ᠥᠪᠥᠷ ᠮᠣᠩᠭᠤᠯ ᠤᠯᠠᠨ ᠲᠡᠰ ᠳᠠᠪᠬᠤᠷᠭ᠎ᠠ ᠶᠢᠨ ᠬᠦᠷᠦᠩᠭᠡ ᠶᠢᠨ ᠵᠠᠬ᠎ᠠ ᠳᠡᠯᠭᠡᠭᠦᠷ ᠪᠠᠶᠢᠭᠤᠯᠵᠤ᠂ | ᠥᠪᠡᠷᠲᠡᠭᠡᠨ ᠵᠠᠰᠠᠬᠤ ᠣᠷᠣᠨ ᠤ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠬᠤᠯᠪᠣᠭᠳᠠᠯ ᠪᠥᠬᠦᠢ | ᠪᠠᠶᠢᠷᠢᠯᠠᠭᠤᠯᠤᠯᠲᠠ ᠶᠢᠨ ᠱᠠᠭᠠᠷᠳᠠᠯᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠬᠤ ᠪᠠᠷ ᠪᠤᠢ᠃ ᠣᠶᠢᠷ᠎ᠠ ᠳᠤ | ᠳᠠᠷᠤᠮᠠᠯᠯᠠᠨ ᠲᠠᠷᠬᠠᠭᠠᠭᠰᠠᠨ ︽ᠮᠥᠩᠭᠦᠨ ᠭᠦᠢᠯᠭᠡᠭᠡᠨ ᠤ ᠵᠠᠬ᠎ᠠ ᠳᠡᠯᠭᠡᠭᠦᠷ ᠤᠨ ᠰᠢᠰᠲ᠋ᠧᠮᠵᠢ ᠶᠢ ᠤᠯᠠᠮ ᠨᠢᠭᠡ | ᠠᠯᠬᠤᠮ ᠲᠡᠭᠦᠯᠳᠡᠷᠵᠢᠬᠦᠯᠬᠦ ᠬᠡᠷᠡᠭᠵᠢᠭᠦᠯᠬᠦ ᠲᠥᠰᠦᠯ︾ ᠳᠤ᠂ ᠥᠪᠥᠷ ᠮᠣᠩᠭᠤᠯ ᠠᠵᠤ ᠠᠬᠤᠶᠢᠯᠠᠯ ᠤᠨ ᠵᠠᠬ᠎ᠠ | ᠳᠡᠯᠭᠡᠭᠦᠷ ᠲᠤ ᠭᠠᠷᠬᠤ ᠶᠢ ᠶᠡᠬᠡᠪᠡᠷ ᠳᠥᠯᠭᠢᠨ ᠠᠬᠢᠭᠤᠯᠵᠤ᠂ ᠨᠡᠩ ᠤᠯᠠᠨ ᠴᠢᠨᠠᠷ ᠰᠠᠶᠢᠲᠠᠶ ᠠᠵᠤ ᠠᠬᠤᠶᠢᠯᠠᠯ ᠤᠨ | ᠪᠠᠶᠢᠭᠤᠯᠤᠯ ᠢᠶᠠᠨ ᠦᠬᠡᠷᠡᠴᠢᠯᠡᠨ ᠵᠠᠬ᠎ᠠ ᠳᠡᠯᠭᠡᠭᠦᠷ ᠲᠤ ᠭᠠᠷᠬᠤ ᠶᠢ ᠪᠤᠶᠢᠵᠢᠭᠤᠯᠤᠨ ᠳᠡᠮᠵᠢᠨ᠎ᠡ ᠭᠡᠪᠡ᠃ ᠱᠠᠩᠬᠠᠶ | ᠱᠧᠨᠵᠧᠨ ᠤ ᠠᠷᠠᠯᠵᠢᠶᠠᠨ ᠤ ᠭᠠᠵᠠᠷ᠂ ᠪᠦᠬᠦ ᠤᠯᠤᠰ ᠤᠨ ᠳᠤᠮᠳᠠ ᠵᠢᠵᠢᠭ ᠠᠵᠤ ᠠᠬᠤᠶᠢᠯᠠᠯ ᠤᠨ ᠬᠤᠪᠢ | ᠣᠷᠣᠭᠤᠯᠤᠯᠲᠠ ᠶᠢ ᠰᠢᠯᠵᠢᠭᠦᠯᠦᠨ ᠥᠭᠬᠦ ᠰᠢᠰᠲ᠋ᠧᠮ᠂ ᠰᠢᠶᠠᠩᠭᠠᠩ ᠤᠨ ᠬᠠᠮᠲᠤᠷᠠᠭᠰᠠᠨ ᠠᠷᠠᠯᠵᠢᠶᠠᠨ ᠤ ᠭᠠᠵᠠᠷ᠂ | ᠠᠮᠧᠷᠢᠺᠠ ᠶᠢᠨ ᠨᠠᠰᠳᠠᠺ ᠵᠡᠷᠭᠡ ᠬᠢᠯᠢ ᠶᠢᠨ ᠳᠣᠲᠣᠷ᠎ᠠ ᠭᠠᠳᠠᠨᠠᠬᠢ ᠦᠨᠡᠲᠦ ᠲᠡᠮᠳᠡᠭᠲᠦ ᠠᠷᠠᠯᠵᠢᠶᠠᠯᠠᠬᠤ ᠭᠠᠵᠠᠷ | ᠯᠤᠭ᠎ᠠ ᠶᠢᠨ ᠰᠣᠯᠢᠯᠴᠠᠭ᠎ᠠ ᠬᠠᠮᠲᠤᠷᠠᠯᠴᠠᠭ᠎ᠠ ᠶᠢ ᠴᠢᠩᠭᠠᠳᠬᠠᠨ᠂ ᠠᠵᠤ ᠠᠬᠤᠶᠢᠯᠠᠯ ᠤᠨ ᠬᠢᠯᠢ ᠶᠢᠨ ᠳᠣᠲᠣᠨ᠎ᠠ | ᠭᠠᠳᠠᠨ᠎ᠠ ᠵᠠᠬ᠎ᠠ ᠳᠡᠯᠭᠡᠭᠦᠷ ᠲᠤ ᠭᠠᠷᠬᠤ ᠳᠤ ᠵᠠᠮ ᠵᠠᠰᠠᠵᠤ ᠬᠥᠭᠦᠷᠭᠡ ᠲᠠᠯᠪᠢᠵᠠᠢ᠃ ᠨᠡᠩ ᠤᠯᠠᠨ ᠳᠤᠮᠳᠠ ᠵᠢᠵᠢᠭ | ᠠᠵᠤ ᠠᠬᠤᠶᠢᠯᠠᠯ ᠤᠨ ᠪᠦᠬᠦ ᠤᠯᠤᠰ ᠤᠨ ᠳᠤᠮᠳᠠ ᠵᠢᠵᠢᠭ ᠠᠵᠤ ᠠᠬᠤᠶᠢᠯᠠᠯ ᠳᠤ ᠬᠤᠪᠢ ᠤᠷᠤᠭᠤᠯᠬᠤ ᠶᠢ | ᠰᠢᠯᠵᠢᠭᠦᠯᠦᠨ ᠥᠭᠬᠦ ᠰᠢᠰᠲ᠋ᠧᠮ ᠤᠨ ᠫᠠᠶᠢᠰᠠ ᠡᠯᠭᠦᠬᠦ ᠶᠢ ᠢᠳᠡᠪᠬᠢᠲᠡᠶ ᠲᠦᠯᠬᠢᠨ ᠠᠬᠢᠭᠤᠯᠵᠤ᠂ ᠳᠤᠮᠳᠠ ᠵᠢᠵᠢᠭ | ᠪᠢᠴᠢᠯ ᠠᠵᠤ ᠠᠬᠤᠶᠢᠯᠠᠯ ᠢ ᠬᠥᠲᠥᠯᠥᠨ ᠵᠢᠯᠣᠭᠤᠳᠴᠤ ᠥᠪᠥᠷ ᠮᠣᠩᠭᠤᠯ ᠤᠨ ᠰᠲ᠋ᠤᠺ ᠤᠨ ᠡᠷᠬᠡ ᠶᠢᠨ | ᠠᠷᠠᠯᠵᠢᠶᠠᠨ ᠤ ᠲᠥᠪ ᠲᠤ ᠫᠠᠶᠢᠰᠠ ᠡᠯᠬᠦᠬᠦᠯᠬᠦ ᠪᠠᠷ ᠪᠠᠶᠢᠨ᠎ᠠ᠃ ᠡᠭᠦᠨ ᠠᠴᠠ ᠭᠠᠳᠠᠨ᠎ᠠ᠂ ᠥᠪᠥᠷ ᠮᠣᠩᠭᠤᠯ ᠪᠠᠰᠠ | ᠠᠵᠤ ᠠᠬᠤᠶᠢᠯᠠᠯ ᠤᠨ ᠵᠢᠭᠡᠯᠡᠯᠭᠡ ᠶᠢᠨ ᠲᠡᠮᠳᠡᠭᠲᠦ ᠲᠠᠷᠬᠠᠭᠠᠬᠤ ᠶᠢ ᠵᠤᠷᠢᠭᠵᠢᠭᠤᠯᠬᠤ ᠪᠠᠷ ᠪᠠᠶᠢᠨ᠎ᠠ᠃ ᠰᠲ᠋ᠣᠺ ᠤᠨ | ᠡᠷᠬᠡ ᠶᠢᠨ ᠪᠡᠯᠡ ᠣᠷᠣᠭᠤᠯᠤᠯᠲᠠ ᠶᠢᠨ ᠰᠠᠭᠤᠷᠢ ᠮᠥᠩᠭᠦ ᠪᠤᠯᠤᠨ ᠠᠵᠤ ᠠᠬᠤᠶᠢᠯᠠᠯ ᠤᠨ ᠡᠳ᠋ ᠭᠦᠷᠤᠩᠭᠡ ᠶᠢ | ᠦᠨᠡᠲᠦ ᠲᠡᠮᠳᠡᠭᠳᠦᠵᠢᠭᠦᠯᠬᠦ ᠲᠤᠬᠠᠶᠢᠯᠠᠭᠰᠠᠨ ᠠᠵᠢᠯ ᠢ ᠶᠡᠬᠡᠪᠡᠷ ᠬᠥᠭᠵᠢᠭᠦᠯᠵᠦ᠂ ᠠᠵᠤ ᠠᠬᠤᠶᠢᠯᠠᠯ ᠤᠨ ᠡᠳ᠋ | ᠭᠦᠷᠤᠩᠭᠡ ᠶᠢ ᠦᠨᠡᠲᠦ ᠲᠡᠮᠳᠡᠭᠳᠦᠵᠢᠭᠦᠯᠬᠦ ᠶᠢ ᠲᠦᠯᠬᠢᠨ ᠠᠬᠢᠭᠤᠯᠵᠤ᠂ ᠨᠡᠭᠦᠷᠡᠰᠦ᠂ ᠴᠠᠬᠢᠯᠭᠠᠨ ᠬᠦᠴᠦ᠂ | ᠨᠡᠶᠢᠲᠡ ᠶᠢᠨ ᠬᠡᠷᠡᠭᠯᠡᠭᠡᠨ ᠤ ᠠᠵᠢᠯ ᠦᠢᠯᠡᠰ᠂ ᠵᠠᠮ ᠲᠡᠭᠡᠭᠡᠪᠦᠷᠢ ᠵᠡᠷᠭᠡ ᠠᠵᠢᠯ ᠲᠥᠷᠥᠯ ᠤᠨ ᠠᠵᠤ ᠠᠬᠤᠶᠢᠯᠠᠯ ᠨᠢ | ᠬᠤᠷᠢᠶᠠᠬᠤ ᠶᠣᠰᠣᠲᠠᠶ ᠠᠪᠴᠠᠭ᠎ᠠ ᠶᠢᠨ ᠵᠣᠭᠤᠰ᠂ ᠢᠷᠡᠭᠡᠳᠦᠶ ᠶᠢᠨ ᠠᠰᠢᠭ ᠣᠯᠵᠠᠪᠤᠷᠢ ᠣᠯᠬᠤ ᠡᠷᠬᠡ᠂ ᠵᠠᠰᠠᠮᠠᠯ | ᠵᠡᠮ ᠤᠨ ᠰᠦᠢᠳᠬᠡᠯ ᠬᠤᠷᠢᠶᠠᠬᠤ ᠡᠷᠬᠡ ᠵᠡᠷᠭᠡ ᠶᠢ ᠠᠰᠢᠭᠯᠠᠨ ᠬᠦᠷᠦᠩᠭᠡ ᠶᠢᠨ ᠦᠨᠡᠲᠦ ᠲᠡᠮᠳᠡᠭᠳᠤᠴᠢᠯᠡᠭᠰᠡᠨ ᠪᠡᠯᠡ | ᠮᠦᠡᠭᠭᠦ ᠤᠷᠤᠭᠤᠯᠬᠤ ᠶᠢ ᠳᠡᠮᠵᠢᠨ᠎ᠡ᠃ ᠲᠥᠮᠥᠰᠥ᠂ ᠰᠦᠨ ᠲᠠᠯᠬ᠎ᠠ᠂ ᠦᠬᠡᠷ ᠬᠤᠨᠢᠨ ᠮᠢᠬ᠎ᠠ᠂ ᠨᠣᠯᠤᠤᠷ᠂ | ᠡᠪᠡᠰᠦᠨ ᠤ ᠪᠦᠲᠦᠭᠡᠭᠳᠡᠬᠦᠨ ᠵᠡᠷᠭᠡ ᠡᠬᠢ ᠪᠠᠶᠠᠯᠢᠭ ᠤᠨ ᠳᠠᠪᠠᠭᠤᠯᠢᠭ ᠢ ᠬᠤᠭᠤᠴᠠᠭᠠᠲᠤ ᠪᠠᠷᠠᠭ᠎ᠠ ᠶᠢᠨ ᠲᠦᠷᠤᠯ | ᠵᠦᠢᠯ ᠪᠤᠯᠭᠠᠨ ᠵᠠᠬ᠎ᠠ ᠳᠡᠯᠭᠡᠭᠦᠷ ᠲᠤ ᠭᠠᠷᠴᠤ ᠠᠷᠠᠯᠵᠢᠶᠠᠯᠠᠬᠤ ᠶᠢ ᠲᠥᠯᠬᠢᠨ ᠠᠬᠢᠭᠤᠯᠤᠨ᠎ᠠ᠃ ᠬᠥᠳᠡᠯᠭᠡᠬᠦ | ᠬᠦᠴᠦᠨ ᠤ ᠨᠡᠭᠦᠷᠡᠰᠦ᠂ ᠬᠡᠦᠷᠡᠰᠦ᠂ ᠲᠡᠮᠦᠷ ᠤᠨ ᠬᠠᠶᠢᠯᠤᠰᠢ᠂ ᠦᠬᠡᠷ ᠬᠤᠨᠢ ᠮᠠᠯ᠂ ᠤᠢ ᠡᠪᠡᠰᠦᠨ ᠡᠮ ᠤᠨ | ᠦᠢᠯᠡᠳᠬᠦᠨ ᠵᠡᠷᠭᠡ ᠶᠡᠭᠡ ᠬᠡᠮᠵᠢᠶᠡᠨ ᠤ ᠲᠠᠸᠠᠷ ᠤᠨ ᠠᠷᠠᠯᠵᠢᠶᠠᠨ ᠤ ᠲᠠᠪᠴᠠᠩ ᠢ ᠪᠠᠶᠢᠭᠤᠯᠬᠤ ᠶᠢ ᠲᠦᠯᠬᠢᠨ | ᠠᠬᠢᠭᠤᠯᠤᠨ᠎ᠠ ᠭᠡᠪᠡ᠃ | 2015 ᠣᠨ ᠤ 3 ᠳ᠋ᠤᠭᠠᠷ ᠰᠠᠷ᠎ᠠ ᠪᠤᠯᠲᠠᠯ᠎ᠠ᠂ ᠥᠪᠥᠷ ᠮᠣᠩᠭᠤᠯ ᠠᠴᠠ ᠱᠠᠩᠬᠠᠶ ᠱᠧᠨᠵᠧᠨ ᠬᠤᠶᠠᠷ | ᠬᠤᠳᠠ ᠶᠢᠨ ᠵᠠᠬ᠎ᠠ ᠳᠡᠯᠭᠡᠭᠦᠷ ᠲᠤ ᠭᠠᠷᠭᠠᠭᠰᠠᠨ ᠠᠵᠤ ᠠᠬᠤᠶᠢᠯᠠᠯ ᠨᠡᠶᠢᠲᠡ 25 ᠪᠤᠢ᠃ ᠳᠠᠬᠢᠪᠠᠯ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠮᠥᠩᠭᠦᠨ ᠭᠦᠢᠯᠭᠡᠭᠡᠨ ᠤ ᠠᠯᠪᠠᠨ ᠭᠡᠷ ᠤᠨ ᠲᠤᠭ᠎ᠠ ᠪᠦᠷᠢᠳᠬᠡᠯ ᠤᠨ | ᠲᠤᠭ᠎ᠠ ᠪᠠᠷᠢᠮᠲᠠ ᠶᠢ ᠦᠨᠳᠦᠰᠦᠯᠡᠪᠡᠯ᠂ 11 ᠳ᠋ᠤᠭᠡᠷ ᠰᠠᠷ᠎ᠠ ᠶᠢᠨ 30 ᠤ ᠡᠳᠦᠷ ᠪᠣᠯᠲᠠᠯ᠎ᠠ᠂ ᠥᠪᠥᠷ ᠮᠣᠩᠭᠤᠯ 21 | ᠺᠣᠮᠫᠠᠨᠢ ᠳᠤ ᠰᠢᠨ᠎ᠡ ᠪᠠᠷ ᠫᠠᠶᠢᠰᠠ ᠡᠯᠬᠦᠵᠤ᠂ 7 ᠠᠶᠢᠮᠠᠭ ᠬᠤᠲᠠ ︵ᠲᠤᠰ ᠲᠤᠰ᠄ ᠬᠥᠬᠡᠬᠤᠲᠠ ᠳᠤ 8᠂ ᠪᠤᠭᠤᠲᠤ | ᠬᠤᠳᠠ ᠳᠤ 4᠂ ᠤᠯᠠᠭᠠᠨᠬᠠᠳᠠ ᠬᠤᠳᠠ ᠳᠤ 4᠂ ᠬᠥᠯᠥᠨ ᠪᠤᠶᠢᠷ ᠬᠤᠳᠠ ᠳᠤ 2᠂ ᠲᠦᠩᠯᠢᠶᠣᠤ ᠬᠤᠳᠠ ᠳᠤ 1᠂ | ᠰᠢᠯᠢ ᠶᠢᠨ ᠭᠤᠣᠯ ᠠᠶᠢᠮᠠᠭ ᠲᠤ 1᠂ ᠤᠷᠳᠤᠰ ᠬᠤᠳᠠ ᠳᠤ 1︶ ᠶᠢ ᠪᠦᠷᠬᠦᠬᠦᠯᠵᠤ᠂ 14 ᠠᠵᠤ ᠠᠬᠤᠶᠢᠯᠠᠯ ᠢ | ᠬᠢᠨᠠᠵᠤ ᠂ 68 ᠲᠡᠮᠳᠡᠭᠲᠦ ᠶᠢᠨ ᠬᠤᠳᠠᠯᠳᠤᠭᠠᠴᠢᠨ ᠯᠤᠭ᠎ᠠ ᠲᠥᠷᠥᠯ ᠵᠦᠢᠯ ᠤᠨ ᠭᠡᠷ᠎ᠡ ᠲᠤᠭᠲᠠᠵᠤ ᠭᠠᠷ ᠤᠨ | ᠦᠰᠦᠭ ᠵᠢᠷᠤᠪᠠ᠃ ᠫᠠᠶᠢᠰᠠ ᠡᠯᠬᠦᠭᠰᠡᠨ ᠠᠵᠤ ᠠᠬᠤᠶᠢᠯᠠᠯ ᠤᠳ 2 ᠤᠳᠠᠭ᠎ᠠ ᠰᠲ᠋ᠣᠺ ᠲᠠᠷᠬᠠᠭᠠᠨ᠂ ᠨᠡᠶᠢᠲᠡ | 2368.68 ᠲᠦᠮᠡᠨ ᠲᠥᠭᠦᠷᠢᠭ ᠤᠨ ᠪᠡᠯᠡ ᠮᠥᠩᠭᠦ ᠴᠤᠭᠯᠠᠭᠤᠯᠤᠭᠰᠠᠨ ᠪᠠᠶᠢᠨ᠎ᠠ᠃ |