︵ᠶᠢᠰᠤ︶ ᠡᠷᠳᠡᠨᠢ ᠰᠢᠰᠢ ᠶᠢ ᠦᠨᠳᠤᠷ ᠤᠨᠠᠯᠳᠠ ᠲᠠᠢ ᠲᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2015/11/25

       1. ᠭᠠᠵᠠᠷ ᠲᠠᠯᠠᠪᠤᠷ ᠢ ᠰᠤᠩᠭᠤᠬᠤ ᠳᠤ ᠶᠠᠮᠠᠷ ᠵᠠᠷᠴᠢᠮ ᠢ ᠵᠢᠷᠤᠮᠯᠠᠬᠤ ᠪᠤᠢ︖

      ᠭᠠᠵᠠᠷ ᠲᠠᠯᠠᠪᠠᠢ ᠨᠢ ᠲᠡᠭᠰᠢᠭᠡᠨ᠂ ᠭᠠᠵᠠᠷ ᠤᠨ ᠭᠦᠴᠤ ᠵᠢᠭᠳᠡᠭᠡᠨ᠂ ᠭᠦᠷᠤᠰᠤ ᠰᠢᠷᠤᠢ ᠶᠢᠨ ᠪᠤᠷᠳᠤᠭᠤᠷ ᠨᠢ ᠲᠤᠮᠳᠠ ᠲᠠᠰ ᠠᠴᠠ ᠲᠡᠭᠡᠭᠦᠷᠭᠢ ᠬᠠᠷ᠎ᠠ ᠭᠦᠷᠤᠰᠤ ᠪᠤᠶᠤ ᠬᠠᠷ᠎ᠠ ᠠᠯᠠᠭ ᠭᠦᠷᠤᠰᠤ ᠲᠠᠢ ᠭᠠᠵᠠᠷ ᠢ ᠰᠤᠩᠭᠤᠵᠤ᠂ ᠭᠦᠷᠦᠰᠤᠨ ᠲᠠᠪᠬᠤᠷᠭ᠎ᠠ ᠶᠢᠨ ᠵᠤᠵᠠᠭᠠᠨ ᠨᠢ 50cm ᠠᠴᠠ ᠲᠡᠭᠡᠭᠰᠢ᠂ ᠪᠤᠯᠪᠠᠰᠤᠨ ᠭᠦᠷᠦᠰᠤᠨ ᠲᠠᠪᠬᠤᠷᠭ᠎ᠠ ᠨᠢ 30cm᠂ ᠤᠰᠤ ᠪᠤᠷᠳᠤᠭᠤᠷ ᠬᠠᠮᠠᠭᠠᠯᠠᠬᠤ ᠨᠢ ᠰᠠᠶᠢᠨ᠂ ᠬᠤᠳᠳᠤᠭ ᠰᠤᠪᠠᠭ ᠤᠨ ᠢᠵᠢ ᠪᠦᠷᠢᠳᠦᠯ ᠲᠠᠢ ᠪᠤᠯ ᠡᠷᠳᠡᠨᠢ ᠰᠢᠰᠢ ᠶᠢᠨ ᠤᠷᠭᠤᠯᠳᠠ ᠶᠢᠨ ᠬᠤᠭᠤᠴᠠᠭᠠᠨ ᠤ ᠱᠠᠭᠠᠷᠳᠠᠯᠭ᠎ᠠ ᠶᠢ ᠪᠠᠳᠤᠯᠠᠵᠤ ᠪᠤᠯᠤᠨ᠎ᠠ᠃ ᠭᠠᠵᠠᠷ ᠲᠠᠯᠠᠪᠠᠢ ᠨᠢ ᠲᠦᠷᠪᠡᠯᠵᠢᠨ ᠭᠡᠯᠪᠡᠷᠢ ᠲᠠᠢ ᠰᠠᠯᠭᠢ ᠬᠤᠷᠢᠠᠠᠯᠠᠨ᠂ ᠨᠠᠷᠠᠨ ᠤ ᠵᠦᠭ ᠲᠤ ᠬᠠᠨᠳᠤᠠᠠᠰᠠᠨ ᠪᠠᠶᠢᠬᠤ ᠭᠡᠷᠡᠭᠳᠡᠢ᠃ ᠰᠠᠯᠭᠢᠨ ᠤ ᠠᠮᠠ ᠶᠢᠨ ᠭᠠᠵᠠᠷ ᠲᠠᠯᠠᠪᠠᠢ ᠶᠢ ᠰᠤᠩᠭᠤᠵᠤ ᠤᠠᠠᠳᠤ ᠪᠤᠯᠬᠤ ᠦᠭᠡᠢ᠃

      2. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖

      ᠨᠠᠮᠤᠷ ᠤᠨ ᠬᠤᠷᠢᠶᠠᠯᠳᠠ ᠶᠢᠨ ᠲᠠᠷᠠᠭ᠎ᠠ ᠲᠠᠷᠦ᠋ᠢᠬᠠᠨ ᠭᠠᠵᠠᠷ ᠲᠠᠯᠠᠪᠠᠢ ᠪᠠᠨ ᠲᠡᠭᠰᠢᠯᠡᠵᠤ᠂ ᠭᠦᠨ ᠰᠤᠯᠠᠷᠠᠭᠤᠯᠬᠤ ᠮᠠᠰᠢᠨ ᠢᠶᠠᠷ ᠲᠠᠷᠠᠭ᠎ᠠ ᠵᠢᠯ ᠦᠨᠳᠤᠷ ᠬᠤᠷᠢᠶᠠᠯᠳᠠ ᠲᠠᠢ ᠲᠠᠷᠢᠬᠤ ᠭᠠᠵᠠᠷ ᠲᠠᠯᠠᠪᠠᠢ ᠪᠠᠨ ᠭᠦᠨ ᠰᠤᠯᠠᠷᠠᠭᠤᠯᠵᠤ᠂ ᠦᠡᠭᠭᠡᠷᠡᠭᠰᠡᠨ ᠤ ᠠᠠᠵᠢᠰᠤᠨ ᠬᠤᠰᠢᠭᠤᠨ ᠲᠤᠤᠷᠠᠭᠢ ᠲᠠᠪᠬᠤᠷᠭ᠎ᠠ ᠶᠢ ᠡᠪᠳᠡᠵᠤ᠂ ᠡᠭᠦᠨ ᠤ ᠬᠠᠮᠳᠤ ᠮᠤ᠋ ᠪᠦᠷᠢ 3000~4000kg ᠤᠨ ᠪᠡᠷᠢᠮᠵᠢᠶ᠎ᠠ ᠪᠠᠷ ᠴᠢᠨᠠᠷ ᠰᠠᠶᠢᠳᠠᠢ ᠰᠢᠭᠡᠭ ᠪᠤᠷᠳᠤᠭᠤᠷ ᠤᠷᠤᠭᠤᠯᠬᠤ ᠭᠡᠷᠡᠭᠳᠡᠢ᠃

      ᠬᠠᠪᠤᠷ ᠨᠢ 4m ᠤᠨ ᠪᠠᠷᠢᠮᠵᠢᠶ᠎ᠠ ᠪᠠᠷ ᠲᠠᠳᠠᠭᠠᠯᠯᠬᠠᠰᠠᠨ ᠲᠠᠷᠢᠶ᠎ᠠ ᠪᠠᠶᠢᠭᠤᠯᠵᠤ᠂ ᠲᠠᠷᠢᠶᠠᠨ ᠳᠠᠬᠢ ᠦᠨᠳᠤᠰᠤ ᠬᠤᠵᠤᠤᠯ᠎ᠠ ᠶᠢ ᠲᠦᠢᠯᠪᠤᠷᠢᠳᠡᠢ ᠴᠡᠪᠡᠷᠯᠡᠨ ᠠᠷᠢᠯᠭᠠᠵᠤ᠂ ᠬᠠᠪᠤᠷ ᠤᠨ ᠤᠰᠤᠯᠠᠯᠳᠠ ᠬᠢᠵᠤ᠂ ᠬᠠᠮᠤᠭ ᠤᠨ ᠰᠠᠶᠢᠨ ᠨᠢ ᠡᠪᠤᠯ ᠦᠨᠵᠢᠭᠦᠯᠵᠤ᠂ ᠬᠠᠪᠤᠷ ᠰᠦᠩ ᠰᠦᠷᠦᠨ ᠨᠠᠷᠬᠠᠳᠠᠵᠤ᠂ ᠡᠰᠢ ᠭᠤᠤᠷᠰᠤ ᠶᠢ ᠠᠷᠢᠯᠭᠠᠬᠤ ᠭᠡᠷᠡᠭᠳᠡᠢ᠃

      3. ᠶᠠᠮᠠᠷ ᠦᠷ᠎ᠠ ᠶᠢᠨ ᠰᠤᠷᠲ ᠢ ᠰᠤᠩᠭᠤᠪᠠᠯ ᠵᠤᠭᠢᠬᠤ ᠪᠤᠢ︖

      ᠡᠭᠦᠯᠳᠡᠷ ᠰᠤᠩᠭᠤᠬᠤ ᠳᠤ ᠵᠧᠩ ᠲᠠᠩ ︵郑单︶ 17᠂ ᠬᠤᠤ ᠢᠤᠢ ︵郝玉︶ 21᠂ ᠶᠢᠨ ᠱᠠᠨ ︵金山︶ 27᠂ ᠭᠤᠤ ᠰᠢᠨ  ︵高新︶  3᠂ ᠵᠧᠩ ᠲᠠᠩ ︵郑单︶ 958᠂ ᠷᠦᠢ ᠪᠦ᠋ ︵锐步︶ 1 ᠨᠤᠮᠧᠷᠳᠦ᠂ ᠶᠢᠨ ᠪᠸᠢ ︵津北︶ 288᠂ ᠦᠪᠤᠷ ᠲᠠᠩ  ︵内单︶  402 ᠵᠡᠷᠭᠡ ᠡᠷᠳᠡᠨᠢ ᠰᠢᠰᠢ ᠶᠢᠨ ᠦᠷ᠎ᠠ ᠶᠢᠨ ᠰᠤᠷᠲ ᠪᠤᠯ ᠦᠨᠳᠤᠷ ᠬᠤᠷᠢᠶᠠᠯᠳᠠ ᠶᠢᠨ ᠤᠷᠤᠯᠳᠤᠭᠠᠨ ᠳᠤ ᠤᠷᠦ᠋ᠢᠯᠬᠠᠰᠠᠨ ᠦᠷ᠎ᠠ ᠶᠢᠨ ᠰᠤᠷᠲ ᠤᠳ ᠪᠤᠯᠤᠨ᠎ᠠ᠃ ᠦᠷ᠎ᠠ ᠶᠢᠨ ᠶᠠᠰᠤ ᠴᠢᠨᠠᠷ ᠤᠨ ᠪᠠᠷᠢᠮᠵᠢᠶ᠎ᠠ ᠨᠢ ᠤᠯᠤᠰ ᠤᠨ ᠪᠠᠷᠢᠮᠵᠢᠶ᠎ᠠ ᠶᠢᠨ ᠨᠢᠭᠡᠳᠦᠭᠡᠷ ᠲᠠᠰ ᠲᠤ ᠭᠦᠷᠦᠭᠰᠡᠨ ᠪᠠᠶᠢᠬᠤ ᠶᠢ ᠱᠠᠭᠠᠷᠳᠠᠨ᠎ᠠ᠃ ᠮᠤ᠋ ᠪᠦᠷᠢ 3kg ᠦᠷ᠎ᠠ ᠪᠡᠯᠡᠳᠭᠡᠨ᠎ᠡ᠃

      4. ᠡᠷᠳᠡᠨᠢ ᠰᠢᠰᠢ ᠶᠢᠨ ᠦᠷ᠎ᠠ ᠶᠢ ᠶᠠᠭᠠᠭᠢᠵᠤ ᠰᠢᠢᠳᠪᠤᠷᠢᠯᠡᠭᠦ ᠪᠤᠢ︖

      ᠡᠩ ᠲᠠᠷᠢᠭᠦᠨ ᠳᠤ ᠰᠠᠶᠢᠨ ᠦᠷ᠎ᠠ ᠶᠢᠨ ᠰᠤᠷᠲ ᠤᠨ ᠦᠷ᠎ᠡ ᠮᠦᠭᠦᠯᠢᠭ ᠢ ᠲᠤᠮᠤ ᠵᠢᠵᠢᠭ ᠢᠶᠠᠷ ᠨᠢ ᠲᠠᠰ ᠬᠤᠪᠢᠶᠠᠨ ᠢᠯᠭᠠᠨ ᠰᠤᠩᠭᠤᠵᠤ᠂ ᠦᠷ᠎ᠡ ᠪᠠᠨ ᠵᠢᠭᠳᠡᠭᠡᠨ ᠲᠠᠷᠢᠨ᠎ᠠ᠃ ᠡᠨᠡ ᠪᠤᠯ ᠲᠤᠮᠤ ᠵᠢᠵᠢᠭ ᠰᠠᠭᠤᠷᠢ ᠶᠢ ᠰᠢᠢᠳᠪᠤᠷᠢᠯᠡᠵᠤ᠂ ᠭᠤᠷᠪᠡᠨ ᠲᠦᠷᠦᠯ ᠤᠨ ᠴᠢᠭᠢ ᠶᠢ ᠤᠰᠠᠳᠬᠠᠬᠤ ᠶᠢᠨ ᠵᠠᠩᠭᠢᠯᠠᠭ᠎ᠠ ᠪᠤᠯᠤᠨ᠎ᠠ᠃ ᠲᠠᠷᠠᠭ᠎ᠠ ᠳᠤᠨᠢ ᠦᠷ᠎ᠡ ᠪᠠᠨ ᠬᠠᠳᠠᠭᠠᠠᠠᠰᠠᠨ ᠤ ᠰᠡᠭᠦᠯᠡᠷ ᠦᠷ᠎ᠡ ᠪᠠᠨ ᠪᠤᠭᠤᠬᠤ ᠰᠢᠢᠳᠪᠤᠷᠢᠯᠡᠯᠳᠡ ᠭᠢᠵᠤ᠂ ᠪᠤᠭᠤᠬᠤ ᠡᠮ ᠢ ᠰᠤᠩᠭᠤᠬᠤ ᠲᠠᠯ᠎ᠠ ᠪᠠᠷ ᠡᠷᠳᠡᠨᠢ ᠰᠢᠰᠢ ᠶᠢᠨ ᠬᠠᠷᠠᠤ ᠶᠢ ᠰᠡᠷᠭᠡᠶᠢᠯᠡᠨ ᠵᠠᠰᠠᠬᠤ ᠪᠠ ᠬᠤᠷᠤᠬᠠᠢ ᠶᠢᠨ ᠭᠦᠨᠦᠭᠡᠯ ᠢ ᠰᠡᠷᠭᠡᠶᠢᠯᠡᠵᠤ ᠴᠢᠳᠠᠬᠤ ᠪᠦᠳᠦᠮᠵᠢᠳᠡᠢ ᠠᠭᠤᠯᠤᠭᠳᠠᠴᠨ ᠨᠢ 8% ᠠᠴᠠ ᠲᠠᠪᠠᠭᠰᠠᠨ ᠪᠤᠭᠤᠯᠳᠠ ᠡᠮ ᠢ ᠰᠤᠩᠭᠤᠨ ᠭᠡᠷᠡᠭᠯᠡᠵᠤ᠂ ᠦᠷ᠎ᠠ ᠶᠢᠨ ᠰᠢᠢᠳᠪᠤᠷᠢᠯᠡᠯᠳᠡ ᠭᠢᠭᠦ ᠭᠡᠷᠡᠭᠳᠡᠢ᠃

     5. ᠶᠠᠮᠠᠷ ᠦᠶ᠎ᠠ ᠳᠤ ᠲᠠᠷᠢᠪᠠᠯ ᠲᠤᠭᠢᠷᠠᠮᠵᠢᠳᠡᠢ ᠪᠤᠢ︖ ᠲᠠᠷᠢᠬᠤ ᠠᠷᠭ᠎ᠠ ᠵᠢᠴᠢ ᠨᠢᠠᠠᠳᠠᠴᠠ ᠶᠢ ᠶᠠᠭᠠᠠᠭᠢᠵᠤ ᠲᠤᠬᠳᠠᠭᠠᠬᠤ ᠪᠤᠢ︖

      ᠶᠠᠷᠦᠩᠭᠡᠢ ᠳᠡᠭᠡᠨ ᠭᠦᠷᠦᠰᠤ ᠰᠢᠷᠤᠢ ᠶᠢᠨ ᠬᠠᠭᠠᠯᠪᠤᠷᠢᠯᠠᠯᠳᠡ ᠶᠢᠨ ᠲᠠᠪᠬᠤᠷᠭ᠎ᠠ ᠶᠢᠨ 10cm ᠲᠠᠬᠢ ᠲᠤᠯᠠᠭᠠᠨ ᠤ ᠭᠡᠮᠵᠢᠶ᠎ᠠ ᠨᠢ 8℃~10℃ ᠳᠤ ᠭᠦᠷᠭᠦ ᠦᠶ᠎ᠠ ᠳᠤ ᠲᠠᠷᠦ᠋ᠢᠬᠠᠨ ᠲᠠᠷᠢᠵᠤ ᠪᠤᠯᠤᠨ᠎ᠠ᠃ ᠴᠠᠭ ᠬᠤᠭᠤᠴᠠᠭ᠎ᠠ ᠶᠢᠨ ᠲᠠᠯ᠎ᠠ ᠪᠠᠷ ᠠᠪᠴᠤ ᠦᠵᠡᠪᠡᠯ᠂ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ 20~30 ᠤ ᠡᠳᠤᠷ ᠤᠨ ᠬᠤᠭᠤᠷᠤᠨᠳᠤ ᠲᠠᠷᠢᠨ᠎ᠠ᠃ ᠪᠦᠷᠭᠦᠭᠦᠯ ᠳᠤ ᠲᠠᠷᠢᠬᠤ ᠳᠤ ᠭᠦᠷᠪᠡᠯ 4 ᠳ᠋ᠤᠭᠡᠷ ᠰᠠᠷ᠎ᠠ ᠶᠢᠨ 10~20 ᠤ ᠡᠳᠤᠷ ᠤᠨ ᠬᠤᠭᠤᠷᠤᠨᠳᠤ ᠤᠷᠢᠳᠴᠢᠯᠠᠨ ᠲᠠᠷᠢᠵᠤ ᠪᠤᠯᠤᠨ᠎ᠠ᠃

       ᠮᠠᠰᠢᠨ ᠢᠶᠠᠷ ᠨᠠᠷᠢᠯᠢᠬ ᠭᠡᠮᠵᠢᠶ᠎ᠠ ᠪᠠᠷ ᠲᠠᠷᠢᠪᠡᠯ᠂ ᠲᠤᠮᠤ ᠵᠢᠵᠢᠭ ᠲᠠᠯᠠᠩ ᠢ ᠤᠶᠠᠯᠳᠤᠭᠤᠯᠵᠤ᠂ ᠲᠤᠮᠤ ᠲᠠᠯᠠᠩ ᠢ 70cm᠂ ᠨᠠᠷᠢᠨ ᠲᠠᠯᠠᠩ ᠢ 30cm ᠪᠠᠶᠢᠯᠭᠠᠨ᠎ᠠ᠃ ᠭᠦᠷᠦᠰᠤ ᠰᠢᠷᠤᠢ ᠶᠢᠨ ᠨᠦᠭᠦᠴᠡᠯ ᠢᠶᠠᠷ ᠰᠠᠶᠢᠨ ᠪᠤᠯ ᠪᠦᠭᠦ ᠵᠠᠢ ᠪᠠᠷ ᠲᠠᠷᠢᠵᠤ᠂ ᠡᠩ ᠤᠨ ᠭᠠᠵᠠᠷ ᠲᠠᠯᠠᠪᠠᠢ ᠳᠤ ᠬᠠᠭᠠᠰ ᠵᠠᠢ ᠪᠠᠷ ᠲᠠᠷᠢᠨ᠎ᠠ᠃ ᠨᠦᠭᠦᠴᠡᠯ ᠲᠠᠢ ᠪᠤᠯ ᠪᠦᠷᠭᠦᠭᠦᠯ ᠳᠤ ᠲᠠᠷᠢᠵᠤ ᠪᠤᠯᠤᠨ᠎ᠠ᠃ ᠪᠦᠷᠭᠦᠭᠦᠯ ᠳᠤ ᠲᠠᠷᠢᠬᠤ ᠳᠤ ᠦᠷᠭᠡᠨ ᠢᠶᠠᠷ ᠢᠶᠠᠨ 70~75cm᠂ ᠵᠤᠵᠠᠭᠠᠨ ᠢᠶᠠᠷ ᠢᠶᠠᠨ 0.006~0.008mm ᠡᠲ᠋ᠧᠨ ᠪᠦᠭᠡᠭᠡᠨᠡᠷᠡᠯ ᠤᠨ ᠪᠦᠷᠭᠦᠭᠦᠯ ᠢ ᠰᠤᠩᠭᠤᠨ ᠠᠪᠴᠤ᠂ ᠲᠠᠷᠢᠬᠤ ᠮᠠᠰᠢᠨ ᠢᠶᠠᠷ ᠲᠠᠷᠢᠵᠤ ᠪᠦᠷᠭᠦᠭᠦ ᠶᠢ ᠨᠢᠬᠡ ᠯᠠ ᠲᠡᠭᠡᠷ᠎ᠡ ᠭᠦᠢᠴᠡᠳᠭᠡᠨ᠎ᠡ᠃

      ᠨᠢᠠᠠᠳᠠᠴᠠ ᠶᠢᠨ ᠲᠠᠯ᠎ᠠ ᠪᠠᠷ᠂ ᠢᠠᠠᠴᠤᠷᠠᠩᠭᠤᠢ ᠭᠡᠯᠪᠡᠷᠢ ᠶᠢᠨ ᠰᠤᠷᠲ ᠢ ᠪᠤᠯ ᠮᠤ᠋ ᠪᠦᠷᠢ 5500~6000 ᠰᠠᠭᠤᠷᠢ ᠲᠠᠷᠢᠵᠤ᠂ ᠬᠤᠷᠢᠶᠠᠯᠳᠠ ᠤᠯᠬᠤ ᠰᠠᠭᠤᠷᠢ ᠶᠢᠨ ᠲᠤᠭ᠎ᠠ ᠶᠢ ᠮᠤ᠋ ᠪᠦᠷᠢ 5000~5500 ᠰᠠᠭᠤᠷᠢ ᠪᠠᠶᠢᠯᠭᠠᠨ᠎ᠠ᠃

      6. ᠲᠠᠷᠢᠬᠤ ᠳᠠᠭᠠᠨ ᠪᠤᠷᠳᠤᠭᠤᠷ ᠶᠠᠭᠠᠭᠢᠵᠤ ᠤᠷᠤᠭᠤᠯᠬᠤ ᠪᠤᠢ︖

      ᠲᠠᠷᠢᠬᠤ ᠦᠶ᠎ᠠ ᠳᠡᠭᠡᠨ ᠮᠤ᠋ ᠪᠦᠷᠢ 25kg ᠹᠤᠰᠹᠤᠷ ᠭᠦᠴᠢᠯ ᠤᠨ ᠬᠤᠶᠠᠷᠴᠢ ᠠᠮᠮᠤᠨᠢ᠂ 15kg ᠭᠦᠭᠦᠷ ᠭᠦᠴᠢᠯ ᠤᠨ ᠺᠠᠯᠢ᠂ 1kg ᠤᠷᠴᠢᠮ ᠭᠦᠭᠦᠷ ᠭᠦᠴᠢᠯ ᠤᠨ ᠴᠠᠶᠢᠷ᠂ 3kg ᠰᠢᠭᠡᠰᠦᠯᠢᠭ ᠡᠳ᠋ ᠪᠤᠶᠤ ᠪᠦᠳᠦᠮᠵᠢᠳᠡᠢ ᠠᠭᠤᠯᠤᠭᠳᠠᠴᠨ ᠨᠢ ᠲᠡᠩᠴᠡᠭᠦᠤ ᠪᠦᠭᠦᠢ ᠡᠷᠳᠡᠨᠢ ᠰᠢᠰᠢ ᠶᠢᠨ ᠨᠠᠶᠢᠷᠠᠯᠭ᠎ᠠ ᠪᠤᠷᠳᠤᠭᠤᠷ ᠢ ᠤᠷᠤᠭᠤᠯᠤᠨ᠎ᠠ᠃ ᠦᠷ᠎ᠠ ᠪᠤᠷᠳᠤᠭᠤᠷ ᠢ ᠲᠠᠪᠬᠤᠷᠭ᠎ᠠ ᠬᠤᠪᠢᠶᠠᠨ ᠤᠷᠤᠭᠤᠯᠬᠤ ᠮᠠᠰᠢᠨ ᠢᠶᠠᠷ ᠦᠷ᠎ᠠ ᠶᠢᠨ ᠲᠤᠤᠷ᠎ᠠ ᠲᠠᠯ᠎ᠠ ᠳᠤ ᠭᠦᠨ ᠤᠷᠤᠭᠤᠯᠬᠤ ᠪᠤᠶᠤ ᠦᠷ᠎ᠡ ᠠᠴᠠ 5~6cm ᠵᠠᠶᠢᠳᠠᠢ ᠭᠠᠵᠠᠷ ᠲᠤ ᠤᠷᠤᠭᠤᠯᠵᠤ᠂ ᠴᠢᠭᠢ ᠨᠢ ᠰᠢᠳ᠋ᠬᠠᠳᠠᠬᠤ ᠠᠴᠠ ᠰᠡᠷᠭᠡᠶᠢᠯᠡᠨ᠎ᠡ᠃

      7. ᠴᠢᠭᠢᠯᠡᠭᠦ ᠦᠶ᠎ᠠ ᠳᠤᠨᠢ ᠶᠠᠮᠠᠷ ᠠᠷᠠᠴᠢᠯᠠᠯᠳᠡ ᠶᠢᠨ ᠠᠷᠭ᠎ᠠ ᠭᠡᠮᠵᠢᠶ᠎ᠠ ᠠᠪᠬᠤ ᠪᠤᠢ︖

      ᠡᠷᠳᠡᠨᠢ ᠰᠢᠰᠢ ᠶᠢᠨ ᠴᠢᠭᠢᠯᠡᠭᠦ ᠬᠤᠭᠤᠴᠠᠭ᠎ᠠ ᠭᠡᠳᠡᠭ ᠪᠤᠯ ᠴᠢᠭᠢᠯᠡᠭᠦ ᠠᠴᠠ ᠠᠪᠤᠭᠠᠳ ᠦᠶᠡᠳᠦᠭᠦ ᠦᠶ᠎ᠠ ᠭᠦᠷᠳᠡᠯᠡᠭᠢ ᠬᠤᠭᠤᠴᠠᠭ᠎ᠠ ᠶᠢ ᠭᠡᠯᠡᠵᠤ ᠪᠠᠶᠢᠨ᠎ᠠ᠃ ᠡᠨᠡ ᠨᠢ ᠰᠢᠮ᠎ᠠ ᠲᠡᠵᠢᠭᠡᠯ ᠤᠨ ᠤᠷᠤᠭᠤᠯᠤᠯᠳᠠ ᠶᠢᠨ ᠬᠤᠭᠤᠴᠠᠭ᠎ᠠ ᠪᠤᠯᠤᠨ᠎ᠠ᠃ ᠶᠡᠭᠡ ᠲᠦᠯᠦᠪ 5 ᠳ᠋ᠤᠭᠠᠷ ᠰᠠᠷ᠎ᠠ ᠶᠢᠨ 15 ᠪᠤᠶᠤ 20 ᠤ ᠡᠳᠤᠷ ᠠᠴᠠ 6 ᠳ᠋ᠤᠭᠠᠷ ᠰᠠᠷ᠎ᠠ ᠶᠢᠨ 15 ᠪᠤᠶᠤ 20 ᠤ ᠡᠳᠤᠷ ᠪᠤᠯᠳᠡᠯᠡᠭᠢ ᠨᠢᠭᠡ ᠰᠠᠷ᠎ᠠ ᠶᠢᠨ ᠬᠤᠭᠤᠴᠠᠭ᠎ᠠ ᠪᠤᠯᠤᠨ᠎ᠠ᠃ ᠡᠨᠡ ᠦᠶ᠎ᠠ ᠳᠤ 1~9 ᠨᠠᠪᠴᠢ ᠭᠠᠷᠴᠤ᠂ 6 ᠨᠠᠪᠴᠢ ᠨᠡᠭᠡᠭᠡᠭᠳᠡᠨ᠎ᠡ᠃ ᠡᠨᠡ ᠦᠶ᠎ᠠ ᠶᠢᠨ ᠲᠠᠷᠢᠶᠠᠨ ᠳᠠᠬᠢ ᠠᠷᠠᠴᠢᠯᠠᠯᠳᠡ ᠭᠡᠪᠡᠯ ᠭᠤᠤᠯ ᠨᠢ ᠴᠢᠭᠢ ᠪᠦᠷᠢᠨ ᠢᠳᠡᠷᠡᠭᠦᠨ ᠴᠢᠭᠢ ᠲᠠᠢ ᠪᠠᠶᠢᠯᠭᠠᠬᠤ ᠪᠠᠷ ᠭᠤᠤᠯ ᠪᠤᠯᠭᠠᠵᠤ᠂ ᠲᠤᠤᠷᠠᠭᠢ ᠶᠢ ᠠᠭᠢᠭᠤᠯᠤᠨ ᠲᠠᠭᠡᠷᠡᠭᠢ ᠶᠢ ᠨᠢ ᠭᠢᠵᠠᠭᠠᠷᠯᠠᠵᠤ᠂ ᠴᠢᠭᠢ ᠶᠢ ᠢᠳᠡᠷᠡᠭᠦᠨ ᠪᠤᠶᠢᠵᠢᠭᠤᠯᠤᠨ᠎ᠠ᠃

      ᠡᠷᠳᠡᠨᠢ ᠰᠢᠰᠢ ᠴᠢᠭᠢᠯᠡᠭᠰᠡᠨ ᠤ ᠭᠢᠨᠢ ᠰᠡᠭᠦᠯᠡᠷ ᠭᠠᠵᠠᠷ ᠲᠠᠯᠠᠪᠠᠢ ᠪᠤᠯᠤᠨ ᠮᠦᠷ ᠲᠠᠯᠠᠩ ᠢ ᠲᠠᠷᠠᠭᠠᠯᠠᠨ ᠪᠠᠶᠢᠴᠠᠭᠠᠨ᠎ᠠ᠃ ᠭᠡᠷᠪᠡ ᠪᠠᠭ᠎ᠠ ᠭᠡᠮᠵᠢᠶ᠎ᠠ ᠪᠠᠷ ᠴᠢᠭᠢ ᠲᠤᠳ᠋ᠬᠠᠳᠠᠵᠤ ᠪᠠᠶᠢᠪᠠᠯ ᠤᠶᠢᠷᠠᠯᠴᠠᠭ᠎ᠠ ᠪᠤᠶᠤ ᠵᠡᠷᠭᠡᠯᠡᠳᠡᠭᠡ ᠮᠦᠷ ᠠᠴᠠ ᠨᠢ ᠴᠢᠭᠢ ᠵᠢᠭᠡᠯᠡᠵᠤ᠂ ᠰᠠᠭᠤᠷᠢ ᠶᠢᠨ ᠲᠤᠭ᠎ᠠ ᠶᠢ ᠪᠠᠳᠤᠯᠠᠨ᠎ᠠ᠃ ᠭᠡᠷᠪᠡ ᠴᠢᠭᠢ ᠲᠤᠳ᠋ᠬᠠᠳᠠᠨ
ᠵᠤᠷᠠᠭ᠎ᠠ ᠲᠠᠰᠤᠷᠬᠠᠰᠠᠨ ᠪᠤᠯ ᠲᠠᠷᠠ ᠲᠠᠷᠤᠢ ᠳᠤᠨᠢ ᠨᠦᠭᠦᠵᠤ ᠲᠠᠷᠢᠨ᠎ᠠ᠃

      ᠨᠦᠭᠦᠴᠡᠯ ᠲᠠᠢ ᠭᠠᠵᠠᠷ ᠤᠷᠤᠨ ᠪᠤᠯ ᠠᠷᠴᠢᠬᠤ ᠠᠴᠠ ᠡᠮᠦᠨ᠎ᠠ ᠠᠠᠵᠢᠰᠤ ᠪᠠᠷ ᠭᠦᠢᠭᠡᠨ ᠤᠷᠪᠠᠭᠤᠯᠬᠤ ᠶᠢ ᠰᠠᠨᠠᠭᠠᠴᠢᠯᠡᠨ᠎ᠡ᠃ ᠵᠢᠵᠢᠭ ᠠᠠᠵᠢᠰᠤ ᠪᠠᠷ ᠭᠦᠨ ᠰᠤᠯᠠᠷᠠᠭᠤᠯᠤᠨ ᠰᠢᠷᠤᠢ ᠨᠡᠮᠡᠵᠤ᠂ ᠰᠤᠯᠠᠷᠠᠭᠤᠯᠤᠠᠠᠰᠠᠨ ᠰᠢᠷᠤᠢ ᠶᠢᠨ ᠲᠤᠯᠠᠭᠠᠨ ᠤ ᠭᠡᠮᠵᠢᠶ᠎ᠠ ᠶᠢ ᠨᠡᠮᠡᠭᠳᠡᠭᠦᠯᠭᠦ ᠦᠷ᠎ᠡ ᠪᠦᠳᠦᠮᠵᠢ ᠳᠤ ᠭᠦᠷᠦᠭᠦᠯᠦᠨ᠎ᠠ᠃ ᠡᠨᠡ ᠨᠢ ᠨᠢᠯᠬ᠎ᠠ ᠴᠢᠭᠢᠨ ᠤ ᠡᠷᠳᠡ ᠤᠷᠭᠤᠵᠤ ᠲᠦᠷᠭᠡᠨ ᠦᠰᠭᠦ ᠪᠡ ᠴᠢᠭᠢ ᠰᠠᠭᠤᠯᠭᠠᠨ ᠴᠢᠭᠢ ᠢᠳᠡᠷᠡᠵᠢᠭᠦᠯᠭᠦ ᠳᠤ ᠠᠰᠢᠠᠠᠳᠠᠢ ᠶᠤᠮ᠃

       ᠲᠤᠠᠠᠳ᠋ᠬᠠᠰᠠᠨ ᠨᠢᠠᠠᠳᠠᠴᠠ ᠪᠠᠷ ᠴᠢᠭᠢ ᠦᠯᠡᠳᠡᠭᠡᠵᠤ᠂ ᠮᠠᠰᠢᠨ ᠢᠶᠠᠷ ᠨᠠᠷᠢᠯᠢᠬ ᠭᠡᠮᠵᠢᠶ᠎ᠠ ᠪᠠᠷ ᠪᠦᠭᠦ ᠰᠠᠭᠤᠷᠢ ᠶᠢᠨ ᠵᠠᠢ ᠪᠠᠷ ᠲᠠᠷᠢᠬᠤ ᠳᠤ ᠨᠢᠬᠡ ᠯᠠ ᠲᠡᠭᠡᠷ᠎ᠡ ᠴᠢᠭᠢ ᠲᠤᠠᠠᠳᠠᠭᠠᠵᠤ᠂ ᠬᠤᠤᠰ ᠰᠠᠯᠠᠭ᠎ᠠ ᠶᠢ ᠠᠪᠴᠤ ᠬᠠᠶᠠᠵᠤ᠂ ᠬᠠᠭᠠᠰ ᠰᠠᠭᠤᠷᠢ ᠶᠢᠨ ᠵᠠᠢ ᠪᠠᠷ ᠲᠠᠷᠢᠬᠤ ᠳᠤ ᠨᠢᠭᠡ ᠠᠯᠤᠰᠯᠠᠨ ᠨᠢᠭᠡ ᠶᠢ ᠲᠠᠷᠢᠨ᠎ᠠ᠃ ᠴᠢᠭᠢ ᠲᠤᠳᠠᠵᠤ ᠪᠠᠶᠢᠭ᠎ᠠ ᠭᠠᠵᠠᠷ ᠲᠤ ᠬᠤᠶᠠᠷ ᠴᠢᠭᠢ ᠦᠯᠡᠳᠡᠭᠡᠵᠤ᠂ ᠮᠤ᠋ ᠪᠦᠷᠢ ᠶᠢᠨ ᠰᠠᠭᠤᠷᠢ ᠶᠢᠨ ᠲᠤᠭ᠎ᠠ ᠶᠢ ᠪᠠᠳᠤᠯᠠᠨ᠎ᠠ᠃ ᠴᠢᠭᠢ ᠦᠯᠡᠳᠡᠭᠡᠭᠦ ᠳᠡᠭᠡᠨ ᠪᠠᠭᠤᠷᠠᠢ ᠴᠢᠭᠢ᠂ ᠵᠢᠵᠢᠭ ᠴᠢᠭᠢ᠂ ᠭᠡᠮᠳᠤᠯ ᠲᠠᠢ ᠴᠢᠭᠢ ᠶᠢ ᠲᠡᠭᠦᠨ ᠬᠠᠶᠠᠵᠤ᠂ ᠢᠳᠡᠷᠡᠭᠦᠨ ᠴᠢᠭᠢ᠂ ᠪᠦᠷᠢᠨ ᠴᠢᠭᠢ᠂ ᠲᠤᠮᠤ ᠴᠢᠭᠢ ᠶᠢ ᠦᠯᠡᠳᠡᠭᠡᠵᠤ᠂ ᠲᠡᠭᠰᠢ᠂ ᠵᠢᠭᠳᠡ ᠭᠦᠢᠴᠡᠳ ᠪᠠᠶᠢᠬᠤ ᠶᠢ ᠪᠠᠳᠤᠯᠠᠨ᠎ᠠ᠃

       ᠴᠢᠭᠢ ᠰᠠᠭᠤᠯᠭᠠᠠᠠᠰᠠᠨ ᠤ ᠰᠡᠭᠦᠯᠡᠷ ᠠᠷᠴᠢᠭᠤᠷ ᠢᠶᠠᠷ ᠠᠷᠴᠢᠨ᠎ᠠ᠂ ᠭᠡᠳᠦᠷᠭᠡᠢ ᠲᠦᠷᠭᠡᠨ ᠠᠷᠴᠢᠵᠤ ᠪᠤᠯᠬᠤ ᠦᠭᠡᠢ᠂ ᠴᠢᠭᠢ ᠶᠢ ᠲᠠᠷᠤᠠᠠᠰᠠᠨ ᠪᠠᠶᠢᠪᠠᠯ ᠲᠠᠷᠦ᠋ᠢᠬᠠᠨ ᠪᠤᠰᠬᠠᠵᠤ ᠦᠭᠭᠦ ᠭᠡᠷᠡᠭᠳᠡᠢ᠃

       6 ᠳ᠋ᠤᠭᠠᠷ ᠰᠠᠷ᠎ᠠ ᠶᠢᠨ ᠲᠤᠮᠳᠠᠴᠢ ᠪᠠᠷ ᠪᠦᠭᠦᠨ ᠢ ᠠᠷᠴᠢᠵᠤ᠂ ᠵᠢᠵᠢᠭ ᠠᠠᠵᠢᠰᠤ ᠪᠠᠷ ᠭᠦᠨ ᠤᠷᠪᠠᠭᠤᠯᠤᠨ ᠰᠢᠷᠤᠢ ᠨᠡᠮᠡᠭᠦ ᠦᠭᠡᠢ᠂ ᠲᠠᠯᠠᠩ ᠤᠨ ᠭᠤᠤ ᠳᠤ ᠢᠯᠡᠭᠦᠭᠡᠨ ᠰᠢᠷᠤᠢ ᠲᠠᠢ ᠪᠠᠶᠢᠯᠭᠠᠵᠤ᠂ ᠰᠡᠭᠦᠯ ᠳᠤ ᠠᠷᠴᠢᠵᠤ ᠤᠷᠪᠠᠭᠤᠯᠤᠨ ᠰᠢᠷᠤᠢ ᠨᠡᠮᠡᠭᠦ ᠳᠤ ᠨᠦᠭᠦᠴᠡᠯ ᠪᠦᠷᠢᠳᠦᠭᠦᠯᠦᠨ ᠦᠭᠭᠦᠨ᠎ᠠ᠃

      8. ᠲᠦᠷᠤᠬᠦᠳᠤᠬᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖

      ᠲᠦᠷᠤᠬᠦᠳᠤᠬᠦ ᠬᠤᠭᠤᠴᠠᠭᠠᠨ ᠤ ᠠᠷᠠᠴᠢᠯᠠᠯᠳᠡ ᠬᠠᠮᠢᠶᠠᠷᠤᠯᠳᠠ ᠭᠡᠳᠡᠭ ᠪᠤᠯ ᠦᠶᠡᠳᠤᠭᠦ ᠠᠴᠠ ᠠᠪᠤᠭᠠᠳ ᠲᠦᠷᠦᠭᠦᠤ ᠰᠠᠭᠤᠬᠤ ᠱᠠᠳᠤ ᠦᠶ᠎ᠠ ᠶᠢ ᠭᠡᠯᠡᠵᠤ ᠪᠠᠶᠢᠬᠤ ᠪᠦᠭᠡᠳ ᠡᠨᠡ ᠦᠶ᠎ᠠ ᠪᠤᠯ ᠰᠢᠮ᠎ᠠ ᠲᠡᠵᠢᠭᠡᠯ ᠤᠨ ᠤᠷᠭᠤᠯᠳᠠ ᠪᠠ ᠦᠷᠡᠵᠢᠯ ᠤᠨ ᠤᠷᠭᠤᠯᠳᠠ ᠬᠤᠤᠰᠯᠠᠬᠤ ᠱᠠᠳᠤ ᠦᠶ᠎ᠠ ᠪᠤᠯᠤᠨ᠎ᠠ᠃ ᠡᠨᠡ ᠦᠶ᠎ᠠ ᠪᠤᠯ ᠲᠠᠷᠢᠶᠠᠨ ᠳᠠᠬᠢ ᠬᠠᠮᠢᠶᠠᠷᠤᠯᠳᠠ ᠶᠢᠨ ᠭᠤᠤᠯᠳᠠᠯᠭ᠎ᠠ ᠪᠤᠯᠤᠨ᠎ᠠ᠃ ᠶᠡᠭᠡ ᠲᠦᠯᠦᠪ 6 ᠳ᠋ᠤᠭᠠᠷ ᠰᠠᠷ᠎ᠠ ᠶᠢᠨ 20 ᠠᠴᠠ 7 ᠳ᠋ᠤᠭᠠᠷ ᠰᠠᠷ᠎ᠠ ᠶᠢᠨ 25 ᠤ ᠤᠷᠴᠢᠮ ᠪᠤᠯᠳᠠᠯᠠᠭᠢ ᠨᠢᠭᠡ ᠰᠠᠷ᠎ᠠ ᠰᠢᠬᠠᠮ ᠤᠨ ᠬᠤᠭᠤᠴᠠᠭ᠎ᠠ ᠪᠤᠯᠤᠨ᠎ᠠ᠃ ᠡᠨᠡ ᠦᠶᠡᠰ 9~21 ᠨᠠᠪᠴᠢᠯᠠᠵᠤ᠂ 6~20 ᠨᠠᠪᠴᠢ ᠨᠢ ᠲᠠᠯᠭᠡᠷᠡᠨ᠎ᠡ᠃ ᠡᠨᠡ ᠪᠤᠯ ᠡᠷᠳᠡᠨᠢ ᠰᠢᠰᠢ ᠶᠢᠨ ᠨᠢᠭᠡ ᠨᠠᠰᠤᠨ ᠤ ᠤᠷᠭᠤᠯᠳᠠ ᠶᠢᠨ ᠬᠠᠮᠤᠭ ᠤᠨ ᠭᠦᠭ ᠦᠶ᠎ᠠ ᠪᠦᠭᠡᠳ ᠡᠯᠪᠡᠭ ᠬᠤᠷᠢᠶᠠᠯᠳᠠ ᠲᠠᠢ ᠲᠠᠷᠢᠬᠤ ᠶᠢᠨ ᠬᠠᠮᠤᠭ ᠤᠨ ᠵᠠᠩᠭᠢᠯᠠᠭ᠎ᠠ ᠶᠢᠨ ᠴᠠᠭ ᠦᠶ᠎ᠠ ᠪᠤᠯᠤᠨ᠎ᠠ᠃

      ᠲᠤᠮᠳᠠ ᠵᠡᠷᠭᠡ ᠤᠷᠪᠡᠭᠤᠯᠵᠤ᠂ ᠡᠪᠡᠰᠤ ᠶᠢ ᠠᠷᠢᠯᠭᠠᠬᠤ᠄ ᠲᠠᠷᠢᠶᠠᠨ ᠳᠠᠬᠢ ᠭᠤᠤᠯ ᠭᠢᠭᠦ ᠠᠵᠢᠯ ᠭᠡᠪᠡᠯ᠂ ᠠᠷᠴᠢᠵᠤ ᠲᠠᠩᠨᠠᠬᠤ ᠪᠠᠷ ᠲᠠᠮᠵᠢᠭᠤᠯᠤᠨ᠂ ᠭᠦᠷᠤᠰᠤ ᠰᠢᠷᠤᠢ ᠶᠢ ᠰᠤᠯᠠᠷᠠᠭᠤᠯᠤᠨ᠂ ᠰᠤᠯᠠ ᠡᠪᠡᠰᠤ ᠶᠢ ᠠᠷᠢᠯᠭᠠᠵᠤ᠂ ᠭᠦᠷᠦᠰᠤᠨ ᠤ ᠲᠤᠯᠠᠭᠠᠨ ᠢ ᠨᠡᠮᠡᠭᠳᠡᠭᠦᠯᠵᠤ᠂ ᠡᠷᠳᠡᠨᠢ ᠰᠢᠰᠢ ᠶᠢᠨ ᠤᠷᠭᠤᠯᠳᠠ ᠳᠤ ᠠᠰᠢᠠᠠᠳᠠᠢ ᠪᠠᠶᠢᠯᠭᠠᠨ᠎ᠠ᠃ 6 ᠳ᠋ᠤᠭᠠᠷ ᠰᠠᠷ᠎ᠠ ᠶᠢᠨ 20 ᠤ ᠤᠷᠴᠢᠮ ᠢᠶᠠᠷ ᠦᠶᠡᠳᠤᠭᠦ ᠬᠤᠭᠤᠴᠠᠭ᠎ᠠ ᠠᠴᠠ ᠨᠢ ᠡᠮᠦᠨᠡᠭᠦᠷ ᠬᠤᠶᠢᠭᠤᠷ ᠲᠤᠮᠤ ᠠᠷᠴᠢᠭᠤᠷ ᠢᠶᠠᠷ ᠬᠤᠶᠠᠷᠳᠡᠭᠢ ᠤᠳᠠᠭ᠎ᠠ ᠠᠷᠴᠢᠵᠤ᠂ ᠡᠷᠳᠡᠨᠢ ᠰᠢᠰᠢ ᠶᠢᠨ ᠠᠴᠠ ᠰᠠᠯᠠᠭ᠎ᠠ ᠶᠢ ᠨᠢ ᠠᠪᠴᠤ ᠬᠠᠶᠠᠨ᠎ᠠ᠃ 7 ᠳ᠋ᠤᠭᠠᠷ ᠰᠠᠷ᠎ᠠ ᠶᠢᠨ ᠡᠭᠢ ᠪᠠᠷ ᠡᠷᠳᠡᠨᠢ ᠰᠢᠰᠢ ᠵᠢᠵᠢᠭ ᠪᠦᠷᠢᠶ᠎ᠠ ᠶᠢᠨ ᠠᠮᠠ ᠲᠠᠢ ᠪᠤᠯᠬᠤ ᠦᠶᠡᠰ ᠭᠤᠷᠪᠡᠳᠡᠭᠢ ᠤᠳᠠᠭ᠎ᠠ ᠨᠠᠷᠢᠨ ᠠᠷᠴᠢᠵᠤ᠂ ᠰᠤᠯᠠ ᠡᠪᠡᠰᠤ ᠶᠢ ᠲᠦᠢᠯᠪᠤᠷᠢᠳᠡᠢ ᠠᠷᠢᠯᠭᠠᠬᠤ ᠶᠢᠨ ᠬᠠᠮᠳᠤ ᠬᠤᠶᠠᠳᠤᠭᠠᠷ ᠦᠶ᠎ᠠ ᠶᠢᠨ ᠲᠠᠪᠤᠨ ᠵᠢᠷᠤᠭᠠᠳᠤ ᠬᠤᠷᠤᠬᠠᠢ ᠶᠢ ᠰᠡᠷᠭᠡᠶᠢᠯᠡᠨ᠎ᠠ᠃ ᠶᠠᠷᠤ ᠶᠢᠨ ᠠᠷᠴᠢᠬᠤ ᠪᠠ ᠲᠠᠩᠨᠠᠬᠤ ᠲᠠᠢ ᠤᠶᠠᠯᠳᠤᠭᠤᠯᠵᠤ᠂ ᠤᠷᠢᠳ ᠢᠶᠠᠷ ᠠᠷᠴᠢᠨ ᠲᠠᠷᠠᠭ᠎ᠠ ᠪᠠᠷ ᠨᠢ ᠲᠠᠩᠨᠠᠪᠠᠯ ᠲᠠᠯᠠᠩ ᠭᠤᠤ ᠳᠠᠬᠢ ᠠᠷᠴᠢᠠᠠᠳ᠋ᠬᠠᠰᠠᠨ ᠦᠭᠡᠢ ᠦᠯᠡᠳᠡᠭᠰᠡᠨ ᠰᠤᠯᠠ ᠡᠪᠡᠰᠤ ᠶᠢ ᠠᠷᠢᠯᠭᠠᠵᠤ ᠴᠢᠳᠠᠬᠤ ᠪᠦᠭᠡᠳ ᠲᠤᠭᠢᠳᠡᠢ ᠰᠢᠷᠤᠢ ᠨᠡᠮᠡᠨ ᠡᠪᠡᠰᠤ ᠶᠢ ᠲᠠᠷᠤᠵᠤ ᠴᠢᠳᠠᠨ᠎ᠠ᠃ ᠲᠠᠷᠢᠶ᠎ᠠ ᠶᠢ ᠲᠠᠩᠨᠠᠬᠤ ᠳᠤ ᠮᠠᠰᠢᠨ ᠢᠶᠠᠷ ᠲᠠᠩᠨᠠᠬᠤ ᠪᠤᠶᠤ ᠮᠠᠯ ᠤᠨᠤᠭ᠎ᠠ ᠪᠠᠷ ᠲᠠᠩᠨᠠᠬᠤ ᠬᠤᠶᠠᠷ ᠵᠦᠢᠯ ᠤᠨ ᠠᠷᠭ᠎ᠠ ᠪᠠᠶᠢᠨ᠎ᠠ᠃ ᠬᠤᠶᠠᠷᠳᠡᠭᠢ ᠤᠳᠠᠭ᠎ᠠ ᠲᠠᠩᠨᠠᠬᠤ ᠳᠠᠭᠠᠨ ᠲᠠᠯᠠᠩ ᠪᠤᠰᠬᠠᠵᠤ᠂ ᠵᠤᠷᠠᠭ᠎ᠠ ᠶᠢᠨ ᠭᠤᠤ ᠳᠤ ᠰᠠᠭᠤᠷᠢ ᠰᠢᠷᠤᠢ ᠦᠯᠡᠳᠡᠭᠡᠭᠦ ᠭᠡᠷᠡᠭᠳᠡᠢ᠃ ᠭᠤᠷᠪᠡᠳᠡᠭᠢ ᠤᠳᠠᠭ᠎ᠠ ᠲᠠᠩᠨᠠᠬᠤ ᠳᠠᠭᠠᠨ ᠲᠤᠮᠤ ᠲᠠᠯᠠᠩ ᠭᠠᠷᠭᠠᠬᠤ ᠭᠡᠷᠡᠭᠳᠡᠢ᠃

      ᠪᠤᠷᠳᠤᠭᠤᠷ ᠨᠦᠭᠦᠨ ᠤᠰᠤᠯᠠᠬᠤ᠄ ᠡᠷᠳᠡᠨᠢ ᠰᠢᠰᠢ ᠨᠢ ᠲᠦᠷᠤᠬᠦᠳᠤᠬᠦ ᠬᠤᠭᠤᠴᠠᠭᠠᠨ ᠳᠠᠭᠠᠨ ᠭᠦᠷᠤᠰᠤ ᠰᠢᠷᠤᠢ ᠶᠢᠨ ᠰᠢᠮ᠎ᠠ ᠲᠠᠵᠢᠬᠡᠯ ᠨᠢ ᠰᠦᠷᠡᠭᠡᠢ ᠲᠦᠷᠭᠡᠨ ᠨᠡᠮᠡᠭᠳᠡᠭᠦ ᠭᠡᠷᠡᠭᠴᠡᠭᠡ ᠶᠢ ᠬᠠᠨᠭ᠍ᠭᠠᠬᠤ ᠶᠢᠨ ᠲᠤᠰᠠᠳᠠ᠂ ᠲᠦᠷᠤᠬᠦᠳᠤᠬᠦ ᠬᠤᠭᠤᠴᠠᠭᠠᠨ ᠳᠤᠨᠢ ᠲᠠᠩᠨᠠᠬᠤ ᠠᠵᠢᠯ ᠲᠠᠢ ᠤᠶᠠᠯᠳᠤᠭᠤᠯᠤᠨ ᠬᠤᠶᠠᠷ ᠤᠳᠠᠭ᠎ᠠ ᠠᠽᠤᠲ ᠪᠤᠷᠳᠤᠭᠤᠷ ᠤᠷᠤᠭᠤᠯᠬᠤ ᠭᠡᠷᠡᠭᠳᠡᠢ᠃ ᠨᠢᠭᠡᠳᠦᠭᠡᠷ ᠤᠳᠠᠭ᠎ᠠ ᠪᠤᠷᠳᠤᠭᠤᠷ ᠨᠦᠭᠦᠭᠦ ᠳᠤ ᠦᠶᠡᠳᠦᠭᠦ ᠬᠤᠭᠤᠴᠠᠭᠠᠨ ᠳᠤ ᠦᠶ᠎ᠠ ᠨᠢ ᠡᠭᠢᠯᠡᠨ ᠰᠤᠨᠵᠤ᠂ ᠵᠢᠵᠢᠭ ᠲᠦᠷᠦᠭᠦᠤ ᠨᠢ ᠡᠭᠢᠯᠡᠨ ᠵᠠᠳᠠᠷᠠᠵᠤ᠂ ᠠᠽᠤᠲ ᠡᠳ᠋ ᠤᠨ ᠰᠢᠮ᠎ᠠ ᠭᠦᠷᠳᠡᠭᠦ ᠬᠤᠭᠤᠴᠠᠭᠠᠨ ᠳᠤ ᠰᠢᠮ᠎ᠠ ᠭᠦᠷᠳᠡᠭᠦ‍ ᠨᠢᠭᠡ ᠤᠳᠠᠭᠠᠨ ᠤ ᠤᠷᠭᠢᠯ ᠦᠶ᠎ᠠ ᠪᠤᠯᠬᠤ 6 ᠳ᠋ᠤᠭᠠᠷ ᠰᠠᠷ᠎ᠠ ᠶᠢᠨ ᠬᠤᠷᠢᠳ ᠤᠨ ᠡᠮᠦᠨᠡᠭᠦᠷ ᠬᠤᠶᠢᠭᠤᠷ ᠲᠤᠬᠠᠶᠢᠯᠠᠪᠠᠯ ᠬᠤᠶᠠᠷᠳᠡᠭᠢ ᠤᠳᠠᠭ᠎ᠠ ᠠᠷᠴᠢᠠᠠᠰᠠᠨ ᠤ ᠪᠠᠨ ᠰᠡᠭᠦᠯᠡᠷ ᠨᠢᠭᠡ ᠤᠳᠠᠭ᠎ᠠ ᠦᠶᠡᠳᠤᠯ ᠤᠨ ᠪᠤᠷᠳᠤᠭᠤᠷ ᠤᠷᠤᠭᠤᠯᠵᠤ᠂ ᠶᠡᠷᠦᠩᠭᠡᠢ ᠳᠡᠭᠡᠨ ᠮᠤ᠋ ᠪᠦᠷᠢ 20kg ᠤᠷᠴᠢᠮ ᠤᠨ ᠰᠢᠭᠡᠰᠦᠯᠢᠭ ᠡᠳ᠋ ᠨᠦᠭᠦᠨ ᠤᠷᠤᠭᠤᠯᠤᠨ᠎ᠠ᠂ ᠪᠤᠷᠳᠤᠭᠤᠷ ᠤᠷᠤᠭᠤᠯᠬᠤ ᠳᠠᠭᠠᠨ ᠮᠠᠰᠢᠨ ᠢᠶᠠᠷ ᠪᠤᠶᠤ ᠭᠦᠮᠦᠨ ᠤ ᠭᠦᠴᠤ ᠪᠠᠷ ᠴᠦᠮ ᠤᠷᠤᠭᠤᠯᠵᠤ ᠪᠤᠯᠤᠨ᠎ᠠ᠃ ᠭᠢᠮᠢ ᠶᠢᠨ ᠪᠤᠷᠳᠤᠭᠤᠷ ᠤᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ ᠶᠢᠨ ᠲᠤᠰᠠᠳᠠ ᠵᠤᠷᠠᠭᠠᠯᠠᠨ ᠭᠦᠨ ᠤᠷᠤᠭᠤᠯᠤᠨ᠎ᠠ᠃ ᠮᠠᠰᠢᠨ ᠢᠶᠠᠷ ᠤᠷᠤᠭᠤᠯᠬᠤ ᠳᠠᠭᠠᠨ ᠬᠤᠶᠠᠷᠳᠡᠭᠢ ᠲᠠᠩᠨᠠᠯᠳᠠ ᠲᠠᠢ ᠤᠶᠠᠯᠳᠤᠭᠤᠯᠤᠨ ᠵᠤᠷᠠᠭᠠᠯᠠᠨ ᠭᠦᠨ ᠤᠷᠤᠭᠤᠯᠤᠨ᠎ᠠ᠃ ᠪᠤᠷᠳᠤᠭᠤᠷ ᠤᠨ ᠰᠢᠮ᠎ᠠ ᠲᠡᠵᠢᠭᠡᠯ ᠨᠢ ᠰᠦᠢᠳᠭᠦ ᠠᠴᠠ ᠰᠡᠷᠭᠡᠶᠢᠯᠡᠭᠦ ᠶᠢᠨ ᠲᠤᠯᠠᠳᠠ ᠪᠤᠷᠳᠤᠭᠤᠷ ᠢᠶᠠᠨ ᠭᠠᠵᠠᠷ ᠲᠡᠭᠡᠷ᠎ᠠ ᠰᠢᠭᠤᠳ ᠰᠠᠴᠤᠵᠤ ᠪᠤᠯᠬᠤ ᠦᠭᠡᠢ᠃ ᠪᠤᠷᠳᠤᠭᠤᠷ ᠨᠦᠭᠦᠨ ᠤᠷᠤᠭᠤᠯᠤᠠᠠᠰᠠᠨ ᠤ ᠪᠠᠨ ᠰᠡᠭᠦᠯᠡᠷ ᠰᠢᠷᠤᠢ ᠪᠠᠷ ᠨᠢᠠᠠᠳᠠ ᠲᠠᠷᠤᠨ᠎ᠠ᠃ ᠭᠡᠭᠦ ᠳᠡᠭᠡᠨ ᠭᠢᠮᠢ ᠶᠢᠨ ᠪᠤᠷᠳᠤᠭᠤᠷ ᠨᠢ ᠦᠷ᠎ᠠ ᠶᠢ ᠰᠢᠳᠠᠭᠠᠬᠤ ᠠᠴᠠ ᠰᠡᠷᠭᠡᠶᠢᠯᠡᠭᠦ ᠭᠡᠷᠡᠭᠳᠡᠢ᠃ ᠬᠤᠶᠠᠷᠳᠡᠭᠢ ᠤᠳᠠᠭ᠎ᠠ ᠨᠢ ᠲᠤᠮᠤ ᠪᠦᠷᠢᠶ᠎ᠠ ᠶᠢᠨ ᠠᠮᠠ ᠲᠠᠢ ᠪᠤᠯᠬᠤ ᠦᠶ᠎ᠠ ᠳᠤ ᠪᠤᠷᠳᠤᠭᠤᠷ ᠨᠦᠭᠦᠨ᠎ᠠ᠃ ᠪᠠᠷᠤᠭ 7 ᠳ᠋ᠤᠭᠠᠷ ᠰᠠᠷ᠎ᠠ ᠶᠢᠨ ᠲᠤᠮᠳᠡᠴᠢ ᠪᠠᠷ ᠨᠦᠭᠦᠨ᠎ᠠ᠃ ᠡᠨᠡ ᠬᠤᠭᠤᠴᠠᠭ᠎ᠠ ᠪᠤᠯ ᠡᠷᠳᠡᠨᠢ ᠰᠢᠰᠢ ᠶᠢᠨ ᠤᠰᠤ ᠪᠤᠷᠳᠤᠭᠤᠷ ᠤᠨ ᠵᠠᠭᠠᠠᠠᠳᠤ ᠬᠤᠭᠤᠴᠠᠭ᠎ᠠ᠃ ᠦᠭᠡᠷ᠎ᠡ ᠪᠠᠷ ᠭᠡᠯᠡᠪᠡᠯ ᠡᠷᠳᠡᠨᠢ ᠰᠢᠰᠢ ᠶᠢᠨ ᠲᠦᠷᠦᠭᠦᠤ ᠶᠢᠨ ᠲᠤᠮᠤ ᠵᠢᠵᠢᠭ᠂ ᠮᠦᠭᠦᠯᠢᠭ ᠤᠨ ᠤᠯᠠᠨ ᠴᠦᠭᠡᠨ ᠢ ᠲᠤᠠᠠᠳᠠᠭᠠᠬᠤ ᠵᠠᠩᠭᠢᠯᠠᠭ᠎ᠠ ᠶᠢᠨ ᠬᠤᠭᠤᠴᠠᠭ᠎ᠠ ᠪᠤᠯᠬᠤ ᠲᠤᠯᠠ ᠭᠤᠤᠯ ᠨᠢ ᠲᠦᠷᠦᠭᠦᠳᠤᠭᠦᠯᠬᠦ ᠪᠤᠷᠳᠤᠭᠤᠷ ᠤᠷᠤᠭᠤᠯᠤᠨ᠎ᠠ᠃ ᠪᠠᠶᠢᠳᠠᠯ ᠢ ᠦᠵᠡᠨ ᠦᠶᠡᠳᠤᠯ ᠤᠨ ᠤᠰᠤᠯᠠᠯᠳᠠ ᠭᠢᠵᠤ᠂ ᠤᠰᠤᠯᠠᠯᠳᠠ ᠶᠢ ᠲᠠᠩᠨᠠᠬᠤ ᠪᠠ ᠪᠤᠷᠳᠤᠭᠤᠷ ᠤᠷᠤᠭᠤᠯᠬᠤ ᠲᠠᠢ ᠤᠶᠠᠯᠳᠤᠭᠤᠯᠤᠨ ᠭᠢᠵᠤ᠂ ᠤᠰᠤᠯᠠᠬᠤ ᠭᠡᠮᠵᠢᠶ᠎ᠠ ᠶᠢ ᠪᠤᠷᠤᠭᠠᠨ ᠤ ᠪᠠᠶᠢᠳᠠᠯ ᠢ ᠦᠵᠡᠨ ᠲᠤᠠᠠᠳᠠᠭᠠᠨ᠎ᠠ᠃ ᠦᠶᠡᠳᠤᠯ ᠤᠨ ᠤᠰᠤ ᠶᠢ ᠭᠡᠳᠦᠷᠭᠡᠢ ᠤᠰᠤᠯᠠᠬᠤ ᠠᠴᠠ ᠭᠢᠴᠢᠶᠡᠵᠤ᠂ ᠦᠶᠡᠳᠤᠯ ᠤᠨ ᠦᠶ᠎ᠠ ᠳᠡᠭᠡᠨ ᠡᠷᠳᠡᠨᠢ ᠰᠢᠰᠢ ᠨᠢ ᠲᠡᠨᠡᠭ ᠤᠷᠭᠤᠬᠤ ᠠᠴᠠ ᠰᠡᠷᠭᠡᠶᠢᠯᠡᠨ᠎ᠡ᠃

      ᠡᠷᠳᠡᠨᠢ ᠰᠢᠰᠢ ᠶᠢᠨ ᠮᠢᠩ ᠬᠤᠷᠤᠬᠠᠢ ᠪᠤᠯ ᠭᠤᠤᠯ ᠨᠢ ᠡᠷᠳᠡᠨᠢ ᠰᠢᠰᠢ ᠶᠢ ᠭᠦᠨᠦᠭᠡᠵᠤ᠂ ᠶᠠᠷᠦᠩᠭᠡᠢ ᠳᠡᠭᠡᠨ ᠬᠤᠷᠢᠶᠠᠯᠳᠠ ᠶᠢ 10%~20% ᠪᠠᠷ ᠬᠠᠰᠤᠠᠠᠳᠠᠭᠤᠯᠵᠤ᠂ ᠭᠦᠨᠳᠤ ᠨᠤᠴᠢᠳᠠᠢ ᠵᠢᠯ ᠳᠤ ᠪᠤᠯ ᠬᠤᠷᠢᠶᠠᠯᠳᠠ ᠶᠢ 30% ᠬᠠᠰᠤᠠᠠᠳᠠᠭᠤᠯᠳᠠᠭ᠃ ᠮᠢᠩ ᠬᠤᠷᠤᠬᠠᠢ ᠶᠢ ᠰᠡᠷᠭᠡᠶᠢᠯᠡᠭᠦ ᠳᠤ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠭᠦ᠂ ᠠᠮᠢᠳᠤ ᠪᠤᠳᠠᠰ ᠤᠨ ᠠᠷᠭ᠎ᠠ ᠪᠠᠷ ᠰᠡᠷᠭᠡᠶᠢᠯᠡᠭᠦ᠂ ᠹᠢᠽᠢᠺ ᠤᠨ ᠠᠷᠭ᠎ᠠ ᠪᠠᠷ ᠰᠡᠷᠭᠡᠶᠢᠯᠡᠭᠦ ᠪᠡ ᠭᠢᠮᠢ ᠶᠢᠨ ᠠᠷᠭ᠎ᠠ ᠪᠠᠷ ᠰᠡᠷᠭᠡᠶᠢᠯᠡᠭᠦ ᠵᠡᠷᠭᠡ ᠠᠷᠭ᠎ᠠ ᠭᠡᠮᠵᠢᠶ᠎ᠠ ᠪᠠᠶᠢᠨ᠎ᠠ᠃ ᠮᠦᠭᠦᠯᠢᠭᠳᠦ ᠡᠮ ᠢ ᠴᠢᠳᠬᠤᠬᠤ ᠪᠤᠯ ᠲᠦᠭᠦᠮ ᠮᠦᠷᠳᠡᠭᠡᠨ ᠭᠡᠷᠡᠭᠵᠢᠭᠦᠯᠦᠭᠦᠰᠢᠳᠡᠢ ᠠᠷᠭ᠎ᠠ ᠮᠦᠨ ᠪᠦᠭᠡᠳ ᠮᠠᠰᠢ ᠰᠠᠶᠢᠨ ᠦᠷ᠎ᠠ ᠪᠦᠳᠦᠮᠵᠢ ᠲᠠᠢ ᠪᠠᠶᠢᠳᠠᠭ᠃ ᠲᠤᠬᠠᠶᠢᠯᠠᠪᠠᠯ ᠡᠷᠳᠡᠨᠢ ᠰᠢᠰᠢ ᠶᠢᠨ ᠪᠦᠷᠢᠶ᠎ᠠ ᠶᠢᠨ ᠠᠮᠠ ᠲᠠᠢ ᠪᠤᠯᠬᠤ ᠦᠶ᠎ᠠ ᠳᠤ ᠲᠤᠬᠠᠶᠢᠯᠠᠪᠠᠯ 7 ᠳ᠋ᠤᠭᠠᠷ ᠰᠠᠷ᠎ᠠ ᠶᠢᠨ ᠡᠭᠢ ᠪᠠᠷ ᠨᠠᠪᠴᠢᠨ ᠳᠤᠨᠢ ᠴᠢᠳᠬᠤᠵᠤ᠂ ᠰᠠᠭᠤᠷᠢ ᠪᠦᠷᠢ 2g᠂ ᠶᠠᠷᠦᠩᠭᠡᠢ ᠳᠡᠭᠡᠨ ᠮᠤ᠋ ᠪᠦᠷᠢ 10kg ᠤᠷᠴᠢᠮ ᠭᠡᠷᠡᠭᠯᠡᠨ᠎ᠡ᠃ ᠮᠢᠩ ᠬᠤᠷᠤᠬᠠᠢ ᠶᠢ ᠰᠡᠷᠭᠡᠶᠢᠯᠡᠭᠦ ᠳᠤ ᠨᠢᠭᠡᠳᠦᠯᠳᠡᠢ ᠰᠡᠷᠭᠡᠶᠢᠯᠡᠭᠦ ᠵᠠᠷᠴᠢᠮ ᠢ ᠪᠠᠷᠢᠮᠳᠠᠯᠠᠵᠤ᠂ ᠦᠨᠳᠤᠷ ᠬᠤᠷᠢᠶᠠᠯᠳᠠ ᠲᠠᠢ ᠦᠯᠢᠭᠡᠷ ᠭᠡᠪ ᠤᠨ ᠭᠠᠵᠠᠷ ᠲᠠᠯᠠᠪᠠᠢ ᠶᠢᠨ ᠡᠷᠭᠢᠨ ᠲᠤᠭᠤᠷᠢᠨ ᠤ ᠡᠷᠳᠡᠨᠢ ᠰᠢᠰᠢ ᠶᠢᠨ ᠲᠠᠷᠢᠶ᠎ᠠ ᠳᠤ ᠴᠦᠮ ᠭᠢᠨᠠᠮᠠᠭᠠᠢ ᠰᠡᠷᠭᠡᠶᠢᠯᠡᠭᠦ ᠭᠡᠷᠡᠭᠳᠡᠢ᠃

       ᠦᠨᠳᠤᠷ ᠬᠤᠷᠢᠶᠠᠯᠳᠠᠳᠤ ᠦᠯᠢᠭᠡᠷ ᠭᠡᠪ ᠤᠨ ᠲᠠᠷᠢᠶᠠᠨ ᠤ ᠡᠷᠳᠡᠨᠢ ᠰᠢᠰᠢ ᠲᠠᠷᠢᠬᠤ ᠨᠢᠠᠠᠳᠠᠴᠠ ᠨᠢ ᠨᠡᠯᠢᠶᠡᠳ ᠶᠡᠭᠡ ᠪᠠᠶᠢᠵᠤ᠂ ᠪᠠᠶᠢᠭᠠᠯᠢ ᠶᠢᠨ ᠠᠭᠤᠷ ᠠᠮᠢᠰᠬᠤᠯ ᠤᠨ ᠭᠡᠪ ᠤᠨ ᠪᠤᠰᠤ ᠪᠠᠶᠢᠳᠠᠯ ᠲᠤᠤᠷ᠎ᠠ ᠤᠷᠭᠤᠮᠠᠯ ᠨᠢ ᠠᠮᠠᠷᠬᠠᠨ ᠨᠠᠯᠠᠵᠤ ᠤᠨᠠᠳᠠᠭ ᠪᠤᠯᠬᠤᠷ ᠰᠡᠷᠭᠡᠶᠢᠯᠡᠯᠳᠡ ᠶᠢᠨ ᠠᠷᠭ᠎ᠠ ᠭᠡᠮᠵᠢᠶ᠎ᠠ ᠠᠪᠤᠪᠠᠯ ᠡᠷᠳᠡᠨᠢ ᠰᠢᠰᠢ ᠶᠢᠨ ᠶᠡᠭᠡ ᠭᠡᠮᠵᠢᠶ᠎ᠠ ᠪᠠᠷ ᠨᠠᠯᠡᠵᠤ ᠤᠨᠠᠬᠤ ᠶᠢ ᠨᠢ ᠪᠦᠳᠦᠮᠵᠢᠳᠡᠢ ᠪᠠᠷ ᠰᠡᠷᠭᠡᠶᠢᠯᠡᠵᠤ ᠴᠢᠳᠠᠨ᠎ᠠ᠃ ᠡᠷᠳᠡᠨᠢ ᠰᠢᠰᠢ 6~11 ᠨᠠᠪᠴᠢᠯᠠᠬᠤ ᠦᠶᠡᠰ ᠲᠠᠩ ᠮᠤ᠋ ︵汤姆︶᠂ ᠷᠦᠢ ᠲᠧ ︵瑞特︶ ᠵᠡᠷᠭᠡ ᠡᠷᠳᠡᠨᠢ ᠰᠢᠰᠢ ᠶᠢ ᠢᠳᠡᠷᠡᠵᠢᠭᠦᠯᠬᠦ ᠡᠳ᠋ ᠪᠤᠶᠤ ᠺᠠᠩ ᠫᠦ᠋ ︵康普︶ 6 ᠨᠤᠮᠧᠷᠳᠤ ᠶᠢ ᠰᠦᠷᠴᠢᠪᠡᠯ᠂ ᠤᠷᠭᠤᠮᠠᠯ ᠤᠨ ᠲᠠᠵᠢᠭᠡᠯᠳᠤ ᠦᠰᠦᠯᠳᠡ ᠶᠢ ᠬᠤᠷᠢᠠᠠᠯᠠᠵᠤ᠂ ᠡᠯᠪᠡᠭ ᠬᠤᠷᠢᠶᠠᠯᠳᠠ ᠶᠢᠨ ᠰᠠᠭᠤᠷᠢ ᠶᠢᠨ ᠭᠡᠯᠪᠡᠷᠢ ᠶᠢ ᠪᠤᠢ ᠪᠤᠯᠭᠠᠵᠤ ᠪᠤᠯᠤᠨ᠎ᠠ᠃ ᠭᠡᠷᠪᠡ ᠲᠠᠷᠢᠶᠠᠨ ᠳᠠᠬᠢ ᠤᠰᠤ ᠪᠤᠷᠳᠤᠭᠤᠷ ᠭᠡᠳᠦᠷᠭᠡᠢ ᠠᠬᠠᠳ᠋ᠬᠠᠰᠠᠨ ᠪᠤᠯ ᠦᠷᠭᠦᠯᠵᠢᠯᠡᠨ ᠬᠤᠶᠠᠷ ᠤᠳᠠᠭ᠎ᠠ ᠰᠦᠷᠴᠢᠵᠤ ᠪᠤᠯᠤᠨ᠎ᠠ᠃

     9. ᠰᠡᠭᠦᠯᠴᠢ ᠶᠢᠨ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖

     ᠲᠦᠷᠦᠭᠦᠤ ᠪᠦᠭᠡᠯᠵᠢᠭᠦ ᠠᠴᠠ ᠠᠪᠤᠭᠠᠳ ᠪᠤᠯᠪᠠᠰᠤᠷᠠᠬᠤ ᠬᠤᠭᠤᠴᠠᠭ᠎ᠠ ᠪᠤᠯ ᠰᠡᠭᠦᠯᠴᠢ ᠶᠢᠨ ᠬᠤᠭᠤᠴᠠᠭ᠎ᠠ ᠪᠤᠯᠤᠨ᠎ᠠ᠃ ᠪᠠᠰᠠ ᠴᠡᠴᠡᠭᠯᠡᠨ ᠦᠷᠡᠯᠡᠭᠦ ᠬᠤᠭᠤᠴᠠᠭ᠎ᠠ ᠭᠡᠳᠡᠭ᠃ ᠡᠷᠳᠡᠨᠢ ᠰᠢᠰᠢ ᠨᠢ ᠴᠡᠴᠡᠭ ᠲᠡᠯᠭᠡᠷᠡᠨ ᠲᠤᠭᠤᠰᠤᠳᠤᠬᠤ ᠪᠠ ᠦᠷᠡᠯᠡᠭᠦ ᠬᠤᠭᠤᠴᠠᠭ᠎ᠠ ᠪᠤᠯᠤᠨ᠎ᠠ᠃ 7 ᠳ᠋ᠤᠭᠠᠷ ᠰᠠᠷ᠎ᠠ ᠶᠢᠨ ᠰᠡᠭᠦᠯᠴᠢ ᠠᠴᠠ 9 ᠳ᠋ᠤᠭᠡᠷ ᠰᠠᠷ᠎ᠠ ᠶᠢᠨ ᠰᠡᠭᠦᠯᠴᠢ ᠪᠤᠯᠳᠠᠯᠠᠭᠢ ᠪᠠᠷᠤᠭ 2 ᠰᠠᠷ᠎ᠠ ᠶᠢᠨ ᠬᠤᠭᠤᠴᠠᠭ᠎ᠠ ᠪᠤᠯᠤᠨ᠎ᠠ᠃ ᠡᠷᠳᠡᠨᠢ ᠰᠢᠰᠢ ᠶᠢᠨ ᠨᠠᠪᠴᠢ ᠨᠢ ᠪᠦᠭᠦᠨ ᠢᠶᠠᠷ ᠢᠶᠠᠨ ᠲᠡᠯᠭᠡᠷᠡᠵᠤ᠂ ᠭᠤᠤᠯ ᠤᠷᠭᠤᠯᠳᠠ ᠶᠢᠨ ᠡᠷᠭᠡᠳᠡᠨ ᠨᠢ ᠦᠷ᠎ᠡ ᠮᠦᠭᠦᠯᠢᠭ ᠪᠤᠯᠬᠤ ᠡᠷᠳᠡᠨᠢ ᠰᠢᠰᠢ ᠶᠢᠨ ᠦᠷᠡᠵᠢᠯ ᠤᠨ ᠦᠰᠦᠯᠳᠡ ᠶᠢᠨ ᠱᠠᠳᠤ ᠦᠶ᠎ᠠ ᠪᠤᠯᠤᠨ᠎ᠠ᠃ ᠡᠨᠡ ᠬᠤᠭᠤᠴᠠᠭᠠᠨ ᠳᠠᠬᠢ ᠠᠷᠠᠴᠢᠯᠠᠯᠳᠠ ᠬᠠᠮᠢᠶᠠᠷᠤᠯᠳᠠ ᠶᠢᠨ ᠭᠤᠤᠯ ᠡᠭᠦᠷᠭᠡ ᠪᠤᠯ ᠲᠤᠭᠤᠰᠤᠳᠤᠨ ᠦᠷᠡᠯᠡᠭᠦ ᠳᠤ ᠰᠠᠶᠢᠨ ᠰᠠᠶᠢᠬᠠᠨ ᠤᠷᠴᠢᠨ ᠨᠦᠭᠦᠴᠡᠯ ᠢ ᠪᠤᠢ ᠪᠤᠯᠭᠠᠨ ᠦᠭᠴᠤ᠂ ᠦᠷ᠎ᠡ ᠮᠦᠭᠦᠯᠢᠭ ᠢ ᠨᠢ ᠴᠠᠳᠬᠤᠯᠠᠩ ᠪᠦᠭᠡᠳ ᠭᠦᠨᠳᠤ ᠶᠢ ᠨᠢ ᠨᠡᠮᠡᠭᠳᠡᠭᠦᠯᠭᠦ ᠶᠠᠪᠤᠳᠠᠯ ᠪᠤᠯᠤᠨ᠎ᠠ᠃ ᠭᠤᠤᠯ ᠠᠷᠭ᠎ᠠ ᠭᠢᠳᠡᠯ ᠭᠡᠪᠡᠯ ᠦᠨᠳᠤᠰᠤᠨ ᠤ ᠭᠠᠳᠠᠨ᠎ᠠ ᠨᠢ ᠪᠤᠷᠳᠤᠭᠤᠷ ᠨᠦᠭᠦᠭᠦ ᠪᠡ ᠡᠷ᠎ᠡ ᠲᠦᠷᠦᠭᠦᠤ ᠶᠢ ᠠᠪᠴᠤ ᠬᠠᠶᠠᠬᠤ ᠶᠠᠪᠤᠳᠠᠯ ᠪᠤᠯᠤᠨ᠎ᠠ᠃ ᠦᠢᠯᠡᠳᠪᠤᠷᠢᠯᠡᠯ ᠤᠨ ᠲᠠᠯ᠎ᠠ ᠪᠠᠷ ᠡᠷ᠎ᠡ ᠲᠦᠷᠦᠭᠦᠤ ᠶᠢ ᠨᠢ ᠠᠪᠴᠤ ᠬᠠᠶᠠᠬᠤ ᠮᠡᠷᠭᠡᠵᠢᠯ ᠨᠢ ᠤᠷᠤᠢ ᠶᠢᠨ ᠭᠡᠰᠡᠭ ᠤᠨ ᠲᠠᠪᠠᠭᠤᠯᠢᠭ ᠢ ᠪᠦᠳᠦᠮᠵᠢᠳᠡᠢ ᠪᠠᠷ ᠪᠠᠭᠤᠷᠠᠭᠤᠯᠵᠤ᠂ ᠡᠷ᠎ᠡ ᠲᠦᠷᠦᠭᠦᠤ ᠨᠢ ᠡᠮ᠎ᠡ ᠲᠦᠷᠦᠭᠦᠤ ᠶᠢ ᠭᠢᠵᠠᠭᠠᠷᠯᠠᠬᠤ ᠶᠢ ᠪᠠᠭᠠᠰᠬᠠᠵᠤ᠂ ᠰᠢᠮ᠎ᠠ ᠲᠡᠵᠢᠭᠡᠯ ᠤᠨ ᠵᠤᠭᠢᠰᠳᠡᠢ ᠬᠤᠪᠢᠶᠠᠷᠢᠯᠠᠯ ᠢ ᠲᠤᠭᠢᠷᠠᠭᠤᠯᠵᠤ᠂ ᠬᠤᠭᠤᠰᠤᠨ ᠡᠰᠢᠯᠡᠭᠦ ᠨᠤᠷᠮ᠎ᠠ ᠶᠢ ᠪᠠᠭᠤᠷᠠᠭᠤᠯᠳᠠᠭ᠃ ᠡᠷ᠎ᠡ ᠲᠦᠷᠦᠭᠦᠤ ᠦᠵᠦᠬᠦᠷᠯᠡᠭᠦ ᠦᠶᠡᠰ᠂ ᠮᠦᠷ ᠠᠯᠤᠰᠯᠠᠬᠤ ᠪᠠ ᠰᠠᠭᠤᠷᠢ ᠠᠯᠤᠰᠯᠠᠨ ᠡᠷ᠎ᠡ ᠲᠦᠷᠦᠭᠦᠤ ᠶᠢ ᠠᠪᠴᠤ ᠬᠠᠶᠠᠬᠤ ᠭᠡᠷᠡᠭᠳᠡᠢ᠂ ᠲᠡᠭᠡᠭᠦ ᠳᠡᠭᠡᠨ ᠴᠢᠳᠠᠪᠤᠷᠢᠳᠤ ᠨᠠᠪᠴᠢ ᠶᠢ ᠠᠪᠴᠤ ᠬᠠᠶᠠᠬᠤ ᠠᠴᠠ ᠭᠢᠴᠢᠶᠡᠭᠦ ᠭᠡᠷᠡᠭᠳᠡᠢ᠃ ᠡᠷ᠎ᠡ ᠲᠦᠷᠦᠭᠦᠤ ᠶᠢ ᠠᠪᠤᠠᠠᠰᠠᠨ ᠤ ᠪᠡᠨ‌‍ᠲ᠋ᠠᠷᠠᠭ᠎ᠠ ᠪᠦᠭᠦ ᠲᠠᠷᠢᠶᠠᠨ ᠳᠠᠭᠠᠨ ᠬᠠᠭᠠᠰ ᠰᠢᠬᠠᠮ ᠤᠨ ᠡᠷ᠎ᠡ ᠲᠦᠷᠦᠭᠦᠤ ᠶᠢ ᠦᠯᠡᠳᠡᠭᠡᠭᠦ ᠭᠡᠷᠡᠭᠳᠡᠢ᠃ ᠲᠤᠭᠤᠰᠤᠳᠤᠠᠠᠰᠠᠨ ᠤ ᠰᠡᠭᠦᠯᠡᠷ ᠦᠯᠡᠳᠡᠭᠰᠡᠨ ᠨᠦᠭᠦᠭᠡ ᠬᠠᠭᠠᠰ ᠡᠷ᠎ᠡ ᠲᠦᠷᠦᠭᠦᠤ ᠶᠢ ᠲᠠᠭᠢᠨ ᠠᠪᠴᠤ ᠬᠠᠶᠠᠵᠤ᠂ ᠰᠢᠮ᠎ᠠ ᠲᠡᠵᠢᠭᠡᠯ ᠤᠨ ᠬᠤᠷᠤᠠᠠᠳᠠᠯ ᠢ ᠪᠠᠭᠠᠰᠬᠠᠵᠤ᠂ ᠦᠷ᠎ᠡ ᠮᠦᠭᠦᠯᠢᠭ ᠤᠨ ᠭᠦᠨᠳᠤ ᠶᠢ ᠲᠡᠭᠡᠭᠰᠢᠯᠡᠭᠦᠯᠭᠦ ᠭᠡᠷᠡᠭᠳᠡᠢ᠃

      ᠡᠨᠡ ᠬᠦ ᠬᠤᠭᠤᠴᠠᠭᠠᠨ ᠳᠤ ᠭᠡᠷᠪᠡ ᠭᠠᠩ ᠬᠠᠭᠰᠠᠷᠠᠭᠠᠨ ᠲᠠᠢ ᠪᠤᠯᠪᠠᠯ ᠬᠤᠶᠠᠷ ᠠᠴᠠ ᠭᠤᠷᠪᠡ ᠤᠳᠠᠭ᠎ᠠ ᠤᠰᠤᠯᠠᠬᠤ ᠭᠡᠷᠡᠭᠳᠡᠢ᠃ ᠡᠷᠳᠡᠨᠢ ᠰᠢᠰᠢ ᠶᠢᠨ ᠴᠡᠴᠡᠭᠯᠡᠨ ᠦᠷᠡᠯᠡᠭᠦ ᠬᠤᠭᠤᠴᠠᠭ᠎ᠠ ᠳᠤ ᠴᠠᠭ ᠲᠠᠷᠤᠢ ᠳᠤᠨᠢ ᠤᠰᠤᠯᠠᠬᠤ ᠪᠤᠯ ᠡᠷᠳᠡ ᠦᠳᠡᠯᠭᠦ ᠶᠢ ᠨᠢ ᠰᠡᠷᠭᠡᠶᠢᠯᠡᠭᠦ ᠵᠠᠩᠭᠢᠯᠠᠭ᠎ᠠ ᠪᠤᠯᠤᠨ᠎ᠠ᠃ ᠪᠤᠷᠳᠤᠭᠤᠷ ᠲᠤᠳ᠋ᠬᠠᠳᠠᠵᠤ ᠪᠠᠶᠢᠭ᠎ᠠ ᠭᠠᠵᠠᠷ ᠭᠡᠰᠡᠭ ᠲᠤ ᠪᠠᠶᠢᠳᠠᠯ ᠢ ᠦᠵᠡᠨ ᠮᠦᠭᠦᠯᠢᠭ ᠪᠤᠷᠳᠤᠭᠤᠷ ᠤᠷᠤᠭᠤᠯᠵᠤ᠂ ᠪᠠᠰᠠ ᠬᠤᠶᠠᠳᠤᠭᠠᠷ ᠦᠶ᠎ᠠ ᠶᠢᠨ ᠮᠢᠩ ᠬᠤᠷᠤᠬᠠᠢ ᠪᠠ ᠭᠤᠷᠪᠡᠳᠤᠭᠠᠷ ᠦᠶ᠎ᠠ ᠶᠢᠨ ᠲᠠᠪᠤᠨ ᠵᠢᠷᠤᠭᠠᠳᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃

      10. ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖

     ᠡᠷᠳᠡᠨᠢ ᠰᠢᠰᠢ ᠶᠢᠨ ᠭᠡᠪ ᠤᠨ ᠪᠤᠯᠪᠠᠰᠤᠷᠠᠯᠳᠠ ᠶᠢ ᠪᠠᠳᠤᠯᠠᠵᠤ᠂ ᠭᠢᠷᠠᠭᠤ ᠶᠢᠨ ᠬᠤᠭᠤᠴᠠᠭᠠᠨ ᠤ ᠵᠦᠪᠰᠢᠶᠡᠷᠡᠭᠦ ᠨᠦᠭᠦᠴᠡᠯ ᠲᠤᠤᠷ᠎ᠠ᠂ ᠲᠤᠭᠢᠳᠠᠶᠢᠬᠠᠨ ᠤᠷᠤᠢ ᠰᠢᠬ ᠬᠤᠷᠢᠶᠠᠨ᠎ᠠ᠂ ᠡᠷᠳᠡ ᠬᠤᠷᠢᠶᠠᠬᠤ ᠶᠢ ᠴᠡᠭᠡᠷᠯᠡᠨ᠎ᠠ᠃ ᠶᠠᠷᠦᠩᠭᠡᠢ ᠳᠡᠭᠡᠨ 9 ᠳ᠋ᠤᠭᠡᠷ ᠰᠠᠷ᠎ᠠ ᠶᠢᠨ ᠡᠴᠦᠰ᠂ 10 ᠳ᠋ᠤᠭᠠᠷ ᠰᠠᠷ᠎ᠠ ᠶᠢᠨ ᠡᠭᠢ ᠪᠠᠷ ᠲᠡᠭᠦᠵᠤ ᠬᠤᠷᠢᠶᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ