ᠦᠪᠦᠷ ᠮᠣᠩᠭᠤᠯ ᠳᠤ ᠬᠤᠶᠠᠷ ᠲᠦᠮᠡ ᠭᠠᠷᠤᠢ ︽ᠬᠠᠰᠢᠷ ᠪᠤᠯᠢᠬᠠᠶᠢᠯᠠᠭᠴᠢ︾ ︽ᠬᠢᠨᠠᠨ ᠡᠵᠡᠮᠰᠢᠭᠳᠡᠭᠴᠢ ︾ ᠳᠡᠭᠡᠳᠦ ᠬᠤᠷᠳᠤᠨ ᠲᠡᠮᠦᠷ ᠵᠠᠮ᠂ ᠤᠯᠠᠨ ᠬᠥᠳᠡᠯᠭᠡᠭᠦᠷᠲᠦ ᠴᠤᠪᠤᠭ᠎ᠠ ᠲᠡᠷᠭᠡᠨ ᠳᠤ ᠰᠠᠭᠤᠬᠤ ᠶᠢ ᠬᠢᠵᠠᠭᠠᠷᠯᠠᠪᠠ
ᠨᠡᠶᠢᠲᠡᠯᠡᠭᠰᠡᠨ ᠴᠠᠭ᠄
2015/12/18
      ᠤᠶᠢᠷ᠎ᠠ ᠳᠤ᠂ ᠤᠯᠤᠰ ᠤᠨ ᠠᠵᠤ ᠦᠢᠯᠡᠳᠪᠦᠷᠢ ᠬᠤᠳᠠᠯᠳᠤᠭ᠎ᠠ ᠶᠢᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠲᠣᠪᠴᠢᠶᠠᠨ ᠠᠴᠠ ᠮᠡᠳᠡᠭᠡ ᠵᠠᠩᠬᠢ ᠨᠡᠶᠢᠲᠡᠯᠡᠵᠦ᠂ 12 ᠳ᠋ᠤᠭᠠᠷ ᠰᠠᠷ᠎ᠠ ᠠᠴᠠ ᠡᠬᠢᠯᠡᠨ᠂ ᠪᠣᠢ ᠪᠦᠬᠦᠢ ᠲᠦᠯᠦᠬᠦ ᠴᠢᠳᠠᠪᠤᠷᠢ ᠲᠠᠢ ᠪᠠᠶᠢᠲᠠᠯ᠎ᠠ ᠪᠠᠨ ᠥᠷᠢ ᠥᠭᠴᠡᠭᠡ ᠪᠠᠨ ᠲᠦᠯᠦᠬᠦ ᠦᠭᠡᠢ᠂ ᠰᠢᠭᠦᠬᠦ ᠬᠤᠷᠢᠶ᠎ᠠ ᠎ ᠠᠴᠠ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ᠨᠡᠷᠡᠰ ᠲᠤ ᠵᠢᠭᠰᠠᠭᠠᠭᠳᠠᠭᠰᠠᠨ ᠪᠠᠶᠢᠭᠠᠯᠢ ᠬᠦᠮᠦᠨ ᠪᠦᠬᠦᠨ᠂ ᠶᠠᠮᠠᠷᠪᠠ ᠺᠣᠮᠫᠠᠨᠢ ᠳᠤ ᠬᠠᠤᠯᠢ ᠶᠢᠨ ᠡᠷᠬᠡᠲᠡᠨ᠂ ᠬᠡᠷᠡᠭ ᠮᠡᠳᠡᠭᠴᠢ᠂ ᠬᠢᠨᠠᠭᠴᠢ ᠪᠠ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠳᠠᠨ ᠤ ᠲᠤᠰᠢᠶᠠᠯ ᠢ ᠡᠭᠦᠷᠭᠡᠯᠡᠵᠦ ᠪᠣᠯᠬᠤ ᠦᠭᠡᠢ ᠭᠡᠵᠡᠢ᠃ ᠣᠳᠣᠬᠠᠨ ᠳᠤ ᠦᠪᠦᠷ ᠮᠣᠩᠭᠤᠯ ᠨᠢᠭᠡᠨᠲᠡ ᠲᠤᠰ ᠠᠵᠢᠯ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ ᠡᠬᠢᠯᠡᠪᠡ᠃ ᠦᠴᠦᠭᠡᠳᠦᠷ ᠦᠳᠡ ᠶᠢᠨ ᠬᠤᠶᠢᠨ᠎ᠠ ᠶᠢᠨ 5 ᠴᠠᠭ ᠪᠣᠯᠲᠠᠯ᠎ᠠ᠂ ᠦᠪᠦᠷ ᠮᠣᠩᠭᠤᠯ ᠳᠤ ᠨᠡᠶᠢᠲᠡ 20940 ᠬᠦᠮᠦᠨ ᠢᠲᠡᠭᠡᠯ ᠢᠶᠠᠨ ᠠᠯᠳᠠᠭᠰᠠᠨ ᠎ ᠢᠶᠠᠷ ᠬᠡᠷᠡᠭᠵᠢᠭᠦᠯᠦᠭᠳᠡᠭᠴᠢ ᠶᠢᠨ ᠨᠡᠷᠡᠰ ᠤᠨ ᠬᠦᠮᠦᠷᠭᠡ ᠳᠤ ᠵᠢᠭᠰᠠᠭᠠᠭᠳᠠᠭᠠᠳ ᠪᠠᠶᠢᠨ᠎ᠠ᠃      20940 ᠬᠦᠮᠦᠨ ︽ᠬᠠᠰᠢᠷ ᠪᠤᠯᠢᠬᠠᠶᠢᠯᠠᠭᠴᠢ︾᠎ ᠶᠢᠨ ᠨᠡᠷᠡᠰ ᠤᠨ ᠬᠦᠮᠦᠷᠭᠡ ᠳᠤ ᠣᠷᠤᠵᠤ  153 ᠬᠦᠮᠦᠨ ᠲᠤᠬᠠᠶᠢᠯᠠᠭᠰᠠᠨ ᠠᠵᠢᠯ ᠭᠦᠢᠴᠡᠳᠬᠡᠬᠦ ᠳᠡᠭᠡᠨ ᠬᠤᠷᠢᠭᠯᠠᠭᠳᠠᠪᠠ      2015 ᠣᠨ ᠤ 11 ᠳ᠋ᠦ᠋ᠭᠡᠷ ᠰᠠᠷ᠎ᠠ ᠶᠢᠨ 26᠎ ᠤ ᠡᠳᠦᠷ᠂ ᠦᠪᠦᠷ ᠮᠣᠩᠭᠤᠯ ᠤᠨ ᠠᠵᠤ ᠦᠢᠯᠡᠳᠪᠦᠷᠢ ᠬᠤᠳᠠᠯᠳᠤᠭ᠎ᠠ ᠶᠢᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠲᠣᠪᠴᠢᠶ᠎ᠠ ᠠᠴᠠ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠳᠤ ᠢᠲᠡᠭᠡᠮᠵᠢ ᠶᠢᠨ ᠵᠠᠯᠬᠠᠭᠠᠨ ᠴᠡᠭᠡᠷᠯᠡᠭᠦᠯᠬᠦ ᠶᠢ ᠬᠡᠷᠡᠭᠵᠢᠭᠦᠯᠬᠦ ᠶᠢᠨ ᠬᠤᠯᠪᠣᠭᠳᠠᠯ ᠪᠦᠬᠦᠢ ᠠᠵᠢᠯ ᠢ ᠭᠠᠷᠳᠠᠨ ᠨᠠᠶᠢᠳᠠᠪᠤᠷᠢᠵᠢᠭᠤᠯᠵᠤ ᠡᠬᠢᠯᠡᠪᠡ᠃ 12 ᠳ᠋ᠤᠭᠠᠷ ᠰᠠᠷ᠎ᠠ ᠠᠴᠠ ᠡᠬᠢᠯᠡᠨ᠂ ᠪᠦᠬᠦ ᠤᠯᠤᠰ ᠤᠨ ᠠᠵᠤ ᠦᠢᠯᠡᠳᠪᠦᠷᠢ ᠬᠤᠳᠠᠯᠳᠤᠭᠠᠨ ᠤ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ᠮᠡᠳᠡᠭᠡ ᠵᠠᠩᠬᠢ ᠶᠢ ᠬᠠᠮᠲᠤ ᠪᠠᠷ ᠡᠳ᠋ᠯᠡᠬᠦ ᠰᠣᠯᠢᠯᠴᠠᠬᠤ ᠬᠡᠷᠡᠭᠯᠡᠬᠦ ᠰᠢᠰᠲ᠋ᠧᠮ ᠢ ᠪᠦᠬᠦ ᠲᠠᠯ᠎ᠠ ᠪᠠᠷ ᠰᠦᠯᠵᠢᠶᠡᠨ ᠳᠤ ᠭᠠᠷᠭᠠᠵᠤ᠂ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠺᠣᠮᠫᠠᠨᠢ ᠶᠢᠨ ᠲᠡᠮᠳᠡᠭᠯᠡᠨ ᠳᠠᠩᠰᠠᠯᠠᠭᠤᠯᠬᠤ ᠲᠠᠯ᠎ᠠ ᠪᠠᠷ ᠲᠤᠰᠢᠶᠠᠯ ᠬᠠᠷᠢᠭᠤᠴᠠᠬᠤ ᠬᠢᠵᠠᠭᠠᠷᠯᠠᠯ ᠢ ᠬᠡᠷᠡᠭᠵᠢᠭᠦᠯᠪᠡ᠃ ᠣᠳᠣᠬᠠᠨ ᠳᠤ᠂ ᠤᠯᠤᠰ ᠤᠨ ᠠᠵᠤ ᠦᠢᠯᠡᠳᠪᠦᠷᠢ ᠬᠤᠳᠠᠯᠳᠤᠭ᠎ᠠ ᠶᠢᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠶᠡᠷᠦᠩᠬᠡᠢ ᠲᠣᠪᠴᠢᠶ᠎ᠠ ᠠᠴᠠ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠤᠷᠢᠶ᠎ᠠ ᠯᠤᠭ᠎ᠠ ᠲᠤᠰᠬᠠᠢ ᠱᠤᠭᠤᠮ ᠤᠨ ᠰᠦᠯᠵᠢᠶ᠎ᠡ ᠶᠢ ᠬᠤᠯᠪᠤᠨ ᠨᠡᠪᠲᠡᠷᠡᠭᠦᠯᠵᠦ᠂ 170 ᠲᠦᠮᠡᠨ ᠨᠡᠷᠡᠰ ︽ᠬᠠᠰᠢᠷ ᠪᠤᠯᠢᠬᠠᠶᠢᠯᠠᠭᠴᠢ︾᠎ ᠶᠢᠨ ᠪᠡᠶ᠎ᠡ ᠶᠢᠨ ᠬᠢᠷᠢ ᠬᠡᠮ ᠤᠨ ᠮᠡᠳᠡᠭᠡ ᠵᠠᠩᠭᠢ ᠶᠢ ᠬᠤᠷᠢᠶᠠᠩᠭᠤᠶᠢᠯᠠᠨ᠂ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ᠨᠡᠷᠡᠰ ᠤᠨ ᠬᠦᠮᠦᠷᠭᠡ ᠶᠢ ᠪᠠᠶᠢᠭᠤᠯᠤᠭᠰᠠᠨ ᠪᠦᠭᠡᠳ ᠡᠳᠦᠷ ᠪᠦᠷᠢ ᠰᠢᠨᠡᠳᠬᠡᠬᠦ ᠪᠣᠯᠪᠠ᠃ ︽ᠬᠠᠰᠢᠷ ᠪᠤᠯᠢᠬᠠᠶᠢᠯᠠᠭᠴᠢ︾᠎ ᠨᠢ ᠪᠦᠬᠦ ᠤᠯᠤᠰ ᠤᠨ ᠠᠵᠤ ᠦᠢᠯᠡᠳᠪᠦᠷᠢ ᠬᠤᠳᠠᠯᠳᠤᠭᠠᠨ ᠤ ᠰᠠᠯᠠᠭ᠎ᠠ ᠮᠦᠴᠢᠷ ᠲᠤ ᠲᠡᠮᠳᠡᠭᠯᠡᠨ ᠳᠠᠩᠰᠠᠯᠠᠭᠤᠯᠬᠤ ᠪᠠᠷ ᠭᠤᠶᠤᠴᠢᠯᠠᠬᠤ ᠵᠡᠷᠭᠡ ᠲᠤᠬᠠᠶᠢᠯᠠᠭᠰᠠᠨ ᠠᠵᠢᠯ ᠢ ᠭᠦᠢᠴᠡᠳᠬᠡᠬᠦ ᠳᠤ ᠠᠦ᠋ᠲ᠋ᠣ᠋ ᠢᠶᠠᠷ ᠬᠤᠷᠢᠭᠯᠠᠭᠳᠠᠬᠤ ᠪᠦᠭᠡᠳ ︽ᠭᠤᠶᠤᠴᠢᠯᠠᠭᠴᠢ ᠎ ᠳᠤ ᠮᠡᠳᠡᠭᠳᠡᠬᠦ ᠬᠠᠭᠤᠳᠠᠰᠤ︾᠎ ᠶᠢ ᠥᠭᠴᠦ᠂ ᠲᠡᠭᠦᠨ ᠢ ᠬᠠᠮᠢᠶ᠎ᠠ ᠪᠦᠬᠦᠢ ᠠᠷᠠᠳ ᠤᠨ ᠰᠢᠭᠦᠬᠦ ᠬᠤᠷᠢᠶ᠎ᠠ ᠲᠠᠢ ᠬᠡᠯᠡᠯᠴᠡᠬᠦ ᠶᠢ ᠰᠠᠨᠠᠭᠤᠯᠬᠤ ᠪᠣᠯᠪᠠ᠃ ︽ᠬᠠᠰᠢᠷ ᠪᠤᠯᠢᠬᠠᠶᠢᠯᠠᠭᠴᠢ︾᠎ ᠨᠢ ᠥᠷᠢ ᠲᠦ᠋ᠯᠦᠬᠦ ᠡᠭᠦᠷᠭᠡ ᠪᠠᠨ ᠭᠦᠢᠴᠡᠳᠭᠡᠭᠰᠡᠨ ᠤ ᠳᠠᠷᠠᠭ᠎ᠠ᠂ ᠵᠣᠬᠢᠴᠠᠩᠭᠤᠢ ᠪᠦᠬᠦᠢ ᠠᠷᠠᠳ ᠤᠨ ᠰᠢᠭᠦᠬᠦ ᠬᠤᠷᠢᠶ᠎ᠠ ᠳᠤ ᠭᠤᠶᠤᠴᠢᠯᠠᠯ ᠳᠡᠪᠰᠢᠭᠦᠯᠵᠦ᠂ ᠲᠤᠰ ᠰᠢᠭᠦᠬᠦ ᠬᠤᠷᠢᠶ᠎ᠠ ᠲᠡᠭᠦᠨ ᠢ ᠨᠡᠷᠡᠰ ᠤᠨ ᠬᠠᠭᠤᠳᠠᠰᠤ ᠠᠴᠠ ᠬᠠᠰᠤᠬᠤ ᠪᠦᠭᠡᠳ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠤᠷᠢᠶ᠎ᠠ ᠪᠠᠷ ᠳᠠᠮᠵᠢᠨ ᠲᠤᠭ᠎ᠠ ᠪᠠᠷᠢᠮᠳᠠ ᠶᠢ ᠨᠢ ᠠᠵᠤ ᠦᠢᠯᠡᠳᠪᠦᠷᠢ ᠬᠤᠳᠠᠯᠳᠤᠭ᠎ᠠ ᠶᠢᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ ᠬᠦᠷᠲᠡᠯ᠎ᠡ ᠰᠣᠯᠢᠯᠴᠠᠭᠰᠠᠨ ᠤ ᠳᠠᠷᠠᠭ᠎ᠠ᠂ ᠬᠠᠮᠢᠶ᠎ᠠ ᠪᠦᠬᠦᠢ ᠲᠤᠰᠢᠶᠠᠯ ᠬᠠᠷᠢᠭᠤᠴᠠᠬᠤ ᠬᠢᠷᠢ ᠭᠡᠮ ᠤᠨ ᠬᠢᠵᠠᠭᠠᠷᠯᠠᠯ ᠨᠢ ᠠᠶᠠᠨᠳᠠᠭᠠᠨ ᠲᠠᠶᠢᠯᠤᠭᠳᠠᠨ᠎ᠠ᠃ ᠠᠵᠤ ᠦᠢᠯᠡᠳᠪᠦᠷᠢ ᠬᠤᠳᠠᠯᠳᠤᠭᠠᠨ ᠤ ᠰᠢᠰᠲ᠋ᠧᠮ ᠳᠤ ᠭᠦᠢᠴᠡᠳᠭᠡᠭᠴᠢ ᠶᠢᠨ ᠨᠡᠷ᠎ᠡ ᠶᠢ ᠪᠢᠴᠢᠨ ᠣᠷᠤᠭᠤᠯᠪᠠᠯ᠂ ᠲᠡᠷᠡ ᠨᠢ ︽ᠬᠠᠰᠢᠷ ᠪᠤᠯᠢᠬᠠᠶᠢᠯᠠᠭᠴᠢ︾ ᠯᠠ ᠶᠤᠮ ᠪᠣᠯ᠂ ᠲᠡᠭᠦᠨ ᠤ ᠭᠦᠢᠴᠡᠳᠭᠡᠬᠦ ᠭᠡᠵᠦ ᠪᠠᠶᠢᠭ᠎ᠠ ᠲᠤᠬᠠᠶᠢᠯᠠᠭᠰᠠᠨ ᠠᠵᠢᠯ ᠨᠢ ᠰᠢᠰᠲ᠋ᠧᠮ ᠳᠤ ᠠᠦ᠋ᠲ᠋ᠣ᠋ ᠢᠶᠠᠷ ᠬᠤᠷᠢᠭᠯᠠᠭᠳᠠᠬᠤ ᠪᠥᠭᠡᠳ ︽ᠭᠤᠶᠤᠴᠢᠯᠠᠭᠴᠢ ᠳᠤ ᠮᠡᠳᠡᠭᠳᠡᠬᠦ ᠬᠠᠭᠤᠳᠠᠰᠤ︾᠎ ᠶᠢ ᠣᠯᠭᠤᠵᠤ᠂ ᠲᠡᠭᠦᠨ ᠢ ᠬᠠᠮᠢᠶ᠎ᠠ ᠪᠦᠬᠦᠢ ᠠᠷᠠᠳ ᠤᠨ ᠰᠢᠭᠦᠬᠦ ᠬᠤᠷᠢᠶ᠎ᠠ ᠲᠠᠢ ᠬᠡᠯᠡᠯᠴᠡᠬᠦ ᠶᠢ ᠰᠠᠨᠠᠭᠤᠯᠤᠨ᠎ᠠ᠃ ᠦᠪᠦᠷ ᠮᠣᠩᠭᠤᠯ ᠤᠨ ᠠᠵᠤ ᠦᠢᠯᠡᠳᠪᠦᠷᠢ ᠬᠤᠳᠠᠯᠳᠤᠭᠠᠨ ᠤ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠲᠣᠪᠴᠢᠶᠠᠨ ᠠᠴᠠ ᠬᠠᠩᠭᠠᠭᠰᠠᠨ ᠲᠤᠭ᠎ᠠ ᠪᠠᠷᠢᠮᠳᠠ ᠠᠴᠠ ᠦᠵᠡᠪᠡᠯ᠂ ᠥᠨᠦ ᠪᠣᠯᠬᠤ ᠳᠤ᠂ ᠦᠪᠦᠷ ᠮᠣᠩᠭᠤᠯ ᠳᠤ ᠨᠡᠶᠢᠲᠡ 20940 ᠬᠦᠮᠦᠨ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ᠨᠡᠷᠡᠰ ᠤᠨ ᠬᠦᠮᠦᠷᠭᠡ ᠳᠤ ᠵᠢᠭᠰᠠᠭᠠᠭᠳᠠᠭᠰᠠᠨ ᠪᠠᠶᠢᠨ᠎ᠠ᠃ ᠡᠭᠦᠨ ᠳᠤ᠂ 153 ᠬᠦᠮᠦᠨ ᠨᠢᠭᠡᠨᠲᠡ ᠪᠦᠬᠦ ᠤᠷᠤᠨ ᠤ ᠠᠵᠤ ᠦᠢᠯᠡᠳᠪᠦᠷᠢ ᠬᠤᠳᠠᠯᠳᠤᠭᠠᠨ ᠤ ᠰᠠᠯᠠᠭ᠎ᠠ ᠮᠦᠴᠢᠷ ᠲᠤ ᠲᠤᠬᠠᠶᠢᠯᠠᠭᠰᠠᠨ ᠠᠵᠢᠯ ᠭᠦᠢᠴᠡᠳᠬᠡᠬᠦ ᠳᠤ ᠬᠢᠵᠠᠭᠠᠷᠯᠠᠭᠳᠠᠪᠠ᠃      ᠳᠡᠭᠡᠳᠦ ᠬᠤᠷᠳᠤᠨ ᠲᠡᠮᠦᠷ ᠵᠠᠮ᠂ ᠤᠯᠠᠨ ᠬᠥᠳᠡᠯᠭᠡᠭᠦᠷᠲᠦ ᠴᠤᠪᠤᠭ᠎ᠠ ᠲᠡᠷᠭᠡ ᠵᠡᠷᠭᠡ ᠳᠤ ᠰᠠᠭᠤᠬᠤ ᠶᠢ ᠬᠢᠵᠠᠭᠠᠷᠯᠠᠵᠤ       ᠵᠠᠯᠬᠠᠭᠠᠨ ᠴᠡᠭᠡᠷᠯᠡᠭᠦᠯᠬᠦ ᠡᠷᠴᠢᠮ ᠢᠶᠠᠨ ᠦᠷᠭᠦᠯᠵᠢᠯᠡᠨ ᠴᠢᠩᠭᠠᠳᠬᠠᠨ᠎ᠠ      ᠤᠶᠢᠯᠭᠠᠭᠰᠠᠨ ᠢᠶᠠᠷ᠂ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ︽ᠨᠡᠷ᠎ᠡ ᠶᠢᠨ ᠬᠠᠷ᠎ᠠ ᠳᠠᠩᠰᠠ︾᠎ ᠳᠤ ᠵᠢᠭᠰᠠᠭᠠᠭᠳᠠᠭᠰᠠᠨ ︽ᠬᠠᠰᠢᠷ ᠪᠤᠯᠢᠬᠠᠶᠢᠯᠠᠭᠴᠢ︾᠂ ᠺᠣᠮᠫᠠᠨᠢ ᠶᠢᠨ ᠬᠠᠤᠯᠢ ᠶᠢᠨ ᠡᠷᠬᠡᠲᠡᠨ ᠤ ᠲᠤᠰᠢᠶᠠᠯ ᠢ ᠦᠯᠦ ᠡᠭᠦᠷᠭᠡᠯᠡᠵᠦ ᠪᠣᠯᠬᠤ ᠠᠴᠠ ᠭᠠᠳᠠᠨ᠎ᠠ᠂ ᠲᠡᠳᠡ ᠪᠠᠰᠠ ᠠᠵᠤ ᠦᠢᠯᠡᠳᠪᠦᠷᠢ ᠬᠤᠳᠠᠯᠳᠤᠭᠠᠨ ᠤ ᠰᠠᠯᠠᠠᠭ᠎ᠠ ᠮᠦᠴᠢᠷ ᠠᠴᠠ ᠭᠠᠳᠠᠨᠠᠬᠢ ᠪᠣᠰᠤᠳ ᠠᠯᠢ ᠤᠯᠠᠨ ᠬᠢᠵᠠᠭᠠᠷᠯᠠᠯ ᠢ ᠤᠯᠤᠨ᠎ᠠ᠃ ︽ᠬᠠᠰᠢᠷ ᠪᠤᠯᠢᠬᠠᠶᠢᠯᠠᠭᠴᠢ︾ ᠨᠠᠷ ᠳᠡᠭᠡᠳᠦ ᠬᠤᠷᠳᠤᠨ ᠲᠡᠮᠦᠷ ᠵᠠᠮ᠂ ᠤᠯᠠᠨ ᠬᠥᠳᠡᠯᠭᠡᠭᠦᠷᠲᠦ ᠴᠤᠪᠤᠭ᠎ᠠ ᠲᠡᠷᠭᠡ ᠶᠢᠨ ᠨᠢᠭᠡᠳᠦᠭᠡᠷ ᠳᠡᠰ ᠤᠨ ᠰᠠᠭᠤᠳᠠᠯ ᠠᠴᠠ ᠳᠡᠭᠡᠭᠰᠢ᠂ ᠬᠥᠯᠭᠡ ᠣᠩᠭᠤᠴᠠ ᠶᠢᠨ ᠵᠣᠬᠢᠬᠤ ᠵᠡᠷᠭᠡ ᠳᠡᠰ ᠤᠨ ᠣᠩᠭᠤᠴᠠᠨ ᠥᠷᠥᠭᠡ ᠶᠢᠨ ᠪᠠᠶᠢᠷᠢ᠂ ᠨᠢᠰᠭᠡᠯ ᠵᠡᠷᠭᠡ ᠳᠤ ᠰᠠᠭᠤᠬᠤ ᠳᠤ ᠨᠢ ᠪᠦᠷ ᠬᠢᠵᠠᠭᠠᠷᠯᠠᠭᠳᠠᠨ᠎ᠠ᠃ ᠡᠭᠦᠨ ᠤ ᠬᠠᠮᠲᠤ᠂ ᠵᠢᠱᠢᠶᠡᠯᠡᠪᠡᠯ ᠭᠠᠳᠠᠭᠠᠳᠤ ᠳᠤ ᠵᠢᠭᠤᠯᠴᠢᠯᠠᠬᠤ ᠵᠢᠴᠢ ᠤᠯᠤᠰ ᠤᠨ ᠳᠣᠲᠤᠭᠠᠳᠤ ᠶᠢᠨ ᠦᠨᠳᠦᠷ ᠬᠡᠷᠡᠭᠯᠡᠭᠡᠨ ᠤ ᠦᠢᠯᠡ ᠠᠵᠢᠯᠯᠠᠭ᠎ᠠ ᠶᠢ ᠨᠢ ᠴᠦ ᠬᠢᠵᠠᠭᠠᠷᠯᠠᠭᠳᠠᠨ᠎ᠠ᠃ ᠡᠭᠦᠨ ᠠᠴᠠ ᠭᠠᠳᠠᠨ᠎ᠠ᠂ ᠵᠠᠰᠠᠭ ᠤᠨ ᠤᠷᠳᠤᠨ ᠤ ᠬᠤᠳᠠᠯᠳᠤᠨ ᠠᠪᠬᠤ ᠪᠠ ᠢᠨᠵᠧᠨᠧᠷᠢᠩ ᠤᠨ ᠲᠦᠷᠦᠯ ᠵᠦᠢᠯ ᠤᠨ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ ᠳᠤ ᠣᠷᠤᠯᠴᠠᠬᠤ᠂ ᠵᠠᠰᠠᠭ ᠤᠨ ᠤᠷᠳᠤᠨ ᠤ ᠬᠠᠩᠭᠠᠭᠰᠠᠨ ᠭᠠᠵᠠᠷ ᠰᠢᠷᠤᠢ ᠣᠯᠬᠤ᠂ ᠢᠨᠲ᠋ᠤᠷ ᠰᠦᠯᠵᠢᠶ᠎ᠡ ᠶᠢᠨ ᠮᠡᠳᠡᠭᠡ ᠵᠠᠩᠭᠢ ᠶᠢᠨ ᠦᠢᠯᠡᠴᠢᠯᠡᠭᠡ ᠬᠢᠬᠦ ᠵᠢᠴᠢ ᠦᠷᠳᠡᠭ ᠨᠡᠮᠡᠭᠳᠡᠬᠦ ᠴᠠᠬᠢᠯᠭᠠᠨ ᠬᠤᠯᠪᠣᠭᠠᠨ ᠤ ᠲᠤᠬᠠᠶᠢᠯᠠᠭᠰᠠᠨ ᠠᠵᠢᠯ ᠢ ᠭᠤᠶᠤᠴᠢᠯᠠᠬᠤ᠂ ᠪᠣᠭᠤᠮᠲᠠ ᠶᠢᠨ ᠦᠨᠡᠮᠰᠢᠯᠲᠡ ᠶᠢᠨ ᠠᠵᠤ ᠠᠬᠤᠶᠢᠯᠠᠯ ᠪᠣᠯᠬᠤ ᠵᠡᠷᠭᠡ ᠲᠠᠯ᠎ᠠ ᠪᠠᠷ ᠮᠦᠨᠬᠦ ᠬᠢᠵᠠᠭᠠᠷᠯᠠᠭᠳᠠᠨ᠎ᠠ᠃ ︽ᠬᠠᠰᠢᠷ ᠪᠤᠯᠢᠬᠠᠶᠢᠯᠠᠭᠴᠢ︾ ᠢᠲᠡᠭᠡᠯ ᠢᠶᠠᠨ ᠠᠯᠳᠠᠭᠰᠠᠨ ᠢᠶᠠᠷ ᠬᠡᠷᠡᠭᠵᠢᠭᠦᠯᠦᠭᠳᠡᠭᠴᠢ ᠶᠢᠨ ᠨᠡᠷᠡᠰ ᠤᠨ ᠬᠦᠮᠦᠷᠭᠡ ᠳᠤ ᠣᠷᠤᠬᠤ ᠳᠤ ᠯᠡ ᠬᠦᠷᠪᠡᠯ᠂ ᠪᠣᠰᠤᠳ ᠬᠠᠮᠢᠶ᠎ᠠ ᠪᠦᠬᠦᠢ ᠰᠠᠯᠠᠭ᠎ᠠ ᠮᠦᠴᠢᠷ ᠤᠳ ᠦᠢᠯᠡᠳᠪᠦᠷᠢ ᠬᠤᠳᠠᠯᠳᠤᠭᠠᠨ ᠤ ᠰᠠᠯᠠᠭ᠎ᠠ ᠮᠦᠴᠢᠷ ᠤᠨ ᠬᠠᠮᠲᠤ ᠡᠳ᠋ᠯᠡᠬᠦ ᠮᠡᠳᠡᠭᠡ ᠵᠠᠩᠬᠢ ᠶᠢᠨ ᠲᠤᠭ᠎ᠠ ᠪᠠᠷᠢᠮᠳᠠ ᠶᠢ ᠦᠨᠳᠦᠰᠦᠯᠡᠨ᠂ ᠬᠠᠤᠯᠢ ᠶᠢ ᠵᠦᠷᠢᠴᠡᠨ ᠢᠲᠡᠭᠡᠯ ᠢᠶᠠᠨ ᠠᠯᠳᠠᠭᠰᠠᠨ ᠦᠢᠯᠡ ᠠᠵᠢᠯᠯᠠᠭ᠎ᠠ ᠲᠠᠢ ᠲᠣᠬᠠᠢ ᠶᠢᠨ ᠬᠦᠮᠦᠨ ᠤ ᠲᠤᠰ ᠬᠦᠷᠢᠶᠡᠨ ᠤ ᠡᠵᠡᠩᠨᠡᠯᠲᠡ ᠶᠢᠨ ᠠᠵᠢᠯᠯᠠᠭᠠᠨ ᠳᠤ ᠬᠠᠣᠯᠢ ᠶᠣᠰᠤᠭᠠᠷ ᠤᠯᠠᠨ ᠵᠦᠢᠯ ᠤᠨ ᠵᠠᠯᠬᠠᠭᠠᠨ ᠴᠡᠭᠡᠷᠯᠡᠭᠦᠯᠬᠦ ᠠᠷᠭ᠎ᠠ ᠶᠢ ᠠᠪᠤᠨ᠎ᠠ᠃      ᠳᠠᠷᠠᠭᠠᠴᠢ ᠶᠢᠨ ᠠᠯᠬᠤᠮ ᠳᠤ᠂ ᠠᠵᠤ ᠦᠢᠯᠡᠳᠪᠦᠷᠢ ᠬᠤᠳᠠᠯᠳᠤᠭᠠᠨ ᠤ ᠰᠠᠯᠠᠭ᠎ᠠ ᠮᠦᠴᠢᠷ ᠠᠴᠠ ᠨᠡᠩ ᠤᠯᠠᠨ ᠰᠠᠯᠠᠭ᠎ᠠ ᠮᠦᠴᠢᠷ ᠲᠠᠢ ᠬᠤᠯᠪᠤᠭᠠᠯᠠᠨ᠂ ᠡᠯ᠎ᠡ ᠬᠦᠷᠢᠶ᠎ᠡ ᠳᠤ ᠪᠠᠶᠢᠭ᠎ᠠ ᠢᠲᠡᠭᠡᠯ ᠢᠶᠠᠨ ᠠᠯᠳᠠᠭᠰᠠᠨ ᠦᠢᠯᠡ ᠠᠵᠢᠯᠯᠠᠭ᠎ᠠ ᠲᠠᠢ ᠠᠵᠤ ᠠᠬᠤᠶᠢᠯᠠᠯ ᠪᠠ ᠬᠤᠪᠢ ᠬᠦᠮᠦᠨ ᠳᠤ ᠢᠲᠡᠭᠡᠮᠵᠢ ᠶᠢᠨ ᠵᠠᠯᠬᠠᠭᠠᠨ ᠴᠡᠭᠡᠷᠯᠡᠭᠦᠯᠬᠦ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂ ︽ᠨᠢᠭᠡᠨ ᠶᠠᠪᠤᠳᠠᠯ ᠳᠤ ᠬᠠᠤᠯᠢ ᠠᠴᠠ ᠵᠦᠷᠢᠴᠡᠪᠡᠯ᠂ ᠶᠠᠪᠤᠳᠠᠯ ᠪᠣᠯᠭᠠᠨ ᠳᠤ ᠬᠢᠵᠠᠭᠠᠷᠯᠠᠭᠳᠠᠬᠤ︾᠎ ᠶᠢ ᠦᠨᠡᠨᠬᠦ ᠪᠡᠶᠡᠯᠡᠭᠦᠯᠦᠨ᠂ ᠢᠲᠡᠭᠡᠯ ᠢᠶᠠᠨ ᠠᠯᠳᠠᠭᠰᠠᠳ ᠢ ᠶᠠᠪᠤᠬᠤ ᠶᠢᠨ ᠠᠷᠭ᠎ᠠ ᠦᠭᠡᠢ ᠪᠣᠯᠭᠠᠬᠤ ᠬᠡᠷᠡᠭᠲᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号