| 2015 ᠣᠨ ᠤ 12 ᠳ᠋ᠤᠭᠠᠷ ᠰᠠᠷ᠎ᠠ ᠶᠢᠨ 21 ᠤ ᠡᠳᠦᠷ᠂ 2015 ᠣᠨ ᠤ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠵᠠᠭᠤᠨ ᠲᠦᠮᠡᠨ ᠵᠠᠯᠠᠭᠤᠴᠤᠳ ᠪᠠᠭᠠᠴᠤᠳ ᠴᠠᠰᠤ ᠮᠦᠰᠦᠨ ᠤ ᠨᠠᠭᠠᠳᠤᠮ ᠵᠢᠴᠢ | ᠳᠥᠷᠪᠡᠳᠦᠭᠡᠷ ᠬᠤᠭᠤᠴᠠᠭᠠᠨ ᠤ ᠵᠠᠯᠠᠭᠤᠴᠤᠳ ᠪᠠᠭᠠᠴᠤᠳ ᠤᠨ ᠴᠠᠰᠤ ᠮᠦᠰᠦᠨ ᠤ ᠡᠪᠦᠯ ᠤᠨ ᠠᠮᠠᠷᠠᠯᠲᠠ ᠶᠢᠨ | ᠵᠤᠰᠠᠯᠠᠩ ᠤᠨ ᠥᠪᠥᠷ ᠮᠣᠩᠭᠤᠯ · ᠷᠠᠰᠢᠶᠠᠨ ᠤ ᠬᠤᠶᠠᠳᠤᠭᠠᠷ ᠬᠤᠭᠤᠴᠠᠭᠠᠨ ᠤ ᠵᠠᠯᠠᠭᠤᠴᠤᠳ ᠪᠠᠭᠠᠴᠤᠳ ᠤᠨ | ᠳᠣᠯᠣᠭᠠᠨ ᠬᠥᠮᠦᠨ ᠤ ᠳᠦᠷᠢᠮᠲᠦ ᠴᠠᠰᠤᠨ ᠳᠡᠭᠡᠷᠡᠬᠢ ᠬᠥᠯ ᠪᠥᠮᠪᠦᠭᠡ ᠶᠢᠨ ᠤᠷᠢᠯᠭ᠎ᠠ ᠶᠢᠨ ᠤᠷᠤᠯᠳᠤᠭᠠᠨ ᠤ | ᠡᠬᠢᠯᠡᠯᠲᠡ ᠶᠢᠨ ᠶᠣᠰᠣᠯᠠᠯ ᠷᠠᠰᠢᠶᠠᠨ ᠬᠤᠲᠠ ᠳᠤ ᠶᠠᠪᠤᠭᠳᠠᠪᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠵᠢᠭᠤᠯᠴᠢᠯᠠᠯ ᠤᠨ ᠲᠣᠪᠴᠢᠶ᠎ᠠ᠂ ᠬᠢᠩᠭᠠᠨ ᠠᠶᠢᠮᠠᠭ ᠤᠨ ᠵᠠᠬᠢᠷᠭ᠎ᠠ᠂ ᠬᠢᠩᠭᠠᠨ ᠠᠶᠢᠮᠠᠭ ᠤᠨ ᠰᠣᠶᠣᠯ ᠪᠡᠶ᠎ᠡ ᠶᠢᠨ | ᠲᠠᠮᠢᠷ ᠤᠨ ᠲᠣᠪᠴᠢᠶ᠎ᠠ᠂ ᠷᠠᠰᠢᠶᠠᠨ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠪᠣᠯᠤᠨ | ᠮᠣᠩᠭᠤᠯ ᠤᠯᠤᠰ ᠤᠨ ᠬᠤᠯᠪᠣᠭᠳᠠᠯ ᠪᠦᠬᠦᠢ ᠤᠳᠤᠷᠢᠳᠤᠯᠭ᠎ᠠ ᠡᠬᠢᠯᠡᠯᠲᠡ ᠶᠢᠨ ᠶᠣᠰᠣᠯᠠᠯ ᠳᠤ ᠣᠷᠣᠯᠴᠠᠪᠠ᠃ | ᠲᠤᠰ ᠤᠳᠠᠭᠠᠨ ᠤ ᠤᠷᠤᠯᠳᠤᠭᠠᠨ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ | ᠲᠠᠮᠢᠷ ᠤᠨ ᠲᠣᠪᠴᠢᠶ᠎ᠠ᠂ ᠬᠢᠩᠭᠠᠨ ᠠᠶᠢᠮᠠᠭ ᠤᠨ ᠨᠠᠮ ᠤᠨ ᠬᠤᠷᠢᠶ᠎ᠠ᠂ ᠬᠢᠩᠭᠠᠨ ᠠᠶᠢᠮᠠᠭ ᠤᠨ ᠵᠠᠬᠢᠷᠭ᠎ᠠ ᠭᠤᠣᠯᠯᠠᠨ | ᠡᠷᠭᠢᠯᠡᠵᠦ᠂ ᠬᠢᠩᠭᠠᠨ ᠠᠶᠢᠮᠠᠭ ᠤᠨ ᠰᠣᠶᠣᠯ ᠪᠡᠶ᠎ᠡ ᠶᠢᠨ ᠲᠠᠮᠢᠷ ᠤᠨ ᠲᠣᠪᠴᠢᠶ᠎ᠠ᠂ ᠷᠠᠰᠢᠶᠠᠨ ᠬᠤᠳᠠ ᠶᠢᠨ ᠨᠠᠮ ᠤᠨ | ᠬᠤᠷᠢᠶ᠎ᠠ᠂ ᠬᠤᠳᠠ ᠶᠢᠨ ᠠᠷᠠᠳ ᠤᠨ ᠵᠠᠰᠠᠭ ᠤᠨ ᠣᠷᠳᠣᠨ ᠳᠠᠭᠠᠭᠠᠴᠢᠯᠠᠨ ᠡᠷᠬᠢᠯᠡᠵᠦ᠂ ᠤᠷᠤᠯᠳᠤᠭᠠᠨ ᠤ | ᠲᠠᠯᠠᠪᠤᠷ ᠢ ᠷᠠᠰᠢᠶᠠᠨ ᠬᠤᠳᠠ ᠶᠢᠨ ᠨᠢᠭᠡᠳᠦᠭᠡᠷ ᠪᠠᠭ᠎ᠠ ᠰᠤᠷᠭᠠᠭᠤᠯᠢ ᠳᠤ ᠲᠣᠬᠢᠷᠠᠭᠤᠯᠪᠠ᠃ 21 ᠤ ᠡᠳᠦᠷ ᠠᠴᠠ | 24 ᠤ ᠡᠳᠦᠷ ᠤᠨ ᠬᠤᠭᠤᠴᠠᠭᠠᠨ ᠳᠤ᠂ ᠨᠡᠶᠢᠲᠡ 10 ᠠᠩᠭᠢ᠂ 121 ᠲᠠᠭᠠᠭᠤᠯᠤᠭᠴᠢ᠂ ᠰᠤᠷᠭᠠᠭᠴᠢ᠂ | ᠲᠠᠮᠢᠷᠴᠢᠨ ᠲᠤᠰ ᠤᠳᠠᠭᠠᠨ ᠤ ᠤᠷᠤᠯᠳᠤᠭᠠᠨ ᠳᠤ ᠣᠷᠣᠯᠴᠠᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠪᠠᠰᠠ ᠬᠤᠶᠠᠳᠤᠭᠠᠷ ᠬᠤᠭᠤᠴᠠᠭ᠎ᠠ᠂ ᠭᠤᠷᠪᠠᠳᠤᠭᠠᠷ ᠬᠤᠭᠤᠴᠠᠭ᠎ᠠ᠂ | ᠳᠥᠷᠪᠡᠳᠦᠭᠡᠷ ᠬᠤᠭᠤᠴᠠᠭᠠᠨ ᠤ ᠠᠵᠢᠯᠯᠠᠭ᠎ᠠ ᠶᠢ ᠵᠠᠯᠭᠠᠪᠠᠷ ᠦᠷᠨᠢᠭᠦᠯᠬᠦ ᠪᠠᠷ ᠪᠤᠢ᠃ | ︽ᠵᠠᠯᠠᠭᠤᠴᠤᠳ ᠪᠠᠭᠠᠴᠤᠳ ᠤᠨ ᠪᠡᠶ᠎ᠡ ᠶᠢᠨ ᠲᠠᠮᠢᠷ ᠢ ᠴᠢᠩᠭᠠᠳᠬᠠᠵᠤ ᠵᠠᠯᠠᠭᠤᠴᠤᠳ ᠪᠠᠭᠠᠴᠤᠳ ᠤᠨ ᠪᠡᠶ᠎ᠡ | ᠮᠠᠬᠠᠪᠣᠳ ᠢ ᠴᠢᠭᠢᠷᠠᠭᠵᠢᠭᠤᠯᠵᠤ ᠲᠤᠬᠠᠶ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠲᠦᠷᠦ ᠶᠢᠨ | ᠶᠠᠪᠤᠳᠠᠯ ᠤᠨ ᠬᠤᠷᠢᠶ᠎ᠠ ᠶᠢᠨ ᠰᠠᠨᠠᠯ︾ ᠪᠣᠯᠣᠨ ︽ᠠᠷᠠᠳ ᠨᠡᠶᠢᠲᠡ ᠪᠠᠷ ᠢᠶᠠᠨ ᠪᠡᠶ᠎ᠡ ᠮᠠᠬᠠᠪᠣᠳ ᠢᠶᠠᠨ | ᠴᠢᠭᠢᠷᠠᠭᠵᠢᠭᠤᠯᠬᠤ ᠳᠦᠷᠢᠮ︾ ᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ 2022 ᠣᠨ ᠤ | ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠳᠤ ᠬᠦᠴᠦ ᠨᠡᠮᠡᠷᠢᠯᠡᠵᠦ᠂ | ᠵᠠᠯᠠᠭᠤᠴᠤᠳ ᠪᠠᠭᠠᠴᠤᠳ ᠤᠨ ᠨᠡᠷᠡᠨ ᠬᠡᠷᠡᠯᠲᠦ ᠪᠡᠶ᠎ᠡ ᠶᠢᠨ ᠲᠠᠮᠢᠷ ᠤᠨ ᠠᠵᠢᠯᠯᠠᠭ᠎ᠠ ᠶᠢ ᠶᠡᠬᠡᠪᠡᠷ ᠦᠷᠨᠢᠭᠦᠯᠦᠨ᠂ | ᠤᠯᠤᠰ ᠤᠨ ᠪᠡᠶ᠎ᠡ ᠶᠢᠨ ᠲᠠᠮᠢᠷ ᠤᠨ ᠶᠡᠷᠦᠩᠬᠡᠶ ᠲᠣᠪᠴᠢᠶ᠎ᠠ ᠦᠷᠨᠢᠭᠦᠯᠦᠭᠰᠡᠨ ︽ᠵᠠᠭᠤᠨ ᠲᠦᠮᠡᠨ ᠵᠠᠯᠠᠭᠤᠴᠤᠳ | ᠪᠠᠭᠠᠴᠤᠳ ᠤᠨ ᠴᠠᠰᠤ ᠮᠦᠰᠦᠨ ᠤ ᠨᠠᠭᠠᠳᠤᠮ︾ ᠤᠨ ᠠᠵᠢᠯᠯᠠᠭ᠎ᠠ ᠬᠢᠭᠡᠳ ᠪᠡᠭᠡᠵᠢᠩ ᠤᠨ ᠡᠪᠦᠯ ᠤᠨ ᠤᠯᠠᠷᠢᠯ ᠤᠨ | ᠣᠯᠢᠮᠫᠢᠺ ᠤᠨ ᠲᠠᠮᠢᠷ ᠤᠨ ᠴᠤᠭᠯᠠᠭᠠᠨ ᠢ ᠭᠤᠶᠤᠴᠢᠯᠠᠬᠤ ᠵᠥᠪᠯᠡᠯ ᠤᠨ ᠳᠤᠷᠠᠳᠤᠭᠰᠠᠨ ︽3 ᠳ᠋ᠦᠩᠰᠢᠭᠤᠷ | ᠬᠥᠮᠦᠨ ᠤ ᠴᠠᠰᠤ ᠮᠦᠰᠦᠨ ᠤ ᠨᠠᠭᠠᠳᠤᠮ︾ ᠢ ᠢᠳᠡᠪᠬᠢᠲᠡᠢ ᠴᠤᠤᠷᠢᠶᠠᠳᠤᠨ ᠳᠠᠭᠠᠬᠤ ᠶᠢᠨ ᠲᠤᠰᠠᠳᠠ᠂ ᠥᠪᠡᠷᠲᠡᠭᠡᠨ | ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠵᠠᠯᠠᠭᠤᠴᠤᠳ ᠪᠠᠭᠠᠴᠤᠳ ᠤᠨ ᠴᠠᠰᠤ ᠮᠦᠰᠦᠨ ᠤ ᠡᠪᠦᠯ ᠤᠨ | ᠠᠮᠠᠷᠠᠯᠲᠠ ᠶᠢᠨ ᠵᠤᠰᠠᠯᠠᠩ ᠢ ᠨᠡᠷᠡᠲᠦ ᠲᠡᠮᠳᠡᠭᠲᠦ ᠶᠢᠨ ᠭᠢᠯᠠᠰ ᠴᠢᠭ᠋ ᠤᠨ ᠠᠵᠢᠯᠯᠠᠭ᠎ᠠ ᠪᠣᠯᠭᠠᠨ ᠤᠬᠠᠭᠤᠯᠤᠨ | ᠳᠡᠯᠭᠡᠷᠡᠭᠦᠯᠪᠡ᠂ ᠥᠷᠭᠡᠨ ᠤᠯᠠᠨ ᠵᠠᠯᠠᠭᠤᠴᠤᠳ ᠪᠠᠭᠠᠴᠤᠳ ᠪᠡᠶ᠎ᠡ ᠮᠠᠬᠠᠪᠣᠳ ᠢᠶᠠᠨ ᠴᠢᠭᠢᠷᠠᠭᠵᠢᠭᠤᠯᠬᠤ | ᠬᠥᠳᠡᠯᠭᠡᠭᠡᠨ ᠤ ᠲᠠᠪᠴᠠᠩ ᠪᠠᠶᠢᠭᠤᠯᠵᠤ᠂ ᠬᠡᠦᠬᠡᠳ ᠤᠨ ᠡᠪᠦᠯ ᠤᠨ ᠠᠮᠠᠷᠠᠯᠲᠠ ᠶᠢᠨ ᠠᠮᠢᠳᠤᠷᠠᠯ ᠢ ᠪᠠᠶᠠᠯᠢᠭᠵᠢᠭᠤᠯᠵᠤ᠂ | ᠲᠡᠳᠡᠨ ᠢ ᠪᠦᠯᠬᠦᠮᠳᠡᠨ ᠳᠠᠪᠰᠢᠬᠤ᠂ ᠨᠤᠭᠤᠷᠠᠰᠢ ᠦᠭᠡᠢ ᠪᠠᠷ ᠲᠡᠮᠡᠴᠡᠬᠦ ᠰᠢᠯᠢᠳᠡᠭ ᠰᠡᠶᠢᠠ ᠵᠠᠩ ᠴᠢᠨᠠᠷ ᠪᠣᠯᠤᠨ | ᠪᠡᠶ᠎ᠡ ᠶᠢᠨ ᠲᠠᠮᠢᠷ ᠤᠨ ᠪᠣᠯᠪᠠᠰᠤᠷᠠᠯ ᠳᠤ ᠨᠠᠰᠤᠨ ᠲᠤᠷᠰᠢ ᠣᠷᠣᠯᠴᠠᠬᠤ ᠰᠠᠶᠢᠨ ᠳᠠᠳᠬᠠᠯ ᠲᠠᠢ ᠪᠣᠯᠭᠠᠨ | ᠬᠦᠮᠦᠵᠢᠭᠦᠯᠦᠨ ᠪᠣᠶᠢᠵᠢᠭᠤᠯᠬᠤ ᠶᠢᠨ ᠬᠠᠮᠲᠤ ᠴᠠᠰᠤ ᠮᠦᠰᠦᠨ ᠤ ᠲᠠᠮᠢᠷ ᠤᠨ ᠬᠥᠳᠡᠯᠭᠡᠭᠡᠨ ᠤ ᠪᠡᠯᠡᠳᠬᠡᠯ | ᠴᠢᠳᠠᠪᠤᠷᠢᠲᠠᠨ ᠬᠥᠮᠦᠵᠢᠭᠦᠯᠬᠦ ᠳᠤ ᠠᠰᠢᠭᠲᠠᠶ ᠨᠥᠬᠦᠴᠡᠯ ᠪᠦᠷᠢᠯᠳᠦᠭᠦᠯᠵᠦ ᠥᠭᠬᠦ ᠶᠢ ᠬᠦᠰᠡᠵᠦ ᠪᠤᠢ᠃ |