|
ᠬᠠᠷ᠎ᠠ ᠠᠷᠢᠭᠢ ᠪᠠᠷ ᠮᠠᠯ ᠵᠢᠭᠦᠷᠳᠡᠨ ᠤ ᠭᠡᠮ ᠭᠢᠵᠢᠭ ᠢ ᠡᠮᠨᠡᠨ ᠵᠠᠰᠠᠬᠤ |
|
|
ᠨᠡᠶᠢᠲᠡᠯᠡᠭᠰᠡᠨ ᠴᠠᠭ᠄
2015/12/3
|
|
ᠨᠢᠭᠡ᠂ 60 ᠭᠷᠠᠳᠦ᠋ᠰ ᠤᠨ ᠬᠠᠷ᠎ᠠ ᠠᠷᠢᠭᠢ ᠶᠢ ᠲᠠᠭᠢᠶᠠᠨ ᠤ ᠲᠡᠵᠢᠭᠡᠯ ᠳᠤᠨᠢ ᠬᠤᠯᠢᠵᠤ ᠲᠡᠵᠢᠭᠡᠪᠡᠯ ᠲᠠᠭᠢᠶᠠᠨ ᠤ ᠭᠡᠮ ᠭᠢᠵᠢᠭ ᠢ ᠡᠰᠡᠷᠭᠦᠴᠡᠭᠦ ᠴᠢᠳᠠᠪᠤᠷᠢ ᠶᠢ ᠲᠡᠭᠡᠭᠰᠢᠯᠡᠭᠦᠯᠭᠦ ᠪᠤᠶᠤ ᠭᠡᠮ ᠭᠢᠵᠢᠭ ᠢ ᠰᠡᠷᠭᠡᠶᠢᠯᠡᠭᠦ ᠦᠢᠯᠡᠳᠦᠯ ᠲᠠᠢ ᠶᠤᠮ᠃ ᠡᠨᠡ ᠭᠦ ᠠᠷᠭ᠎ᠠ ᠨᠢ ᠪᠠᠰᠠ ᠡᠪᠤᠯ ᠤᠨ ᠤᠯᠠᠷᠢᠯ ᠳᠤ ᠦᠨᠳᠡᠭᠡᠨ ᠲᠠᠭᠢᠶ᠎ᠠ ᠶᠢ ᠤᠯᠠᠨ ᠦᠨᠳᠡᠭᠡᠯᠡᠭᠦᠯᠦᠨᠠ᠃ ᠴᠤᠷᠪᠠᠭ᠎ᠠ ᠶᠢᠨ 500 ᠭᠷᠡᠮ ᠲᠡᠵᠢᠭᠡᠯ ᠳᠤᠨᠢ 5 ~ 10 ᠮᠢᠯᠢᠯᠢᠲᠷ ᠪᠠ ᠪᠦᠳᠦᠭᠦᠨ ᠲᠠᠭᠢᠶ᠎ᠠ ᠶᠢᠨ 500 ᠭᠷᠡᠮ ᠲᠡᠵᠢᠭᠡᠯ ᠳᠤᠨᠢ 15 ~ 20 ᠮᠢᠯᠢᠯᠢᠲᠷ ᠤᠨ ᠬᠠᠷ᠎ᠠ ᠠᠷᠢᠭᠢ ᠶᠢ ᠬᠤᠪᠢ ᠲᠡᠩᠴᠡᠭᠦᠯᠦᠨ ᠬᠤᠯᠢᠪᠠᠯ ᠪᠤᠯᠴᠢᠬᠠᠨ᠎ᠠ᠃ ᠬᠤᠶᠠᠷ᠂ ᠲᠠᠷᠤᠰᠢᠠᠠᠰᠠᠨ ᠲᠠᠭᠢᠶ᠎ᠠ ᠳᠤ 3 ~ 4 ᠬᠠᠯᠪᠠᠭ᠎ᠠ ᠬᠠᠷ᠎ᠠ ᠠᠷᠢᠭᠢ ᠴᠢᠳᠬᠤᠵᠤ ᠦᠭᠪᠡᠯ ᠲᠠᠭᠢᠶ᠎ᠠ ᠰᠤᠠᠠᠳᠤᠭᠤᠷᠠᠨ ᠰᠠᠶᠢᠬᠠᠨ ᠤᠠᠳᠠᠬᠤ ᠮᠦᠷᠳᠡᠭᠡᠨ ᠦᠨᠳᠡᠭᠡ ᠲᠠᠷᠤᠬᠤ ᠨᠢ ᠴᠤ ᠰᠡᠷᠭᠦᠴᠢᠭᠡᠳᠡᠭ᠃ ᠭᠤᠷᠪᠡ᠂ ᠠᠷᠢᠭᠢᠨ ᠳᠤ ᠲᠦᠷᠦᠭᠰᠡᠨ ᠨᠢᠭᠡ ᠭᠡᠰᠡᠭ ᠭᠦᠪᠤᠡᠭ ᠢᠶᠠᠷ ᠲᠠᠭᠢᠶ᠎ᠠ ᠶᠢᠨ ᠪᠦᠭᠡᠰᠦᠳᠦᠭᠰᠡᠨ ᠭᠡᠰᠡᠭ ᠢ 3 ~ 4 ᠤᠳᠠᠭ᠎ᠠ ᠵᠦᠯᠭᠦᠨ ᠠᠷᠴᠢᠪᠠᠯ ᠲᠠᠭᠢᠶᠠᠨ ᠤ ᠪᠦᠭᠡᠰᠤ ᠶᠢ ᠴᠡᠪᠡᠷᠯᠡᠨ ᠤᠰᠠᠳᠬᠠᠵᠤ ᠲᠠᠶᠢᠯᠦᠨ᠎ᠠ᠃ ᠪᠠᠰᠠ 500 ᠮᠢᠯᠢᠯᠢᠲᠷ ᠬᠠᠷ᠎ᠠ ᠠᠷᠢᠭᠢᠨ ᠳᠤ 20 ᠭᠷᠡᠮ ᠪᠤᠮᠤᠰ ᠴᠡᠴᠡᠭ ᠢ ᠲᠡᠪᠳᠦᠭᠡᠵᠤ᠂ ᠡᠳᠤᠷ ᠲᠤ 3 ᠤᠳᠠᠭ᠎ᠠ ᠰᠠᠵᠢᠯᠠᠨ ᠭᠦᠳᠡᠯᠭᠡᠵᠤ 3 ᠡᠳᠤᠷ ᠪᠤᠯᠤᠠᠠᠰᠠᠨ ᠤ ᠰᠡᠭᠦᠯᠡᠷ ᠭᠦᠪᠤᠡᠭ ᠤᠨ ᠪᠦᠭᠡᠮ ᠢ ᠲᠤᠳᠤᠷ᠎ᠠ ᠨᠢ ᠲᠦᠷᠦᠵᠤ ᠪᠠᠶᠢᠭᠠᠳ ᠲᠠᠭᠢᠶᠠᠨ ᠤ ᠠᠷᠠᠰᠤ ᠶᠢ ᠡᠳᠤᠷ ᠪᠦᠷᠢ 1 ~ 4 ᠤᠳᠠᠭ᠎ᠠ ᠠᠷᠢᠭᠤᠳᠬᠠᠨ ᠤᠭᠢᠶᠠᠵᠤ ᠦᠭᠴᠤ ᠪᠤᠯᠤᠨ᠎ᠠ᠃ ᠲᠦᠷᠪᠡ᠂ ᠬᠠᠷ᠎ᠠ ᠠᠷᠢᠭᠢ ᠪᠠᠷ ᠲᠠᠭᠢᠶᠠᠨ ᠤ ᠴᠠᠭᠠᠨ ᠴᠢᠴᠠᠭ᠎ᠠ ᠶᠢ ᠡᠮᠨᠡᠵᠤ ᠪᠤᠯᠤᠨ᠎ᠠ᠃ 100 ᠮᠢᠯᠢᠯᠢᠲᠷ ᠬᠠᠷ᠎ᠠ ᠠᠷᠢᠭᠢ ᠶᠢ 50 ᠭᠷᠡᠮ ᠬᠠᠷ᠎ᠠ ᠪᠤᠷᠠᠮ ᠲᠠᠢ ᠬᠤᠯᠢᠵᠤ᠂ ᠪᠦᠳᠦᠭᠦᠨ ᠲᠠᠭᠢᠶ᠎ᠠ ᠳᠤ ᠤᠳᠠᠭ᠎ᠠ ᠪᠦᠷᠢ 1 ᠬᠠᠯᠪᠠᠭ᠎ᠠ᠂ 2 ~ 4 ᠴᠤᠷᠪᠠᠭ᠎ᠠ ᠳᠤ 1 ᠬᠠᠯᠪᠠᠭ᠎ᠠ᠂ ᠡᠳᠤᠷ ᠪᠦᠷᠢ 2 ᠤᠳᠠᠭ᠎ᠠ᠂ ᠵᠠᠯᠭᠠᠭ᠎ᠠ ᠪᠠᠷ 2 ~ 4 ᠡᠳᠤᠷ ᠴᠢᠳᠬᠤᠵᠤ ᠦᠭᠪᠡᠯ ᠲᠠᠭᠢᠶᠠᠨ ᠤ ᠴᠠᠭᠠᠨ ᠴᠢᠴᠠᠭ᠎ᠠ ᠨᠢ ᠠᠶᠠᠠᠳᠠᠭᠠᠨ ᠡᠳᠡᠭᠡᠷᠡᠴᠢᠭᠡᠨ᠎ᠠ᠃ ᠲᠠᠪᠤ᠂ ᠬᠠᠷ᠎ᠠ ᠠᠷᠢᠭᠢ ᠪᠠᠷ ᠲᠡᠵᠢᠭᠡᠪᠤᠷᠢ ᠲᠠᠤᠯᠠᠢ ᠶᠢᠨ ᠨᠢᠳᠤᠨ ᠤ ᠦᠷᠪᠢᠰᠦᠯ ᠶᠢ ᠡᠮᠨᠡᠨ ᠵᠠᠰᠠᠨ᠎ᠠ᠃ 9 ᠬᠤᠪᠢ ᠬᠠᠷ᠎ᠠ ᠠᠷᠢᠭᠢ ᠶᠢ 1 ᠬᠤᠪᠢ ᠭᠠᠭ᠋ᠠᠢ ᠶᠢᠨ ᠰᠦᠰᠤ ᠲᠠᠢ ᠵᠢᠭᠳᠡ ᠬᠤᠯᠢᠵᠤ ᠨᠠᠶᠢᠷᠠᠭᠤᠯᠤᠭᠠᠳ ᠲᠠᠤᠯᠠᠢ ᠳᠤ ᠤᠳᠠᠭ᠎ᠠ ᠪᠦᠷᠢ 3 ~ 4 ᠮᠢᠯᠢᠯᠢᠲᠷ ᠦᠭᠪᠡᠯ ᠪᠤᠯᠴᠢᠬᠠᠨ᠎ᠠ᠃ ᠵᠢᠷᠭᠤᠭ᠎ᠠ᠂ ᠬᠠᠷ᠎ᠠ ᠠᠷᠢᠭᠢ ᠪᠠᠷ ᠲᠠᠤᠯᠠᠢ ᠶᠢᠨ ᠪᠠᠭᠠᠰᠤ ᠠᠯᠳᠠᠬᠤ ᠶᠢ ᠡᠮᠨᠡᠨ ᠵᠠᠰᠠᠨ᠎ᠠ᠃ 100 ᠮᠢᠯᠢᠯᠢᠲᠷ ᠬᠠᠷ᠎ᠠ ᠠᠷᠢᠭᠢᠨ ᠳᠤ 250 ᠭᠷᠡᠮ ᠨᠦᠳᠦᠭᠰᠡᠨ ᠰᠠᠷᠢᠮᠰᠠᠭ ᠭᠢᠵᠤ ᠲᠡᠪᠳᠦᠭᠡᠭᠡᠳ ᠤᠳᠠᠭ᠎ᠠ ᠪᠦᠷᠢ 2 ~ 3 ᠮᠢᠯᠢᠯᠢᠲᠷ ᠰᠠᠷᠢᠮᠰᠠᠭ ᠲᠠᠢ ᠠᠷᠢᠭᠢ ᠶᠢ 3 ~ 4 ᠲᠠᠭᠢᠨ ᠤᠰᠤ ᠲᠠᠢ ᠬᠤᠯᠢᠵᠤ ᠴᠢᠳᠬᠤᠨ ᠤᠤᠭᠤᠯᠭᠠᠨ᠎ᠠ᠂ ᠨᠢᠭᠡ ᠤᠳᠠᠭ᠎ᠠ ᠤᠤᠭᠤᠯᠭᠠᠪᠠᠯ ᠭᠡᠮ ᠨᠢ ᠭᠦᠢᠴᠡᠳ ᠰᠠᠶᠢᠵᠢᠷᠠᠴᠢᠬᠠᠨ᠎ᠠ᠃ ᠲᠤᠯᠤᠭ᠎ᠠ᠂ 8 ᠬᠤᠪᠢ ᠬᠠᠷ᠎ᠠ ᠠᠷᠢᠭᠢ᠂ ᠨᠢᠭᠡ ᠬᠤᠪᠢ ᠲᠡᠭᠳᠤ᠂ 1 ᠬᠤᠪᠢ ᠪᠤᠮᠤᠰ ᠴᠡᠴᠡᠭ ᠢ ᠬᠤᠯᠢᠵᠤ 10 ᠡᠳᠤᠷ ᠲᠡᠪᠳᠦᠭᠡᠭᠡᠳ ᠭᠡᠷᠡᠭᠯᠡᠪᠡᠯ ᠲᠠᠤᠯᠠᠢ ᠶᠢᠨ ᠴᠢᠴᠠᠭ᠎ᠠ ᠠᠯᠳᠠᠬᠤ᠂ ᠪᠦᠮᠪᠤᠭᠡᠯᠢᠭ ᠬᠤᠷᠤᠬᠠᠶᠢᠳᠤ ᠭᠡᠮ᠂ ᠬᠤᠳᠤᠭᠤᠳᠤ ᠭᠡᠳᠡᠰᠤᠨ ᠤ ᠦᠷᠪᠢᠰᠦᠯ᠂ ᠲᠤᠮᠤᠭᠤ ᠵᠡᠷᠭᠡ ᠭᠡᠮ ᠢ ᠪᠦᠳᠦᠮᠵᠢᠳᠡᠢ ᠰᠡᠷᠭᠡᠶᠢᠯᠡᠨ ᠵᠠᠰᠠᠨ᠎ᠠ᠃ ᠪᠦᠳᠦᠭᠦᠨ ᠲᠠᠤᠯᠠᠢ ᠳᠤ ᠤᠳᠠᠭ᠎ᠠ ᠪᠦᠷᠢ 2 ~ 4 ᠮᠢᠯᠢᠯᠢᠲᠷ ᠴᠢᠳᠬᠤᠨ ᠤᠤᠭᠤᠯᠭᠠᠵᠤ᠂ ᠪᠦᠵᠦᠩ ᠳᠤ ᠭᠡᠮᠵᠢᠶ᠎ᠠ ᠶᠢ ᠨᠢ ᠬᠠᠰᠤᠨ ᠤᠤᠭᠤᠯᠭᠠᠨ᠎ᠠ᠃ ᠪᠠᠰᠠ ᠲᠡᠵᠢᠭᠡᠯ ᠳᠤᠨᠢ ᠬᠤᠯᠢᠵᠤ ᠢᠳᠡᠭᠦᠯᠪᠡᠯ ᠦᠷ᠎ᠠ ᠪᠦᠳᠦᠮᠵᠢ ᠪᠠᠷ ᠨᠡᠩ ᠰᠠᠶᠢᠨ ᠪᠠᠶᠢᠳᠠᠭ᠃ ᠨᠠᠢᠮᠡ᠂ ᠬᠠᠷ᠎ᠠ ᠠᠷᠢᠭᠢ ᠪᠠᠷ ᠭᠠᠭ᠋ᠠᠢ ᠶᠢᠨ ᠲᠤᠷᠤᠢ ᠶᠢᠨ ᠴᠠᠭᠠᠨ ︵ᠰᠢᠷ᠎ᠠ︶ ᠴᠢᠴᠠᠭ᠎ᠠ ᠶᠢ ᠵᠠᠰᠠᠨ᠎ᠠ᠃ 5 ᠮᠢᠯᠢᠯᠢᠲᠷ ᠬᠠᠷ᠎ᠠ ᠠᠷᠢᠭᠢ ︵ᠭᠦᠷᠦᠩᠰᠢᠭᠦᠯᠦᠭᠰᠡᠨ ᠠᠷᠢᠭᠢ ᠪᠤᠯ ᠨᠡᠩ ᠰᠠᠶᠢᠨ︶ ᠲᠡᠭᠡᠷ᠎ᠠ 8 ~ 10 ᠮᠢᠯᠢᠯᠢᠲᠷ ᠨᠡᠷᠡᠮᠡᠯ ᠤᠰᠤ ᠨᠡᠮᠡᠵᠤ ᠵᠢᠭᠳᠡ ᠰᠠᠵᠢᠯᠠᠨ ᠬᠤᠯᠢᠠᠠᠰᠠᠨ ᠤ ᠰᠡᠭᠦᠯᠡᠷ ᠭᠠᠭ᠋ᠠᠢ ᠶᠢᠨ ᠰᠡᠭᠦᠯ ᠤᠨ ᠤᠭ ᠤᠨ ᠲᠤᠤᠷ᠎ᠠ᠂ ᠬᠤᠰᠭᠢᠨᠠᠭ ᠤᠨ ᠲᠡᠭᠡᠷᠡᠭᠢ ᠬᠤᠳᠤᠶᠢᠠᠠᠰᠠᠨ ᠪᠠᠯᠴᠢᠷ ᠲᠤ ᠲᠠᠷᠢᠯᠭ᠎ᠠ ᠲᠠᠷᠢᠨ᠎ᠠ᠃ ᠨᠢᠭᠡ ᠭᠠᠷᠠᠭ ᠪᠤᠯᠤᠠᠠᠰᠠᠨ ᠲᠤᠷᠤᠢ ᠪᠦᠷᠢ ᠳᠤ 1 ᠮᠢᠯᠢᠯᠢᠲᠷ᠂ ᠨᠢᠭᠡ ᠭᠠᠷᠠᠭ ᠠᠴᠠ ᠲᠡᠭᠡᠭᠰᠢᠭᠢ ᠲᠤᠷᠤᠢ ᠳᠤ 2 ᠮᠢᠯᠢᠯᠢᠲᠷ ᠤᠨ ᠭᠡᠮᠵᠶᠠ ᠪᠠᠷ ᠡᠳᠤᠷ ᠪᠦᠷᠢ 1 ~ 2 ᠤᠳᠠᠭ᠎ᠠ ᠲᠠᠷᠢᠯᠭ᠎ᠠ ᠲᠠᠷᠢᠪᠡᠯ ᠭᠦᠢᠴᠡᠳ ᠰᠠᠶᠢᠨ ᠡᠳᠡᠭᠡᠷᠡᠴᠢᠭᠡᠭᠦ ᠶᠤᠮ᠃ ᠶᠢᠰᠤ᠂ ᠬᠠᠷ᠎ᠠ ᠠᠷᠢᠭᠢ ᠪᠠᠷ ᠭᠠᠭ᠋ᠠᠢ ᠶᠢᠨ ᠬᠠᠯᠳᠠᠪᠤᠷᠢᠳᠤ ᠬᠤᠳᠤᠭᠤᠳᠤ ᠭᠡᠳᠡᠰᠤᠨ ᠤ ᠦᠷᠪᠢᠰᠦᠯ ᠢ ᠵᠠᠰᠠᠨ᠎ᠠ᠃ 2 ᠮᠢᠯᠢᠯᠢᠲᠷ ᠬᠠᠷ᠎ᠠ ᠠᠷᠢᠭᠢ ᠶᠢ ᠤᠰᠤ ᠲᠠᠢ ᠬᠤᠯᠢᠵᠤ᠂ ᠺᠢᠯᠦᠭᠷᠡᠮ ᠪᠦᠷᠢ ᠪᠡᠶ᠎ᠠ ᠶᠢᠨ ᠭᠦᠨᠳᠤ ᠪᠠᠷ ᠲᠤᠭᠢᠷᠠᠭᠤᠯᠤᠨ ᠡᠳᠤᠷ ᠪᠦᠷᠢ 2 ᠤᠳᠠᠭ᠎ᠠ ᠴᠢᠳᠬᠤᠨ ᠤᠤᠭᠤᠯᠭᠠᠬᠤ ᠪᠤᠶᠤ ᠲᠡᠵᠢᠭᠡᠯ ᠳᠤᠨᠢ ᠬᠤᠯᠢᠵᠤ ᠢᠳᠡᠭᠦᠯᠦᠨ᠎ᠠ᠃ ᠡᠰᠡᠭᠦᠯ᠎ᠠ ᠪᠤᠯᠴᠢᠩ ᠳᠤᠨᠢ ᠲᠠᠷᠢᠯᠭ᠎ᠠ ᠲᠠᠷᠢᠠᠠᠰᠠᠨ ᠴᠤ ᠪᠤᠯᠤᠨ᠎ᠠ᠃ ᠡᠮᠨᠡᠨ ᠵᠠᠰᠠᠵᠤ ᠪᠠᠶᠢᠭ᠎ᠠ ᠬᠤᠭᠤᠴᠠᠭᠠᠨ ᠳᠤ ᠲᠡᠵᠢᠭᠡᠯ ᠦᠭᠭᠦ ᠦᠭᠡᠢ ᠪᠤᠶᠤ ᠪᠠᠭ᠎ᠠ ᠪᠠᠭ᠎ᠠ ᠪᠠᠷ ᠲᠡᠵᠢᠭᠡᠨ᠎ᠡ᠃ ᠭᠡᠳᠡᠯ᠎ᠠ ᠦᠳᠭᠡᠴᠡ ᠶᠢᠨ ᠭᠡᠮᠵᠢᠶ᠎ᠠ ᠳᠤ 1% ᠶᠢᠨ ᠲᠠᠪᠤᠰᠤ ᠲᠠᠢ ᠤᠰᠤ ᠶᠢ ᠭᠦᠢᠴᠡᠳ ᠦᠭᠴᠤ ᠤᠰᠤᠯᠠᠨ᠂ ᠭᠠᠭ᠋ᠠᠢ ᠶᠢᠨ ᠪᠡᠶ᠎ᠠ ᠶᠢᠨ ᠤᠰᠤ ᠠᠯᠳᠠᠬᠤ ᠠᠴᠠ ᠰᠡᠷᠭᠡᠶᠢᠯᠡᠭᠦ ᠭᠡᠷᠡᠭᠳᠡᠢ᠃ ᠠᠷᠪᠡ᠂ ᠬᠠᠷ᠎ᠠ ᠠᠷᠢᠭᠢ ᠪᠠᠷ ᠮᠡᠭᠡᠵᠢ ᠶᠢᠨ ᠤᠷᠤᠭ᠎ᠠ ᠤᠷᠤᠬᠤ ᠦᠭᠡᠢ ᠭᠡᠮ ᠢ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ ︵ᠵᠢᠯ ᠦᠨᠵᠢᠭᠰᠡᠨ ᠪᠤᠳᠠᠭᠠᠨ ᠠᠷᠢᠭᠢ ᠪᠤᠯ ᠨᠡᠩ ᠰᠠᠶᠢᠨ︶᠂ 10 ᠭᠷᠡᠮ ᠮᠤᠭᠠᠢ ᠶᠢᠨ ᠵᠤᠯᠪᠤᠳᠠᠰᠤ ᠶᠢ ᠨᠢᠭᠡ ᠬᠤᠪᠢ ᠪᠤᠯᠭᠤᠭᠠᠳ ᠴᠢᠳᠬᠤᠨ ᠤᠤᠭᠤᠯᠭᠠᠵᠤ᠂ ᠵᠠᠯᠭᠠᠭ᠎ᠠ ᠪᠠᠷ 3 ᠡᠳᠤᠷ ᠤᠤᠭᠤᠯᠭᠠᠨ᠎ᠠ᠃ ᠠᠷᠪᠡᠨ ᠨᠢᠭᠡ᠂ ᠬᠠᠷ᠎ᠠ ᠠᠷᠢᠭᠢ ᠪᠠᠷ ᠭᠠᠭ᠋ᠠᠢ᠂ ᠦᠭᠡᠷ ᠤᠨ ᠲᠠᠭᠠᠷᠠᠵᠤ ᠪᠡᠭᠡᠷᠡᠭᠡᠳ ᠭᠡᠳᠡᠰᠤ ᠭᠦᠭᠡᠭᠡᠭᠦ ᠶᠢ ᠡᠮᠨᠡᠨ ᠵᠠᠰᠠᠨ᠎ᠠ᠃ 20 ~ 300 ᠮᠢᠯᠢᠯᠢᠲᠷ ᠬᠠᠷ᠎ᠠ ᠠᠷᠢᠭᠢ ᠶᠢ ᠦᠭᠡᠷ ᠲᠤ᠂ 50 ~100 ᠮᠢᠯᠢᠯᠢᠲᠷ ᠬᠠᠷ᠎ᠠ ᠠᠷᠢᠭᠢ ᠶᠢ ᠭᠠᠭ᠋ᠠᠢ ᠳᠤ ᠡᠳᠤᠷ ᠪᠦᠷᠢ 1 ~2 ᠤᠳᠠᠭ᠎ᠠ ᠴᠢᠳᠬᠤᠵᠤ ᠤᠤᠭᠤᠯᠭᠠᠨ᠎ᠠ᠃ ᠠᠷᠪᠡᠨ ᠬᠤᠶᠠᠷ᠂ ᠦᠭᠡᠷ ᠤᠨ ᠭᠡᠪᠢᠭᠦ ᠦᠭᠡᠢ ᠭᠡᠮ ᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ ᠶᠢ 200 ᠭᠷᠡᠮ ᠬᠠᠷ᠎ᠠ ᠪᠤᠷᠠᠮ ᠲᠠᠢ ᠬᠤᠯᠢᠵᠤ ᠰᠠᠶᠢᠳᠤᠷ ᠬᠤᠳᠬᠤᠭᠠᠳ ᠲᠡᠭᠡᠷ᠎ᠡ ᠨᠢ ᠪᠠᠭ᠎ᠠ ᠰᠠᠭ᠎ᠠ ᠤᠰᠤ ᠨᠡᠮᠡᠵᠤ ᠴᠢᠳᠬᠤᠨ ᠤᠤᠭᠤᠯᠭᠠᠨ᠎ᠠ᠃ ᠠᠷᠪᠡᠨ ᠭᠤᠷᠪᠡ᠂ ᠵᠤᠨ ᠨᠠᠮᠤᠷ ᠤᠨ ᠤᠯᠠᠷᠢᠯ ᠳᠤ ᠦᠭᠡᠷ ᠤᠨ ᠭᠡᠳᠡᠰᠤ ᠰᠡᠷᠢᠭᠦᠳᠡᠵᠤ ᠭᠡᠮᠨᠡᠭᠦ ᠶᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 150 ᠮᠢᠯᠢᠯᠢᠲᠷ ᠬᠠᠷ᠎ᠠ ᠠᠷᠢᠭᠢ ᠶᠢ 200 ᠭᠷᠡᠮ ᠬᠠᠷ᠎ᠠ ᠪᠤᠷᠠᠮ ᠲᠠᠢ ᠬᠤᠯᠢᠵᠤ ᠲᠡᠭᠡᠷ᠎ᠡ ᠨᠢ ᠪᠠᠭ᠎ᠠ ᠰᠠᠭ᠎ᠠ ᠤᠰᠤ ᠭᠢᠵᠤ ᠰᠠᠶᠢᠳᠤᠷ ᠬᠤᠯᠢᠠᠠᠰᠠᠨ ᠤ ᠰᠡᠭᠦᠯᠡᠷ ᠴᠢᠳᠬᠤᠨ ᠤᠤᠭᠤᠯᠭᠠᠨ᠎ᠠ᠃ ᠠᠷᠪᠡᠨ ᠲᠦᠷᠪᠡ᠂ ᠮᠤᠷᠢᠨ ᠤ ᠭᠡᠳᠡᠰᠤ ᠰᠡᠷᠢᠭᠦᠳᠡᠭᠰᠡᠨ ᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ ᠶᠢ 500 ᠭᠷᠡᠮ ᠪᠤᠴᠠᠯᠤᠠᠠᠰᠠᠨ ᠤᠰᠤ ᠪᠠᠷ ᠰᠢᠩᠭᠡᠷᠡᠭᠦᠯᠦᠭᠡᠳ ᠴᠢᠳᠬᠤᠵᠤ ᠤᠤᠭᠤᠯᠭᠠᠨ᠎ᠠ᠃ ᠠᠷᠪᠡᠨ ᠲᠠᠪᠤ᠂ ᠭᠡᠭᠦᠤ ᠶᠢᠨ ᠭᠡᠭᠡᠯ ᠭᠦᠳᠡᠯᠦᠭᠡᠳ ᠭᠡᠭᠡᠯ ᠬᠠᠶᠠᠬᠤ ᠶᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠭᠷᠡᠮ ᠬᠠᠷ᠎ᠠ ᠠᠷᠢᠭᠢ ᠶᠢ 100 ᠭᠷᠡᠮ ᠬᠠᠷ᠎ᠠ ᠪᠤᠷᠠᠮ ᠲᠠᠢ ᠬᠤᠯᠢᠵᠤ ᠬᠤᠳᠬᠤᠭᠠᠳ ᠴᠢᠳᠬᠤᠨ ᠤᠤᠭᠤᠯᠭᠠᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|