| | | 11 ᠳ᠋ᠦ᠋ᠭᠡᠷ ᠰᠠᠷ᠎ᠠ ᠶᠢᠨ 18 ᠤ ᠡᠳᠦᠷ᠂ ︽ᠢᠯᠢ ᠶᠢᠨ ᠬᠠᠶᠢᠷ᠎ᠠ · ᠳᠤᠮᠳᠠᠳᠤ ᠤᠯᠤᠰ ᠤᠨ ᠰᠦᠯᠵᠢᠶᠡᠨ ᠤ | ᠶᠠᠪᠤᠳᠠᠯ · ᠴᠤᠭ ᠵᠤᠯᠪᠤᠭᠠᠲᠤ ᠥᠪᠥᠷ ᠮᠣᠩᠭᠤᠯ · ᠰᠡᠳᠬᠢᠯ ᠬᠦᠳᠡᠯᠭᠡᠮ᠎ᠡ 2015︾ ᠰᠦᠯᠵᠢᠶᠡᠨ ᠤ ᠬᠦᠮᠦᠨ | ᠰᠢᠯᠭᠠᠷᠠᠭᠤᠯᠬᠤ ᠠᠵᠢᠯᠯᠠᠭ᠎ᠠ ᠤᠨ ᠱᠠᠩᠨᠠᠯ ᠣᠯᠭᠤᠬᠤ ᠶᠣᠰᠣᠯᠠᠯ ᠥᠪᠥᠷ ᠮᠣᠩᠭᠤᠯ ᠤᠨ ᠵᠣᠴᠢᠳ ᠤᠨ ᠪᠠᠭᠤᠳᠠᠯ ᠳᠤ | ᠶᠠᠪᠤᠭᠳᠠᠪᠠ᠃ ᠲᠤᠰ ᠠᠵᠢᠯᠯᠠᠭ᠎ᠠ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠢᠨᠲ᠋ᠧᠷ | ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ᠂ ᠰᠢᠨᠬᠤᠸᠠ ᠬᠤᠷᠢᠶᠠᠨ ᠤ ᠥᠪᠥᠷ ᠮᠣᠩᠭᠤᠯ ᠳᠠᠬᠢ ᠬᠤᠪᠢᠶᠠᠷᠢ | ᠬᠤᠷᠢᠶ᠎ᠠ ᠭᠤᠣᠯᠯᠠᠨ ᠡᠷᠭᠢᠯᠡᠵᠦ᠂ ᠰᠢᠨᠬᠤᠸᠠ ᠰᠦᠯᠵᠢᠶᠡᠨ ᠤ ᠥᠪᠥᠷ ᠮᠣᠩᠭᠤᠯ ᠤᠨ ᠬᠤᠪᠢᠶᠠᠷᠢ ᠺᠣᠮᠫᠠᠨᠢ ᠠᠴᠠ | ᠳᠠᠭᠠᠭᠠᠨ ᠡᠷᠬᠢᠯᠡᠭᠰᠡᠨ ᠪᠠᠶᠢᠨ᠎ᠠ᠃ ᠰᠦᠯᠵᠢᠶᠡᠨ ᠤ ᠠᠷᠠᠳ ᠠᠴᠠ ᠫᠢᠶᠣᠣ ᠥᠭᠬᠦ ᠪᠠ ᠲᠤᠰᠬᠠᠶ ᠮᠡᠷᠭᠡᠵᠢᠯᠲᠡᠨ ᠤ | ᠬᠢᠨᠠᠨ ᠲᠤᠭᠲᠠᠭᠠᠭᠰᠠᠨ ᠢᠶᠠᠷ᠂ ︽ᠲᠠᠯ᠎ᠠ ᠨᠤᠲᠤᠭ ᠤᠨ ᠮᠤᠲ᠋ᠤᠷᠲᠤ ᠴᠠᠭᠳᠠᠭ᠎ᠠ︾ ᠪᠤᠶᠠᠨᠳᠡᠯᠭᠡᠷ᠂ ︽ᠠᠯᠠᠭᠠᠳᠠᠬᠤ | ᠪᠥᠮᠪᠦᠭᠡ ᠶᠢᠨ ᠠᠯᠳᠠᠷᠲᠤ ᠵᠠᠩᠵᠤᠨ︾ ᠾᠧ ᠵᠸᠡ ᠱᠧᠩ᠂ ︽ᠲᠡᠯᠡᠢ ᠨᠠᠭᠤᠷ ᠤᠨ ᠰᠦᠭ ᠰᠦᠨᠡᠰᠦ︾ ᠲᠡᠯᠡᠢ | ᠨᠠᠭᠤᠷ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ᠂ ︽ᠰᠡᠳᠬᠢᠯ ᠢ ᠳᠤᠯᠠᠭᠠᠴᠠᠭᠤᠯᠤᠭᠰᠠᠨ ᠠᠶᠠᠨ | ᠵᠠᠮ︾ ᠬᠥᠬᠡᠬᠤᠲᠠ ᠶᠢᠨ ᠭᠠᠯᠲᠤ ᠲᠡᠷᠭᠡᠨ ᠥᠷᠲᠡᠭᠡᠨ ᠤ ᠵᠢᠶᠦ᠋ᠨ ᠢ ᠬᠠᠶᠢᠷ᠎ᠠ ᠬᠠᠯᠠᠮᠵᠢᠲᠤ ᠦᠢᠯᠡᠴᠢᠯᠡᠭᠡᠨ ᠤ ᠠᠩᠬᠢ᠂ | ︽ᠶᠠᠳᠠᠭᠤ ᠬᠡᠦᠬᠡᠳ ᠤᠨ ᠡᠵᠢ︾ ᠵᠠᠩ ᠠᠶ ᠶᠧ᠂ ︽ᠰᠠᠶᠢᠨ ᠠᠪᠠᠭ᠎ᠠ ᠡᠭᠡ ︾ ᠴᠢᠶᠣᠤ ᠯᠠᠢ ᠱᠧᠩ᠂ ︽ | ᠤᠳᠤᠨ ᠡᠭᠡᠴᠢ︾ ᠸᠠᠩ ᠪᠥᠸᠧ᠂ ︽ᠨᠡᠶᠢᠲᠡ ᠶᠢᠨ ᠠᠰᠠᠷᠠᠮᠵᠢ +︾ ᠯᠸᠢᠮᠤᠩ ᠠᠩᠭᠢ᠂ ︽ᠲᠠᠯ᠎ᠠ ᠨᠤᠲᠤᠭ ᠤᠨ | ᠯᠧᠢ ᠹᠧᠩ︾ ᠸᠧᠢ ᠭᠠᠩ᠂ ︽ᠸᠢᠴᠠᠲ ᠤᠨ ᠪᠠᠭᠰᠢ︾ ᠸᠠᠩ ᠪᠦ᠋ ᠫᠢᠨᠩ ᠵᠡᠷᠭᠡ ᠬᠦᠮᠦᠰ ᠰᠦᠯᠵᠢᠶᠡᠨ ᠤ 10 | ᠠᠪᠤᠷᠭᠤ ᠬᠦᠮᠦᠨ ᠢᠶᠠᠷ ᠰᠢᠯᠭᠠᠷᠠᠭᠳᠠᠪᠠ᠂ ᠡᠭᠦᠨ ᠳᠤ ᠪᠤᠶᠠᠨᠳᠡᠯᠭᠡᠷ ᠲᠤᠰ ᠵᠢᠯ ᠤᠨ ᠬᠠᠮᠤᠭ ᠤᠨ ᠠᠩᠬᠠᠷᠤᠯᠲᠤ | ᠰᠦᠯᠵᠢᠶᠡᠨ ᠤ ᠬᠦᠮᠦᠨ ᠢᠶᠠᠷ ᠦᠨᠡᠯᠡᠭᠳᠡᠪᠡ᠃ ᠡᠪ ᠡᠩ ᠤᠨ ᠨᠢᠭᠡ ᠴᠢᠷᠠᠢ᠂ ᠥᠪᠥᠷ ᠮᠣᠩᠭᠤᠯ ᠤᠨ ᠬᠠᠮᠤᠭ ᠤᠨ | ᠰᠡᠳᠬᠢᠯ ᠬᠦᠳᠡᠯᠭᠡᠮ᠎ᠡ ᠵᠢᠷᠤᠭ ᠪᠤᠯᠵᠡᠢ᠃ |