠶᠡᠳᠤ ᠪᠠ ᠰᠠᠴᠤᠷᠠᠭ ᠪᠤᠳᠠᠰ ᠤᠨ ᠵᠠᠳᠠᠷᠠᠯᠳᠠ ᠵᠡᠷᠭᠡ ᠲᠠᠭᠠᠯᠳᠤᠨ ᠡᠬᠦᠰᠬᠦ ᠭᠠᠮᠰᠢᠬ ᠠᠴᠠ ᠰᠡᠷᠭᠡᠶᠢᠯᠡᠬᠦ ᠭᠡᠷᠡᠭᠳᠡᠢ᠃
④ ᠭᠠᠵᠠᠷ ᠬᠥᠳᠡᠯᠥᠯᠳᠡ ᠶᠢᠨ ᠲᠠᠷᠠᠭ᠎ᠠ ᠬᠥᠮᠥᠰ ᠢ ᠠᠪᠤᠷᠠᠬᠤ ᠳᠠᠭᠠᠨ ᠤᠷᠢᠳ ᠢᠶᠠᠷ ᠤᠢᠢᠷᠠᠯᠴᠠᠭ᠎ᠠ ᠪᠠᠶᠢᠭ᠎ᠠ ᠶᠢ᠂ ᠲᠠᠷᠠᠭ᠎ᠠ ᠳᠤᠨᠢ ᠵᠠᠶᠢᠳᠠᠢ ᠪᠠᠶᠢᠭ᠎ᠠ ᠶᠢ ᠨᠢ᠂ ᠤᠷᠢᠳ ᠢᠶᠠᠷ ᠤᠯᠠᠨ ᠢ ᠨᠢ᠂ ᠲᠠᠷᠠᠭ᠎ᠠ ᠳᠤᠨᠢ ᠴᠥᠭᠡᠨ ᠢ ᠨᠢ᠂ ᠤᠷᠢᠳ ᠢᠶᠠᠷ ᠠᠪᠤᠷᠠᠬᠤ ᠳᠤ ᠬᠢᠯᠪᠡᠷ ᠢ ᠨᠢ᠂ ᠲᠠᠷᠠᠭ᠎ᠠ ᠳᠤᠨᠢ ᠠᠪᠤᠷᠠᠬᠤ ᠳᠤ ᠬᠥᠴᠢᠷᠳᠡᠢ ᠶᠢ ᠨᠢ ᠠᠪᠤᠷᠠᠯᠳᠠ ᠬᠢᠨ᠎ᠠ᠃
︵17︶ ᠨᠤᠷᠠᠨ ᠶᠡᠬᠦᠷᠡᠬᠦ
ᠨᠤᠷᠠᠨ ᠶᠡᠬᠦᠷᠡᠬᠦ ᠭᠡᠳᠡᠭ ᠪᠤᠯ ᠡᠭ᠍ᠴᠡ ᠠᠭᠤᠯᠠᠨ ᠤ ᠬᠢᠷ᠎ᠠ ᠬᠥᠳᠥᠯ ᠤᠨ ᠴᠢᠯᠠᠭᠤ ᠪᠤᠶᠤ ᠰᠢᠷᠤᠢ ᠨᠢ ᠬᠥᠨᠳᠤ ᠶᠢᠨ ᠬᠥᠴᠥᠨ ᠤ ᠥᠢᠯᠡᠳᠥᠯ ᠲᠤᠤᠷ᠎ᠠ᠂ ᠶᠡᠬᠦᠷᠡᠵᠤ ᠨᠤᠷᠠᠬᠤ ᠪᠠ ᠥᠡᠭᠬᠦᠷᠢᠳᠥᠨ ᠬᠥᠳᠡᠯᠬᠦ ᠥᠵᠡᠭᠳᠡᠯ ᠮᠥᠨ᠃ ᠨᠤᠷᠠᠵᠤ ᠶᠡᠬᠦᠷᠡᠭᠰᠡᠨ ᠠᠴᠠ ᠪᠤᠯᠵᠤ ᠶᠡᠷᠦ ᠳᠡᠭᠡᠨ ᠵᠠᠮ ᠬᠠᠷᠢᠯᠴᠠᠭ᠎ᠠ ᠲᠠᠰᠤᠯᠳᠠᠵᠤ ᠪᠥᠭᠯᠡᠷᠡᠨ ᠲᠥᠭᠵᠢᠷᠡᠬᠦ ᠪᠤᠶᠤ ᠠᠭᠤᠯᠠᠨ ᠤ ᠬᠤᠷᠮᠤᠢ ᠳᠠᠬᠢ ᠡᠳ᠋ ᠪᠤᠳᠠᠰ ᠢ ᠡᠪᠳᠡᠯᠡᠵᠤ ᠨᠤᠷᠠᠭᠠᠵᠤ᠂ ᠭᠡᠷᠪᠡ ᠥᠶᠡᠷ ᠪᠤᠯᠪᠠᠯ ᠰᠢᠭᠤᠳ ᠰᠢᠪᠡᠷ ᠴᠢᠯᠠᠭᠤᠨ ᠤ ᠤᠷᠤᠰᠬᠠᠯ ᠪᠤᠯᠵᠤ ᠪᠥᠷᠢᠯᠳᠥᠳᠡᠭ᠃ ᠬᠠᠮᠤᠭ ᠬᠥᠨᠳᠤ ᠨᠤᠴᠢᠳᠠᠢ ᠶᠠᠪᠤᠳᠠᠯ ᠨᠢ ᠪᠤᠯ ᠨᠤᠷᠠᠵᠤ ᠶᠡᠬᠦᠷᠡᠭᠰᠡᠨ ᠠᠴᠠ ᠭᠤᠤᠯ ᠤᠨ ᠤᠷᠤᠰᠬᠠᠯ ᠲᠠᠰᠤᠯᠤᠭᠳᠠᠨ ᠪᠥᠭᠯᠡᠷᠡᠵᠤ ᠬᠠᠰᠢᠯᠭ᠎ᠠ ᠪᠥᠷᠢᠯᠳᠥᠵᠤ᠂ ᠲᠡᠭᠡᠳᠤ ᠤᠷᠤᠰᠬᠠᠯ ᠤᠨ ᠤᠰᠤ ᠬᠤᠷᠠᠭᠰᠠᠨ ᠠᠴᠠ ᠪᠤᠯᠵᠤ᠂ ᠭᠤᠤᠯ ᠤᠨ ᠤᠰᠤ ᠪᠢᠯᠬᠠᠷᠠᠨ ᠤᠰᠤᠨ ᠤ ᠭᠠᠮᠰᠢᠬ ᠢ ᠡᠬᠦᠰᠭᠡᠳᠡᠭ᠃ ᠨᠤᠷᠠᠨ ᠶᠡᠬᠦᠷᠡᠬᠦ ᠶᠢᠨ ᠪᠠᠴᠢᠮ ᠪᠠᠶᠢᠳᠠᠯ ᠢ ᠠᠷᠭᠠᠴᠠᠬᠤ ᠳᠤ᠄
① ᠨᠤᠷᠠᠵᠤ ᠶᠡᠬᠦᠷᠡᠭᠰᠡᠨ ᠥᠶ᠎ᠡ ᠳᠤ ᠲᠡᠷᠭᠡ ᠬᠥᠰᠭᠡ ᠨᠦᠭᠦᠳ ᠭᠢᠷ᠎ᠡ ᠬᠥᠳᠥᠯ ᠤᠨ ᠵᠠᠮ ᠠᠴᠠ ᠥᠳᠳᠡᠷ ᠲᠥᠷᠭᠡᠨ ᠢᠶᠠᠷ ᠵᠠᠶᠢᠯᠠᠨ᠎ᠠ᠃
② ᠨᠤᠷᠠᠵᠤ ᠶᠡᠬᠦᠷᠡᠭᠡᠳ ᠵᠠᠮ ᠮᠥᠷ ᠪᠥᠭᠯᠡᠭᠳᠡᠭᠰᠡᠨ ᠪᠤᠯ ᠵᠠᠮ ᠬᠠᠷᠢᠯᠴᠠᠭᠠᠨ ᠤ ᠴᠠᠭᠳᠠᠭ᠎ᠠ ᠶᠢᠨ ᠵᠢᠯᠤᠭᠤᠳᠤᠨ ᠲᠠᠭᠠᠭᠤᠯᠬᠤ ᠶᠢ ᠬᠦᠯᠢᠶᠡᠨ᠎ᠡ᠃
ᠰᠠᠨᠠᠭᠤᠯᠬᠤ ᠨᠢ᠄
① ᠵᠤᠨ ᠤ ᠥᠶᠡᠷ ᠤᠨ ᠬᠤᠭᠤᠴᠠᠭᠠᠨ ᠳᠤ ᠲᠤᠬᠠᠢ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ ᠰᠤᠨᠤᠰᠬᠤ ᠪᠠᠨ ᠠᠩᠬᠠᠷᠴᠤ᠂ ᠶᠡᠭᠡ ᠪᠤᠷᠤᠭᠠᠨ ᠤᠷᠤᠭᠰᠠᠨ ᠤ ᠲᠠᠷᠠᠭ᠎ᠠ ᠪᠤᠶᠤ ᠵᠠᠯᠭᠠᠭ᠎ᠠ ᠪᠠᠷ ᠪᠤᠷᠤᠭᠠᠨ ᠤᠷᠤᠭᠰᠠᠨ ᠤ ᠲᠠᠷᠠᠭ᠎ᠠ ᠠᠭᠤᠯᠠᠷᠬᠠᠭ ᠤᠷᠤᠨ ᠤ ᠭᠤᠤ ᠵᠢᠯᠠᠭ᠎ᠠ ᠪᠠᠷ ᠠᠶᠠᠯᠠᠬᠤ ᠠᠴᠠ ᠴᠢᠳᠠᠬᠤ ᠶᠢᠨ ᠲᠤᠳᠤᠷ᠎ᠠ ᠵᠠᠶᠢᠯᠠᠬᠤ ᠭᠡᠷᠡᠭᠳᠡᠢ᠃
② ᠪᠤᠷᠤᠭᠠᠨ ᠤ ᠤᠯᠠᠷᠢᠯ ᠳᠤ ᠡᠭ᠍ᠴᠡ ᠬᠢᠷ᠎ᠠ ᠬᠥᠳᠥᠯ᠂ ᠠᠶᠤᠯ ᠲᠠᠢ ᠬᠠᠳᠠᠨ ᠤ ᠤᠢᠢᠷᠠᠯᠴᠠᠭ᠎ᠠ ᠵᠤᠭᠰᠤᠬᠤ ᠶᠢ ᠴᠡᠭᠡᠷᠯᠡᠨ᠎ᠡ᠃
③ ᠬᠤᠳᠤᠭᠤᠷ ᠪᠠᠯ᠂ ᠠᠶᠤᠯ ᠲᠠᠢ ᠬᠠᠳᠠ ᠴᠢᠯᠠᠭᠤ ᠴᠤᠬᠤᠢᠢᠵᠤ ᠰᠡᠷᠪᠠᠶᠢᠭ᠍ᠰᠡᠨ ᠭᠠᠵᠠᠷ ᠲᠤ ᠪᠤᠷᠤᠭᠠᠨ ᠠᠴᠠ ᠲᠠᠯᠳᠠᠯᠠᠵᠤ᠂ ᠠᠮᠤᠰᠬᠢᠬᠦ ᠪᠤᠶᠤ ᠶᠠᠪᠤᠵᠤ ᠪᠤᠯᠬᠤ ᠥᠭᠡᠢ᠂ ᠠᠶᠤᠯ ᠲᠠᠢ ᠬᠠᠳᠠ ᠴᠢᠯᠠᠭᠤᠨ ᠲᠡᠭᠡᠷ᠎ᠡ ᠠᠪᠠᠷᠢᠵᠤ ᠪᠤᠯᠬᠤ ᠥᠭᠡᠢ᠃
④ ᠠᠭᠤᠯᠠᠨ ᠤ ᠬᠢᠷ᠎ᠠ ᠬᠥᠳᠥᠯ ᠤᠨ ᠨᠠᠯᠠᠤ ᠶᠢᠨ ᠭᠡᠮᠵᠢᠶ᠎ᠡ ᠨᠢ 45° ᠠᠴᠠ ᠶᠡᠭᠡ ᠪᠠᠶᠢᠬᠤ ᠮᠥᠷᠳᠡᠭᠡᠨ ᠥᠨᠳᠥᠷ ᠪᠤᠭᠤᠨᠢ ᠨᠢ ᠨᠡᠯᠢᠶᠡᠳ ᠵᠥᠷᠢᠶᠡᠨ ᠲᠠᠢ ᠪᠤᠶᠤ ᠠᠭᠤᠯᠠᠨ ᠤ ᠬᠢᠷ᠎ᠠ ᠬᠥᠳᠥᠯ ᠨᠢ ᠲᠤᠰᠠᠭᠠᠷᠯᠠᠭᠠᠳ ᠠᠭᠤᠯᠠᠨ ᠬᠤᠰᠢᠭᠤ ᠪᠤᠯᠤᠨ ᠬᠤᠳᠤᠭᠤᠷ ᠬᠢᠷ᠎ᠠ ᠬᠥᠳᠥᠯ ᠵᠡᠷᠭᠡ ᠶᠢᠨ ᠭᠡᠯᠪᠡᠷᠢ ᠲᠠᠢ ᠪᠤᠯᠤᠭᠰᠠᠨ᠂ ᠬᠢᠷ᠎ᠠ ᠬᠥᠳᠥᠯ ᠤᠨ ᠤᠷᠢᠳᠤᠭᠤᠷᠬᠢ ᠭᠡᠰᠡᠭ ᠨᠢ ᠬᠥᠨᠳᠡᠢ ᠥᠡᠭᠭᠡᠶᠢᠭᠰᠡᠨ᠂ ᠬᠢᠷ᠎ᠠ ᠬᠥᠳᠥᠯ ᠨᠢ ᠮᠡᠳᠡᠭᠳᠡᠮ᠎ᠡ ᠠᠩ ᠵᠠᠪᠰᠠᠷ ᠭᠠᠷᠤᠭᠰᠠᠨ ᠪᠠᠶᠢᠪᠠᠯ ᠴᠥᠮ ᠠᠮᠠᠷᠬᠠᠨ ᠨᠤᠷᠠᠵᠤ ᠶᠡᠬᠦᠷᠡᠬᠦ ᠪᠤᠯᠤᠨ᠎ᠠ᠃
⑤ ᠭᠡᠷᠪᠡ ᠠᠰᠬ᠎ᠠ ᠬᠠᠯᠢᠯ ᠠᠴᠠ ᠰᠢᠷᠤᠢ ᠴᠢᠯᠠᠭᠤ ᠤᠨᠠᠵᠤ ᠪᠠᠶᠢᠪᠠᠯ᠂ ᠲᠤᠤᠭᠤᠷ ᠨᠢ ᠶᠠᠪᠤᠵᠤ ᠪᠤᠯᠬᠤ ᠥᠭᠡᠢ᠃
︵18︶ ᠬᠢᠷ᠎ᠠ ᠶᠡᠬᠦᠷᠡᠬᠦ
ᠬᠢᠷ᠎ᠠ ᠶᠡᠬᠦᠷᠡᠬᠦ ᠭᠡᠳᠡᠭ ᠪᠤᠯ ᠠᠭᠤᠯᠠᠨ ᠤ ᠭᠢᠷ᠎ᠡ ᠶᠢᠨ ᠰᠢᠷᠤᠢ ᠪᠤᠯᠤᠨ ᠬᠠᠳᠠ ᠴᠢᠯᠠᠭᠤ ᠨᠢ ᠭᠤᠤᠯ ᠤᠨ ᠤᠰᠤᠨ ᠳᠤ ᠤᠷᠤᠰᠬᠤ᠂ ᠬᠥᠷᠥᠰᠥᠨ ᠲᠤᠤᠷᠠᠬᠢ ᠤᠰᠤ ᠤᠷᠤᠰᠬᠤ᠂ ᠭᠠᠵᠠᠷ ᠬᠥᠳᠡᠯᠬᠦ ᠵᠢᠴᠢ ᠬᠥᠮᠥᠨ ᠤ ᠬᠥᠴᠤ ᠪᠠᠷ ᠠᠭᠤᠯᠠᠨ ᠤ ᠬᠢᠷ᠎ᠠ ᠬᠥᠳᠥᠯ ᠢ ᠬᠠᠭᠠᠯᠵᠦ ᠬᠥᠨᠳᠡᠭᠰᠡᠨ ᠵᠡᠷᠭᠡ ᠬᠥᠴᠥᠨ ᠵᠥᠢᠯ ᠤᠨ ᠨᠥᠯᠥᠭᠡ ᠠᠴᠠ ᠪᠤᠯᠵᠤ᠂ ᠬᠥᠨᠳᠤ ᠶᠢᠨ ᠬᠥᠴᠥᠨ ᠤ ᠥᠢᠯᠡᠳᠥᠯ ᠲᠤᠤᠷ᠎ᠠ᠂ ᠬᠢᠷ᠎ᠠ ᠬᠥᠳᠥᠯ ᠲᠠᠭᠠᠵᠤ ᠲᠤᠷᠤᠭᠰᠢ ᠪᠠᠨ ᠶᠡᠬᠦᠷᠡᠵᠤ ᠬᠥᠳᠡᠯᠬᠦ ᠪᠠᠶᠢᠭᠠᠯᠢ ᠶᠢᠨ ᠥᠵᠡᠭᠳᠡᠯ ᠢ ᠬᠡᠯᠡᠨ᠎ᠡ᠃ ᠮᠥᠨ ᠴᠤ ︽ᠠᠭᠤᠯᠠ ᠬᠥᠳᠡᠯᠬᠦ︾ ᠭᠡᠳᠡᠭ᠃ ᠭᠢᠷ᠎ᠠ ᠶᠡᠬᠦᠷᠡᠬᠦ ᠠᠴᠠ ᠪᠤᠯᠵᠤ ᠭᠠᠵᠠᠷ ᠤᠨ ᠭᠠᠳᠠᠷᠭᠤ ᠬᠠᠭᠠᠷᠠᠨ ᠠᠩ ᠵᠠᠪᠰᠠᠷ ᠭᠠᠷᠴᠤ᠂ ᠭᠡᠷ ᠪᠠᠶᠢᠰᠢᠩ ᠡᠪᠳᠡᠭᠳᠡᠨ ᠨᠤᠷᠠᠵᠤ᠂ ᠵᠠᠮ ᠲᠠᠷᠤᠭᠳᠠᠨ ᠪᠥᠭᠯᠡᠷᠡᠵᠤ᠂ ᠭᠤᠤᠯ ᠤᠨ ᠤᠷᠤᠰᠬᠠᠯ ᠲᠠᠰᠤᠯᠤᠭᠳᠠᠨ ᠲᠥᠭᠵᠢᠷᠡᠬᠦ ᠪᠤᠯᠤᠨ᠎ᠠ᠃ ᠬᠢᠷ᠎ᠠ ᠶᠡᠬᠦᠷᠡᠬᠦ ᠪᠠᠴᠢᠮ ᠪᠠᠶᠢᠳᠠᠯ ᠢ ᠠᠷᠭᠠᠴᠠᠬᠤ ᠳᠤ᠄
① ᠭᠢᠷ᠎ᠠ ᠶᠡᠬᠦᠷᠡᠵᠤ ᠪᠠᠶᠢᠪᠠᠯ᠂ ᠬᠤᠶᠠᠷ ᠲᠠᠯ᠎ᠠ ᠶᠢᠨ ᠨᠡᠮ ᠲᠤᠭᠳᠠᠭᠤᠨ ᠭᠠᠵᠠᠷ ᠲᠤ ᠦᠳᠳᠡᠷ ᠲᠥᠷᠭᠡᠨ ᠢᠶᠠᠷ ᠵᠠᠶᠢᠯᠠᠨ᠎ᠠ᠃
② ᠬᠢᠷ᠎ᠠ ᠶᠡᠬᠦᠷᠡᠵᠤ ᠪᠠᠶᠢᠭ᠎ᠠ ᠥᠶ᠎ᠡ ᠳᠤ ᠵᠢᠭᠤᠳᠠᠬᠤ ᠶᠢᠨ ᠠᠷᠭ᠎ᠠ ᠥᠭᠡᠢ ᠪᠤᠯᠪᠠᠯ ᠨᠠᠯᠠᠤ ᠶᠢᠨ ᠭᠡᠮᠵᠢᠶ᠎ᠡ ᠨᠢ ᠨᠡᠯᠢᠶᠡᠳ ᠲᠡᠭᠰᠢᠭᠡᠨ ᠰᠢᠭ ᠠᠭᠤᠵᠢᠮ ᠭᠠᠵᠠᠷ ᠲᠤ ᠤᠴᠢᠵᠤ ᠵᠤᠭᠰᠤᠬᠤ ᠶᠢᠨ ᠬᠠᠮᠳᠤ᠂ ᠭᠡᠷ ᠪᠠᠶᠢᠰᠢᠩ᠂ ᠭᠡᠷᠡᠮ ᠬᠠᠰᠢᠶ᠎ᠠ᠂ ᠴᠠᠬᠢᠯᠭᠠᠨ ᠤᠳᠠᠰᠤᠨ ᠤ ᠪᠠᠭᠠᠨ᠎ᠠ ᠵᠡᠷᠭᠡ ᠠᠴᠠ ᠵᠠᠶᠢᠳᠠᠢ ᠪᠠᠶᠢᠬᠤ ᠭᠡᠷᠡᠭᠳᠡᠢ᠃
ᠰᠠᠨᠠᠭᠤᠯᠬᠤ ᠨᠢ᠄
① ᠭᠢᠷ᠎ᠠ ᠶᠡᠬᠦᠷᠡᠭᠡᠳ ᠭᠠᠵᠠᠷ ᠤᠨ ᠪᠠᠶᠢᠴᠠ ᠶᠢ ᠶᠠᠭ ᠯᠠ ᠡᠪᠬᠡᠬᠦᠷ ᠰᠠᠨᠳᠠᠯᠢ ᠪᠤᠶᠤ ᠮᠤᠷᠢᠨ ᠤ ᠲᠤᠭᠤᠷᠠᠢ ᠶᠢᠨ ᠬᠡᠯᠪᠡᠷᠢ ᠲᠠᠢ ᠪᠤᠯᠭᠠᠵᠤ᠂ ᠠᠷᠤ ᠪᠠᠷ ᠢᠶᠠᠨ ᠬᠥᠷᠢᠶᠡᠯᠡᠭᠰᠡᠨ ᠭᠡᠯᠪᠡᠷᠢ ᠲᠠᠢ᠂ ᠵᠥᠰᠥᠵᠤ ᠬᠠᠭᠠᠯᠤᠭᠰᠠᠨ ᠰᠢᠬ ᠠᠩ ᠵᠠᠪᠰᠠᠷ ᠲᠠᠢ᠂ ᠤᠯᠠᠨ ᠲᠡᠰ ᠲᠠᠪᠬᠤᠷᠭ᠎ᠠ ᠶᠢᠨ ᠱᠠᠳᠤ ᠲᠠᠢ᠂ ᠤᠷᠢᠳᠤᠭᠤᠷ ᠢᠶᠠᠨ ᠲᠠᠯᠠᠩ ᠪᠤᠰᠬᠠᠭᠰᠠᠨ ᠭᠡᠯᠪᠡᠷᠢ ᠲᠠᠢ ᠵᠡᠷᠭᠡ ᠭᠠᠵᠠᠷ ᠤᠨ ᠭᠠᠳᠠᠷᠭᠤ ᠶᠢᠨ ᠤᠨᠴᠠᠯᠢᠬ ᠲᠠᠢ ᠪᠤᠯᠭᠠᠳᠠᠭ᠃
② ᠬᠢᠷ᠎ᠠ ᠶᠡᠬᠦᠷᠡᠬᠦ ᠠᠶᠤᠯ ᠤᠨ ᠰᠡᠷᠡᠮᠵᠢ ᠶᠢᠨ ᠲᠡᠮᠳᠡᠭ ᠲᠠᠢ ᠭᠠᠵᠠᠷ ᠤᠷᠤᠨ ᠢᠶᠠᠷ ᠬᠥᠮᠥᠰ ᠪᠤᠯᠤᠨ ᠲᠡᠷᠭᠡ ᠬᠥᠰᠭᠡ ᠤᠷᠤᠵᠤ ᠭᠠᠷᠴᠤ ᠪᠤᠯᠬᠤ ᠥᠭᠡᠢ᠃
③ ᠶᠡᠭᠡ ᠪᠤᠷᠤᠭᠠᠨ ᠪᠤᠶᠤ ᠰᠢᠷᠥᠬᠦᠨ ᠪᠤᠷᠤᠭᠠᠨ ᠤᠷᠤᠭᠰᠠᠨ ᠤ ᠲᠠᠷᠠᠭ᠎ᠠ ᠬᠢᠷ᠎ᠠ ᠶᠡᠬᠦᠷᠡᠬᠦ ᠠᠶᠤᠯ ᠲᠠᠢ ᠭᠠᠵᠠᠷ ᠤᠷᠤᠨ ᠤ ᠤᠢᠢᠷ᠎ᠠ ᠬᠠᠪᠢ ᠪᠠᠷ ᠵᠤᠭᠰᠤᠬᠤ ᠶᠢ ᠡᠷᠡᠰ ᠴᠡᠭᠡᠷᠯᠡᠭᠡᠷᠡᠢ᠃
④ ᠠᠭᠤᠯᠠᠨ ᠤ ᠬᠢᠷ᠎ᠠ ᠠᠩ ᠭᠠᠷᠴᠤ ᠬᠠᠭᠠᠷᠠᠬᠤ᠂ ᠭᠡᠷ ᠪᠠᠶᠢᠰᠢᠩ ᠢᠯᠡᠷᠭᠡᠢ ᠴᠠᠪᠠ ᠭᠠᠷᠬᠤ᠂ ᠭᠡᠷᠡᠮ ᠬᠠᠨ᠎ᠠ ᠬᠡᠯᠪᠠᠶᠢᠨ ᠬᠠᠵᠠᠶᠢᠬᠤ᠂ ᠮᠤᠳᠤ ᠭᠤᠤᠯ ᠢᠶᠠᠷ ᠢᠶᠠᠨ ᠬᠠᠭᠠᠷᠠᠬᠤ ᠵᠡᠷᠭᠡ ᠪᠠᠷ ᠭᠢᠷ᠎ᠡ ᠶᠡᠬᠦᠷᠡᠬᠦ ᠥᠵᠡᠭᠳᠡᠯ ᠢᠯᠡᠷᠡᠭᠰᠡᠨ ᠪᠤᠯ ᠲᠡᠷᠡ ᠲᠠᠷᠤᠢ ᠳᠤᠨᠢ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠪᠤᠶᠤ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠮᠡᠳᠡᠬᠦᠯᠬᠦ ᠶᠢᠨ ᠬᠠᠮᠳᠤ᠂ ᠠᠶᠤᠯ ᠳᠤ ᠤᠴᠠᠷᠠᠵᠤ ᠮᠡᠳᠡᠬᠦ ᠬᠥᠮᠥᠰ ᠲᠤ ᠮᠡᠳᠡᠭᠳᠡᠬᠦ ᠭᠡᠷᠡᠭᠳᠡᠢ᠃
︵19︶ ᠭᠠᠵᠠᠷ ᠴᠥᠮᠥᠷᠡᠬᠦ
ᠭᠠᠵᠠᠷ ᠴᠥᠮᠥᠷᠡᠬᠦ ᠭᠡᠳᠡᠭ ᠪᠤᠯ ᠭᠠᠵᠠᠷ ᠤᠨ ᠭᠠᠳᠠᠷᠭᠤ ᠶᠢᠨ ᠴᠢᠯᠠᠭᠤ ᠪᠤᠶᠤ ᠬᠥᠷᠥᠰᠥ ᠰᠢᠷᠤᠢ ᠨᠢ ᠪᠠᠶᠢᠭᠠᠯᠢ ᠶᠢᠨ ᠥᠢᠯᠡᠳᠥᠯ ᠪᠤᠶᠤ ᠬᠥᠮᠥᠨ ᠲᠥᠷᠥᠯᠬᠢᠳᠡᠨ ᠤ ᠥᠢᠯᠡᠳᠴᠤ ᠬᠥᠳᠡᠯᠭᠡᠭᠰᠡᠨ ᠭᠠᠵᠠᠷ ᠲᠤᠤᠷᠠᠬᠢ ᠪᠠᠷᠢᠯᠭ᠎ᠠ ᠶᠢᠨ ᠨᠥᠯᠥᠭᠡᠯᠡᠯ ᠢᠶᠠᠷ ᠴᠥᠮᠥᠷᠡᠵᠤ ᠤᠷᠤᠭᠰᠠᠨ ᠠᠴᠠ ᠪᠤᠯᠵᠤ ᠭᠠᠵᠠᠷ ᠤᠨ ᠭᠠᠳᠠᠷᠭᠤ ᠳᠤ ᠴᠥᠮᠥᠷᠡᠵᠤ ᠤᠷᠤᠭᠰᠠᠨ ᠨᠥᠭᠡ ᠭᠠᠷᠬᠤ ᠥᠵᠡᠭᠳᠡᠯ ᠪᠤᠶᠤ ᠶᠠᠪᠤᠴᠠ ᠶᠢ ᠭᠡᠯᠡᠨ᠎ᠡ᠃ ᠭᠠᠵᠠᠷ ᠴᠥᠮᠥᠷᠡᠬᠦ ᠪᠠᠴᠢᠮ ᠪᠠᠶᠢᠳᠠᠯ ᠢ ᠠᠷᠭᠠᠴᠠᠬᠤ ᠳᠤ᠄
① ᠪᠠᠷᠢᠯᠭ᠎ᠠ ᠶᠢᠨ ᠤᠢᠢᠷ᠎ᠠ ᠬᠠᠪᠢ ᠪᠠᠷ ᠴᠥᠮᠥᠷᠡᠭᠰᠡᠨ ᠨᠥᠭᠡ ᠶᠢ ᠲᠡᠷᠦ᠋ᠢᠬᠠᠨ ᠪᠥᠭᠯᠡᠵᠤ᠂ ᠪᠠᠷᠢᠯᠭ᠎ᠠ ᠶᠢᠨ ᠯᠠᠪᠳᠠᠭᠤᠨ ᠲᠤᠭᠳᠠᠭᠤᠨ ᠪᠠᠶᠢᠬᠤ ᠶᠢ ᠨᠥᠯᠥᠭᠡᠯᠡᠬᠦ ᠠᠴᠠ ᠰᠡᠷᠭᠡᠶᠢᠯᠡᠬᠦ ᠭᠡᠷᠡᠭᠳᠡᠢ᠃
② ᠪᠠᠷᠢᠯᠭ᠎ᠠ ᠶᠢᠨ ᠤᠢᠢᠷ᠎ᠠ ᠬᠠᠪᠢ ᠪᠠᠷ ᠭᠠᠷᠤᠭᠰᠠᠨ ᠭᠠᠵᠠᠷ ᠤᠨ ᠠᠩ ᠵᠠᠪᠰᠠᠷ ᠢ ᠲᠠᠷᠦ᠋ᠢᠬᠠᠨ ᠪᠥᠭᠯᠡᠵᠤ᠂ ᠤᠰᠤ ᠤᠷᠤᠰᠤᠨ ᠤᠷᠤᠬᠤ ᠠᠴᠠ ᠰᠡᠷᠭᠡᠶᠢᠯᠡᠨ᠎ᠡ᠃
③ ᠬᠥᠳᠡᠭᠡ ᠭᠠᠳᠠᠨ᠎ᠠ ᠶᠠᠪᠤᠬᠤ ᠪᠤᠶᠤ ᠮᠠᠯ ᠬᠠᠷᠢᠭᠤᠯᠬᠤ ᠳᠠᠭᠠᠨ ᠴᠥᠮᠥᠷᠡᠬᠦ ᠠᠶᠤᠯ ᠲᠠᠢ ᠭᠠᠵᠠᠷ ᠲᠤ ᠤᠴᠢᠵᠤ ᠪᠤᠯᠬᠤ ᠥᠭᠡᠢ᠃
ᠰᠠᠨᠠᠭᠤᠯᠬᠤ ᠨᠢ᠄
① ᠭᠠᠵᠠᠷ ᠢ ᠨᠢ ᠮᠠᠯᠳᠠᠵᠤ ᠬᠥᠨᠳᠡᠶᠢᠯᠡᠭᠰᠡᠨ ᠤᠷᠤᠨ ᠳᠠᠬᠢ ᠰᠠᠭᠤᠭᠠᠯᠢ ᠠᠷᠠᠳ ᠭᠡᠷ ᠪᠠᠶᠢᠰᠢᠩ ᠤᠨ ᠢᠶᠠᠨ ᠡᠮᠥᠨᠡᠬᠦᠷ ᠬᠤᠶᠢᠭᠤᠷᠬᠢ ᠭᠠᠵᠠᠷ ᠲᠤ ᠢᠯᠡᠷᠭᠡᠢ ᠬᠤᠪᠢᠷᠠᠯᠳᠠ ᠭᠠᠷᠬᠤ᠂ ᠠᠩ ᠵᠠᠪᠰᠠᠷ ᠭᠠᠷᠬᠤ ᠵᠡᠷᠭᠡ ᠥᠵᠡᠭᠳᠡᠯ ᠢ ᠥᠷᠬᠦᠯᠵᠢ ᠠᠩᠬᠠᠷᠬᠤ ᠭᠡᠷᠡᠭᠳᠡᠢ᠃
② ᠶᠡᠭᠡ ᠪᠤᠷᠤᠭᠠᠨ ᠤᠷᠤᠭᠰᠠᠨ ᠥᠶ᠎ᠡ ᠳᠤ ᠭᠠᠵᠠᠷ ᠲᠡᠭᠡᠷᠡᠬᠢ ᠤᠰᠤ ᠶᠡᠭᠡ ᠭᠡᠮᠵᠢᠶ᠎ᠡ ᠪᠠᠷ᠂ ᠮᠠᠰᠢ ᠲᠥᠷᠭᠡᠨ ᠢᠶᠠᠷ ᠭᠠᠵᠠᠷ ᠲᠤ ᠰᠢᠮᠡᠳᠥᠨ ᠤᠷᠤᠵᠤ ᠪᠠᠶᠢᠬᠤ ᠡᠰᠡᠬᠦ ᠶᠢ ᠠᠩᠬᠠᠷᠤᠭᠠᠷᠠᠢ᠃
③ ᠭᠠᠵᠠᠷ ᠤᠨ ᠭᠠᠳᠠᠷᠭᠤ ᠳᠤ ᠴᠠᠭᠠᠷᠢᠬ ᠭᠡᠯᠪᠡᠷᠢ ᠲᠠᠢ ᠠᠩ ᠵᠠᠪᠰᠠᠷ ᠭᠠᠷᠴᠤ ᠲᠠᠰᠤᠷᠠᠯᠳᠠ ᠥᠭᠡᠢ ᠶᠡᠭᠡᠰᠴᠤ᠂ ᠵᠠᠷᠢᠮ ᠭᠡᠰᠡᠭ ᠭᠠᠵᠠᠷ ᠲᠤᠨᠢ ᠬᠥᠳᠦ᠋ᠢᠬᠦ ᠪᠤᠶᠤ ᠬᠤᠳᠦ᠋ᠢᠵᠤ ᠪᠠᠶᠢᠪᠠᠯ᠂ ᠲᠠᠷᠦ᠋ᠢᠬᠠᠨ ᠵᠠᠶᠢᠯᠠᠬᠤ ᠶᠢᠨ ᠬᠠᠮᠳᠤ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠮᠡᠳᠡᠬᠦᠯᠬᠦ ᠭᠡᠷᠡᠭᠳᠡᠢ᠂ ᠬᠠᠷᠢᠨ ᠭᠡᠨᠡᠨ ᠪᠤᠳᠤᠯ ᠢᠶᠠᠷ ᠤᠤᠯ ᠭᠠᠵᠠᠷ ᠲᠠᠭᠠᠨ ᠪᠤᠶᠤ ᠭᠡᠷ ᠤᠷᠤᠨ ᠳᠠᠭᠠᠨ ᠬᠤᠷᠭᠤᠳᠠᠵᠤ ᠪᠤᠯᠬᠤ ᠥᠭᠡᠢ᠃