ᠬᠦᠢᠲᠡᠨ ᠠᠭᠤᠷ ᠠᠮᠢᠰᠬᠤᠯ ᠤᠨ ᠨᠥᠯᠥᠭᠡ ᠪᠠᠷ᠂ ᠣᠳᠣᠬᠠᠨ ᠳᠤ᠂ ᠬᠠᠲᠤᠨ ᠭᠤᠣᠯ ᠤᠨ ᠥᠪᠥᠷ | ᠮᠣᠩᠭᠤᠯ ᠤᠨ ᠬᠡᠰᠡᠭ ᠲᠠᠬᠢ ᠰᠦᠡᠭ ᠬᠠᠯᠢᠶ᠎ᠠ ᠢᠯᠡᠷᠬᠡᠢ ᠶᠡᠬᠡᠰᠴᠦ᠂ ᠵᠢᠱᠢᠬᠦ ᠪᠠᠷ ᠭᠤᠣᠯ ᠬᠥᠯᠳᠡᠬᠦ ᠬᠤᠷᠳᠤᠴᠠ | ᠲᠦᠷᠭᠡᠰᠦᠨ᠎ᠡ᠃ ᠥᠪᠥᠷ ᠮᠣᠩᠭᠤᠯ ᠤᠨ ᠴᠠᠭ ᠠᠭᠤᠷ ᠤᠨ ᠥᠷᠲᠡᠭᠡ ᠶᠢᠨ ᠵᠢᠱᠢᠭᠰᠡᠨ ᠢᠶᠠᠷ᠂ ᠢᠷᠡᠬᠦ ᠭᠤᠷᠪᠠᠨ | ᠡᠳᠦᠷ ᠥᠪᠥᠷ ᠮᠣᠩᠭᠤᠯ ᠤᠨ ᠳᠤᠮᠳᠠ ᠵᠡᠭᠦᠨ ᠬᠡᠰᠡᠭ ᠤᠨ ᠬᠡᠰᠡᠭ ᠭᠠᠵᠠᠷ ᠣᠷᠣᠨ ᠳᠤ ᠴᠠᠰᠤ ᠣᠷᠣᠨ᠎ᠠ᠃ ᠴᠠᠰᠤ | ᠣᠷᠣᠭᠰᠠᠨ ᠤ ᠳᠠᠷᠠᠭ᠎ᠠ᠂ ᠠᠭᠤᠷ ᠠᠮᠢᠰᠬᠤᠯ ᠬᠦᠢᠲᠡᠷᠡᠵᠦ᠂ ᠪᠦᠬᠦ ᠣᠷᠣᠨ ᠤ ᠶᠡᠬᠡᠩᠬᠢ ᠬᠡᠰᠡᠭ ᠲᠤ 4 — 6 | ᠼᠧᠯᠰ ᠭᠷᠡᠳᠦ᠋ᠰ ᠬᠦᠢᠲᠡᠷᠡᠬᠦ ᠪᠦᠭᠡᠳ᠂ ᠵᠠᠷᠢᠮ ᠭᠠᠵᠠᠷ ᠲᠤ 8 — 10 ᠼᠧᠯᠰ ᠭᠷᠡᠳᠦ᠋ᠰ ᠬᠦᠢᠲᠡᠷᠡᠨ᠎ᠡ᠃ ᠬᠢᠨᠠᠨ | ᠬᠡᠮᠵᠢᠯᠲᠡ ᠶᠢ ᠦᠨᠳᠦᠰᠦᠯᠡᠪᠡᠯ 13 ᠶᠢᠨ ᠡᠳᠦᠷ ᠤᠨ 10 ᠴᠠᠭ ᠪᠣᠯᠬᠤ ᠳᠤ ᠬᠠᠲᠤᠨ ᠭᠤᠣᠯ ᠤᠨ ᠥᠪᠥᠷ | ᠮᠣᠩᠭᠤᠯ ᠤᠨ ᠲᠣᠭᠲᠠᠬᠤ ᠰᠢᠶᠠᠨ ᠤ ᠬᠡᠰᠡᠭ ᠤᠨ ᠰᠦᠡᠭ ᠬᠠᠯᠢᠶ᠎ᠠ ᠶᠢᠨ ᠨᠢᠭᠲᠠᠴᠠ ᠨᠢ 40 %︔ ᠪᠤᠭᠤᠲᠤ ᠶᠢᠨ | ᠬᠡᠰᠡᠭ ᠲᠠᠬᠢ ᠰᠦᠡᠭ ᠬᠠᠯᠢᠶ᠎ᠠ ᠶᠢᠨ ᠨᠢᠭᠲᠠᠴᠠ ᠨᠢ 20 % — 50%︔ ᠬᠠᠩᠭᠢᠨ ᠬᠤᠰᠢᠭᠤᠨ ᠤ | ᠬᠦᠬᠡᠮᠤᠳᠤ ᠠᠴᠠ ᠳᠤᠭᠤᠢ ᠬᠦᠷᠬᠦ ᠬᠡᠰᠡᠭ ᠲᠠᠬᠢ ᠰᠦᠡᠭ ᠬᠠᠯᠢᠶ᠎ᠠ ᠶᠢᠨ ᠨᠢᠭᠲᠠᠴᠠ ᠨᠢ 30 % — 50%︔ | ᠳᠠᠯᠠᠳ ᠬᠤᠰᠢᠭᠤᠨ ᠤ ᠬᠡᠰᠡᠭ ᠲᠠᠬᠢ ᠰᠦᠡᠭ ᠬᠠᠯᠢᠶ᠎ᠠ ᠶᠢᠨ ᠨᠢᠭᠲᠠᠴᠠ ᠨᠢ 20 % — 80% ᠪᠠᠶᠢᠵᠤ︔ | ᠵᠡᠭᠦᠨᠭᠠᠷ ᠬᠤᠰᠢᠭᠤᠨ ᠤ ᠯᠠᠮᠠ ᠶᠢᠨ ᠲᠣᠬᠤᠢ ᠵᠠᠰᠠᠮᠠᠯ ᠵᠠᠮ ᠤᠨ ᠬᠥᠭᠡᠷᠦᠭᠡ ᠶᠢᠨ ᠳᠡᠭᠡᠳᠦ ᠲᠠᠯ᠎ᠠ ᠶᠢᠨ 9 ᠺᠢᠯᠣᠮᠧᠲᠷ | ᠠᠴᠠ ᠸᠠᠨ ᠵᠢᠶ᠋ᠨ ᠵᠠᠢ ᠬᠦᠷᠬᠦ ᠬᠡᠰᠡᠭ ᠲᠤ 79 ᠺᠢᠯᠣᠮᠧᠲᠷ ᠬᠥᠯᠳᠡᠵᠡᠢ᠃ |