ᠬᠠᠲᠤᠨ ᠭᠤᠣᠯ ᠳᠠᠭᠠᠤ ᠤᠷᠳᠤᠰ ᠤᠨ ᠬᠡᠰᠡᠭ ᠪᠠᠶᠠᠨᠨᠠᠭᠤᠷ ᠤᠨ ᠬᠡᠰᠡᠭ ᠪᠤᠭᠤᠲᠤ ᠶᠢᠨ ᠬᠡᠰᠡᠭ ᠤᠨ ᠰᠦᠩ ᠤᠷᠤᠰᠬᠠᠯ ᠡᠬᠢᠯᠡᠪᠡ
ᠨᠡᠶᠢᠲᠡᠯᠡᠭᠰᠡᠨ ᠴᠠᠭ᠄
2015/12/3
     ᠶᠡᠭᠡ ᠪᠠᠷ ᠬᠦᠢᠲᠡᠷᠡᠭᠰᠡᠨ ᠠᠴᠠ᠂ ᠬᠠᠲᠤᠨ ᠭᠤᠣᠯ ᠳᠠᠭᠠᠤ ᠤᠷᠳᠤᠰ ᠤᠨ ᠬᠡᠰᠡᠭ᠂ ᠪᠠᠶᠠᠨᠨᠠᠭᠤᠷ ᠤᠨ ᠬᠡᠰᠡᠭ᠂ ᠪᠤᠭᠤᠲᠤ ᠶᠢᠨ ᠬᠡᠰᠡᠭ ᠤᠨ ᠰᠦᠩ ᠤᠷᠤᠰᠬᠠᠯ ᠡᠬᠢᠯᠡᠪᠡ᠃ 11 ᠳ᠋ᠦ᠋ᠭᠡᠷ ᠰᠠᠷ᠎ᠠ ᠶᠢᠨ 25᠎ ᠤ ᠡᠳᠦᠷ ᠤᠨ ᠦᠳᠡ ᠶᠢᠨ ᠡᠮᠦᠨ᠎ᠡ ᠬᠠᠲᠤᠨ ᠭᠤᠣᠯ ᠤᠨ ᠤᠷᠳᠤᠰ ᠤᠨ ᠬᠡᠰᠡᠭ ᠤᠨ ᠰᠦᠩ ᠤᠷᠤᠰᠬᠠᠯ ᠡᠬᠢᠯᠡᠪᠡ᠃ ᠣᠳᠣᠬᠠᠨ ᠳᠤ᠂ ᠬᠠᠲᠤᠨ ᠭᠤᠣᠯ ᠳᠠᠭᠠᠤ ᠳᠠᠯᠠᠳ ᠬᠤᠰᠢᠭᠤ᠂ ᠵᠡᠭᠦᠨᠭᠠᠷ ᠬᠤᠰᠢᠭᠤ ᠶᠢᠨ ᠬᠡᠰᠡᠭ ᠪᠦᠬᠦ ᠱᠤᠭᠤᠮ ᠢᠶᠠᠷ ᠢᠶᠠᠨ ᠰᠦᠩ ᠤᠷᠤᠰᠬᠠᠯ ᠲᠠᠢ ᠪᠤᠯᠵᠤ᠂ ᠬᠠᠲᠤᠨ ᠭᠤᠣᠯ ᠤᠨ ᠬᠠᠩᠭᠢᠨ ᠬᠤᠰᠢᠭᠤ ᠶᠢᠨ ᠳᠤᠭᠤᠶ ᠲᠠᠯ᠎ᠠ ᠶᠢᠨ ᠬᠡᠰᠡᠭ ᠤᠨ ᠰᠦᠩ ᠤᠷᠤᠰᠬᠠᠯ ᠡᠬᠢᠯᠡᠵᠦ᠂ ᠰᠦᠩ ᠤᠷᠤᠰᠬᠠᠯ ᠤᠨ ᠨᠢᠭᠲᠠᠴᠠ ᠨᠢ10% — 40% ᠪᠠᠶᠢᠵᠤ᠂ ᠪᠤᠰᠤᠳ ᠬᠡᠰᠡᠭ ᠨᠢ ᠰᠦᠩ ᠤᠷᠤᠰᠬᠠᠯ ᠦᠭᠡᠢ ᠪᠠᠶᠢᠨ᠎ᠠ᠃ ᠰᠢᠨᠵᠢᠶᠠᠩ ᠤᠨ ᠪᠠᠭᠤᠷᠠᠶ ᠬᠦᠢᠲᠡᠨ ᠠᠭᠤᠷ ᠠᠮᠢᠰᠬᠤᠯ ᠤᠨ ᠨᠥᠯᠥᠭᠡ ᠪᠠᠷ᠂ 11 ᠳ᠋ᠦ᠋ᠭᠡᠷ ᠰᠠᠷ᠎ᠠ ᠶᠢᠨ 26᠎ ᠤ ᠣᠷᠣᠶ ᠬᠠᠲᠤᠨ ᠭᠤᠣᠯ ᠤᠨ ᠪᠠᠶᠠᠨᠨᠠᠭᠤᠷ ᠬᠡᠰᠡᠭ ᠤᠨ ᠰᠦᠩ ᠤᠷᠤᠰᠬᠠᠯ ᠡᠬᠢᠯᠡᠵᠦ᠂  ᠰᠦᠩ ᠤᠷᠤᠰᠬᠠᠯ ᠨᠢ ᠨᠢᠳᠤᠨᠤᠨ ᠤ ᠬᠢ ᠠᠴᠠ 6 ᠡᠳᠦᠷ ᠤᠷᠢᠳᠴᠢᠯᠠᠭᠰᠠᠨ ᠪᠠᠶᠢᠨ᠎ᠠ᠃ ᠣᠳᠣᠬᠠᠨ ᠳᠤ᠂ ᠬᠠᠲᠤᠨ ᠭᠤᠣᠯ ᠳᠠᠭᠠᠤ ᠪᠠᠶᠠᠨᠨᠠᠭᠤᠷ ᠤᠨ ᠰᠢᠶᠡᠨ ᠹᠧᠩ ᠤᠨ ᠬᠡᠰᠡᠭ ᠤᠨ ᠰᠦᠩ ᠤᠷᠤᠰᠬᠠᠯ ᠤᠨ ᠨᠢᠭᠲᠠᠴᠠ ᠨᠢ 40% — 50% ᠪᠠᠶᠢᠵᠤ᠂ ᠭᠤᠷᠪᠠᠨ ᠨᠠᠭᠤᠷ ᠠᠮᠠ ᠶᠢᠨ ᠬᠡᠰᠡᠭ ᠤᠨ ᠰᠦᠩ ᠤᠷᠤᠰᠬᠠᠯ ᠤᠨ ᠨᠢᠭᠲᠠᠴᠠ ᠨᠢ 10% — 20% ᠪᠠᠶᠢᠨ᠎ᠠ᠂ ᠪᠤᠰᠤᠳ ᠭᠤᠤᠯ ᠤᠨ ᠬᠡᠰᠡᠭ ᠎ ᠨᠢ ᠰᠦᠩ ᠤᠷᠤᠰᠬᠠᠯ ᠦᠭᠡᠶ ᠪᠠᠶᠢᠨ᠎ᠠ᠃ ᠴᠢᠩᠭ᠎ᠠ ᠬᠦᠢᠲᠡᠨ ᠠᠭᠤᠷ ᠠᠮᠢᠰᠬᠤᠯ ᠤᠨ ᠨᠥᠯᠥᠭᠡ ᠪᠠᠷ᠂ 11 ᠳ᠋ᠦ᠋ᠭᠡᠷ ᠰᠠᠷ᠎ᠠ ᠶᠢᠨ 25᠎ ᠤ ᠡᠳᠦᠷ ᠠᠴᠠ ᠬᠠᠲᠤᠨ ᠭᠤᠣᠯ ᠤᠨ ᠪᠤᠭᠤᠲᠤ ᠶᠢᠨ ᠬᠡᠰᠡᠭ ᠲᠤ ᠰᠦᠩ ᠬᠠᠯᠢᠶ᠎ᠠ ᠢᠯᠡᠷᠡᠵᠦ᠂ 26᠎ ᠤ ᠡᠳᠦᠷ᠂ ᠬᠠᠲᠤᠨ ᠭᠤᠣᠯ ᠳᠠᠭᠠᠤ ᠪᠤᠭᠤᠲᠤ ᠶᠢᠨ ᠬᠡᠰᠡᠭ ᠰᠦᠩ ᠤᠷᠤᠰᠬᠠᠯ ᠤᠨ ᠨᠢᠭᠲᠠᠴᠠ ᠦᠳᠲᠡᠷ ᠲᠦᠷᠭᠡᠨ ᠨᠡᠮᠡᠭᠳᠡᠵᠦ᠂ ᠵᠠᠷᠢᠮ ᠬᠡᠰᠡᠭ ᠤᠨ ᠰᠦᠩ ᠤᠷᠤᠰᠬᠠᠯ ᠤᠨ ᠨᠢᠭᠲᠠᠴᠠ ᠨᠢ 60%᠎ ᠠᠴᠠ ᠳᠡᠭᠡᠭᠰᠢ ᠳᠤ ᠬᠦᠷᠪᠡ᠃ ᠣᠳᠣᠬᠠᠨ ᠳᠤ᠂ ᠬᠠᠲᠤᠨ ᠭᠤᠣᠯ ᠳᠠᠭᠠᠤ ᠪᠤᠭᠤᠲᠤ ᠶᠢᠨ ᠬᠡᠰᠡᠭ ᠤᠨ ᠤᠰᠤᠨ ᠲᠦᠪᠰᠢᠨ ᠪᠤᠯᠤᠨ ᠤᠷᠤᠰᠬᠠᠯ ᠤᠨ ᠬᠡᠮᠵᠢᠶ᠎ᠡ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ᠪᠠᠭ᠎ᠠ ᠳᠤᠤᠷ᠎ᠠ ᠪᠠᠶᠢᠵᠤ᠂ ᠪᠦᠬᠦ ᠬᠡᠰᠡᠭ ᠤᠨ ᠤᠰᠤᠨ ᠲᠦᠪᠰᠢᠨ ᠲᠤᠭᠲᠠᠭᠤᠨ ᠪᠦᠭᠡᠳ ᠠᠶᠤᠯ ᠦᠭᠡᠢ ᠪᠠᠶᠢᠨ᠎ᠠ᠃ ᠡᠨᠡ ᠵᠢᠯ ᠡᠪᠦᠯ ᠤᠷᠤᠭᠰᠠᠨ ᠠᠴᠠ  ᠬᠤᠶᠢᠰᠢ ᠠᠭᠤᠷ ᠠᠮᠢᠰᠬᠤᠯ ᠨᠡᠯᠢᠶᠡᠳ ᠳᠤᠯᠠᠭᠠᠨ ᠪᠠᠶᠢᠭᠰᠠᠨ ᠠᠴᠠ᠂ ᠡᠨᠡ ᠵᠢᠯ ᠤᠨ ᠡᠬᠢᠨ ᠤ ᠰᠦᠩ ᠬᠠᠯᠢᠶ᠎ᠠ ᠤᠨ ᠴᠠᠭ ᠨᠢ ᠥᠩᠭᠡᠷᠡᠭᠰᠡᠨ ᠵᠢᠯ ᠤᠨ ᠬᠢ ᠠᠴᠠ 5 ᠬᠤᠨᠤᠭ ᠤᠷᠤᠶᠢᠲᠠᠪᠠ᠃ ᠣᠶᠢᠯᠠᠭᠠᠭᠰᠠᠨ ᠢᠶᠠᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠠᠳᠤᠨ ᠭᠤᠣᠯ ᠳᠠᠭᠠᠤ ᠡᠯ᠎ᠡ ᠠᠶᠢᠮᠠᠭ ᠬᠤᠳᠠ ᠰᠦᠩ ᠬᠠᠯᠢᠶ᠎ᠠ ᠶᠢ ᠰᠡᠷᠭᠡᠶᠢᠯᠡᠬᠦ ᠪᠡᠯᠡᠳᠬᠡᠯ ᠲᠥᠰᠦᠯ ᠲᠤᠭᠲᠠᠭᠠᠵᠤ᠂ ᠵᠠᠰᠠᠭ ᠵᠠᠬᠢᠷᠭᠠᠨ ᠤ ᠨᠢᠭᠡᠳᠦᠭᠡᠷ ᠭᠠᠷ ᠶᠡᠷᠦᠩᠬᠡᠶ ᠬᠠᠷᠢᠭᠤᠴᠠᠯᠭ᠎ᠠ ᠶᠢ ᠡᠭᠦᠷᠭᠡᠯᠡᠬᠦ ᠰᠦᠩ ᠬᠠᠯᠢᠶ᠎ᠠ ᠶᠢ ᠰᠡᠷᠭᠡᠶᠢᠯᠡᠬᠦ ᠬᠠᠷᠢᠭᠤᠴᠠᠯᠭ᠎ᠠ ᠶᠢᠨ ᠳᠦᠷᠢᠮ ᠶᠢ ᠬᠡᠷᠡᠭᠵᠢᠭᠦᠯᠵᠦ᠂ ᠡᠯ᠎ᠡ ᠱᠠᠲᠤᠨ ᠤ ᠦᠶᠡᠷ ᠰᠡᠷᠭᠡᠶᠢᠯᠡᠯᠲᠡ ᠶᠢᠨ ᠵᠢᠯᠣᠭᠤᠳᠬᠤ ᠭᠠᠵᠠᠷ ᠠᠶᠤᠯ ᠲᠠᠢ ᠪᠠᠷᠢᠯᠭ᠎ᠠ ᠶᠢᠨ ᠬᠡᠰᠡᠭ ᠪᠤᠯᠤᠨ ᠲᠠᠩ ᠭᠠᠵᠠᠷ ᠤᠨ ᠠᠶᠢᠯ ᠤᠳ ᠢ  ᠭᠡᠰᠡᠭ ᠪᠦᠯᠦᠭ ᠬᠤᠪᠢᠶᠠᠨ ᠳᠠᠭᠠᠭᠠᠴᠢᠯᠠᠵᠤ᠂ ᠨᠢᠭᠡᠳᠦᠭᠡᠷ ᠱᠤᠭᠤᠮ ᠤᠨ ᠰᠡᠷᠭᠡᠶᠢᠯᠡᠨ ᠰᠠᠬᠢᠬᠤ ᠬᠦᠮᠦᠰ ᠪᠤᠲᠠᠲᠠᠢ ᠬᠡᠰᠡᠭ ᠡᠭᠦᠷᠭᠡ᠂ ᠲᠣᠭᠤᠷᠢᠨ ᠪᠠᠶᠢᠴᠠᠭᠠᠵᠤ ᠠᠶᠤᠯ ᠠᠴᠠ ᠠᠪᠤᠷᠠᠬᠤ ᠪᠣᠳᠠᠲᠠᠶ ᠠᠷᠭ᠎ᠠ ᠶᠢ ᠲᠤᠳᠤᠷᠬᠠᠶᠢᠯᠠᠵᠤ᠂ ᠭᠤᠤᠯ ᠬᠦᠯᠳᠡᠬᠦ ᠬᠤᠭᠤᠴᠠᠭᠠᠨ ᠳᠤ ᠰᠦᠩ ᠬᠠᠯᠢᠶ᠎ᠠ ᠶᠢ ᠰᠡᠷᠭᠡᠶᠢᠯᠡᠬᠦ ᠠᠮᠤᠷ ᠲᠦᠪᠰᠢᠨ ᠢ ᠪᠠᠲᠤᠯᠠᠵᠤ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号