︵ᠬᠤᠷᠢ︶ ᠦᠪᠤᠷ ᠮᠤᠩᠭᠤᠯ ᠤᠷᠤᠨ ᠢᠶᠠᠷ ᠨᠠᠷᠠᠨ ᠬᠤᠸᠠᠷ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/11/25

       1. ᠨᠠᠷᠠᠨ ᠬᠤᠸᠠᠷ ᠨᠢ ᠶᠠᠮᠠᠷ ᠤᠷᠴᠢᠨ ᠳᠤ ᠤᠷᠭᠤᠳᠠᠭ ᠪᠤᠢ︖

       ᠨᠠᠷᠠᠨ ᠬᠤᠸᠠᠷ ᠢ ᠭᠤᠤᠷᠰᠤ ᠰᠤᠯᠢᠬᠤ ᠦᠭᠡᠢ ᠪᠠᠷ ᠦᠷᠭᠦᠯᠵᠢᠯᠡᠨ ᠲᠠᠷᠢᠬᠤ ᠳᠤ ᠲᠤᠭᠢᠷᠠᠬᠤ ᠦᠭᠡᠢ᠃ ᠮᠦᠨ ᠴᠦ ᠬᠤᠳᠤᠭᠤᠷ ᠭᠠᠵᠠᠷ ᠪᠤᠶᠤ ᠠᠮᠠᠷᠬᠠᠨ ᠤᠰᠤᠳᠤᠳᠠᠭ ᠭᠠᠵᠠᠷ ᠲᠠᠷᠢᠬᠤ ᠳᠤ ᠲᠤᠭᠢᠷᠠᠬᠤ ᠦᠭᠡᠢ᠃ ᠨᠠᠷᠠᠨ ᠬᠤᠸᠠᠷ ᠢ ᠲᠠᠷᠢᠬᠤ ᠳᠤ ᠪᠤᠰᠤᠳ ᠲᠠᠷᠢᠮᠠᠯ ᠰᠢᠬ ᠲᠠᠶᠢᠮᠤ ᠴᠢᠩᠭ᠎ᠠ ᠱᠠᠭᠠᠷᠳᠠᠯᠭ᠎ᠠ ᠲᠠᠢ ᠪᠢᠰᠢ᠂ ᠰᠢᠭᠢᠷ ᠯᠤᠤᠪᠠᠩ ᠪᠤᠯᠤᠨ ᠦᠨᠳᠤᠰᠤ ᠨᠢ ᠭᠦᠨ ᠡᠪᠡᠰᠤᠨ ᠤ ᠵᠦᠢᠯ ᠢ ᠭᠠᠷᠭᠠᠪᠠᠯ ᠪᠤᠰᠤᠳ ᠵᠦᠢᠯ ᠤᠨ ᠲᠠᠷᠢᠮᠡᠯ ᠢ ᠴᠦᠮ ᠨᠠᠷᠠᠨ ᠬᠤᠸᠠᠷ ᠲᠠᠷᠢᠬᠤ ᠠᠴᠠ ᠡᠮᠦᠨ᠎ᠠ ᠲᠠᠷᠢᠵᠤ ᠪᠤᠯᠤᠨ᠎ᠠ᠃ ᠨᠡᠷᠡᠨ ᠬᠤᠸᠠᠷ ᠨᠢ ᠮᠠᠰᠢ ᠴᠢᠩᠭ᠎ᠠ ᠲᠤᠭᠢᠷᠠᠯᠴᠠᠬᠤ ᠴᠢᠨᠠᠷ ᠲᠠᠢ ᠪᠠᠶᠢᠳᠠᠭ ᠲᠤᠯᠠ ᠭᠦᠷᠦᠰᠤᠨ ᠲᠠᠪᠬᠤᠷᠭ᠎ᠠ ᠨᠢ ᠭᠦᠨ᠂ ᠢᠯᠵᠢᠮᠡᠭ ᠪᠤᠳᠠᠰ ᠤᠨ ᠠᠭᠤᠯᠤᠭᠳᠠᠴᠨ ᠪᠠᠷ ᠦᠨᠳᠤᠷ᠂ pH ᠭᠦᠴᠢᠯ ᠤᠨ ᠭᠡᠮᠵᠢᠶ᠎ᠠ ᠨᠢ 6~8 ᠪᠠᠶᠢᠬᠤ ᠡᠯᠡᠰᠦᠷᠭᠡᠭ ᠪᠤᠶᠤ ᠰᠦᠪᠡᠷᠭᠡᠭ ᠭᠦᠷᠦᠰᠤᠨ ᠳᠤ ᠲᠠᠷᠢᠬᠤ ᠳᠤ ᠮᠠᠰᠢ ᠲᠤᠭᠢᠷᠠᠮᠵᠢᠳᠡᠢ ᠪᠠᠶᠢᠳᠠᠭ᠃

       2. ᠵᠡᠭᠦᠨ ᠭᠡᠰᠡᠭ ᠤᠨ ᠭᠠᠵᠠᠷ ᠤᠷᠤᠨ ᠳᠤ ᠲᠠᠷᠢᠬᠤ ᠳᠤ ᠲᠤᠭᠢᠷᠠᠬᠤ ᠶᠠᠮᠠᠷ ᠭᠡᠳᠦᠨ ᠨᠠᠷᠠᠨ ᠬᠤᠸᠠᠷ ᠤᠨ ᠰᠤᠷᠲ ᠪᠠᠶᠢᠬᠤ ᠪᠤᠢ︖

       ᠡᠭᠦᠨ ᠳᠤ ᠱᠧᠨ ᠵᠸᠤ ︵神州︶ 1 ᠨᠤᠮᠧᠷᠳᠤ᠂ ᠵᠦᠩ ᠰᠢᠩ ︵中兴︶ 1 ᠨᠤᠮᠧᠷᠳᠤ᠂ ᠮᠸᠢ ᠺᠦᠢ ︵美葵︶ 5009 ᠵᠡᠷᠭᠡ ᠦᠨᠳᠤᠷ ᠤᠨᠠᠯᠳᠠ ᠲᠠᠢ᠂ ᠴᠢᠨᠠᠷ ᠰᠠᠶᠢᠳᠠᠢ᠂ ᠲᠠᠸᠠᠷᠵᠢᠯ ᠢᠶᠠᠷ ᠰᠠᠶᠢᠨ᠂ ᠨᠠᠪᠴᠢᠨ ᠤ ᠲᠤᠯᠪᠤᠳᠤ ᠭᠡᠮ ᠢ ᠡᠰᠡᠷᠭᠦᠴᠡᠭᠦ ᠴᠢᠳᠠᠯ ᠲᠠᠢ᠂ ᠮᠦᠭᠦ ᠶᠢᠨ ᠪᠦᠭᠡᠮ ᠭᠡᠮ ᠳᠤ ᠲᠠᠰᠪᠤᠷᠢᠳᠡᠢ᠂ ᠴᠤᠤᠬᠠᠯ ᠬᠤᠭᠤᠰᠤᠳᠠᠯ ᠢᠶᠠᠷ ᠲᠤᠤᠷ᠎ᠡ᠂ ᠰᠤᠶᠤᠭᠠᠯᠠᠬᠤ ᠨᠤᠷᠮ᠎ᠠ ᠨᠢ ᠦᠨᠳᠤᠷ᠂ ᠰᠤᠶᠤᠭ᠎ᠠ ᠨᠢ ᠢᠳᠡᠷᠡᠭᠦᠨ ᠰᠢᠯᠢᠳᠡᠭ ᠭᠡᠮ ᠢ ᠰᠤᠩᠭᠤᠬᠤ ᠶᠢᠨ ᠬᠠᠮᠳᠤ ᠦᠷ᠎ᠡ ᠶᠢᠨ ᠰᠢᠢᠳᠪᠤᠷᠢᠯᠡᠯᠳᠡ ᠭᠢᠭᠦ ᠭᠡᠷᠡᠭᠳᠡᠢ᠃

       3. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖

      ᠨᠠᠷᠠᠨ ᠬᠤᠸᠠᠷ ᠪᠤᠯ ᠪᠤᠷᠳᠤᠭᠤᠷ ᠶᠡᠭᠡ ᠭᠡᠷᠡᠭᠰᠡᠳᠡᠭ ᠲᠠᠷᠢᠮᠠᠯ ᠪᠤᠯᠤᠨ᠎ᠠ᠃ ᠲᠠᠷᠢᠬᠤ ᠠᠴᠠ ᠪᠠᠨ ᠡᠮᠦᠨ᠎ᠠ ᠰᠠᠭᠤᠷᠢ ᠪᠤᠷᠳᠤᠭᠤᠷ ᠭᠦᠢᠴᠡᠳ ᠤᠷᠣᠭᠤᠯᠬᠤ ᠶᠢᠨ ᠬᠠᠮᠳᠤ ᠤᠷᠭᠠᠨᠢᠭ ᠪᠠ ᠤᠷᠭᠠᠨᠢᠭ ᠪᠤᠰᠤ ᠪᠤᠷᠳᠤᠭᠤᠷ ᠢ ᠤᠶᠠᠯᠳᠤᠭᠤᠯᠵᠤ᠂ ᠾᠧᠺᠲ᠋ᠠᠷ ᠪᠦᠷᠢ ᠳᠤ ᠢᠯᠵᠢᠮᠡᠭ᠂ ᠢᠰᠭᠡᠮᠡᠯ ᠤᠷᠭᠠᠨᠢᠭ ᠪᠤᠷᠳᠤᠭᠤᠷ ᠢ 30~40 ᠪᠤᠰᠤᠭ᠎ᠠ ᠲᠦᠷᠪᠡᠯᠵᠢᠨ ᠮᠧᠲᠷ ᠤᠷᠤᠭᠤᠯᠵᠤ᠂ 150~200 kg ᠹᠤᠰᠹᠤᠷ ᠭᠦᠴᠢᠯ ᠤᠨ ᠬᠤᠶᠠᠷᠴᠢ ᠠᠮᠮᠤᠨᠢ ᠪᠠ 100~150kg ᠰᠢᠭᠡᠰᠦᠯᠢᠭ ᠡᠳ᠋ ᠤᠷᠤᠭᠤᠯᠬᠤ ᠭᠡᠷᠡᠭᠳᠡᠢ᠃ ᠰᠠᠭᠤᠷᠢ ᠪᠤᠷᠳᠤᠭᠤᠷ ᠢ ᠭᠦᠢᠴᠡᠳ ᠰᠠᠶᠢᠨ ᠤᠷᠤᠭᠤᠯᠬᠤ ᠪᠤᠯ ᠨᠠᠷᠠᠨ ᠬᠤᠸᠠᠷ ᠤᠨ ᠤᠷᠭᠤᠯᠳᠠ ᠶᠢ ᠪᠠᠳᠤᠯᠠᠬᠤ ᠰᠠᠭᠤᠷᠢ ᠮᠦᠨ᠃

      4. ᠨᠠᠷᠠᠨ ᠬᠤᠸᠠᠷ ᠲᠠᠷᠢᠬᠤ ᠴᠠᠭ ᠭᠢᠭᠡᠳ ᠲᠠᠷᠢᠬᠤ ᠨᠢᠠᠠᠳᠠᠴᠠ ᠶᠢ ᠶᠠᠭᠠᠭᠢᠵᠤ ᠲᠤᠭᠢᠷᠠᠭᠤᠯᠬᠤ ᠪᠤᠢ︖

       ᠲᠤᠭᠢᠳᠡᠶᠢᠠᠬᠨ ᠡᠷᠳᠡ ᠲᠠᠷᠢᠪᠠᠯ ᠨᠠᠪᠴᠢᠨ ᠤ ᠲᠤᠯᠪᠤᠳᠤ ᠭᠡᠮ ᠪᠤᠯᠤᠨ ᠮᠦᠭᠦ ᠶᠢᠨ ᠪᠦᠭᠡᠮ ᠭᠡᠮ ᠤᠨ ᠡᠭᠦᠰᠦᠯ ᠢ ᠰᠡᠷᠭᠡᠶᠢᠯᠡᠭᠦ ᠪᠡ ᠴᠦᠭᠡᠷᠡᠭᠦᠯᠵᠤ ᠪᠤᠯᠬᠤ ᠪᠦᠭᠡᠳ ᠨᠠᠷᠠᠨ ᠬᠤᠸᠠᠷ ᠤᠨ ᠤᠨᠠᠯᠳᠠ ᠪᠠ ᠴᠢᠨᠠᠷ ᠲᠤ ᠴᠤ ᠮᠠᠰᠢ ᠶᠡᠭᠡ ᠨᠦᠯᠦᠭᠡ ᠲᠠᠢ ᠶᠤᠮ᠃ ᠨᠠᠷᠠᠨ ᠬᠤᠸᠠᠷ ᠤᠨ ᠤᠷᠭᠤᠯᠳᠠ ᠶᠢᠨ ᠬᠤᠭᠤᠴᠠᠭ᠎ᠠ ᠨᠢ ᠨᠡᠯᠢᠶᠡᠳ ᠤᠬᠤᠷ ᠪᠠᠶᠢᠳᠠᠭ ᠪᠤᠯᠬᠤᠷ ᠲᠠᠷᠢᠬᠤ ᠴᠠᠭ ᠢ ᠰᠤᠩᠭᠤᠬᠤ ᠳᠤ ᠨᠡᠯᠢᠶᠡᠳ ᠴᠢᠯᠦᠭᠡᠳᠡᠢ ᠶᠤᠮ᠃ 5 ᠳ᠋ᠤᠭᠠᠷ ᠰᠠᠷ᠎ᠠ ᠶᠢᠨ ᠲᠤᠮᠳᠠᠴᠢ ᠠᠴᠠ 6 ᠳ᠋ᠤᠭᠠᠷ ᠰᠠᠷ᠎ᠠ ᠶᠢᠨ ᠰᠡᠭᠦᠯᠴᠢ ᠪᠠᠷ ᠲᠠᠷᠢᠵᠤ ᠪᠤᠯᠤᠨ᠎ᠠ᠃ ᠡᠶᠢᠮᠤ ᠠᠴᠠ ᠲᠤᠰᠤᠯᠢᠭ ᠭᠡᠯᠪᠡᠷᠢ ᠶᠢᠨ ᠰᠤᠷᠲ ᠢ ᠪᠤᠯ 6 ᠳ᠋ᠤᠭᠠᠷ ᠰᠠᠷ᠎ᠠ ᠶᠢᠨ ᠰᠡᠭᠦᠯᠴᠢ ᠪᠠᠷ ᠲᠤᠭᠢᠳᠠᠶᠢᠬᠠᠨ ᠤᠷᠤᠢ ᠰᠢᠬ ᠲᠠᠷᠢᠵᠤ᠂ ᠢᠳᠡᠭᠡᠨ ᠤ ᠭᠡᠯᠪᠡᠷᠢ ᠶᠢᠨ ᠰᠤᠷᠲ ᠢ ᠪᠤᠯ 5 ᠳ᠋ᠤᠭᠠᠷ ᠰᠠᠷ᠎ᠠ ᠶᠢᠨ ᠲᠤᠮᠳᠠᠴᠢ ᠠᠴᠠ ᠵᠢᠭᠠᠬᠠᠨ ᠡᠷᠳᠡ ᠰᠢᠭ ᠲᠠᠷᠢᠵᠤ᠂ ᠲᠡᠨᠡᠭ ᠤᠷᠭᠤᠬᠤ ᠪᠠ ᠤᠷᠤᠢ ᠪᠤᠯᠪᠠᠰᠤᠷᠠᠬᠤ ᠠᠴᠠ ᠪᠤᠯᠵᠤ ᠬᠤᠷᠢᠶᠠᠯᠳᠠ ᠬᠠᠰᠤᠠᠠᠳᠠᠬᠤ ᠠᠴᠠ ᠰᠡᠷᠭᠡᠶᠢᠯᠡᠭᠦ ᠭᠡᠷᠡᠭᠳᠡᠢ᠃

      ᠨᠠᠷᠠᠨ ᠬᠤᠸᠠᠷ ᠤᠨ ᠭᠤᠤᠷᠰᠤ ᠨᠢ ᠦᠨᠳᠤᠷ᠂ ᠡᠰᠢ ᠨᠢ ᠪᠦᠳᠦᠭᠦᠨ ᠲᠤᠯᠠ ᠵᠤᠭᠢᠰᠳᠡᠢ ᠨᠢᠠᠠᠳᠠ ᠲᠠᠷᠢᠪᠠᠯ ᠰᠠᠯᠭᠢ ᠨᠡᠪᠳᠡᠷᠡᠨ ᠨᠠᠷᠠ ᠲᠤᠰᠬᠤ ᠪᠠ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠲᠡᠭᠡᠭᠰᠢᠯᠡᠭᠦᠯᠭᠦ ᠳᠤ ᠠᠰᠢᠭ ᠲᠠᠢ ᠶᠤᠮ᠃ ᠵᠠᠷᠴᠢᠮ ᠨᠢ ᠭᠡᠪᠡᠯ ᠭᠤᠤᠷᠰᠤ ᠨᠢ ᠦᠨᠳᠤᠷ ᠲᠤᠮᠤ ᠮᠦᠭᠦᠯᠢᠭᠳᠦ ᠰᠤᠷᠲ ᠢ ᠰᠢᠩᠭᠡᠨ ᠲᠠᠷᠢᠵᠤ᠂ ᠭᠤᠤᠷᠰᠤ ᠨᠢ ᠪᠤᠭᠤᠨᠢ ᠵᠢᠵᠢᠭ ᠮᠦᠭᠦᠯᠢᠭᠳᠦ ᠰᠤᠷᠲ ᠢ ᠨᠢᠠᠠᠳᠠ ᠲᠠᠷᠢᠨ᠎ᠠ᠃ ᠲᠤᠰᠤᠯᠢᠭ ᠭᠡᠯᠪᠡᠷᠢ ᠶᠢᠨ ᠰᠤᠷᠲ ᠢ ᠾᠧᠺᠲ᠋ᠠᠷ ᠪᠦᠷᠢ 25000~30000 ᠰᠠᠭᠤᠷᠢ᠂ ᠢᠳᠡᠭᠡᠨ ᠤ ᠭᠡᠯᠪᠡᠷᠢ ᠶᠢᠨ ᠰᠤᠷᠲ ᠢ ᠾᠧᠺᠲ᠋ᠠᠷ ᠪᠦᠷᠢ 18000~20000 ᠰᠠᠭᠤᠷᠢ ᠲᠠᠷᠢᠪᠡᠯ ᠲᠤᠭᠢᠷᠠᠮᠵᠢᠳᠡᠢ᠃

       5. ᠲᠠᠷᠢᠠᠠᠰᠠᠨ ᠤ ᠰᠡᠭᠦᠯᠡᠷ ᠠᠷᠠᠴᠢᠯᠠᠭ᠎ᠠ ᠪᠠᠨ ᠭᠡᠷᠭᠢᠨ ᠴᠢᠩᠭᠠᠳᠬᠠᠬᠤ ᠪᠤᠢ︖

       ᠴᠢᠭᠢ ᠰᠤᠶᠤᠭ᠎ᠠ ᠶᠢ ᠡᠷᠳᠡᠭᠡᠨ ᠰᠡᠶᠢᠷᠡᠭᠵᠢᠭᠦᠯᠭᠦ ᠪᠠ ᠲᠤᠠᠠᠳᠠᠭᠠᠬᠤ᠃ ᠨᠢᠯᠬ᠎ᠠ ᠴᠢᠭᠢ ᠨᠢ ᠬᠤᠶᠠᠷ ᠰᠠᠯᠠᠭᠠᠯᠠᠬᠤ ᠦᠶᠡᠰ᠂ ᠴᠢᠭᠢ ᠶᠢ ᠲᠤᠠᠠᠳᠠᠭᠠᠵᠤ᠂ ᠴᠢᠭᠢᠯᠡᠭᠦ ᠠᠴᠠ ᠠᠪᠤᠭᠠᠳ ᠴᠤᠮᠤᠷᠯᠢᠠᠠᠵᠢᠬᠤ ᠬᠤᠭᠤᠴᠠᠭᠠᠨ ᠳᠤ 2~3 ᠤᠳᠠᠭ᠎ᠠ ᠭᠦᠢᠭᠡᠨ ᠬᠠᠭᠠᠯᠪᠤᠷᠢᠯᠠᠨ ᠡᠪᠡᠰᠤ ᠶᠢ ᠨᠢ ᠠᠷᠢᠯᠭᠠᠵᠤ᠂ ᠬᠠᠮᠤᠭ ᠰᠡᠭᠦᠯ ᠤᠨ ᠨᠢᠭᠡ ᠤᠳᠠᠭ᠎ᠠ ᠳᠤ ᠭᠦᠨ ᠬᠠᠭᠠᠯᠪᠤᠷᠢᠯᠡᠨ ᠰᠢᠷᠤᠢ ᠨᠡᠮᠡᠵᠤ᠂ ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠭᠡᠭᠦ ᠳᠡᠭᠡᠨ ᠦᠨᠳᠤᠰᠤ ᠶᠢ ᠨᠢ ᠭᠡᠮᠳᠦᠭᠡᠭᠦ ᠠᠴᠠ ᠤᠨᠴᠠ ᠭᠢᠴᠢᠶᠡᠭᠦ ᠭᠡᠷᠡᠭᠳᠡᠢ᠃ ᠲᠤᠭᠢᠳᠡᠢ ᠪᠦᠭᠡᠳ ᠵᠤᠭᠢᠰᠳᠡᠢ ᠪᠠᠷ ᠪᠤᠷᠳᠤᠭᠤᠷ ᠨᠦᠭᠦᠨ ᠤᠷᠤᠭᠤᠯᠵᠤ᠂ ᠨᠠᠷᠠᠨ ᠬᠤᠸᠠᠷ ᠤᠨ ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ ᠾᠧᠺᠲ᠋ᠠᠷ ᠪᠦᠷᠢ 150kg ᠰᠢᠭᠡᠰᠦᠯᠢᠭ ᠡᠳ᠋ ᠢ ᠭᠤᠤᠴᠢᠯᠠᠬᠤ ᠪᠠ ᠨᠦᠭᠡᠯᠡᠭᠦ ᠠᠷᠭ᠎ᠠ ᠪᠠᠷ ᠨᠦᠭᠦᠨ ᠤᠷᠤᠭᠤᠯᠵᠤ᠂ ᠪᠠᠳᠠᠷᠠᠨ ᠲᠡᠯᠭᠡᠷᠡᠭᠦ ᠬᠤᠭᠤᠴᠠᠭᠠᠨ ᠳᠤᠨᠢ ᠤᠷᠭᠤᠯᠳᠠ ᠶᠢᠨ ᠪᠠᠶᠢᠳᠠᠯ ᠢ ᠦᠨᠳᠦᠰᠦᠯᠡᠨ᠂ 1~2 ᠤᠳᠠᠭ᠎ᠠ 0.2%~0.4% ᠶᠢᠨ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠠᠮᠮᠤᠨᠢ ᠶᠢ ᠰᠦᠷᠴᠢᠨ ᠤᠷᠤᠭᠤᠯᠬᠤ ᠭᠡᠷᠡᠭᠳᠡᠢ᠃

      ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ ᠨᠠᠷᠠᠨ ᠬᠤᠸᠠᠷ ᠨᠢ ᠰᠠᠯᠠᠭᠠᠯᠠᠬᠤ ᠶᠠᠪᠤᠳᠠᠯ ᠡᠭᠦᠰᠳᠡᠭ᠃ ᠡᠭᠦᠨ ᠢ ᠤᠯᠵᠤ ᠮᠡᠳᠡᠪᠡᠯ ᠲᠠᠷᠠ ᠲᠠᠷᠤᠢ ᠳᠤᠨᠢ ᠰᠠᠯᠠᠭ᠎ᠠ ᠶᠢ ᠨᠢ ᠠᠪᠴᠤ ᠬᠠᠶᠠᠨ᠂ ᠤᠰᠤ ᠪᠠ ᠰᠢᠮ᠎ᠠ ᠶᠢᠨ ᠬᠤᠷᠤᠠᠠᠳᠠᠯ ᠢ ᠪᠠᠭᠠᠰᠬᠠᠵᠤ᠂ ᠭᠤᠤᠯ ᠡᠰᠢᠨ ᠤ ᠴᠡᠴᠡᠭ ᠤᠨ ᠲᠠᠪᠠᠭ ᠤᠨ ᠤᠰᠤ ᠪᠠ ᠰᠢᠮ᠎ᠠ ᠲᠡᠵᠢᠭᠡᠯ ᠤᠨ ᠭᠡᠷᠡᠭᠴᠡᠭᠡ ᠶᠢ ᠪᠠᠳᠤᠯᠠᠬᠤ ᠭᠡᠷᠡᠭᠳᠡᠢ᠃

       ᠨᠠᠷᠠᠨ ᠬᠤᠸᠠᠷ ᠤᠨ ᠴᠡᠴᠡᠭ ᠤᠨ ᠲᠠᠪᠠᠭ ᠪᠦᠷᠢᠯᠳᠦᠭᠦ ᠱᠠᠳᠤᠨ ᠳᠤ ᠴᠡᠴᠡᠭᠯᠡᠭᠦ ᠪᠠ ᠴᠦᠮᠡᠳᠦᠭᠦ ᠦᠶᠡᠰ᠂ ᠤᠰᠤᠯᠠᠬᠤ ᠨᠦᠭᠦᠴᠡᠯ ᠲᠠᠢ ᠪᠤᠯ ᠲᠤᠭᠢᠳᠡᠢ ᠴᠠᠭ ᠲᠤᠨᠢ ᠲᠤᠭᠢᠳᠡᠢ ᠭᠡᠮᠵᠢᠶ᠎ᠠ ᠪᠠᠷ ᠤᠰᠤᠯᠠᠬᠤ
ᠭᠡᠷᠡᠭᠳᠡᠢ᠃ ᠢᠯᠠᠩᠭᠤᠶ᠎ᠠ ᠭᠠᠩ ᠬᠠᠭᠰᠠᠷᠠᠭᠠᠨ ᠲᠠᠢ ᠦᠶ᠎ᠠ ᠳᠤ ᠲᠠᠷᠦ᠋ᠢᠬᠠᠨ ᠤᠰᠤᠯᠠᠵᠤ᠂ ᠨᠠᠷᠠᠨ ᠬᠤᠸᠠᠷ ᠤᠨ ᠤᠷᠭᠤᠯᠳᠠ ᠶᠢᠨ ᠦᠶ᠎ᠠ ᠶᠢᠨ ᠤᠰᠤᠨ ᠤ ᠭᠡᠷᠡᠭᠴᠡᠭᠡ ᠶᠢ ᠬᠠᠨᠭ᠍ᠭᠠᠬᠤ ᠭᠡᠷᠡᠭᠳᠡᠢ᠃


        6. ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖

        ᠭᠡᠮ ᠬᠤᠷᠤᠬᠠᠢ ᠶᠢᠨ ᠭᠦᠨᠦᠭᠡᠯ ᠢ ᠤᠷᠢᠳᠴᠢᠯᠠᠨ ᠰᠢᠯᠭᠠᠵᠤ ᠤᠷᠢᠳᠴᠢᠯᠠᠨ ᠮᠡᠳᠡᠭᠡᠯᠡᠭᠦ ᠠᠵᠢᠯ ᠢ ᠰᠠᠶᠢᠳᠤᠷ ᠭᠢᠵᠤ᠂ ᠭᠡᠮ ᠬᠤᠷᠤᠬᠠᠢ ᠶᠢᠨ ᠭᠦᠨᠦᠭᠡᠯ ᠢ ᠤᠯᠵᠤ ᠮᠡᠳᠡᠪᠡᠯ ᠲᠠᠷᠦ᠋ᠢᠬᠠᠨ ᠰᠡᠷᠭᠡᠶᠢᠯᠡᠨ ᠵᠠᠰᠠᠵᠤ᠂ ᠡᠷᠳᠡ ᠠᠴᠠ ᠲᠤᠤᠱᠳᠠᠢ ᠰᠡᠷᠭᠡᠶᠢᠯᠡᠨ ᠵᠠᠰᠠᠬᠤ ᠪᠠᠷ ᠴᠢᠷᠮᠠᠶᠢᠬᠤ ᠭᠡᠷᠡᠭᠳᠡᠢ᠃ ᠠᠭᠠᠷ ᠤᠨ ᠲᠤᠯᠠᠭᠠᠨ 18℃~20℃ ᠪᠤᠯᠬᠤ ᠦᠶᠡᠰ᠂ ᠾᠧᠺᠲ᠋ᠠᠷ ᠪᠦᠷᠢ 30~45g ᠲᠠᠪᠤᠨ ᠾᠯᠤᠷᠳᠤ ᠨᠢᠲᠷᠤᠳᠤ ᠹᠧᠨ᠋ᠽᠧᠨ ᠢ 150~230kg ᠴᠢᠭᠢᠭᠯᠢᠭ ᠨᠠᠷᠢᠨ ᠡᠯᠡᠰᠤ ᠲᠠᠢ ᠬᠤᠯᠢᠵᠤ᠂ ᠨᠠᠷᠠᠨ ᠬᠤᠸᠠᠷ ᠤᠨ ᠭᠠᠵᠠᠷ ᠲᠡᠭᠡᠭᠦᠷ ᠰᠠᠴᠤᠵᠤ᠂ ᠮᠦᠭᠦ ᠶᠢᠨ ᠪᠦᠭᠡᠮ ᠭᠡᠮ ᠢ ᠰᠡᠷᠭᠡᠶᠢᠯᠡᠵᠤ᠂ 15 ᠬᠤᠨᠤᠭ ᠤᠨ ᠲᠠᠷᠠᠭ᠎ᠠ ᠲᠠᠭᠢᠨ ᠨᠢᠭᠡ ᠤᠳᠠᠭ᠎ᠠ ᠰᠠᠴᠤᠬᠤ ᠭᠡᠷᠡᠭᠳᠡᠢ᠃ 8 ᠳ᠋ᠤᠭᠠᠷ ᠰᠠᠷ᠎ᠠ ᠶᠢᠨ ᠡᠭᠢ ᠪᠠᠷ ᠨᠠᠷᠠᠨ ᠬᠤᠸᠠᠷ ᠤᠨ ᠮᠢᠩ ᠬᠤᠷᠤᠬᠠᠢ ᠡᠭᠦᠰᠭᠦ ᠦᠶ᠎ᠠ ᠳᠤ 90% ᠶᠢᠨ ᠳ᠋ᠢ ᠪᠠᠢ ᠴᠦᠩ  ︵敌百虫︶ ᠤᠨ  500 ᠲᠠᠭᠢᠨ ᠤ ᠰᠢᠩᠭᠡᠨ ᠢ 2~3 ᠤᠳᠠᠭ᠎ᠠ ᠰᠦᠷᠴᠢᠵᠤ ᠪᠤᠯᠤᠨ᠎ᠠ᠃

        7. ᠦᠷᠡᠯᠡᠯᠳᠡ ᠶᠢ ᠨᠢ ᠲᠡᠭᠡᠭᠰᠢᠯᠡᠭᠦᠯᠭᠦ ᠳᠤ ᠶᠠᠮᠠᠷ ᠠᠷᠭ᠎ᠠ ᠪᠠᠶᠢᠬᠤ ᠪᠤᠢ︖

        ᠨᠠᠷᠠᠨ ᠬᠤᠸᠠᠷ ᠪᠤᠯ ᠤᠨᠳᠤᠤ ᠴᠡᠴᠡᠭ ᠠᠴᠠ ᠲᠤᠭᠤᠰᠤᠳᠤᠬᠤ ᠲᠠᠷᠢᠮᠡᠯ ᠮᠦᠨ᠂ ᠲᠠᠷᠠ ᠨᠢ ᠰᠢᠪᠠᠵᠢ ᠵᠦᠭᠡᠢ ᠳᠤ ᠲᠦᠰᠢᠭᠯᠡᠨ ᠲᠤᠭᠤᠰᠤᠳᠤᠨ ᠦᠷᠡᠯᠡᠳᠡᠭ᠃ ᠭᠡᠳᠦ᠋ᠢᠪᠡᠷ ᠡᠶᠢᠮᠤ ᠪᠤᠯᠪᠠᠴᠤ ᠡᠷᠭᠡᠪᠰᠢ ᠪᠠᠰᠠ ᠭᠦᠮᠦᠨ ᠤ ᠭᠦᠴᠤ ᠪᠠᠷ ᠲᠤᠭᠤᠰᠤᠳᠤᠭᠤᠯᠬᠤ ᠴᠢᠬᠤᠯᠠ ᠲᠠᠢ᠃ ᠲᠤᠭᠤᠰᠤᠳᠤᠭᠤᠯᠬᠤ ᠳᠠᠭᠠᠨ ᠡᠳᠤᠷ ᠪᠦᠷᠢ ᠶᠢᠨ ᠦᠳᠡ ᠶᠢᠨ ᠡᠮᠦᠨᠡᠭᠢ 9~11 ᠴᠠᠭ ᠤᠨ ᠬᠤᠭᠤᠷᠤᠨᠳᠤ ᠶᠠᠷᠦᠩᠭᠡᠢ ᠳᠡᠭᠡᠨ 2~3 ᠤᠳᠠᠭ᠎ᠠ ᠲᠤᠭᠤᠰᠤᠳᠤᠭᠤᠯᠬᠤ ᠭᠡᠷᠡᠭᠳᠡᠢ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ