|
ᠭᠦᠯᠦᠰᠢᠨ ᠦᠭᠡᠷ ᠢ ᠵᠤᠨ ᠤ ᠤᠯᠠᠷᠢᠯ ᠳᠤ ᠵᠠᠷᠤᠬᠤ ᠳᠤ ᠠᠩᠬᠠᠷᠬᠤ ᠲᠠᠪᠤᠨ ᠵᠤᠶᠢᠯ |
|
|
ᠨᠡᠶᠢᠲᠡᠯᠡᠭᠰᠡᠨ ᠴᠠᠭ᠄
2015/12/17
|
|
ᠵᠤᠨ ᠤ ᠤᠯᠠᠷᠢᠯ ᠳᠤ ᠭᠦᠯᠦᠰᠢᠨ ᠦᠭᠡᠷ ᠢ ᠵᠠᠷᠤᠵᠤ ᠡᠳ᠋ᠯᠡᠭᠦ ᠨᠢ ᠠᠷᠪᠢᠨ ᠪᠦᠭᠡᠳ ᠠᠭᠤᠷ ᠠᠮᠢᠰᠬᠤᠯ ᠴᠤ ᠠᠭᠠᠭᠢᠮ᠎ᠠ ᠬᠠᠯᠠᠭᠤᠨ ᠪᠠᠶᠢᠳᠠᠭ ᠪᠤᠯᠬᠤᠷ ᠲᠠᠷᠭᠤ ᠭᠦᠴᠤ ᠨᠢ ᠪᠠᠭᠤᠷᠠᠵᠤ᠂ ᠪᠠᠭ᠎ᠠ ᠯᠡ ᠭᠢᠴᠢᠶᠡᠭᠦ ᠦᠭᠡᠢ ᠪᠤᠯ ᠭᠡᠮᠨᠡᠭᠦ ᠪᠤᠶᠤ ᠨᠠᠷᠠᠰᠢᠭᠠᠳ ᠭᠦᠨᠳᠤ ᠨᠤᠴᠢᠳᠠᠢ ᠠᠵᠤ ᠠᠬᠤᠢ ᠶᠢᠨ ᠬᠤᠭᠢᠷᠠᠯ ᠤᠴᠠᠷᠠᠭᠤᠯᠳᠠᠭ ᠪᠠᠶᠢᠨ᠎ᠠ᠃ ᠡᠶᠢᠮᠤ ᠠᠴᠠ ᠲᠤᠤᠷ᠎ᠠ ᠪᠢᠳᠡ ᠵᠤᠨ ᠤ ᠤᠯᠠᠷᠢᠯ ᠳᠤ ᠭᠦᠯᠦᠰᠢᠨ ᠦᠭᠡᠷ ᠢ ᠵᠠᠷᠤᠵᠤ ᠡᠳ᠋ᠯᠡᠭᠦ ᠲᠤᠬᠠᠢ ᠲᠠᠪᠤᠨ ᠵᠤᠶᠢᠯ ᠢ ᠲᠠᠨᠢᠯᠴᠠᠭᠤᠯᠤᠶ᠎ᠠ᠃ 1. ᠰᠢᠮ᠎ᠠ ᠲᠡᠵᠢᠭᠡᠯ ᠨᠦᠭᠦᠪᠤᠷᠢᠯᠡᠭᠦ ᠶᠢ ᠠᠩᠬᠠᠷᠤᠨ᠎ᠠ᠃ ᠵᠤᠨ ᠤ ᠤᠯᠠᠷᠢᠯ ᠳᠤ ᠦᠭᠡᠷ ᠲᠡᠭᠡᠨ ᠴᠢᠨᠠᠷ ᠰᠠᠶᠢᠳᠠᠢ ᠰᠢᠨ᠎ᠠ ᠰᠤᠷᠭᠤᠭ ᠭᠦᠭᠡ ᠡᠪᠡᠰᠤ ᠪᠤᠶᠤ ᠬᠠᠭᠤᠷᠠᠢ ᠡᠪᠡᠰᠤ ᠢᠳᠡᠭᠦᠯᠦᠨ᠂ ᠨᠠᠷᠢᠯᠢᠭ ᠪᠤᠷᠳᠤᠭᠠᠨ ᠤ ᠭᠡᠮᠵᠢᠶ᠎ᠠ ᠶᠢ ᠨᠢ ᠵᠤᠭᠢᠰᠳᠠᠢ ᠨᠡᠮᠡᠭᠳᠡᠭᠦᠯᠭᠦ ᠮᠦᠷᠳᠡᠭᠡᠨ ᠰᠦᠨᠢ ᠪᠠᠰᠠ ᠲᠡᠵᠢᠭᠡᠯ ᠡᠪᠡᠰᠤ ᠨᠡᠮᠡᠵᠤ ᠦᠭᠭᠦ ᠭᠡᠷᠡᠭᠳᠡᠢ᠃ 2. ᠵᠠᠷᠤᠵᠤ ᠠᠮᠠᠷᠠᠭᠤᠯᠬᠤ ᠶᠢ ᠵᠤᠭᠢᠰᠳᠠᠢ ᠲᠤᠭᠢᠷᠠᠭᠤᠯᠤᠨ᠎ᠠ᠃ ᠵᠤᠨ ᠤ ᠤᠯᠠᠷᠢᠯ ᠳᠤ ᠭᠦᠯᠦᠰᠢᠨ ᠦᠭᠡᠷ ᠢ ᠵᠠᠷᠤᠵᠤ ᠡᠳ᠋ᠯᠡᠭᠦ ᠨᠢ ᠠᠷᠪᠢᠨ ᠮᠦᠷᠳᠡᠭᠡᠨ ᠠᠭᠤᠷ ᠠᠮᠢᠰᠬᠤᠯ ᠴᠤ ᠠᠭᠠᠭᠢᠮ᠎ᠠ ᠬᠠᠯᠠᠭᠤᠨ ᠪᠤᠯᠬᠤᠷ ᠦᠷᠭᠦᠯᠵᠢ ᠠᠮᠠᠷᠠᠭᠤᠯᠵᠤ᠂ ᠠᠵᠢᠯ ᠳᠠᠭᠠᠨ ᠡᠷᠳᠡ ᠭᠠᠷᠴᠤ᠂ ᠤᠷᠤᠢ ᠠᠵᠢᠯ ᠢᠶᠠᠨ ᠡᠷᠳᠡ ᠬᠤᠷᠢᠶᠠᠵᠤ᠂ ᠦᠳᠡ ᠶᠢᠨ ᠠᠮᠠᠷᠠᠬᠤ ᠴᠠᠭ ᠢ ᠨᠢ ᠤᠷᠳᠤ ᠰᠢᠭ᠋ ᠲᠠᠯᠪᠢᠵᠤ ᠦᠭᠭᠦ ᠭᠡᠷᠡᠭᠳᠡᠢ᠃ ᠭᠡᠷᠪᠡ ᠭᠦᠯᠦᠰᠢᠨ ᠦᠭᠡᠷ ᠢ ᠵᠠᠷᠤᠵᠤ ᠡᠳ᠋ᠯᠡᠵᠤ ᠪᠠᠶᠢᠬᠤ ᠬᠤᠭᠤᠴᠠᠭᠠᠨ ᠳᠤ ᠭᠦᠯᠦᠰᠢᠨ ᠦᠭᠡᠷ ᠨᠢ ᠰᠢᠯᠦᠰᠤ ᠭᠤᠭᠤᠵᠢᠭᠤᠯᠬᠤ᠂ ᠠᠮᠢᠰᠬᠤᠭᠠᠳᠠᠨ ᠠᠯᠬᠤᠬᠤ ᠨᠢ ᠢᠳᠡ ᠭᠦᠴᠤ ᠦᠭᠡᠢ ᠪᠠᠶᠢᠬᠤ ᠵᠡᠷᠭᠡ ᠢᠯᠡᠷᠡᠯ ᠲᠠᠢ ᠪᠤᠯ ᠲᠤᠤᠷ᠎ᠡ ᠪᠠᠨ ᠵᠠᠷᠤᠵᠤ ᠡᠳ᠋ᠯᠡᠭᠦ ᠪᠠᠨ ᠵᠤᠠᠠᠰᠤᠵᠤ ᠠᠮᠠᠷᠠᠭᠤᠯᠬᠤ ᠭᠡᠷᠡᠭᠳᠡᠢ᠂ ᠠᠯᠪᠠᠳᠠᠨ ᠵᠠᠷᠤᠵᠤ ᠶᠠᠭᠠᠭᠢᠨ᠋ᠠᠰᠠᠨ ᠴᠤ ᠪᠤᠯᠬᠤ ᠦᠭᠡᠢ᠃ 3. ᠨᠠᠷᠠᠰᠢᠬᠤ ᠠᠴᠠ ᠰᠡᠷᠭᠡᠶᠢᠯᠡᠵᠤ ᠬᠠᠯᠠᠭᠤᠨ ᠢ ᠨᠢ ᠪᠠᠭᠤᠷᠠᠭᠤᠯᠬᠤ ᠶᠢ ᠠᠩᠬᠠᠷᠤᠨ᠎ᠠ᠃ ᠵᠤᠨ ᠤ ᠤᠯᠠᠷᠢᠯ ᠳᠤ ᠠᠭᠤᠷ ᠠᠮᠢᠰᠬᠤᠯ ᠠᠭᠠᠭᠢᠮ᠎ᠠ ᠬᠠᠯᠠᠭᠤᠨ ᠪᠤᠯᠬᠤᠷ ᠦᠭᠡᠷ ᠢᠶᠠᠨ ᠰᠠᠯᠭᠢ ᠨᠠᠪᠳᠡᠷᠡᠭᠦ ᠰᠡᠷᠢᠭᠦᠨ ᠭᠠᠵᠠᠷ ᠲᠤ ᠤᠶᠠᠵᠤ᠂ ᠦᠭᠡᠷ ᠤᠨ ᠬᠠᠰᠢᠶ᠎ᠠ ᠰᠠᠷᠠᠪᠴᠢ ᠪᠠᠨ ᠬᠠᠭᠤᠷᠠᠢ ᠴᠡᠪᠡᠷ ᠪᠠᠶᠢᠯᠭᠠᠬᠤ ᠨᠢ ᠲᠤᠩ ᠴᠢᠬᠤᠯᠠ ᠶᠤᠮ᠃ 4. ᠭᠡᠳᠦᠷᠡᠳᠡᠯ᠎ᠠ ᠲᠡᠵᠢᠭᠡᠭᠦ ᠶᠢ ᠭᠢᠴᠢᠶᠠᠨ᠎ᠠ᠃ ᠦᠭᠡᠷ ᠢ ᠵᠠᠷᠤᠵᠤ ᠡᠳ᠋ᠯᠡᠭᠦ ᠠᠴᠠ ᠡᠮᠦᠨ᠎ᠠ ᠵᠠᠪᠠᠯ ᠴᠠᠳᠳᠠᠯ᠎ᠠ ᠲᠡᠵᠢᠭᠡᠵᠤ ᠤᠰᠤᠯᠠᠬᠤ ᠭᠡᠷᠡᠭᠳᠡᠢ᠂ ᠦᠯᠦᠨ ᠢᠶᠠᠷ ᠵᠠᠷᠤᠵᠤ ᠡᠳ᠋ᠯᠡᠭᠦ ᠶᠢ ᠠᠩᠬᠠᠷᠤᠨ᠎ᠠ᠃ ᠤᠰᠤᠯᠠᠬᠤ ᠳᠠᠭᠠᠨ ᠤᠰᠤᠨ ᠳᠤᠨᠢ ᠪᠠᠭ᠎ᠠ ᠭᠡᠮᠵᠢᠶᠠᠨ ᠤ ᠲᠠᠪᠤᠰᠤ ᠭᠢᠪᠡᠯ ᠨᠠᠷᠠᠰᠢᠬᠤ ᠶᠢ ᠰᠡᠷᠭᠡᠶᠢᠯᠡᠨ᠎ᠡ᠂ ᠵᠠᠷᠤᠵᠤ ᠡᠳ᠋ᠯᠡᠵᠤ ᠪᠠᠷᠠᠮᠬᠠᠴᠠ ᠦᠭᠡᠷ ᠢᠶᠠᠨ ᠲᠡᠵᠢᠭᠡᠵᠤ ᠤᠰᠤᠯᠠᠵᠤ ᠪᠤᠯᠬᠤ ᠦᠭᠡᠢ᠂ ᠭᠡᠨᠡᠳᠳᠡ ᠭᠡᠳᠦᠷᠡᠳᠡᠯ᠎ᠡ ᠲᠡᠵᠢᠭᠡᠵᠤ ᠤᠰᠤᠯᠠᠬᠤ ᠠᠴᠠ ᠪᠤᠯᠵᠤ ᠭᠡᠮᠨᠡᠭᠦ ᠶᠢ ᠠᠩᠬᠠᠷᠬᠤ ᠭᠡᠷᠡᠭᠳᠡᠢ᠃ 5. ᠭᠢᠮᠢ ᠶᠢᠨ ᠪᠤᠷᠳᠤᠭᠤᠷ᠂ ᠲᠠᠷᠢᠶᠠᠨ ᠡᠮ ᠳᠤ ᠬᠤᠤᠷᠳ᠋ᠬᠠᠳᠠᠬᠤ ᠶᠢ ᠠᠩᠬᠠᠷᠬᠤ ᠭᠡᠷᠡᠭᠳᠡᠢ᠃ ᠭᠦᠯᠦᠰᠢᠨ ᠦᠭᠡᠷ ᠢ ᠲᠠᠷᠢᠶᠠᠨ ᠠᠵᠢᠯ ᠳᠤ ᠵᠠᠷᠤᠬᠤ ᠳᠠᠭᠠᠨ ᠦᠭᠡᠷ ᠤᠨ ᠠᠮᠠᠨ ᠳᠤ ᠲᠤᠤᠷ ᠠᠮᠠᠪᠴᠢ ᠵᠡᠭᠦᠯᠭᠡᠪᠡᠯ ᠭᠢᠮᠢ ᠶᠢᠨ ᠪᠤᠷᠳᠤᠭᠤᠷ᠂ ᠲᠠᠷᠢᠶᠠᠨ ᠡᠮ ᠵᠡᠷᠭᠡ ᠶᠢ ᠠᠳᠡᠭᠦᠷᠡᠨ ᠢᠳᠡᠭᠦ ᠠᠴᠠ ᠰᠡᠷᠭᠡᠶᠢᠯᠡᠵᠤ ᠴᠢᠳᠠᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|