ᠥᠪᠥᠷ ᠮᠣᠩᠭᠤᠯ ᠤᠨ ᠵᠠᠯᠠᠭᠤᠴᠤᠳ ᠤᠨ ᠡᠪᠯᠡᠯ ᠤᠨ ᠬᠤᠷᠢᠶ᠎ᠠ᠂ ᠥᠪᠥᠷ ᠮᠣᠩᠭᠤᠯ ᠤᠨ ᠡᠳ᠋ ᠤᠨ ᠵᠠᠰᠠᠭ ᠤᠨ | ᠲᠢᠩᠬᠢᠮ᠂ ᠥᠪᠥᠷ ᠮᠣᠩᠭᠤᠯ ᠤᠨ ᠬᠥᠮᠦᠨ ᠤ ᠬᠦᠴᠦᠨ ᠤ ᠡᠬᠢ ᠪᠠᠶᠠᠯᠢᠭ ᠪᠣᠯᠣᠨ ᠨᠡᠶᠢᠭᠡᠮ ᠤᠨ ᠪᠠᠲᠤᠯᠠᠭ᠎ᠠ ᠶᠢᠨ | ᠲᠢᠩᠬᠢᠮ᠂ ᠥᠪᠥᠷ ᠮᠣᠩᠭᠤᠯ ᠪᠠᠩᠬᠢ ᠶᠢᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯᠤᠨ ᠥᠪᠥᠷ | ᠮᠣᠩᠭᠤᠯ ᠤᠨ ᠬᠥᠳᠡᠭᠡ ᠲᠣᠰᠬᠤᠨ ᠤ ᠢᠲᠡᠭᠡᠮᠵᠢ ᠶᠢᠨ ᠬᠤᠷᠰᠢᠶᠠᠨ ᠤ ᠬᠤᠯᠪᠣᠭᠠᠲᠤ ᠬᠤᠷᠰᠢᠶ᠎ᠠ ᠬᠠᠮᠲᠤᠷᠠᠨ ︽ | ᠵᠠᠯᠠᠭᠤ ᠠᠳᠠᠯ ᠦᠢᠯᠡᠰ ᠴᠤᠭᠴᠠᠯᠠᠭᠴᠢᠳ ᠲᠤ ᠳᠥᠭᠦᠮ ᠵᠢᠭᠡᠯᠡᠯᠭᠡ︾ ᠥᠭᠬᠦ ᠵᠠᠯᠠᠭᠤᠴᠤᠳ ᠤᠨ ᠠᠳᠠᠯ ᠦᠢᠯᠡᠰ | ᠴᠤᠭᠴᠠᠯᠠᠬᠤ ᠳᠠᠭᠠᠭᠠᠯᠲᠠᠲᠤ ᠵᠢᠭᠡᠯᠡᠯᠭᠡ ᠶᠢᠨ ᠲᠦᠷᠦᠯ ᠵᠦᠢᠯ ᠢ ᠬᠡᠷᠡᠭᠵᠢᠭᠦᠯᠵᠦ᠂ ᠤᠶᠤᠲᠠᠳ ᠢᠶᠠᠷ ᠭᠤᠣᠯ ᠴᠣᠭᠴᠠ | ᠪᠣᠯᠭᠠᠭᠰᠠᠨ ᠵᠠᠯᠠᠭᠤᠴᠤᠳ ᠤᠨ ᠠᠳᠠᠯ ᠦᠢᠯᠡᠰ ᠴᠤᠭᠴᠠᠯᠠᠵᠤ ᠠᠵᠢᠯ ᠣᠯᠬᠤ ᠳᠤ ᠨᠡᠩ ᠰᠠᠶᠢᠲᠤᠷ ᠦᠢᠯᠡᠴᠢᠯᠡᠪᠡ᠃ | ︽ᠵᠠᠯᠠᠭᠤ ᠠᠳᠠᠯ ᠦᠢᠯᠡᠰ ᠴᠤᠭᠴᠠᠯᠠᠭᠴᠢᠳ ᠲᠤ ᠳᠥᠭᠦᠮ ᠵᠢᠭᠡᠯᠡᠯᠭᠡ︾ ᠥᠭᠬᠦ ᠵᠠᠯᠠᠭᠤᠴᠤᠳ ᠤᠨ ᠠᠳᠠᠯ | ᠦᠢᠯᠡᠰ ᠴᠤᠭᠴᠠᠯᠠᠬᠤ ᠳᠠᠭᠠᠭᠠᠯᠲᠠᠲᠤ ᠵᠢᠭᠡᠯᠡᠯᠭᠡ ᠶᠢᠨ ᠲᠦᠷᠦᠯ ᠵᠦᠢᠯ ᠢ ᠤᠬᠠᠭᠤᠯᠤᠨ ᠳᠠᠶᠢᠴᠢᠯᠠᠬᠤ ᠪᠠ | ᠵᠢᠭᠡᠯᠡᠯᠭᠡ ᠶᠢᠨ ᠭᠤᠶᠤᠴᠢᠯᠠᠯ ᠢ ᠬᠦᠯᠢᠶᠡᠨ ᠠᠪᠴᠤ ᠰᠢᠢᠳᠪᠦᠷᠢᠯᠡᠬᠦ ᠶᠢ ᠥᠪᠡᠷᠲᠡᠭᠡᠨ ᠵᠠᠰᠠᠬᠤ ᠣᠷᠣᠨ ᠤ ᠡᠯ᠎ᠡ | ᠱᠠᠲᠤᠨ ᠤ ᠡᠪᠯᠡᠯ ᠤᠨ ᠵᠣᠬᠢᠶᠠᠨ ᠪᠠᠶᠢᠭᠤᠯᠤᠯᠲᠠ ᠬᠠᠷᠢᠭᠤᠴᠠᠵᠤ᠂ ᠥᠪᠥᠷ ᠮᠣᠩᠭᠤᠯ ᠪᠠᠩᠬᠢ ᠶᠢᠨ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯᠤᠨ ᠥᠪᠥᠷ ᠮᠣᠩᠭᠤᠯ ᠤᠨ ᠬᠥᠳᠡᠭᠡ ᠲᠣᠰᠬᠤᠨ ᠤ ᠢᠲᠡᠭᠡᠮᠵᠢ ᠶᠢᠨ | ᠬᠤᠷᠰᠢᠶᠠᠨ ᠤ ᠬᠤᠯᠪᠣᠭᠠᠲᠤ ᠬᠤᠷᠰᠢᠶ᠎ᠠ ︽ᠵᠠᠯᠠᠭᠤ ᠠᠳᠠᠯ ᠦᠢᠯᠡᠰ ᠴᠤᠭᠴᠠᠯᠠᠭᠴᠢᠳ ᠲᠤ ᠳᠥᠭᠦᠮ ᠵᠢᠭᠡᠯᠡᠯᠭᠡ︾ | ᠥᠭᠬᠦ ᠲᠤᠰᠬᠠᠢ ᠵᠦᠢᠯ ᠤᠨ ᠵᠢᠭᠡᠯᠡᠯᠭᠡ ᠶᠢ ᠡᠭᠦᠷᠭᠡᠯᠡᠨ ᠠᠪᠴᠠᠢ᠃ ︽ᠵᠠᠯᠠᠭᠤ ᠠᠳᠠᠯ ᠦᠢᠯᠡᠰ ᠴᠤᠭᠴᠠᠯᠠᠭᠴᠢᠳ ᠲᠤ | ᠳᠥᠭᠦᠮ ᠵᠢᠭᠡᠯᠡᠯᠭᠡ︾ ᠥᠭᠬᠦ ᠶᠢ ᠭᠤᠶᠣᠴᠢᠯᠠᠨ ᠬᠡᠷᠡᠭᠯᠡᠬᠦ ᠠᠳᠠᠯ ᠦᠢᠯᠡᠰ ᠴᠣᠭᠴᠠᠯᠠᠭᠴᠢ ᠶᠢᠨ ᠬᠤᠪᠢ ᠬᠥᠮᠦᠨ ᠤ | ᠨᠠᠰᠤ ᠨᠢ 18 ᠨᠠᠰᠤᠨ ᠠᠴᠠ ᠳᠡᠭᠡᠭᠰᠢ᠂ 45 ᠨᠠᠰᠤᠨ ᠠᠴᠠ ᠳᠤᠷᠤᠭᠰᠢ ᠪᠠᠶᠢᠵᠤ᠂ ᠦᠨᠡᠨᠴᠢ ᠢᠲᠡᠭᠡᠮᠵᠢᠲᠡᠶ | ᠪᠥᠭᠡᠳ ᠵᠢᠭᠡᠯᠡᠯᠭᠡ ᠶᠢᠨ ᠭᠡᠷ᠎ᠡ ᠶᠢ ᠰᠠᠶᠢᠨ ᠳᠤᠷ᠎ᠠ ᠠᠴᠠ ᠪᠠᠨ ᠵᠢᠷᠤᠮᠯᠠᠨ ᠰᠠᠬᠢᠳᠠᠭ᠂ ᠡᠭᠦᠨ ᠳᠤ ᠠᠳᠠᠯ ᠦᠢᠯᠡᠰ | ᠴᠣᠭᠴᠠᠯᠠᠬᠤ ᠪᠦᠯᠬᠦᠮ ᠨᠢ ᠤᠶᠤᠳᠠᠳ ᠢᠶᠠᠷ ︵ᠲᠡᠭᠦᠰᠬᠦ ᠣᠨ ᠤ ᠣᠶᠤᠲᠠᠨ ᠵᠢᠴᠢ ᠲᠡᠭᠦᠰᠦᠭᠡᠳ 5 ᠵᠢᠯ ᠤᠨ | ᠳᠤᠲᠤᠷᠠᠬᠢ ᠳᠡᠭᠡᠳᠦ ᠰᠤᠷᠭᠠᠭᠤᠯᠢ ᠲᠡᠭᠦᠰᠦᠭᠰᠡᠳ ᠢ ᠪᠠᠭᠲᠠᠭᠠᠨ᠎ᠠ︶ ᠭᠤᠣᠯ ᠴᠣᠭᠴᠠ ᠪᠣᠯᠭᠠᠭᠰᠠᠨ ᠵᠠᠯᠠᠭᠤ ᠠᠳᠠᠯ | ᠦᠢᠯᠡᠰ ᠴᠤᠭᠴᠠᠯᠠᠭᠴᠢᠳ ᠪᠠᠶᠢᠵᠤ᠂ ᠣᠨᠴᠠᠭᠠᠶᠢᠯᠠᠨ ᠶᠠᠳᠠᠭᠤ ᠬᠦᠴᠢᠷᠳᠡᠯᠲᠡᠶ ᠭᠡᠷ ᠪᠦᠯᠢ ᠪᠣᠯᠤᠨ ᠮᠣᠩᠭᠤᠯ ᠢᠶᠠᠷ | ᠰᠣᠷᠣᠭᠰᠠᠨ ᠳᠡᠭᠡᠳᠦ ᠰᠤᠷᠭᠠᠭᠤᠯᠢ ᠲᠡᠭᠦᠰᠦᠭᠰᠡᠳ ᠪᠣᠯᠣᠨ᠎ᠠ᠃ ︽ᠵᠠᠯᠠᠭᠤ ᠠᠳᠠᠯ ᠦᠢᠯᠡᠰ ᠴᠤᠭᠴᠠᠯᠠᠭᠴᠢᠳ ᠲᠤ | ᠳᠥᠭᠦᠮ ᠵᠢᠭᠡᠯᠡᠯᠭᠡ︾ ᠥᠭᠬᠦ ᠵᠠᠯᠠᠭᠤᠴᠤᠳ ᠤᠨ ᠠᠳᠠᠯ ᠦᠢᠯᠡᠰ ᠴᠤᠭᠴᠠᠯᠠᠬᠤ ᠳᠠᠭᠠᠭᠠᠯᠲᠠᠲᠤ ᠵᠢᠭᠡᠯᠡᠯᠭᠡ ᠶᠢᠨ | ᠬᠤᠭᠤᠴᠠᠭ᠎ᠠ ᠶᠢᠨ ᠬᠠᠮᠤᠭ ᠤᠨ ᠣᠷᠳᠣ ᠨᠢ ᠬᠤᠶᠠᠷ ᠵᠢᠯ ᠠᠴᠠ ᠬᠡᠲᠦᠷᠡᠵᠦ ᠪᠣᠯᠬᠤ ᠦᠭᠡᠢ᠃ ᠠᠳᠠᠯ ᠦᠢᠯᠡᠰ | ᠴᠤᠭᠴᠠᠯᠠᠬᠤ ᠳᠠᠭᠠᠭᠠᠯᠲᠠᠲᠤ ᠵᠢᠭᠡᠯᠡᠯᠭᠡ ᠶᠢ ᠭᠠᠭᠴᠠ ᠡᠷᠦᠭᠡ ᠪᠠᠷ ᠢᠲᠡᠬᠡᠮᠵᠢᠯᠡᠵᠦ᠂ ᠵᠢᠭᠡᠯᠡᠯᠭᠡ ᠠᠪᠤᠭᠴᠢᠳ ᠲᠤ | ᠬᠤᠯᠪᠤᠭᠳᠠᠬᠤ ᠠᠵᠢᠯ ᠲᠦᠷᠤᠯ ᠤᠨ ᠵᠢᠭᠡᠯᠡᠯᠭᠡ ᠲᠥᠯᠦᠭᠦ ᠴᠢᠳᠠᠪᠤᠷᠢ ᠪᠣᠯᠣᠨ ᠪᠡᠶ᠎ᠡ ᠪᠠᠨ ᠳᠠᠭᠠᠭᠠᠵᠤ ᠰᠢᠨ᠎ᠡ ᠶᠢ | ᠡᠭᠦᠳᠬᠦ ᠴᠢᠳᠠᠪᠤᠷᠢ ᠶᠢ ᠦᠨᠳᠦᠰᠦᠯᠡᠨ ᠳᠠᠭᠠᠭᠠᠨ ᠠᠪᠤᠭᠰᠠᠨ ᠪᠠᠩᠬᠢ ᠠᠴᠠ ᠢᠲᠡᠬᠡᠮᠵᠢᠲᠦ ᠲᠤᠭ᠎ᠠ ᠬᠡᠮᠵᠢᠶ᠎ᠡ ᠶᠢ | ᠲᠣᠭᠲᠠᠭᠠᠵᠤ᠂ ᠵᠢᠭᠡᠯᠡᠯᠭᠡ ᠶᠢᠨ ᠲᠤᠭ᠎ᠠ ᠶᠢ ᠬᠠᠮᠤᠭ ᠥᠨᠳᠥᠷ ᠳᠡᠭᠡᠨ 50 ᠲᠦᠮᠡᠨ ᠲᠥᠭᠦᠷᠢᠭ ᠠᠴᠠ ᠳᠠᠪᠠᠭᠤᠯᠬᠤ | ᠦᠭᠡᠢ᠃ | ᠣᠳᠣᠬᠠᠨ ᠳᠤ᠂ ᠪᠦᠬᠦ ᠣᠷᠣᠨ ᠤ ᠡᠪ ᠬᠠᠮᠲᠤ ᠵᠠᠯᠠᠭᠤᠴᠤᠳ ᠤᠨ ᠡᠪᠯᠡᠯ ᠠᠴᠠ ᠠᠳᠠᠯ ᠦᠢᠯᠡᠰ | ᠴᠣᠭᠴᠠᠯᠠᠬᠤ ᠪᠣᠯᠪᠠᠰᠤᠷᠠᠯ ᠢᠶᠠᠷ ᠠᠳᠠᠯ ᠦᠢᠯᠡᠰ ᠴᠣᠭᠴᠠᠯᠠᠭᠴᠢᠳ ᠢ ᠳᠠᠲᠠᠵᠤ ᠢᠯᠡᠷᠡᠭᠦᠯᠬᠦ᠂ ᠠᠳᠠᠯ ᠦᠢᠯᠡᠰ | ᠴᠣᠭᠴᠠᠯᠠᠭᠴᠢᠳ ᠤᠨ ᠤᠷᠤᠯᠳᠤᠭᠠᠨ ᠢᠶᠠᠷ ᠵᠠᠯᠠᠭᠤᠴᠤᠳ ᠤᠨ ᠠᠳᠠᠯ ᠦᠢᠯᠡᠰ ᠴᠣᠭᠴᠠᠯᠠᠬᠤ ᠴᠤᠭ ᠵᠢᠪᠬᠤᠭ᠎ᠠ ᠶᠢ | ᠢᠯᠡᠷᠡᠭᠦᠯᠬᠦ᠂ ᠠᠳᠠᠯ ᠦᠢᠯᠡᠰ ᠴᠣᠭᠴᠠᠯᠠᠬᠤ ᠳᠤ ᠪᠡᠯᠡ ᠣᠷᠤᠭᠤᠯᠵᠤ ᠪᠡᠯᠡ ᠲᠣᠬᠢᠷᠠᠭᠤᠯᠬᠤ ᠪᠠᠷ ᠠᠳᠠᠯ ᠦᠢᠯᠡᠰ | ᠴᠣᠭᠴᠠᠯᠠᠬᠤ ᠲᠦᠷᠦᠯ ᠵᠦᠢᠯ ᠢ ᠲᠡᠳᠬᠦᠬᠦ᠂ ᠠᠳᠠᠯ ᠦᠢᠯᠡᠰ ᠴᠣᠭᠴᠠᠯᠠᠬᠤ ᠨᠡᠪᠴᠢᠭᠦᠯᠦᠭᠦᠷ ᠲᠤ ᠠᠳᠠᠯ ᠦᠢᠯᠡᠰ | ᠴᠣᠭᠴᠠᠯᠠᠬᠤ ᠪᠦᠯᠬᠦᠮ ᠢ ᠲᠥᠪᠯᠡᠷᠡᠭᠦᠯᠬᠦ ᠲᠥᠷᠪᠡ ᠶᠢ ᠨᠢᠭᠡ ᠴᠤᠭᠴᠠᠵᠢᠭᠤᠯᠤᠭᠰᠠᠨ ᠵᠠᠯᠠᠭᠤᠴᠤᠳ ᠤᠨ ᠠᠳᠠᠯ | ᠦᠢᠯᠡᠰ ᠴᠣᠭᠴᠠᠯᠠᠬᠤ ᠦᠢᠯᠡᠴᠢᠯᠡᠭᠡᠨ ᠤ ᠠᠵᠢᠯ ᠤᠨ ᠬᠡᠯᠬᠢᠶ᠎ᠡ ᠶᠢ ᠪᠣᠢ ᠪᠣᠯᠭᠠᠵᠤ᠂ ᠠᠯᠢ ᠤᠯᠠᠨ ᠠᠷᠭ᠎ᠠ | ᠬᠡᠮᠵᠢᠶ᠎ᠡ ᠪᠠᠷ ᠵᠠᠯᠠᠭᠤᠴᠤᠳ ᠤᠨ ᠠᠳᠠᠯ ᠦᠢᠯᠡᠰ ᠴᠣᠭᠴᠠᠯᠠᠬᠤ ᠳᠤ ᠦᠢᠯᠡᠴᠢᠯᠡᠬᠦ ᠠᠴᠢᠶᠠᠯᠠᠭᠴᠢ ᠶᠢᠨ ᠠᠷᠭ᠎ᠠ ᠵᠠᠮ ᠢ | ᠪᠠᠶᠠᠯᠢᠭᠵᠢᠭᠤᠯᠪᠠ᠃ ᠣᠳᠣᠬᠠᠨ ᠳᠤ᠂ ᠥᠪᠡᠷᠲᠡᠭᠡᠨ ᠵᠠᠰᠠᠬᠤ ᠣᠷᠣᠨ ᠪᠥᠬᠦ ᠣᠷᠣᠨ ᠤ ᠭᠤᠷᠪᠠᠨ ᠱᠠᠲᠤᠨ ᠤ | ᠵᠠᠯᠠᠭᠤᠴᠤᠳ ᠤᠨ ᠠᠳᠠᠯ ᠦᠢᠯᠡᠰ ᠴᠤᠭᠴᠠᠯᠠᠬᠤ ᠨᠡᠪᠴᠢᠭᠦᠯᠦᠭᠦᠷ ᠤᠨ ᠲᠣᠭᠲᠠᠴᠠ ᠶᠢ ᠬᠤᠯᠪᠤᠭᠠᠯᠠᠨ ᠪᠠᠶᠢᠭᠤᠯᠵᠤ᠂ | ᠨᠢᠭᠡᠨᠲᠡ ᠪᠠᠶᠢᠭᠤᠯᠤᠭᠰᠠᠨ ᠵᠠᠯᠠᠭᠤᠴᠤᠳ ᠤᠨ ᠠᠳᠠᠯ ᠦᠢᠯᠡᠰ ᠴᠤᠭᠴᠠᠯᠠᠬᠤ ᠨᠡᠪᠴᠢᠭᠦᠯᠦᠭᠦᠷ 8 ᠡᠷᠦᠬᠡ ᠪᠣᠯᠵᠤ᠂ | 42 ᠡᠷᠦᠬᠡ ᠶᠢ ᠶᠠᠭ ᠪᠠᠶᠢᠭᠤᠯᠵᠤ ᠪᠠᠶᠢᠨ᠎ᠠ︔ ᠥᠪᠥᠷ ᠮᠣᠩᠭᠤᠯ ᠤᠨ ᠲᠠᠷᠢᠶᠠᠯᠠᠩ ᠤᠨ ᠪᠠᠩᠬᠢ ᠲᠠᠢ ᠬᠠᠮᠲᠤᠷᠠᠨ | ᠤᠶᠤᠲᠠᠳ ᠤᠨ ᠨᠤᠲᠤᠭ ᠲᠠᠭᠠᠨ ᠪᠤᠴᠠᠵᠤ ᠠᠳᠠᠯ ᠦᠢᠯᠡᠰ ᠴᠣᠭᠴᠠᠯᠠᠬᠤ ᠠᠵᠢᠯᠯᠠᠭ᠎ᠠ ᠶᠢ ᠶᠠᠪᠤᠭᠳᠠᠭᠤᠯᠵᠤ᠂ | ᠤᠶᠤᠲᠠᠳ ᠲᠤ 3000 ᠲᠦᠮᠡᠨ ᠲᠥᠭᠦᠷᠢᠭ ᠤᠨ ᠠᠳᠠᠯ ᠦᠢᠯᠡᠰ ᠴᠣᠭᠴᠠᠯᠠᠬᠤ ᠵᠢᠭᠡᠯᠡᠯᠭᠡ ᠬᠠᠩᠭᠠᠵᠤ ᠳᠡᠮᠵᠢᠪᠡ︔ | ᠥᠪᠥᠷ ᠮᠣᠩᠭᠤᠯ ᠤᠨ ᠰᠲ᠋ᠣᠺ ᠤᠨ ᠡᠷᠬᠡ ᠶᠢᠨ ᠠᠷᠠᠯᠵᠢᠶᠠᠨ ᠤ ᠲᠥᠪ ᠲᠠᠢ ᠬᠠᠮᠲᠤᠷᠠᠨ ᠵᠠᠯᠠᠭᠤ ᠤᠶᠤᠲᠠᠳ ᠤᠨ | ᠠᠳᠠᠯ ᠦᠢᠯᠡᠰ ᠴᠣᠭᠴᠠᠯᠠᠬᠤ ᠵᠠᠬ᠎ᠠ ᠳᠡᠯᠭᠡᠭᠦᠷ ᠢ ᠪᠠᠶᠢᠭᠤᠯᠵᠤ᠂ ᠵᠠᠯᠠᠭᠤᠴᠤᠳ ᠤᠨ ᠠᠳᠠᠯ ᠦᠢᠯᠡᠰ ᠴᠣᠭᠴᠠᠯᠠᠬᠤ | ᠲᠥᠷᠥᠯ ᠵᠦᠢᠯ ᠳᠤ ᠪᠡᠯᠡ ᠲᠣᠬᠢᠷᠠᠭᠤᠯᠤᠨ ᠵᠣᠯᠭᠠᠭᠤᠯᠬᠤ ᠵᠡᠷᠭᠡ ᠨᠢᠭᠡ ᠥᠷᠲᠡᠭᠡᠯᠢᠭ ᠦᠢᠯᠡᠴᠢᠯᠡᠭᠡ ᠬᠠᠨᠭ᠍ᠭᠠᠪᠠ᠃ | | |