11 ᠳ᠋ᠦ᠋ᠭᠡᠷ ᠰᠠᠷ᠎ᠠ ᠶᠢᠨ 21 ᠤ ᠰᠥᠨᠢ᠂ ᠥᠪᠥᠷ ᠮᠣᠩᠭᠤᠯ ᠳᠤ ᠶᠡᠭᠡ ᠬᠡᠪᠴᠢᠶ᠎ᠡ ᠪᠠᠷ ᠴᠠᠰᠤ ᠣᠷᠣᠪᠠ᠃ | 24 ᠤ ᠡᠳᠦᠷ ᠤᠨ 8 ᠴᠠᠭ ᠪᠣᠯᠲᠠᠯ᠎ᠠ᠂ ᠥᠪᠥᠷ ᠮᠣᠩᠭᠤᠯ ᠤᠨ ᠨᠡᠶᠢᠲᠡ 12 ᠴᠠᠭ ᠠᠭᠤᠷ ᠤᠨ ᠦᠷᠳᠡᠭᠡ | ᠴᠢᠬ ᠲᠤ10.0 ᠮᠢᠯᠢᠮᠧᠲᠷ ᠠᠴᠠ ᠳᠡᠭᠡᠭᠰᠢ ᠴᠠᠰᠤ ᠣᠷᠣᠵᠤ᠂ ᠬᠥᠬᠡᠬᠤᠲᠠ ᠶᠢᠨ ᠲᠣᠭᠲᠠᠬᠤ ᠰᠢᠶᠠᠨ᠂ ᠬᠤᠷᠢᠨᠭᠡᠷ | ᠰᠢᠶᠠᠨ᠂ ᠬᠤᠲᠠ ᠶᠢᠨ ᠲᠣᠭᠤᠷᠢᠭ᠂ ᠤᠯᠠᠭᠠᠨᠴᠠᠪ ᠬᠤᠲᠠ ᠶᠢᠨ ᠵᠦᠸᠧᠽᠢ ᠰᠢᠶᠠᠨ᠂ ᠴᠠᠬᠠᠷ ᠪᠠᠷᠠᠭᠤᠨ ᠭᠠᠷᠤᠨ | ᠡᠮᠦᠨᠡᠲᠦ ᠬᠤᠰᠢᠭᠤ᠂ ᠵᠢᠨᠢᠩ ᠲᠣᠭᠤᠷᠢᠭ ᠲᠤ ᠶᠡᠭᠡ ᠴᠠᠰᠤ ᠣᠷᠣᠵᠤ᠂ ᠪᠦᠬᠦ ᠣᠷᠣᠨ ᠤ ᠴᠠᠰᠤ ᠲᠠᠢ ᠭᠠᠵᠠᠷ | ᠣᠷᠣᠨ ᠤ ᠪᠦᠬᠦ ᠲᠠᠯᠠᠪᠠᠶ ᠨᠢ ᠪᠠᠷᠤᠭ 57 ᠲᠦᠮᠡ ᠬᠠᠪᠲᠠᠭᠠᠶ ᠳᠥᠷᠪᠡᠯᠵᠢᠨ ᠺᠢᠯᠣᠮᠧᠲᠷ ᠬᠦᠷᠪᠡ᠃ 11 ᠳ᠋ᠦ᠋ᠭᠡᠷ | ᠰᠠᠷ᠎ᠠ ᠶᠢᠨ 21 ᠤ ᠡᠳᠦᠷ ᠤᠨ 08 ᠴᠠᠭ ᠠᠴᠠ 11 ᠳ᠋ᠦ᠋ᠭᠡᠷ ᠰᠠᠷ᠎ᠠ ᠶᠢᠨ 24 ᠤ ᠡᠳᠦᠷ ᠤᠨ 08 ᠴᠠᠭ ᠪᠣᠯᠲᠠᠯ᠎ᠠ᠂ | ᠥᠪᠥᠷ ᠮᠣᠩᠭᠤᠯ ᠤᠨ ᠨᠡᠶᠢᠲᠡ 82 ᠴᠠᠭ ᠠᠭᠤᠷ ᠤᠨ ᠥᠷᠲᠡᠭᠡ ᠴᠢᠭ᠋ ᠲᠤ ᠴᠠᠰᠤ ᠣᠷᠣᠵᠤ᠂ 12 ᠦᠷᠳᠡᠭᠡ | ᠴᠢᠬ ᠲᠤ10.0 ᠮᠢᠯᠢᠮᠧᠲᠷ ᠠᠴᠠ ᠳᠡᠭᠡᠭᠰᠢ ᠴᠠᠰᠤ ᠣᠷᠣᠵᠤ᠂ ᠡᠭᠦᠨ ᠳᠤ ᠬᠥᠬᠡᠬᠤᠲᠠ ᠶᠢᠨ ᠲᠣᠭᠲᠠᠬᠤ ᠰᠢᠶᠠᠨ ᠳᠤ | 12.7 ᠮᠢᠯᠢᠮᠧᠲᠷ ᠴᠠᠰᠤ ᠣᠷᠣᠵᠤ᠂ ᠡᠨᠡ ᠤᠳᠠᠭ᠎ᠠ ᠶᠢᠨ ᠴᠠᠰᠤ ᠬᠠᠮᠤᠭ ᠭᠦᠨ ᠣᠷᠣᠵᠠᠢ᠃ ᠤᠯᠠᠭᠠᠨᠴᠠᠪ | ᠬᠤᠲᠠ ᠶᠢᠨ ᠵᠦᠸᠧᠽᠢ ᠰᠢᠶᠠᠨ ᠳᠤ11.9 ᠮᠢᠯᠢᠮᠧᠲᠷ᠂ ᠤᠷᠳᠤᠰ ᠬᠤᠳᠠ ᠶᠢᠨ ᠵᠡᠭᠦᠨᠭᠠᠷ ᠬᠤᠰᠢᠭᠤᠨ ᠳᠤ 11.9 | ᠮᠢᠯᠢᠮᠧᠲᠷ᠂ ᠬᠥᠬᠡᠬᠤᠲᠠ ᠳᠤ 11.4 ᠮᠢᠯᠢᠮᠧᠲᠷ ᠴᠠᠰᠤ ᠣᠷᠣᠪᠠ᠃ 19 ᠥᠷᠲᠡᠭᠡ ᠴᠢᠭ᠋ ᠲᠤ 5.0 ~ 9.9 | ᠮᠢᠯᠢᠮᠧᠲᠷ ᠴᠠᠰᠤ ᠣᠷᠣᠵᠤ᠂ ᠡᠭᠦᠨ ᠳᠤ ᠬᠥᠬᠡᠬᠤᠲᠠ ᠶᠢᠨ ᠲᠦᠮᠡᠳ ᠵᠡᠭᠦᠨ ᠬᠤᠰᠢᠭᠤᠨ ᠳᠤ 8.6 ᠮᠢᠯᠢᠮᠧᠲᠷ᠂ | ᠤᠯᠠᠭᠠᠨᠴᠠᠪ ᠬᠤᠲᠠ ᠶᠢᠨ ᠯᠢᠶᠠᠩᠴᠧᠩ ᠳᠤ 8.4 ᠮᠢᠯᠢᠮᠧᠲᠷ ᠴᠠᠰᠤ ᠣᠷᠣᠪᠠ᠃ ᠪᠤᠰᠤᠳ 51 ᠦᠷᠳᠡᠭᠡ | ᠴᠢᠬ ᠲᠤ 0.1 ~ 4.9 ᠮᠢᠯᠢᠮᠧᠲᠷ ᠴᠠᠰᠤ ᠣᠷᠣᠪᠠ᠃ ᠤᠯᠠᠭᠠᠨᠴᠠᠪ ᠬᠤᠲᠠ ᠶᠢᠨ ᠶᠡᠬᠡᠩᠬᠢ ᠭᠠᠵᠠᠷ ᠣᠷᠣᠨ | ᠪᠣᠯᠤᠨ ᠬᠥᠬᠡᠬᠤᠲᠠ ᠶᠢᠨ ᠶᠡᠬᠡᠩᠬᠢ ᠭᠠᠵᠠᠷ ᠣᠷᠣᠨ᠂ ᠭᠠᠭᠴᠠ ᠡᠳᠦᠷ ᠤᠨ ᠴᠠᠰᠤᠨ ᠤ ᠬᠡᠮᠵᠢᠶ᠎ᠡ ᠨᠢ ᠶᠡᠭᠡ | ᠴᠠᠰᠤᠨ ᠤ ᠬᠡᠮᠵᠢᠶᠡᠨ ᠤ ᠲᠡᠰ ᠲᠤ ᠬᠦᠷᠴᠦ᠂ ᠬᠥᠬᠡᠬᠤᠲᠠ ᠶᠢᠨ ᠲᠣᠭᠲᠠᠬᠤ ᠰᠢᠶᠠᠨ᠂ ᠬᠤᠷᠢᠨᠭᠡᠷ ᠰᠢᠶᠠᠨ᠂ | ᠬᠤᠲᠠ ᠶᠢᠨ ᠲᠣᠭᠤᠷᠢᠭ᠂ ᠤᠯᠠᠭᠠᠨᠴᠠᠪ ᠬᠤᠲᠠ ᠶᠢᠨ ᠵᠦᠸᠧᠽᠢ ᠰᠢᠶᠠᠨ᠂ ᠴᠠᠬᠠᠷ ᠪᠠᠷᠠᠭᠤᠨ ᠭᠠᠷᠤᠨ ᠡᠮᠦᠨᠡᠲᠦ | ᠬᠤᠰᠢᠭᠤ᠂ ᠵᠢᠨᠢᠩ ᠲᠣᠭᠤᠷᠢᠭ ᠲᠤ ᠶᠡᠭᠡ ᠴᠠᠰᠤ ᠣᠷᠣᠪᠠ᠃ | ᠬᠥᠬᠡᠬᠤᠲᠠ ᠶᠢᠨ ᠬᠤᠲᠠ ᠶᠢᠨ ᠲᠣᠭᠤᠷᠢᠭ ᠲᠤ ᠭᠤᠣᠯ ᠨᠢ 21 ᠤ ᠡᠳᠦᠷ ᠳᠤ ᠴᠠᠰᠤ ᠣᠷᠣᠵᠤ᠂ ᠬᠤᠰᠢᠭᠤ | ᠰᠢᠶᠠᠨ ᠳᠤ ᠭᠤᠣᠯ ᠨᠢ 21 ᠤ ᠡᠳᠦᠷ ᠠᠴᠠ 22 ᠤ ᠡᠳᠦᠷ ᠲᠤ ᠴᠠᠰᠤᠣ᠋ᠳᠣ ᠣᠷᠣᠪᠠ᠃ 21 ᠤ ᠡᠳᠦᠷ ᠠᠴᠠ | 24 ᠤ ᠡᠳᠦᠷ ᠪᠣᠯᠲᠠᠯ᠎ᠠ᠂ ᠪᠦᠭᠦ ᠬᠤᠲᠠ ᠳᠤ ᠳᠤᠮᠳᠠᠴᠢ ᠪᠠᠷ 10.4 ᠮᠢᠯᠢᠮᠧᠲᠷ ᠴᠠᠰᠤ ᠣᠷᠣᠵᠤ᠂ ᠬᠤᠲᠠ ᠶᠢᠨ | ᠲᠣᠭᠤᠷᠢᠭ ᠲᠤ ᠳᠤᠮᠳᠠᠴᠢ ᠪᠠᠷ 9.4 ᠮᠢᠯᠢᠮᠧᠲᠷ ᠴᠠᠰᠤ ᠣᠷᠣᠪᠠ᠃ 24 ᠤ ᠡᠳᠦᠷc ᠪᠣᠯᠬᠤ ᠳᠤ᠂ ᠬᠤᠲᠠ ᠶᠢᠨ | ᠲᠣᠭᠤᠷᠢᠭ ᠲᠤ 4 ~ 8 ᠰᠡᠨᠲ᠋ᠢᠮᠧᠲᠷ ᠴᠠᠰᠤ ᠣᠷᠣᠵᠤ᠂ ᠬᠤᠰᠢᠭᠤ ᠰᠢᠶᠠᠨ ᠳᠤ 1 ~ 8 ᠰᠡᠨᠲ᠋ᠢᠮᠧᠲᠷ ᠴᠠᠰᠤ | ᠣᠷᠣᠪᠠ᠃ | ᠥᠪᠥᠷ ᠮᠣᠩᠭᠤᠯ ᠤᠨ ᠴᠠᠭ ᠠᠭᠤᠷ ᠤᠨ ᠲᠣᠪᠴᠢᠶ᠎ᠠ ᠶᠢᠨ 23 ᠤ ᠡᠳᠦᠷ ᠤᠨ ᠬᠢᠨᠠᠨ ᠬᠡᠮᠵᠢᠯᠲᠡ ᠶᠢ | ᠦᠨᠳᠦᠰᠦᠯᠡᠪᠡᠯ᠂ ᠪᠦᠬᠦ ᠣᠷᠣᠨ ᠳᠤ ᠤᠷᠳᠤᠰ ᠬᠤᠳᠠ᠂ ᠦᠬᠠᠶ ᠬᠤᠳᠠ ᠪᠣᠯᠤᠨ ᠠᠯᠠᠱᠠ ᠠᠶᠢᠮᠠᠭ ᠲᠤ ᠴᠠᠰᠤ | ᠬᠤᠷᠠᠭᠰᠠᠨ ᠦᠭᠡᠢ ᠠᠴᠠ ᠭᠠᠳᠠᠨ᠎ᠠ᠂ ᠪᠤᠰᠤᠳ ᠭᠠᠵᠠᠷ ᠣᠷᠣᠨ ᠳᠤ ᠴᠥᠮ ᠴᠠᠰᠤ ᠬᠤᠷᠠᠵᠤ᠂ ᠶᠡᠷᠦᠩᠬᠡᠢ | ᠲᠠᠯᠠᠪᠠᠶ ᠨᠢ ᠪᠠᠷᠤᠭ 57 ᠲᠦᠮᠡ ᠬᠠᠪᠲᠠᠭᠠᠶ ᠳᠥᠷᠪᠡᠯᠵᠢᠨ ᠺᠢᠯᠣᠮᠧᠲᠷ ᠲᠤ ᠬᠦᠷᠪᠡ᠃ ᠰᠢᠯᠢ ᠶᠢᠨ ᠭᠤᠣᠯ | ᠠᠶᠢᠮᠠᠭ ᠢᠶᠠᠷ ᠨᠡᠶᠢᠳᠡᠮ ᠳᠡᠭᠡᠨ 5 ~ 8 ᠰᠡᠨᠲ᠋ᠢᠮᠧᠲᠷ ᠴᠠᠰᠤ ᠬᠤᠷᠠᠵᠤ᠂ ᠤᠯᠠᠭᠠᠨᠬᠠᠳᠠ ᠬᠤᠲᠠ ᠶᠢᠨ ᠬᠡᠰᠢᠭᠲᠡᠨ | ᠬᠤᠰᠢᠭᠤ ᠳᠤ 17 ᠰᠠᠨᠲ᠋ᠢᠮᠧᠲᠷ ᠴᠠᠰᠤ ᠬᠤᠷᠠᠵᠤ᠂ ᠪᠦᠬᠦ ᠣᠷᠣᠨ ᠤ ᠬᠠᠮᠤᠭ ᠤᠨ ᠭᠦᠨ ᠴᠠᠰᠤ ᠬᠤᠷᠠᠭᠰᠠᠨ ᠭᠠᠵᠠᠷ | ᠣᠷᠣᠨ ᠪᠣᠯᠪᠠ᠃ 11 ᠳ᠋ᠦ᠋ᠭᠡᠷ ᠰᠠᠷ᠎ᠠ ᠶᠢᠨ 24 ᠤ ᠡᠳᠦᠷ ᠠᠴᠠ 26 ᠤ ᠡᠳᠦᠷ ᠪᠣᠯᠲᠠᠯ᠎ᠠ᠂ ᠳᠤᠮᠳᠠ ᠪᠠᠷᠠᠭᠤᠨ | ᠬᠡᠰᠡᠭ ᠤᠨ ᠶᠡᠬᠡᠩᠬᠢ ᠭᠠᠵᠠᠷ ᠣᠷᠣᠨ ᠳᠤ ᠮᠥᠨᠬᠦ ᠪᠠᠭ᠎ᠠ ᠴᠠᠰᠤ ᠲᠠᠢ ᠪᠠᠶᠢᠵᠤ᠂ ᠳᠤᠮᠳᠠ ᠵᠡᠭᠦᠨ ᠬᠡᠰᠡᠭ ᠤᠨ ᠭᠠᠵᠠᠷ | ᠣᠷᠣᠨ ᠳᠤ ᠤᠤᠯ ᠠᠴᠠ ᠪᠠᠨ 4 ~ 6 ℃ ᠣᠷᠴᠢᠮ ᠬᠦᠢᠲᠡᠷᠡᠨ᠎ᠡ᠃ ᠡᠨᠡ ᠬᠤᠭᠤᠴᠠᠭᠠᠨ ᠳᠤ᠂ ᠤᠯᠠᠭᠠᠨᠬᠠᠳᠠ | ᠬᠤᠲᠠ ᠶᠢᠨ ᠪᠠᠷᠠᠭᠤᠨ ᠬᠡᠰᠡᠭ᠂ ᠰᠢᠯᠢ ᠶᠢᠨ ᠭᠤᠣᠯ ᠠᠶᠢᠮᠠᠭ ᠤᠨ ᠶᠡᠬᠡᠩᠬᠢ ᠬᠡᠰᠡᠭ᠂ ᠤᠯᠠᠭᠠᠨᠴᠠᠪ ᠬᠤᠳᠠ᠂ | ᠬᠥᠬᠡᠬᠤᠲᠠ᠂ ᠪᠤᠭᠤᠲᠤ ᠬᠤᠳᠠ᠂ ᠤᠷᠳᠤᠰ ᠬᠤᠳᠠ᠂ ᠪᠠᠶᠠᠨᠨᠠᠭᠤᠷ ᠬᠤᠳᠠ ᠶᠢᠨ ᠶᠡᠬᠡᠩᠬᠢ ᠬᠡᠰᠡᠭ ᠲᠤ ᠪᠠᠭ᠎ᠠ | ᠴᠠᠰᠤ ᠲᠠᠢ᠃ | | | | | | | | | | | ᠡᠨᠡ ᠤᠳᠠᠭᠠᠨ ᠤ ᠴᠠᠰᠤ ᠳᠤ ᠴᠢᠭᠯᠡᠭᠦᠯᠦᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠠᠭ | ᠠᠭᠤᠷ ᠤᠨ ᠲᠣᠪᠴᠢᠶ᠎ᠠ 11 ᠳ᠋ᠦ᠋ᠭᠡᠷ ᠰᠠᠷ᠎ᠠ ᠶᠢᠨ 22 ᠤᠨ ᠡᠳᠦᠷ ᠤᠨ 08 ᠴᠠᠭ 20 ᠮᠢᠨᠦ᠋ᠲ ᠲᠤ ᠴᠢᠬᠤᠯᠠ | ᠶᠡᠭᠡ ᠴᠠᠭ ᠠᠭᠤᠷ ᠤᠨ ᠭᠠᠮᠰᠢᠭ ︵ᠴᠠᠰᠤᠨ ᠰᠢᠭᠤᠷᠭ᠎ᠠ︶ ᠤᠨ IV ᠳᠡᠰ ᠤᠨ ᠪᠠᠴᠢᠮ ᠪᠠᠶᠢᠳᠠᠯ ᠢ ᠠᠷᠭᠠᠴᠠᠬᠤ | ᠲᠥᠰᠦᠯ ᠤᠨ ᠵᠠᠷᠯᠢᠭ ᠡᠬᠢᠯᠡᠭᠦᠯᠵᠦ᠂ ᠰᠢᠯᠢ ᠶᠢᠨ ᠭᠤᠣᠯ ᠠᠶᠢᠮᠠᠭ᠂ ᠤᠯᠠᠭᠠᠨᠴᠠᠪ ᠬᠤᠳᠠ᠂ ᠪᠤᠭᠤᠲᠤ ᠬᠤᠳᠠ ᠵᠡᠷᠭᠡ | ᠴᠠᠭ ᠠᠭᠤᠷ ᠤᠨ ᠲᠣᠪᠴᠢᠶ᠎ᠠ ᠪᠠᠰᠠ ᠪᠣᠳᠠᠲᠤ ᠪᠠᠶᠢᠳᠠᠯ ᠢ ᠦᠨᠳᠦᠰᠦᠯᠡᠨ ᠵᠣᠬᠢᠴᠠᠩᠭᠤᠶ ᠲᠡᠰ ᠤᠨ ᠪᠠᠴᠢᠮ ᠪᠠᠶᠢᠳᠠᠯ ᠢ | ᠠᠷᠭᠠᠴᠠᠬᠤ ᠲᠥᠰᠥᠯ ᠢ ᠡᠬᠢᠯᠡᠭᠦᠯᠪᠡ᠃ ᠥᠪᠥᠷ ᠮᠣᠩᠭᠤᠯ ᠤᠨ ᠴᠠᠭ ᠠᠭᠤᠷ ᠤᠨ ᠲᠣᠪᠴᠢᠶᠠᠨ ᠠᠴᠠ ᠣᠶᠢᠯᠭᠠᠭᠰᠠᠨ | ᠨᠢ᠂ ᠢᠷᠡᠬᠦ 3 ᠡᠳᠦᠷ ᠲᠤ ᠥᠪᠥᠷ ᠮᠣᠩᠭᠤᠯ ᠤᠨ ᠬᠤᠷ᠎ᠠ ᠲᠤᠨᠳᠠᠰᠤ ᠶᠡᠷᠦᠩᠬᠡᠶ ᠳᠡᠭᠡᠨ ᠨᠡᠯᠢᠶᠡᠳ ᠪᠠᠭᠤᠷᠠᠶ ᠪᠣᠯᠵᠤ᠂ | ᠠᠭᠤᠷ ᠠᠮᠢᠰᠬᠤᠯ ᠪᠠᠭ᠎ᠠ ᠬᠦᠢᠲᠡᠷᠡᠨ᠎ᠡ᠂ ᠭᠡᠪᠡᠴᠦ ᠳᠤᠮᠳᠠ ᠬᠡᠰᠡᠭ ᠲᠤ ᠨᠡᠯᠢᠶᠡᠳ ᠵᠤᠵᠠᠭᠠᠨ ᠴᠠᠰᠤ ᠬᠤᠷᠠᠭᠰᠠᠨ | ᠪᠠ ᠡᠭᠦᠨ ᠤ ᠳᠡᠭᠡᠷ᠎ᠡ ᠡᠳᠦᠷ ᠲᠡᠭᠡᠨ ᠴᠠᠰᠤ ᠬᠠᠶᠢᠯᠠᠵᠤ ᠡᠷᠲᠡ ᠣᠷᠣᠶ ᠳᠠᠭᠠᠨ ᠵᠠᠮ ᠳᠡᠭᠡᠷ᠎ᠡ ᠮᠥᠰᠥ ᠬᠥᠯᠳᠡᠬᠦ | ᠪᠣᠯᠬᠤᠷ ᠡᠨᠡᠬᠦ ᠠᠰᠢᠭ ᠦᠭᠡᠢ ᠨᠥᠯᠥᠭᠡ ᠶᠢ ᠠᠩᠬᠠᠷᠴᠤ ᠴᠢᠬᠤᠯᠠᠲᠠᠶ᠃ ᠨᠡᠯᠢᠶᠡᠳ ᠬᠦᠢᠲᠡᠷᠡᠵᠦ ᠪᠠᠶᠢᠭ᠎ᠠ ᠮᠠᠯᠵᠢᠬᠤ | ᠣᠷᠣᠨ ᠳᠤ ᠰᠠᠨᠠᠭᠤᠯᠬᠤ ᠨᠢ᠂ ᠮᠠᠯ ᠤᠨ ᠬᠠᠰᠢᠶ᠎ᠠ ᠰᠠᠷᠠᠪᠴᠢ ᠪᠠᠨ ᠳᠤᠯᠠᠭᠠᠯᠠᠬᠤ ᠠᠵᠢᠯ ᠢ ᠰᠠᠶᠢᠲᠤᠷ ᠬᠢᠭᠡᠷᠡᠢ᠃ | | |