ᠥᠪᠥᠷ ᠮᠣᠩᠭᠤᠯ ᠡᠨᠡ ᠵᠢᠯ 33 ᠳ᠋ᠦᠩᠰᠢᠭᠤᠷ ᠭᠠᠷᠤᠢ ᠲᠥᠭᠦᠷᠢᠭ ᠤᠨ ᠪᠡᠯᠡ ᠮᠥᠩᠭᠦ ᠲᠣᠬᠢᠷᠠᠭᠤᠯᠵᠤ ᠰᠢᠨ᠎ᠡ ᠶᠢ ᠡᠭᠦᠳᠬᠦ ᠪᠠᠷ ᠬᠦᠳᠡᠯᠭᠡᠭᠦᠷ ᠪᠤᠯᠭᠠᠬᠤ ᠣᠷᠣᠭᠤᠯᠤᠯᠲᠠ ᠪᠠᠨ ᠨᠡᠮᠡᠭᠳᠡᠭᠦᠯᠪᠡ
ᠨᠡᠶᠢᠲᠡᠯᠡᠭᠰᠡᠨ ᠴᠠᠭ᠄
2015/12/3
     ᠠᠵᠤ ᠠᠬᠤᠶ ᠶᠢᠨ ᠪᠦᠲᠦᠴᠡ ᠶᠢᠨ ᠲᠤᠬᠢᠷᠠᠭᠤᠯᠤᠯᠲᠠ ᠶᠢᠨ ᠡᠭᠦᠷᠭᠡ ᠬᠠᠳᠠᠭᠤ ᠴᠢᠩᠭ᠎ᠠ᠂ ᠠᠵᠤ ᠠᠬᠤᠶ ᠶᠢᠨ ᠪᠠᠶᠢᠳᠠᠯ ᠬᠦᠨᠳᠦ ᠨᠣᠴᠢᠲᠠᠶ ᠪᠠᠶᠢᠳᠠᠯ ᠳᠣᠣᠷ᠎ᠠ᠂ ᠬᠠᠷᠠᠬᠠᠨ ᠬᠥᠭᠵᠢᠭᠡᠳᠦᠶ ᠣᠷᠣᠨ ᠤ ᠪᠣᠳᠠᠲᠤ ᠪᠠᠶᠢᠳᠠᠯ ᠳᠤ ᠴᠢᠭᠯᠡᠭᠦᠯᠦᠨ᠂ ᠥᠪᠥᠷ ᠮᠣᠩᠭᠤᠯ ᠰᠢᠨᠵᠢᠯᠡᠬᠦ ᠤᠬᠠᠭᠠᠨ ᠮᠡᠷᠭᠡᠵᠢᠯ ᠤᠨ ᠣᠷᠣᠭᠤᠯᠤᠯᠲᠠ ᠪᠠᠨ ᠲᠠᠰᠤᠷᠠᠯᠲᠠ ᠦᠭᠡᠶ ᠨᠡᠮᠡᠭᠳᠡᠭᠦᠯᠤᠨ ᠰᠢᠨ᠎ᠡ ᠶᠢ ᠡᠭᠦᠳᠬᠦ ᠪᠠᠷ ᠬᠥᠳᠡᠯᠭᠡᠭᠦᠷ ᠪᠣᠯᠭᠠᠬᠤ ᠳᠤ ᠡᠨᠧᠷᠭᠢ ᠬᠠᠳᠠᠭᠠᠯᠠᠨ ᠴᠠᠬᠢᠯᠭᠠᠨ ᠴᠡᠨᠡᠭᠯᠡᠪᠡ᠃      ᠨᠢᠭᠡ ᠳᠤ ᠡᠳ᠋ ᠤᠨ ᠵᠠᠰᠠᠭ ᠤᠨ ᠰᠢᠨᠵᠢᠯᠡᠬᠦ ᠤᠬᠠᠭᠠᠨ ᠮᠡᠷᠭᠡᠵᠢᠯ ᠤᠨ ᠪᠡᠯᠡ ᠣᠷᠣᠭᠤᠯᠤᠯᠲᠠ ᠶᠢ ᠤᠯᠠᠮ ᠨᠢᠭᠡ ᠠᠯᠬᠤᠮ ᠨᠡᠮᠡᠭᠳᠡᠭᠦᠯᠵᠦ ᠮᠡᠷᠭᠡᠵᠢᠯ ᠤᠨ ᠰᠤᠳᠤᠯᠤᠨ ᠨᠡᠭᠡᠭᠡᠯᠲᠡ ᠶᠢ ᠲᠦᠯᠬᠢᠨ ᠠᠬᠢᠭᠤᠯᠪᠠ᠃ 2014 ᠣᠨ ᠳᠤ ᠥᠪᠥᠷ ᠮᠣᠩᠭᠤᠯ ᠤᠨ ᠪᠦᠬᠦ ᠣᠷᠣᠨ ᠤ ᠰᠢᠨᠵᠢᠯᠡᠬᠦ ᠤᠬᠠᠭᠠᠨ ᠮᠡᠷᠭᠡᠵᠢᠯ ᠤᠨ ᠪᠡᠯᠡ ᠮᠦᠡᠭᠭᠦ ᠶᠢᠨ ᠣᠷᠣᠭᠤᠯᠤᠯᠲᠠ 33 ᠳ᠋ᠦᠩᠰᠢᠭᠤᠷ ᠲᠥᠭᠦᠷᠢᠭ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 7.27%᠎ ᠪᠠᠷ ᠨᠡᠮᠡᠭᠳᠡᠪᠡ︔ 2015 ᠣᠨ ᠳᠤ ᠥᠪᠥᠷ ᠮᠣᠩᠭᠤᠯ 33.5 ᠳ᠋ᠦᠡᠭᠰᠢᠭᠤᠷ ᠲᠥᠭᠦᠷᠢᠭ ᠤᠨ ᠰᠢᠨᠵᠢᠯᠡᠬᠦ ᠤᠬᠠᠭᠠᠨ ᠮᠡᠷᠭᠡᠵᠢᠯ ᠤᠨ ᠪᠡᠯᠡ ᠮᠥᠩᠭᠦ ᠲᠤᠬᠢᠷᠠᠭᠤᠯᠵᠤ᠂ ᠡᠭᠦᠨ ᠳᠤ ᠮᠡᠷᠭᠡᠵᠢᠯ ᠤᠨ ᠰᠤᠳᠤᠯᠭᠠᠨ ᠪᠠ ᠨᠡᠭᠡᠭᠡᠨ ᠬᠥᠭᠵᠢᠭᠦᠯᠬᠦ ᠳᠤ10.8 ᠳ᠋ᠦᠡᠭᠰᠢᠭᠤᠷ ᠲᠥᠭᠦᠷᠢᠭ ᠤᠷᠤᠭᠤᠯᠵᠤ᠂ ᠨᠡᠯᠢᠶᠡᠳ ᠥᠨᠳᠥᠷ ᠣᠷᠣᠭᠤᠯᠤᠯᠲᠠ ᠶᠢᠨ ᠡᠷᠴᠢᠮ ᠢᠶᠠᠨ ᠦᠷᠭᠦᠯᠵᠢᠯᠡᠨ ᠪᠠᠷᠢᠮᠲᠠᠯᠠᠭᠰᠠᠨ ᠪᠠᠶᠢᠨ᠎ᠠ᠃      ᠬᠤᠶᠠᠷ ᠲᠤ ᠡᠳ᠋ ᠤᠨ ᠵᠠᠰᠠᠭ ᠤᠨ ᠣᠷᠣᠭᠤᠯᠤᠯᠲᠠ ᠪᠠᠨ ᠨᠡᠮᠡᠭᠳᠡᠭᠦᠯᠵᠦ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠤᠰᠬᠠᠶ ᠵᠦᠢᠯ ᠤᠨ ᠨᠠᠶᠢᠳᠠᠪᠤᠷᠢᠵᠢᠯᠲᠠ ᠶᠢ ᠲᠦᠯᠬᠢᠨ ᠠᠬᠢᠭᠤᠯᠪᠠ᠃ 2014 ᠣᠨ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠤᠰᠬᠠᠶ ᠵᠦᠢᠯ ᠤᠨ ᠪᠡᠯᠡ ᠮᠥᠩᠭᠦ ᠶᠢ ᠨᠡᠶᠢᠳᠡ 5.5 ᠳ᠋ᠦᠡᠭᠰᠢᠭᠤᠷ ᠲᠦᠭᠦᠷᠢᠭ ᠪᠠᠭᠤᠯᠭᠠᠵᠤ᠂ 16 ᠵᠦᠢᠯ ᠤᠨ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠤᠰᠬᠠᠶ ᠲᠦᠷᠦᠯ ᠵᠦᠢᠯ ᠤᠨ ᠬᠥᠭᠵᠢᠯᠲᠡ ᠶᠢ ᠳᠡᠮᠵᠢᠪᠡ︔ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠨᠵᠢᠯᠡᠬᠦ ᠤᠬᠠᠭᠠᠨ ᠮᠡᠷᠭᠡᠵᠢᠯ ᠤᠨ ᠬᠠᠮᠵᠢᠯᠴᠠᠨ ᠰᠢᠨ᠎ᠡ ᠶᠢ ᠡᠭᠦᠳᠬᠦ ᠰᠠᠭᠤᠷᠢ ᠮᠥᠩᠭᠦ ᠶᠢ 1.5 ᠳ᠋ᠦᠡᠭᠰᠢᠭᠤᠷ ᠲᠥᠭᠦᠷᠢᠭ ᠲᠣᠬᠢᠷᠠᠭᠤᠯᠵᠤ᠂  ᠪᠣᠳᠠᠲᠤ ᠴᠣᠭᠴᠠᠲᠤ ᠠᠵᠤ ᠠᠬᠤᠶᠢᠯᠠᠯ ᠤᠨ ᠪᠡᠶ᠎ᠡ ᠪᠠᠨ ᠳᠠᠭᠠᠭᠠᠵᠤ ᠰᠢᠨ᠎ᠡ ᠶᠢ ᠡᠭᠦᠳᠬᠦ ᠴᠢᠳᠠᠪᠤᠷᠢ ᠬᠢᠭᠡᠳ ᠠᠵᠤ ᠦᠢᠯᠡᠰ ᠤᠨ ᠥᠷᠢᠰᠥᠯᠳᠦᠬᠦ ᠬᠦᠴᠦᠨ ᠢ ᠳᠡᠭᠡᠭᠰᠢᠯᠡᠭᠦᠯᠬᠦ ᠳᠤ ᠲᠤᠰᠬᠠᠶᠢᠯᠠᠨ ᠬᠡᠷᠡᠭᠯᠡᠪᠡ᠃      ᠭᠤᠷᠪᠠ ᠳᠤ ᠲᠠᠯ᠎ᠠ ᠨᠤᠲᠤᠭ ᠤᠨ ᠴᠢᠳᠠᠪᠤᠷᠢᠲᠠᠨ ᠤ ᠢᠨᠵᠧᠨᠧᠷᠢᠩ ᠤᠨ ᠲᠤᠰᠬᠠᠶ ᠵᠦᠢᠯ ᠤᠨ ᠪᠡᠯᠡ ᠮᠥᠩᠭᠦ ᠲᠣᠬᠢᠷᠠᠭᠤᠯᠵᠤ᠂ ︽ᠳᠡᠭᠡᠳᠦ ᠲᠡᠰ ᠳᠠᠪᠬᠤᠷᠭ᠎ᠠ ᠶᠢᠨ ᠰᠢᠨ᠎ᠡ ᠶᠢ ᠡᠭᠦᠳᠬᠦ ᠬᠡᠯᠪᠡᠷᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠵᠠᠭᠤᠨ ᠴᠢᠳᠠᠪᠤᠷᠢᠲᠠᠨ ᠢ ᠬᠥᠮᠦᠵᠢᠭᠦᠯᠬᠦ ᠲᠥᠯᠥᠪᠯᠡᠭᠡ︾᠎ ᠶᠢ ᠨᠠᠶᠢᠳᠠᠪᠤᠷᠢᠵᠢᠭᠤᠯᠵᠤ᠂ ᠳᠡᠭᠡᠳᠦ ᠰᠢᠨ᠎ᠡ ᠮᠡᠷᠭᠡᠵᠢᠯ ᠤᠨ ᠴᠢᠳᠠᠪᠤᠷᠢᠲᠠᠨ ᠢ ᠬᠥᠮᠦᠵᠢᠭᠦᠯᠬᠦ ᠪᠠ ᠪᠠᠴᠢᠮ ᠬᠡᠷᠡᠭᠰᠡᠬᠦ ᠳᠡᠭᠡᠳᠦ ᠲᠡᠰ ᠳᠠᠪᠬᠤᠷᠭ᠎ᠠ ᠶᠢᠨ ᠴᠢᠳᠠᠪᠤᠷᠢᠲᠠᠨ ᠢ ᠣᠷᠣᠭᠤᠯᠬᠤ ᠳᠤ  ᠭᠤᠣᠯᠳᠠᠯᠭ᠎ᠠ ᠲᠠᠢ ᠬᠡᠷᠡᠭᠯᠡᠪᠡ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号