|
ᠬᠤᠨᠢ ᠪᠤᠯ ᠪᠦᠭᠦ ᠪᠡᠶ᠎ᠠ ᠪᠠᠷ ᠢᠶᠠᠨ ᠡᠷᠳᠡᠨᠢ ᠮᠦᠨ |
|
|
ᠨᠡᠶᠢᠲᠡᠯᠡᠭᠰᠡᠨ ᠴᠠᠭ᠄
2015/12/17
|
|
ᠲᠠᠩᠰᠤᠭ ᠰᠠᠶᠢᠬᠠᠨ ᠮᠤᠩᠭᠤᠯ ᠤᠷᠤᠨ ᠳᠤ ᠲᠠᠯ᠎ᠠ ᠲᠦᠭᠦᠷᠡᠩ ᠪᠡᠯᠴᠢᠵᠤ ᠪᠠᠶᠢᠭ᠎ᠠ ᠲᠠᠪᠤᠨ ᠬᠤᠰᠢᠭᠤ ᠮᠠᠯ ᠤᠨ ᠨᠢᠭᠡ ᠪᠤᠯᠤᠠᠠᠴᠢ ᠬᠤᠨᠢ ᠪᠤᠯ ᠭᠦᠭᠦᠳᠡᠨ ᠤ ᠲᠦᠷᠦᠯ ᠳᠤ ᠬᠠᠷᠢᠶᠠᠯᠬᠠᠳᠠᠵᠤ ᠦᠭᠡᠷ ᠤᠨ ᠢᠵᠠᠭᠤᠷᠳᠤ ᠡᠪᠡᠰᠤᠨ ᠲᠡᠵᠢᠭᠡᠯᠳᠤ ᠲᠠᠵᠢᠭᠡᠪᠤᠷᠢ ᠠᠮᠢᠳᠠᠨ ᠶᠤᠮ᠃ ᠬᠤᠨᠢᠨ ᠤ ᠡᠭᠦᠰᠦᠭᠰᠡᠨ ᠨᠤᠳᠤᠭ ᠤᠰᠤ᠂ ᠲᠠᠰᠬᠠᠨ ᠦᠷᠡᠵᠢᠭᠦᠯᠵᠤ ᠪᠤᠶᠢᠵᠢᠭᠤᠯᠤᠨ ᠭᠠᠷᠭᠠᠠᠠᠰᠠᠨ ᠭᠠᠵᠠᠷ ᠤᠷᠤᠨ᠂ ᠦᠢᠯᠡᠳᠪᠤᠷᠢᠯᠡᠯ ᠤᠨ ᠴᠢᠨᠠᠷ ᠴᠢᠠᠰᠠᠭ᠎ᠠ ᠠᠴᠠ ᠨᠢ ᠠᠪᠴᠤ ᠦᠵᠡᠭᠰᠡᠨ ᠴᠤ ᠲᠤᠩ ᠤᠯᠠᠨ ᠲᠦᠷᠦᠯ ᠵᠤᠶᠢᠯ ᠤᠨ ᠡᠭᠦᠯᠳᠡᠷ ᠲᠠᠢ ᠶᠤᠮ᠃ ᠵᠢᠱᠢᠶᠡᠯᠡᠪᠡᠯ ᠠᠦ᠋ᠰᠲᠷᠯᠢᠶ᠎ᠠ ᠬᠤᠨᠢ᠂ ᠮᠤᠩᠭᠤᠯ ᠬᠤᠨᠢ᠂ ᠦᠵᠦᠮᠦᠴᠢᠨ ᠬᠤᠨᠢ᠂ ᠰᠢᠨᠵᠢᠶᠠᠩ ᠤᠨ ᠨᠠᠷᠢᠨ ᠨᠤᠤᠰᠤᠳᠤ ᠬᠤᠨᠢ᠂ ᠬᠠᠨᠶᠠᠩ ᠬᠤᠨᠢ᠂ ᠲᠦᠪᠡᠳ ᠬᠤᠨᠢ᠂ ᠨᠤᠤᠰᠤ ᠮᠢᠬ᠎ᠠ ᠬᠠᠪᠰᠤᠷᠭᠠᠠᠠᠰᠠᠨ ᠬᠤᠨᠢ ᠵᠡᠷᠭᠡ ᠪᠤᠢ᠃ ᠬᠤᠨᠢᠨ ᠤ ᠵᠠᠩ ᠴᠢᠨᠠᠷ ᠨᠢ ᠨᠤᠮᠤᠬᠠᠨ ᠪᠦᠭᠡᠳ ᠰᠦᠷᠦᠭᠯᠡᠭᠦ ᠲᠤᠷᠠᠳᠠᠢ᠂ ᠠᠷᠠᠴᠢᠯᠠᠵᠤ ᠮᠠᠯᠯᠠᠬᠤ ᠳᠤ ᠴᠤ ᠠᠮᠠᠷᠬᠠᠨ᠂ ᠦᠷᠡᠵᠢᠯᠳᠡ ᠦᠰᠦᠯᠳᠡ ᠨᠢ ᠲᠦᠷᠭᠡᠨ ᠪᠦᠭᠡᠳ ᠨᠠᠮ ᠰᠡᠯᠡᠭᠦᠤ ᠤᠷᠴᠢᠨ ᠲᠤᠭᠤᠷᠢᠨ ᠳᠤ ᠤᠷᠤᠰᠢᠨ ᠲᠤᠠᠠᠳᠠᠨᠢᠬᠤ ᠲᠤᠷᠠᠳᠠᠢ ᠶᠤᠮ᠃ ︽ᠬᠤᠨᠢᠨ ᠤ ᠦᠪᠴᠢ ᠪᠡᠶ᠎ᠡ ᠡᠷᠳᠡᠨᠢ︾ ᠭᠡᠳᠡᠭ ᠦᠨᠡᠨ ᠦᠭᠡ ᠪᠠᠶᠢᠳᠠᠭ᠃ ᠬᠤᠨᠢᠨ ᠮᠢᠬᠠᠨ ᠤ ᠦᠨᠤᠷ ᠠᠮᠳᠠ ᠨᠢ ᠰᠠᠶᠢᠬᠠᠨ᠂ ᠰᠢᠮ᠎ᠠ ᠲᠡᠵᠢᠭᠡᠯ ᠶᠡᠭᠡᠳᠡᠢ ᠪᠤᠯᠬᠤᠷ ᠭᠦᠮᠦᠰ ᠤᠨ ᠡᠳᠤᠷ ᠲᠤᠳᠤᠮ ᠤᠨ ᠠᠮᠢᠳᠤᠷᠠᠯ ᠳᠤ ᠭᠤᠤᠯ ᠢᠳᠡᠳᠡᠭ ᠮᠢᠬᠠᠨ ᠤ ᠨᠢᠭᠡ ᠵᠤᠶᠢᠯ ᠪᠤᠯᠤᠠᠠᠰᠠᠭᠠᠷ ᠢᠷᠡᠪᠡ᠃ ᠰᠢᠨᠵᠢᠯᠡᠭᠦ ᠤᠬᠠᠭᠠᠨ ᠤ ᠵᠠᠳᠠᠯᠤᠯᠳᠠ ᠶᠢ ᠦᠨᠳᠦᠰᠦᠯᠡᠪᠡᠯ᠂ ᠨᠢᠭᠡ ᠺᠢᠯᠤᠭ᠍ᠷᠡᠮ ᠬᠤᠨᠢᠨ ᠮᠢᠬᠠᠨ ᠳᠤ 11.1 ᠭᠷᠡᠮ ᠤᠭᠤᠷᠠᠭ᠂ 28.8 ᠭᠷᠡᠮ ᠦᠭᠡᠭᠦ ᠲᠤᠰᠤ᠂ 0.5 ᠭᠷᠡᠮ ᠨᠡᠭᠦᠷᠡᠰᠤ — ᠤᠰᠤᠨ ᠤ ᠨᠢᠭᠡᠳᠪᠤᠷᠢ ᠠᠭᠤᠯᠤᠠᠠᠳᠠᠵᠤ ᠪᠠᠶᠢᠬᠤ ᠪᠦᠭᠡᠳ 206 ᠺᠢᠯᠤᠺᠠᠯᠤᠷᠢ ᠢᠯᠴᠢ ᠶᠢᠨ ᠭᠡᠮᠵᠢᠶ᠎ᠠ ᠲᠠᠢ ᠶᠤᠮ᠃ ᠡᠭᠦᠨ ᠠᠴᠠ ᠭᠠᠳᠠᠨ᠎ᠠ ᠪᠠᠰᠠ ᠺᠠᠯᠼ᠂ ᠹᠤᠰᠹᠤᠷ᠂ ᠲᠠᠮᠤᠷ ᠵᠡᠷᠭᠡ ᠤᠯᠠᠨ ᠵᠤᠶᠢᠯ ᠤᠨ ᠡᠯᠧᠮᠧᠨ᠋ᠲ ᠪᠤᠯᠤᠨ ᠸᠢᠲ᠋ᠠᠮᠢᠨ ᠠᠭᠤᠯᠤᠠᠠᠳᠠᠵᠤ ᠪᠠᠶᠢᠳᠠᠭ᠃ ᠡᠶᠢᠮᠤ ᠠᠴᠠ ᠬᠤᠨᠢᠨ ᠮᠢᠬ᠎ᠠ ᠶᠢ ᠢᠳᠡᠭᠡᠨ ᠳᠤ ᠭᠡᠷᠡᠭᠯᠡᠭᠦ ᠳᠤ ᠰᠢᠮ᠎ᠠ ᠲᠡᠵᠢᠭᠡᠯ ᠲᠠᠢ ᠠᠴᠠ ᠭᠠᠳᠠᠨ᠎ᠠ ᠬᠤᠨᠢᠨ ᠮᠢᠬ᠎ᠠ ᠨᠢ ᠪᠠᠰᠠ ᠠᠮᠢᠰᠬᠤᠯ ᠢ ᠲᠤᠰᠠᠯᠠᠵᠤ᠂ ᠲᠠᠮᠢᠷ ᠢ ᠨᠦᠭᠦᠪᠤᠷᠢᠯᠡᠨ ᠬᠠᠯᠠᠭᠤᠨ ᠢ ᠲᠠᠷᠤᠬᠤ ᠦᠢᠯᠡᠳᠦᠯ ᠲᠠᠢ ᠶᠤᠮᠰᠠᠨ᠃ ᠲᠡᠭᠡᠪᠡᠯ ᠬᠤᠨᠢᠨ ᠮᠢᠬ᠎ᠠ ᠪᠠᠰᠠ ᠪᠠᠳᠭᠠᠨ ᠭᠡᠢ ᠶᠢ ᠠᠷᠢᠯᠭᠠᠵᠤ᠂ ᠲᠤᠷᠠᠰᠢᠯ ᠢ ᠨᠡᠮᠡᠭᠳᠡᠭᠦᠯᠦᠨ᠂ ᠲᠠᠮᠢᠷ ᠲᠡᠩᠭᠡᠭᠡ ᠶᠢ ᠰᠠᠶᠢᠵᠢᠷᠠᠭᠤᠯᠬᠤ ᠴᠢᠳᠠᠯ ᠲᠠᠢ ᠭᠡᠵᠤ ︽ᠮᠤᠩᠭᠤᠯ ᠠᠨᠠᠭᠠᠬᠤ ᠤᠬᠠᠭᠠᠨ︾ ᠳᠤ ᠲᠡᠮᠳᠡᠭᠯᠡᠭᠰᠡᠨ ᠪᠠᠶᠢᠳᠠᠭ᠃ ︽ᠮᠤᠩᠭᠤᠯ ᠢᠳᠡᠭᠡᠨ ᠤᠮᠳᠠᠭᠠᠨ ᠤ ᠲᠤᠪᠴᠢ︾ ᠳᠤ ᠬᠤᠨᠢᠨ ᠮᠢᠬ᠎ᠠ ᠶᠢ ᠢᠳᠡᠭᠦ ᠳᠤ ᠱᠠᠩᠳᠠᠭᠤᠨ ᠪᠦᠭᠡᠳ ᠰᠢᠮ᠎ᠠ ᠲᠡᠭᠦᠯᠳᠡᠷ ᠭᠡᠰᠡᠨ ᠲᠡᠮᠳᠡᠭᠯᠡᠯ ᠲᠠᠢ ᠶᠤᠮ᠃ ᠪᠦᠭᠦᠯᠢ ᠬᠤᠨᠢᠨ ᠮᠢᠬᠠᠨ ᠤ ᠴᠢᠨ᠋ᠬᠠᠰᠠᠨ ᠱᠦᠯᠤ ᠶᠢ ᠤᠤᠭᠤᠪᠠᠰᠤ ᠭᠡᠢ ᠪᠦᠷᠢᠯᠳᠦᠭᠦᠯᠦᠭᠰᠡᠨ ᠡᠪᠡᠳᠴᠢᠨ ᠡᠮᠭᠡᠭ ᠢ ᠠᠷᠢᠯᠭᠠᠨ᠂ ᠰᠤᠳᠠᠰᠤ ᠶᠢ ᠨᠡᠭᠡᠭᠡᠭᠳᠡᠭᠦᠯᠦᠨ᠂ ᠬᠤᠶᠠᠩ ᠰᠢᠷ᠎ᠠ ᠤᠰᠤ ᠶᠢ ᠲᠠᠷᠬᠠᠭᠠᠵᠤ᠂ ᠲᠠᠮᠢᠷ ᠭᠦᠴᠤ ᠶᠢ ᠨᠡᠮᠡᠭᠳᠡᠭᠦᠯᠭᠦ ᠴᠢᠳᠠᠯ ᠲᠠᠢ᠃ ᠬᠤᠨᠢᠨ ᠤ ᠪᠤᠠᠠᠳᠤᠭᠤᠰᠤ᠂ ᠰᠢᠭᠢᠷ᠎ᠠ᠂ ᠲᠠᠯᠤᠨ ᠶᠠᠰᠤᠨ ᠤ ᠱᠦᠯᠤ ᠶᠢ ᠭᠤᠷᠪᠡᠨ ᠰᠢᠮᠡᠳᠤ ᠶᠢᠨ ᠱᠦᠯᠤ ᠭᠡᠳᠡᠭ᠃ ᠲᠡᠭᠡᠷ᠎ᠡ ᠨᠢ ᠬᠤᠨᠢᠨ ᠤ ᠤᠬᠤᠷ ᠰᠡᠭᠦᠯ ᠢ ᠨᠡᠮᠡᠪᠡᠯ ᠲᠦᠷᠪᠡᠨ ᠰᠢᠮᠡᠳᠤ ᠭᠡᠵᠤ ᠠᠬᠠᠮᠠᠳ ᠮᠠᠯᠴᠢᠳ ᠶᠠᠷᠢᠵᠠᠭᠠᠳᠠᠭ᠃ ᠲᠦᠷᠪᠡᠨ ᠰᠢᠮᠡᠳᠤ ᠶᠢᠨ ᠱᠦᠯᠤ ᠪᠤᠯ ᠭᠡᠢ ᠲᠠᠷᠬᠠᠭᠠᠬᠤ ᠦᠢᠯᠡᠳᠦᠯ ᠢᠶᠠᠷ ᠤᠨᠴᠠ ᠰᠠᠶᠢᠨ᠃ ᠬᠤᠨᠢᠨ ᠮᠢᠬᠠᠨ ᠤ ᠰᠢᠭᠦᠰᠤ ᠨᠢ ᠲᠠᠪᠤᠨ ᠭᠦᠨᠦᠭᠡᠯ ᠲᠤᠯᠤᠭᠠᠨ ᠭᠡᠮᠳᠦᠯ ᠭᠢᠭᠡᠳ ᠴᠤᠯᠤ ᠰᠠᠪᠠ ᠶᠢᠨ ᠭᠦᠢᠳᠡᠨ ᠭᠡᠢ ᠶᠢ ᠵᠠᠰᠠᠨ᠎ᠠ᠃ ᠡᠭᠦᠨ ᠳᠤ ᠬᠤᠨᠢᠨ ᠤ ᠭᠤᠶ᠎ᠠ ᠶᠢᠨ ᠮᠢᠬ᠎ᠠ ᠶᠢ ᠵᠢᠵᠢᠭᠯᠡᠨ ᠭᠦᠰᠭᠦᠯᠡᠵᠤ᠂ ᠴᠡᠪᠡᠷ ᠲᠤᠭᠤᠭᠠᠨ ᠳᠤ ᠭᠢᠵᠤ ᠪᠢᠡᠭ ᠪᠢᠳᠡᠭᠦᠤ ᠪᠠᠷ ᠰᠢᠯᠵᠡᠷᠡᠳᠡᠯᠠ ᠴᠢᠨᠠᠵᠤ ᠪᠤᠯᠭᠤᠭᠠᠳ ᠴᠡᠪᠡᠷ ᠱᠦᠯᠤ ᠶᠢ ᠨᠢ ᠰᠢᠪᠬᠠᠨ ᠠᠪᠴᠤ ᠤᠳᠠᠭᠠᠨ ᠬᠤᠨᠤᠭ ᠤᠤᠭᠤᠪᠠᠰᠤ ᠰᠠᠪᠠ ᠶᠢ ᠰᠠᠯᠪᠢᠨ᠂ ᠲᠠᠮᠢᠷ ᠢ ᠰᠠᠶᠢᠵᠢᠷᠠᠭᠤᠯᠬᠤ ᠠᠴᠢ ᠲᠤᠰᠠᠳᠠᠢ ᠪᠠᠶᠢᠳᠠᠭ᠃ ︽ᠮᠤᠩᠭᠤᠯ ᠡᠮ ᠤᠨ ᠲᠡᠭᠦᠪᠤᠷᠢ︾ ᠳᠤ ᠪᠠᠰᠠ ᠬᠤᠨᠢᠨ ᠤ ᠪᠦᠭᠡᠷ᠎ᠠ ᠶᠢ ᠬᠤᠨᠢᠨ ᠰᠦᠨ ᠳᠤ ᠴᠢᠨᠠᠵᠤ ᠢᠳᠡᠪᠡᠰᠤ ᠬᠠᠷ᠎ᠠ ᠪᠦᠭᠡᠷᠡᠨ ᠤ ᠡᠪᠡᠳᠴᠢᠨ ᠢ ᠵᠠᠰᠠᠵᠤ᠂ ᠰᠢᠭᠡᠰᠤ ᠴᠢᠪᠳ᠋ᠬᠠᠰᠢᠬᠤ ᠪᠠ ᠪᠤᠭᠤᠠᠠᠳᠠᠬᠤ ᠶᠢ ᠡᠳᠡᠭᠡᠷᠡᠭᠦᠯᠦᠨᠠ ᠭᠡᠵᠤ ᠲᠡᠮᠳᠡᠭᠯᠡᠭᠰᠡᠨ ᠪᠠᠶᠢᠨ᠎ᠠ᠃ ᠬᠤᠨᠢᠨ ᠤ ᠰᠠᠪᠡᠰᠤᠨ ᠲᠠᠪᠳᠦᠭᠡᠯ ᠨᠢ ᠴᠠᠭᠠᠨ ᠬᠤᠶᠠᠩ᠂ ᠨᠢᠯᠬ᠎ᠠ ᠭᠡᠤᠭᠡᠳ ᠤᠨ ᠡᠯᠢᠭᠡ ᠤᠨᠠᠬᠤ ᠡᠪᠡᠳᠴᠢᠨ ᠢ ᠡᠳᠡᠭᠡᠷᠡᠭᠦᠯᠭᠦ ᠴᠢᠳᠠᠯ ᠲᠠᠢ᠃ ᠬᠤᠨᠢᠨ ᠰᠦ᠂ ᠰᠢᠷ᠎ᠠ ᠲᠤᠰᠤ᠂ ᠦᠭᠡᠭᠦ᠂ ᠲᠠᠷᠢᠭᠢ᠂ ᠵᠢᠷᠦᠭᠡ᠂ ᠠᠭᠤᠰᠭᠢ᠂ ᠡᠯᠢᠭᠡ᠂ ᠪᠦᠭᠡᠷ᠎ᠠ᠂ ᠲᠦᠮᠤᠰᠤ᠂ ᠨᠢᠳᠤ᠂ ᠴᠢᠰᠤ᠂ ᠭᠠᠪᠠᠯᠠ ᠶᠢᠨ ᠶᠠᠰᠤ᠂ ᠪᠠᠮᠪᠠᠢ ᠪᠤᠯᠴᠢᠷᠬᠠᠢ᠂ ᠰᠠᠪᠠᠰᠤ᠂ ᠡᠪᠡᠷ᠂ ᠴᠢᠮᠦᠭᠡ᠂ ᠬᠠᠷᠪᠢᠰᠤ ᠶᠢ ᠨᠢ ᠮᠤᠩᠭᠤᠯ ᠡᠮ ᠡᠮᠨᠡᠯᠭᠡ ᠳᠤ ᠦᠷᠭᠦᠯᠵᠢ ᠭᠡᠷᠡᠭᠯᠡᠳᠡᠭ᠃ ︽ᠠᠨᠠᠭᠠᠬᠤ ᠤᠬᠠᠭᠠᠨ ᠤ ᠲᠦᠷᠪᠡᠨ ᠦᠨᠳᠤᠰᠤ︾ ᠳᠤ ᠬᠤᠨᠢᠨ ᠮᠢᠬ᠎ᠠ ᠪᠤᠯ ᠭᠡᠢ ᠡᠪᠡᠳᠴᠢᠨ ᠢ ᠲᠠᠷᠬᠠᠭᠠᠬᠤ ᠲᠠᠪᠤᠨ ᠵᠤᠶᠢᠯ ᠤᠨ ᠮᠢᠬᠠᠨ ᠤ ᠨᠢᠭᠡ ᠨᠢ ᠪᠤᠯᠬᠤ ᠪᠦᠭᠡᠳ ᠪᠠᠳᠭᠠᠨ ᠡᠪᠡᠳᠴᠢᠨ ᠢ ᠠᠨᠠᠭᠠᠬᠤ ᠢᠳᠡᠭᠡ ᠮᠦᠨ ᠭᠡᠵᠤ ᠲᠡᠮᠳᠡᠭᠯᠡᠭᠰᠡᠨ ᠪᠠᠶᠢᠳᠠᠭ᠃ ᠬᠤᠨᠢᠨ ᠮᠢᠬᠠᠨ ᠤ ᠡᠮ ᠡᠮᠨᠡᠯᠭᠡ ᠳᠤ ᠭᠡᠷᠡᠭᠯᠡᠭᠳᠡᠭᠦ ᠠᠴᠢ ᠬᠤᠯᠪᠤᠠᠠᠳᠠᠯ ᠡᠭᠦᠨ ᠢᠶᠠᠷ ᠵᠤᠠᠠᠰᠤᠬᠤ ᠪᠢᠰᠢ᠂ ᠬᠤᠨᠢᠨ ᠰᠦ᠂ ᠴᠢᠰᠤ᠂ ᠰᠦᠰᠤ᠂ ᠡᠯᠢᠭᠡ᠂ ᠦᠯᠦᠨ ᠭᠡᠳᠡᠰᠤ᠂ ᠬᠤᠶᠢᠳᠤᠭᠢ᠂ ᠦᠨᠦᠴᠢᠨ ᠲᠠᠷᠢᠭᠢ ᠵᠡᠷᠭᠡ ᠲᠠᠪᠤᠨ ᠡᠷᠭᠡᠳᠡᠨ ᠵᠢᠷᠭᠤᠭᠠᠨ ᠴᠤᠯᠤ ᠨᠢ ᠴᠦᠮ ᠰᠢᠮ᠎ᠠ ᠲᠡᠵᠢᠭᠡᠯ ᠢᠶᠠᠷ ᠡᠯᠪᠡᠭ ᠪᠦᠭᠡᠳ ᠡᠮ ᠡᠮᠨᠡᠯᠭᠡ ᠶᠢᠨ ᠲᠠᠯ᠎ᠠ ᠪᠠᠷ ᠴᠤ ᠦᠷᠭᠡᠨ ᠭᠡᠷᠡᠭᠴᠡᠭᠡ ᠲᠠᠢ ᠭᠡᠰᠡᠨ ᠢ ᠮᠤᠩᠭᠤᠯᠴᠤᠳ ᠠᠮᠢᠳᠤᠷᠠᠯ ᠤᠨ ᠲᠤᠮᠳᠠ ᠠᠴᠠ ᠪᠠᠨ ᠤᠬᠠᠵᠤ ᠮᠡᠳᠡᠭᠰᠡᠨ ᠶᠤᠮ᠃ ᠬᠤᠨᠢᠨ ᠰᠦ ᠨᠢ ᠲᠠᠮᠢᠷ ᠲᠡᠩᠭᠡᠭᠡ ᠶᠢ ᠨᠦᠭᠦᠭᠦ᠂ ᠵᠤᠭᠢᠰᠬᠤ ᠶᠢ ᠵᠤᠠᠠᠰᠤᠭᠠᠬᠤ᠂ ᠤᠮᠳᠠᠭᠠᠰᠬᠤ ᠶᠢ ᠲᠠᠷᠤᠬᠤ ᠠᠴᠢ ᠲᠤᠰᠠᠳᠠᠢ᠃ ᠬᠤᠨᠢᠨ ᠤ ᠴᠢᠰᠤ ᠨᠢ ᠴᠢᠰᠤ ᠵᠤᠠᠠᠰᠤᠭᠠᠬᠤ᠂ ᠴᠢᠰᠤ ᠬᠤᠷᠠᠬᠤ ᠡᠪᠡᠳᠴᠢᠨ ᠡᠮᠭᠡᠭ ᠢ ᠠᠨᠠᠭᠠᠨ᠎ᠠ᠃ ᠬᠤᠨᠢᠨ ᠤ ᠰᠦᠰᠤ ᠶᠢ ᠰᠦᠰᠦᠨ ᠭᠦᠴᠢᠯ ᠪᠤᠯᠭᠠᠨ ᠨᠠᠶᠢᠷᠠᠭᠤᠯᠤᠭᠠᠳ ᠵᠠᠷᠢᠮ ᠡᠪᠡᠳᠴᠢᠨ ᠡᠮᠭᠡᠭ ᠠᠴᠠ ᠪᠤᠯᠤᠠᠠᠰᠠᠨ ᠰᠦᠰᠦᠨ ᠭᠦᠴᠢᠯ ᠲᠤᠳ᠋ᠬᠠᠳᠠᠬᠤ ᠡᠪᠡᠳᠴᠢᠨ ᠡᠮᠭᠡᠭ ᠢ ᠡᠮᠨᠡᠨ ᠵᠠᠰᠠᠳᠠᠭ᠃ ᠬᠤᠨᠢᠨ ᠤ ᠡᠯᠢᠭᠡ ᠨᠢ ᠲᠠᠭᠢᠶᠠᠨ ᠬᠠᠷᠠᠩ ᠡᠪᠡᠳᠴᠢᠨ ᠢ ᠵᠠᠰᠠᠨ᠎ᠠ᠃ ᠬᠤᠨᠢᠨ ᠤ ᠡᠯᠢᠭᠡ ᠶᠢ ᠪᠠᠰᠠ ᠡᠯᠢᠭᠡᠨ ᠬᠠᠨᠳᠠ ᠶᠢᠨ ᠲᠠᠷᠢᠯᠭ᠎ᠠ ᠶᠢᠨ ᠰᠢᠩᠭᠡᠨ ᠪᠤᠶᠤ ᠡᠯᠢᠭᠡᠨ ᠬᠠᠨᠳᠠ ᠪᠤᠯᠭᠠᠵᠤ᠂ ᠡᠭᠦᠨ ᠢᠶᠠᠷ ᠵᠠᠷᠢᠮ ᠴᠢᠰᠤ ᠲᠤᠳᠠᠬᠤ ᠡᠪᠡᠳᠴᠢᠨ ᠢ ᠵᠠᠰᠠᠳᠠᠭ︔ ᠬᠤᠨᠢᠨ ᠤ ᠵᠢᠷᠦᠭᠡ ᠪᠠᠷ ᠦᠢᠯᠡᠳᠦᠭᠰᠡᠨ ᠡᠮ ᠳᠤ ᠠᠭᠤᠯᠬᠤ ᠡᠰ ᠤᠨ ᠦᠡᠭᠭᠡᠨ ᠤ ᠨᠠᠶᠢᠷᠠᠭ ᠨᠢ ᠴᠢᠰᠤ ᠭᠠᠷᠬᠤ ᠱᠤᠺ ᠪᠤᠯᠤᠨ ᠲᠠᠷᠢᠭᠢᠨ ᠤ ᠭᠦᠴᠢᠯᠳᠦ᠋ᠷᠦᠭᠴᠢ ᠲᠤᠳ᠋ᠬᠠᠳᠠᠬᠤ ᠡᠪᠡᠳᠴᠢᠨ ᠢ ᠡᠮᠨᠡᠨ ᠵᠠᠰᠠᠵᠤ ᠴᠢᠳᠠᠨ᠎ᠠ︔ ᠬᠤᠨᠢᠨ ᠤ ᠬᠤᠶᠢᠳᠤᠭᠢ᠂ ᠵᠠᠰᠠᠭ᠎ᠠ ᠭᠢᠭᠡᠳ ᠪᠦᠭᠡᠷ᠎ᠡ ᠨᠢ ᠲᠠᠮᠢᠷ ᠨᠦᠭᠦᠪᠤᠷᠢᠯᠡᠭᠦ ᠦᠢᠯᠡᠳᠦᠯ ᠲᠠᠢ᠃ ᠬᠤᠨᠢᠨ ᠤ ᠦᠨᠤᠴᠢᠨ ᠲᠠᠷᠢᠭᠢ ᠠᠴᠠ ᠢᠯᠭᠠᠷᠠᠭᠤᠯᠤᠨ ᠠᠪᠤᠠᠠᠰᠠᠨ ᠦᠰᠦᠯᠳᠡ ᠶᠢᠨ ᠬᠤᠷᠮᠤᠨ ᠨᠢ ᠦᠰᠦᠯᠳᠡ ᠤᠳᠠᠭᠠᠨ ᠡᠪᠡᠳᠴᠢᠨ ᠪᠤᠯᠤᠨ ᠠᠷᠤᠭ ᠶᠠᠰᠤᠨ ᠤ ᠪᠤᠶᠢᠵᠢᠯᠳᠡ ᠪᠠᠷ ᠮᠠᠭᠤ ᠡᠪᠡᠳᠴᠢᠨ ᠢ ᠡᠮᠨᠡᠨ ᠵᠠᠰᠠᠵᠤ ᠲᠠᠶᠢᠯᠳᠡᠭ᠃ ᠬᠤᠨᠢᠨ ᠤ ᠨᠠᠷᠢᠨ ᠭᠡᠳᠡᠰᠤ ᠪᠠᠷ ᠡᠮ ᠨᠠᠶᠢᠷᠠᠭᠤᠯᠳᠠᠭ ᠮᠦᠷᠳᠡᠭᠡᠨ ᠲᠡᠭᠦᠨ ᠢ ᠪᠤᠯᠪᠠᠰᠤᠷᠠᠭᠤᠯᠤᠠᠠᠰᠠᠨ ᠤ ᠲᠠᠷᠠᠭ᠎ᠠ ᠮᠠᠰᠠ ᠵᠠᠰᠠᠯ ᠤᠨ ᠤᠶᠤᠳᠠᠯ ᠤᠨ ᠤᠳᠠᠰᠤ ᠪᠤᠯᠭᠠᠨ ᠠᠰᠢᠠᠠᠯᠠᠳᠠᠭ᠃ ᠵᠠᠷᠢᠮ ᠵᠠᠳᠠᠯᠤᠯᠳᠠ ᠢᠯᠡᠷᠡᠭᠦᠯᠦᠭᠰᠡᠨ ᠨᠢ᠂ ᠬᠤᠨᠢᠨ ᠤ ᠲᠠᠪᠤᠨ ᠡᠷᠭᠡᠳᠡᠨ ᠵᠢᠷᠭᠤᠭᠠᠨ ᠴᠤᠯᠤ ᠶᠢ ᠡᠮ ᠤᠨ ᠦᠢᠯᠡᠳᠪᠤᠷᠢ ᠳᠤ ᠤᠷᠤᠭᠤᠯᠪᠠᠯ ᠲᠡᠭᠦᠨ ᠢᠶᠠᠷ 70 ᠭᠠᠷᠤᠢ ᠵᠤᠶᠢᠯ ᠤᠨ ᠭᠢᠳᠡᠳ ᠡᠸᠦ᠋ᠷᠦᠫᠡ ᠡᠮ ᠨᠠᠶᠢᠷᠠᠭᠤᠯᠵᠤ ᠪᠤᠯᠤᠨ᠎ᠠ᠃ ᠦᠪᠴᠢ ᠪᠡᠶ᠎ᠠ ᠨᠢ ᠡᠷᠳᠡᠨᠢ ᠪᠠᠷ ᠪᠦᠷᠢᠯᠳᠦᠭᠰᠡᠨ ᠬᠤᠨᠢ ᠨᠢ ᠭᠦᠮᠦᠰ ᠤᠨ ᠡᠳᠤᠷ ᠲᠤᠳᠤᠮ ᠤᠨ ᠠᠮᠢᠳᠤᠷᠠᠯ ᠤᠨ ᠭᠡᠷᠡᠭᠴᠡᠭᠡ ᠶᠢ ᠬᠠᠨᠭ᠍ᠭᠠᠬᠤ ᠪᠠᠷ ᠦᠯᠤ ᠪᠠᠷᠠᠮ᠂ ᠪᠠᠰᠠ ᠠᠵᠤ ᠦᠢᠯᠡᠳᠪᠤᠷᠢ ᠶᠢᠨ ᠴᠢᠬᠤᠯᠠ ᠲᠦᠭᠦᠭᠡᠢ ᠡᠳ᠋ ᠪᠤᠯᠬᠤ ᠶᠤᠮ᠃ ᠬᠤᠨᠢᠨ ᠤ ᠶᠠᠰᠤᠨ ᠳᠤ ᠲᠤᠰᠤ᠂ ᠴᠠᠪᠠᠤ᠂ ᠹᠤᠰᠹᠤᠷ ᠪᠤᠯᠤᠨ ᠠᠽᠤᠲ ᠵᠡᠷᠭᠡ ᠤᠯᠠᠨ ᠵᠤᠶᠢᠯ ᠤᠨ ᠭᠢᠮᠢ ᠶᠢᠨ ᠪᠦᠷᠢᠯᠳᠦᠭᠦᠨ ᠠᠭᠤᠯᠤᠠᠠᠳᠠᠵᠤ ᠪᠤᠢ᠂ ᠶᠠᠰᠤᠨ ᠲᠤᠰᠤ ᠪᠤᠯ ᠰᠠᠪᠤᠡᠭ ᠭᠢᠭᠦ ᠴᠢᠬᠤᠯᠠ ᠲᠦᠭᠦᠭᠡᠢ ᠡᠳ᠋ ᠪᠤᠯᠤᠨ᠎ᠠ᠃ ᠶᠠᠰᠤᠨ ᠴᠠᠪᠠᠤ ᠪᠠᠷ ᠴᠠᠭᠠᠰᠤ ᠭᠢᠭᠦ᠂ ᠭᠡᠪᠯᠡᠯ ᠲᠠᠷᠤᠮᠠᠯ ᠳᠤ ᠪᠤᠳᠤᠭ ᠰᠠᠭᠤᠯᠭᠠᠬᠤ᠂ ᠨᠡᠭᠡᠮᠡᠯ ᠪᠤᠶᠤ ᠴᠤᠶᠢᠳ᠋ᠸᠡᠭ ᠵᠡᠷᠭᠡ ᠶᠢᠨ ᠠᠵᠤ ᠦᠢᠯᠡᠳᠪᠤᠷᠢ ᠶᠢᠨ ᠨᠠᠭᠠᠯᠳᠤᠭᠤᠯᠤᠠᠠᠴᠢ ᠡᠳ᠋ ᠢ ᠦᠢᠯᠡᠳᠴᠤ ᠪᠤᠯᠬᠤ ᠪᠦᠭᠡᠳ ᠲᠡᠭᠦᠨ ᠢᠶᠠᠷ ᠪᠤᠯᠪᠠᠰᠤᠷᠠᠭᠤᠯᠤᠠᠠᠰᠠᠨ ᠲᠤᠩᠭᠠᠯᠠᠭ ᠴᠠᠪᠠᠤ ᠪᠠᠷ ᠪᠠᠰᠠ ᠰᠡᠭᠦᠳᠡᠷᠯᠡᠭᠦ ᠮᠠᠰᠢᠨ ᠤ ᠢᠯᠳᠠᠰᠤ ᠪᠠ ᠺᠢᠨᠤ᠋ ᠶᠢᠨ ᠹᠢᠯᠢᠮ ᠭᠢᠵᠤ ᠪᠤᠯᠳᠠᠭ᠂ ᠬᠤᠨᠢᠨ ᠤ ᠶᠠᠰᠤᠨ ᠲᠠᠯᠬ᠎ᠠ᠂ ᠴᠢᠰᠤᠨ ᠲᠠᠯᠬ᠎ᠠ ᠪᠠᠷ ᠨᠤᠳᠤᠭ ᠤᠨ ᠪᠤᠷᠳᠤᠭ᠎ᠠ ᠭᠢᠵᠤ᠂ ᠮᠠᠯ ᠲᠡᠵᠢᠭᠡᠪᠤᠷᠢ ᠶᠢᠨ ᠨᠦᠭᠦᠪᠤᠷᠢ ᠪᠤᠷᠳᠤᠭ᠎ᠠ ᠪᠤᠯᠭᠠᠨ ᠠᠰᠢᠠᠠᠯᠠᠪᠠᠯ ᠲᠡᠵᠢᠭᠡᠯ ᠪᠤᠷᠳᠤᠭᠠᠨ ᠤ ᠦᠢᠯᠡᠳᠪᠤᠷᠢᠯᠡᠯ ᠳᠤ ᠨᠠᠮᠠᠷᠢ ᠬᠠᠨᠳᠢᠪ ᠦᠵᠡᠭᠦᠯᠭᠦ ᠪᠠᠷ ᠪᠠᠷᠠᠬᠤ ᠦᠭᠡᠢ᠂ ᠶᠠᠰᠤᠨ ᠲᠠᠯᠬ᠎ᠠ ᠳᠤ ᠡᠯᠪᠡᠭ ᠠᠭᠤᠯᠬᠤ ᠹᠤᠰᠹᠤᠷ᠂ ᠠᠼᠤᠲ ᠪᠤᠯ ᠲᠠᠷᠢᠮᠠᠯ ︵ᠭᠢᠮᠢ ᠶᠢᠨ ᠪᠤᠷᠳᠤᠭᠤᠷ︶ ᠤᠨ ᠭᠦᠷᠤᠰᠤ ᠰᠢᠷᠤᠢ ᠶᠢ ᠰᠠᠶᠢᠵᠢᠷᠠᠭᠤᠯᠬᠤ ᠴᠢᠨᠠᠷ ᠰᠠᠶᠢᠳᠠᠢ ᠲᠠᠯᠬᠠᠨ ᠪᠤᠷᠳᠤᠭᠤᠷ ᠪᠤᠯᠤᠨ᠎ᠠ᠃ ᠬᠤᠨᠢᠨ ᠤ ᠨᠤᠤᠰᠤ ᠠᠷᠠᠰᠤ ᠴᠤ ᠨᠡᠭᠡᠮᠡᠯ ᠪᠤᠯᠤᠨ ᠠᠷᠠᠰᠤ ᠰᠢᠷᠢ ᠶᠢᠨ ᠠᠵᠤ ᠦᠢᠯᠡᠳᠪᠤᠷᠢ ᠶᠢᠨ ᠲᠦᠭᠦᠭᠡᠢ ᠮᠠᠲ᠋ᠧᠷᠢᠶᠠᠯ ᠪᠤᠯᠤᠨ᠎ᠠ᠂ ᠬᠤᠨᠢᠨ ᠨᠤᠤᠰᠤ ᠪᠠᠷ ᠭᠤᠶᠤ ᠰᠠᠶᠢᠬᠠᠨ ᠨᠤᠤᠰᠤᠨ ᠤᠳᠠᠰᠤ ᠡᠭᠡᠷᠡᠵᠤ᠂ ᠨᠤᠤᠰᠤᠨ ᠴᠠᠮᠴᠠ ᠨᠡᠭᠡᠵᠤ᠂ ᠨᠤᠤᠰᠤᠨ ᠬᠤᠪᠴᠠᠰᠤ᠂ ᠨᠢᠽᠢᠨ ᠭᠦᠷᠮ᠎ᠠ᠂ ᠳ᠋ᠠᠴᠠᠩ ᠭᠢᠳᠡᠭ᠃ ᠠᠷᠠᠰᠤ ᠰᠢᠷᠢ ᠶᠢᠨ ᠠᠵᠤ ᠦᠢᠯᠡᠳᠪᠤᠷᠢ ᠶᠢᠨ ᠬᠢᠨ ᠬᠤᠨᠢᠨ ᠤ ᠠᠷᠠᠰᠤ ᠶᠢ ᠨᠡᠩ ᠴᠤ ᠨᠠᠷᠢᠯᠢᠭ ᠰᠠᠶᠢᠬᠠᠨ ᠪᠤᠯᠪᠠᠰᠤᠷᠠᠭᠤᠯᠤᠭᠠᠳ ᠵᠢᠶᠠᠺᠧ ᠬᠤᠪᠴᠠᠰᠤ᠂ ᠳ᠋ᠠᠴᠠᠩ᠂ ᠦᠮᠤᠳᠤ ᠵᠡᠷᠭᠡ ᠶᠢᠨ ᠲᠡᠭᠡᠳᠤ ᠲᠠᠰ ᠤᠨ ᠬᠤᠪᠴᠠᠰᠤᠨ ᠡᠳ᠋ᠯᠡᠯ ᠪᠤᠶᠤ ᠭᠤᠳᠤᠯ ᠱᠠᠬᠠᠢ ᠵᠡᠷᠭᠡ ᠶᠢ ᠭᠢᠭᠰᠡᠨ ᠪᠠᠶᠢᠳᠠᠭ᠃ ᠬᠤᠨᠢᠨ ᠤ ᠠᠷᠠᠰᠤ ᠨᠤᠤᠰᠤ ᠨᠢ ᠠᠰᠢᠭ ᠶᠡᠭᠡᠳᠡᠢ ᠪᠦᠭᠡᠳ ᠭᠦᠢᠳᠡᠨ ᠢ ᠬᠠᠯᠬᠠᠯᠠᠬᠤ ᠪᠠᠷ ᠲᠤᠩ ᠰᠠᠶᠢᠨ ᠪᠠᠶᠢᠳᠠᠭ᠃ ᠬᠤᠨᠢᠨ ᠤ ᠡᠪᠡᠷ ᠢᠶᠠᠷ ᠭᠠᠷ ᠤᠷᠠᠯᠠᠯ ᠤᠨ ᠪᠦᠳᠦᠭᠡᠭᠳᠡᠭᠦᠨ ᠦᠢᠯᠡᠳᠴᠤ ᠪᠤᠯᠬᠤ ᠪᠦᠭᠡᠳ ᠰᠢᠪᠭᠢ ︵ᠰᠢᠭᠡᠰᠤ ᠪᠠᠭᠠᠰᠤ︶ ᠨᠢ ᠭᠦᠮᠦᠨ ᠮᠠᠯ ᠤᠨ ᠰᠢᠪᠭᠢ ᠶᠢᠨ ᠲᠤᠳᠤᠷᠠᠭᠢ ᠬᠠᠮᠤᠭ ᠤᠨ ᠴᠢᠨᠠᠷ ᠰᠠᠶᠢᠳᠠᠢ ᠪᠤᠷᠳᠤᠭᠤᠷ ᠪᠤᠯᠤᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|