ᠥᠪᠥᠷ ᠮᠣᠩᠭᠤᠯ ᠬᠢᠨᠠᠯᠲᠠ ᠲᠠᠯᠪᠢᠵᠤ ᠰᠠᠬᠢᠯᠭ᠎ᠠ ᠪᠠᠲᠤ ᠬᠡᠷᠡᠭᠵᠢᠭᠦᠯᠦᠯᠲᠡ ᠶᠢᠨ ᠬᠠᠷᠢᠭᠤᠴᠠᠯᠭ᠎ᠠ ᠠᠰᠠᠭᠤᠬᠤ ᠪᠠᠨ ᠴᠢᠩᠭᠠᠳᠬᠠᠵᠤ ᠰᠢᠨ᠎ᠡ ᠵᠢᠯ ᠴᠠᠭᠠᠨ ᠰᠠᠷ᠎ᠠ ᠣᠪᠤᠷ ᠰᠣᠷᠲᠠᠯ ᠲᠥᠪ ᠴᠢᠬᠡᠴᠢ ᠪᠠᠶᠢᠬᠤ ᠶᠢ ᠪᠠᠲᠤᠯᠠᠵᠤ ᠪᠣᠢ
ᠨᠡᠶᠢᠲᠡᠯᠡᠭᠰᠡᠨ ᠴᠠᠭ᠄
2015/12/30
      ᠤᠶᠢᠷ᠎ᠠ ᠳᠤ᠂ ᠥᠪᠥᠷ ᠮᠣᠩᠭᠤᠯ ᠤᠨ ᠰᠠᠬᠢᠯᠭ᠎ᠠ ᠪᠠᠲᠤ ᠬᠢᠨᠠᠨ ᠪᠠᠶᠢᠴᠠᠭᠠᠬᠤ ᠲᠢᠩᠬᠢᠮ ︽ᠬᠢᠨᠠᠯᠲᠠ ᠲᠠᠯᠪᠢᠵᠤ ᠰᠠᠬᠢᠯᠭ᠎ᠠ ᠪᠠᠲᠤ ᠬᠡᠷᠡᠭᠵᠢᠭᠦᠯᠦᠯᠲᠡ ᠶᠢᠨ ᠬᠠᠷᠢᠭᠤᠴᠠᠯᠭ᠎ᠠ ᠠᠰᠠᠭᠤᠬᠤ ᠪᠠᠨ ᠴᠢᠩᠭᠠᠳᠬᠠᠵᠤ 2016 ᠣᠨ ᠤ ᠰᠢᠨ᠎ᠡ ᠵᠢᠯ ᠴᠠᠭᠠᠨ ᠰᠠᠷ᠎ᠠ ᠣᠪᠤᠷ ᠰᠣᠷᠲᠠᠯ ᠲᠥᠪ ᠴᠢᠬᠡᠴᠢ ᠪᠠᠶᠢᠬᠤ ᠶᠢ ᠪᠠᠲᠤᠯᠠᠬᠤ ᠲᠤᠬᠠᠢ ᠮᠡᠳᠡᠭᠳᠡᠯ︾᠎ ᠢ ᠳᠠᠷᠤᠮᠠᠯᠯᠠᠨ ᠶᠠᠪᠤᠭᠤᠯᠵᠤ᠂ ᠡᠯ᠎ᠡ ᠱᠠᠲᠤᠨ ᠤ ᠰᠠᠬᠢᠯᠭ᠎ᠠ ᠪᠠᠲᠤ ᠬᠢᠨᠠᠨ ᠪᠠᠶᠢᠴᠠᠭᠠᠬᠤ ᠪᠠᠶᠢᠭᠤᠯᠭ᠎ᠠ ᠡᠭᠦᠷᠭᠡ ᠲᠤᠰᠢᠶᠠᠯ ᠢᠶᠠᠨ ᠬᠢᠨᠠᠮᠠᠭᠠᠢ ᠬᠡᠷᠡᠭᠵᠢᠭᠦᠯᠵᠦ᠂ ᠬᠢᠨᠠᠯᠲᠠ ᠲᠠᠯᠪᠢᠵᠤ ᠰᠠᠬᠢᠯᠭ᠎ᠠ ᠪᠠᠲᠤ ᠬᠡᠷᠡᠭᠵᠢᠭᠦᠯᠦᠯᠲᠡ ᠶᠢᠨ ᠬᠠᠷᠢᠭᠤᠴᠠᠯᠭ᠎ᠠ ᠠᠰᠠᠭᠤᠬᠤ ᠪᠠᠨ ᠴᠢᠩᠭᠠᠳᠬᠠᠵᠤ᠂ ᠰᠢᠨ᠎ᠡ ᠵᠢᠯ ᠴᠠᠭᠠᠨ ᠰᠠᠷ᠎ᠠ ᠣᠪᠤᠷ ᠰᠣᠷᠲᠠᠯ ᠲᠥᠪ ᠴᠢᠬᠡᠴᠢ ᠪᠠᠶᠢᠬᠤ ᠶᠢ ᠦᠨᠡᠨ ᠬᠦ ᠪᠠᠲᠤᠯᠠᠬᠤ ᠲᠣᠳᠣᠷᠬᠠᠢ ᠱᠠᠭᠠᠷᠳᠠᠯᠭ᠎ᠠ ᠳᠤᠷᠠᠳᠪᠠ᠃       ᠮᠡᠳᠡᠭᠳᠡᠯ ᠳᠤ ᠱᠠᠭᠠᠷᠳᠠᠭᠰᠠᠨ ᠨᠢ᠂ ᠡᠯ᠎ᠡ ᠱᠠᠲᠤᠨ ᠤ ᠰᠠᠬᠢᠯᠭ᠎ᠠ ᠪᠠᠲᠤ ᠪᠠᠶᠢᠴᠠᠭᠠᠬᠤ ᠪᠠᠶᠢᠭᠤᠯᠭ᠎ᠠ᠂ ᠰᠢᠨ᠎ᠡ ᠵᠢᠯ᠂ ᠴᠠᠭᠠᠨ ᠰᠠᠷ᠎ᠠ ᠶᠢᠨ ᠬᠤᠭᠤᠴᠠᠭᠠᠨ ᠳᠤ ᠲᠥᠪ ᠤᠨ ᠨᠠᠢᠮᠠᠨ ᠵᠤᠷᠪᠤᠰ ᠳᠦᠷᠢᠮ ᠤᠨ ᠲᠤᠭᠳᠠᠭᠠᠯ ᠵᠣᠷᠢᠭ ᠰᠠᠨᠠᠭ᠎ᠠ ᠪᠠ ᠥᠪᠥᠷ ᠮᠣᠩᠭᠤᠯ ᠤᠨ 28 ᠵᠦᠢᠯ ᠤᠨ ᠪᠦᠷᠢᠨᠰᠢᠭᠦᠯᠦᠭᠰᠡᠨ ᠲᠣᠭᠲᠠᠭᠠᠯ ᠢ ᠨᠠᠶᠢᠳᠠᠪᠤᠷᠢᠵᠢᠭᠤᠯᠵᠤ᠂ ︽ᠳᠥᠷᠪᠡᠨ ᠰᠤᠷᠲᠠᠯ︾᠎ ᠢ ᠵᠠᠯᠠᠷᠠᠭᠤᠯᠵᠤ᠂ ᠴᠢᠩᠭ᠎ᠠ ᠪᠤᠰᠤ ᠪᠣᠳᠠᠲᠠᠢ ᠪᠤᠰᠤ ᠠᠰᠠᠭᠤᠳᠠᠯ ᠢ ᠰᠢᠢᠳᠪᠦᠷᠢᠯᠡᠬᠦ ᠪᠠᠷ ᠴᠢᠬᠤᠯᠠ ᠡᠭᠦᠷᠭᠡ ᠪᠣᠯᠭᠠᠵᠤ᠂ ᠬᠢᠨᠠᠮᠠᠭᠠᠢ ᠪᠠᠷ ᠰᠤᠳᠤᠯᠤᠨ ᠪᠠᠶᠢᠷᠢᠰᠢᠭᠤᠯᠵᠤ᠂ ᠬᠦᠴᠦᠨ ᠪᠦᠬᠦᠢ ᠠᠷᠭ᠎ᠠ ᠬᠡᠮᠵᠢᠶ᠎ᠡ ᠠᠪᠴᠤ᠂ ᠠᠵᠢᠯ ᠤᠨ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠠᠬᠤ ᠬᠡᠷᠡᠭᠲᠡᠢ᠃ ᠰᠠᠬᠢᠯᠭ᠎ᠠ ᠪᠠᠲᠤ ᠶᠢ ᠴᠢᠩᠭ᠎ᠠ ᠬᠡᠷᠡᠭᠵᠢᠭᠦᠯᠬᠦ ᠶᠢ ᠪᠠᠷᠢᠮᠲᠠᠯᠠᠵᠤ᠂ ᠠᠮᠠᠷᠠᠯᠲᠠ ᠶᠢᠨ ᠬᠤᠭᠤᠴᠠᠭᠠᠨ ᠳᠤ ᠳᠦᠷᠢᠮ ᠢ ᠵᠥᠷᠢᠴᠡᠵᠦ ᠠᠯᠪᠠᠨ ᠤ ᠮᠥᠩᠭᠦ ᠪᠠᠷ ᠢᠳᠡᠵᠦ ᠤᠤᠭᠤᠬᠤ᠂ ᠵᠤᠭᠠᠴᠠᠬᠤ ᠪᠠ ᠦᠨᠡᠲᠡᠢ ᠪᠤᠯᠪᠠᠰᠤᠷᠠᠯ ᠴᠢᠩᠭᠢᠯ ᠤᠨ ᠬᠥᠳᠡᠯᠭᠡᠭᠡᠨ ᠳᠤ ᠣᠷᠣᠯᠴᠠᠬᠤ᠂ ᠨᠡᠶᠢᠲᠡ ᠶᠢᠨ ᠮᠥᠩᠭᠦ ᠪᠠᠷ ᠰᠢᠨ᠎ᠡ ᠵᠢᠯ ᠤᠨ ᠳᠤᠷᠠᠰᠬᠠᠯ ᠤᠨ ᠺᠠᠷᠲ ᠪᠠ ᠫᠤᠤᠵᠢᠩ ᠵᠡᠷᠭᠡ ᠰᠢᠨ᠎ᠡ ᠵᠢᠯ ᠤᠨ ᠶᠠᠭᠤᠮ᠎ᠠ ᠪᠡᠯᠡᠭ ᠰᠡᠯᠲᠡ ᠬᠤᠳᠠᠯᠳᠤᠨ ᠠᠪᠬᠤ᠂ ᠨᠡᠶᠢᠲᠡ ᠶᠢᠨ ᠮᠥᠩᠭᠦ ᠪᠠᠷ ᠵᠣᠴᠢᠯᠠᠬᠤ᠂ ᠰᠠᠳᠤᠨ ᠲᠥᠷᠥᠯ ᠨᠠᠶᠢᠵᠠ ᠨᠥᠬᠦᠳ ᠢᠶᠠᠨ ᠡᠷᠭᠢᠬᠦ᠂ ᠭᠠᠳᠠᠭᠰᠢ ᠵᠤᠭᠠᠴᠠᠬᠤ ᠵᠡᠷᠭᠡ ᠠᠯᠪᠠᠨ ᠤ ᠪᠣᠰᠤ ᠠᠵᠢᠯᠯᠠᠭ᠎ᠠ ᠬᠢᠬᠦ᠂ ᠠᠯᠪᠠᠨ ᠤ ᠲᠡᠷᠭᠡ ᠶᠢ ᠬᠤᠪᠢ ᠪᠠᠷ ᠬᠡᠷᠡᠭᠯᠡᠬᠦ ᠪᠤᠶᠤ ︽ᠬᠤᠪᠢ ᠶᠢᠨ ᠲᠡᠷᠭᠡ ᠶᠢ ᠠᠯᠪᠠᠨ ᠠᠴᠠ ᠲᠡᠵᠢᠭᠡᠬᠦ︾᠂ ᠳᠦᠷᠢᠮ ᠢ ᠵᠥᠷᠢᠴᠡᠵᠦ ᠪᠡᠯᠡᠭ ᠰᠡᠯᠲᠡ᠂ ᠮᠥᠩᠭᠦ ᠵᠤᠭᠤᠰ᠂ ᠬᠡᠷᠡᠭᠯᠡᠭᠡᠨ ᠤ ᠺᠠᠷᠲ ᠠᠪᠬᠤ ᠵᠡᠷᠭᠡ᠂ ᠬᠤᠪᠢ ᠬᠥᠮᠥᠨ ᠤ ᠬᠤᠷᠠᠯ ᠤᠨ ᠭᠠᠵᠠᠷ ᠢᠶᠠᠷ ᠣᠷᠣᠵᠤ ᠭᠠᠷᠬᠤ᠂ ᠳᠥᠷᠢᠮ ᠢ ᠵᠥᠷᠢᠴᠡᠨ ᠬᠤᠷᠢᠮ ᠨᠠᠶᠢᠷ ᠢ ᠵᠠᠪᠰᠢᠵᠤ ᠡᠳ᠋ ᠮᠥᠩᠭᠦ ᠬᠤᠷᠢᠶᠠᠬᠤ᠂ ᠳᠦᠷᠢᠮ ᠢ ᠵᠥᠷᠢᠴᠡᠨ ᠨᠤᠲᠤᠭ ᠤᠨ ᠴᠤᠭᠯᠠᠭᠠᠨ᠂ ᠨᠣᠮ ᠤᠨ ᠠᠨᠳᠠ ᠶᠢᠨ ᠴᠤᠭᠯᠠᠭᠠᠨ᠂ ᠳᠠᠶᠢᠴᠢᠨ ᠨᠥᠬᠦᠳ ᠤᠨ ᠴᠤᠭᠯᠠᠭᠠᠨ ᠳᠤ ᠣᠷᠣᠯᠴᠠᠬᠤ ᠵᠢᠴᠢ ᠵᠣᠭᠤᠰ ᠨᠠᠭᠠᠳᠬᠤ ᠵᠡᠷᠭᠡ ᠲᠣᠪᠣᠶᠢᠮ᠎ᠠ ᠠᠰᠠᠭᠤᠳᠠᠯ ᠳᠤ ᠣᠷᠣᠯᠴᠠᠬᠤ ᠶᠢ ᠴᠢᠩᠭ᠎ᠠ ᠭᠡᠲᠦᠨ ᠠᠵᠢᠭᠯᠠᠵᠤ᠂ ᠨᠢᠭᠡ ᠢᠯᠡᠷᠡᠪᠡᠯ ᠨᠢᠭᠡ ᠶᠢ ᠪᠠᠶᠢᠴᠠᠭᠠᠵᠤ᠂ ᠨᠡᠶᠢᠲᠡᠯᠢᠭ ᠠᠰᠠᠭᠤᠳᠠᠯ ᠳᠤ ᠬᠠᠨᠳᠤᠭᠤᠯᠵᠤ ᠨᠡᠷ᠎ᠡ ᠳᠤᠷᠠᠳᠤᠨ ᠨᠡᠶᠢᠲᠡᠯᠡᠨ ᠢᠯᠡᠴᠢᠯᠡᠵᠦ ᠬᠦᠴᠦᠨ ᠪᠦᠬᠦᠢ ᠰᠦᠷᠳᠡᠭᠦᠯᠦᠯ ᠢ ᠪᠣᠢ ᠪᠣᠯᠭᠠᠬᠤ ᠬᠡᠷᠡᠭᠲᠡᠢ᠃ ᠢᠯᠡ ᠪᠠᠷ ᠪᠠᠶᠢᠴᠠᠭᠠᠵᠤ ᠳᠠᠯᠳᠠ ᠪᠠᠷ ᠠᠰᠠᠭᠤᠬᠤ ᠶᠢ ᠵᠣᠬᠢᠶᠠᠨ ᠪᠠᠶᠢᠭᠤᠯᠵᠤ᠂ ᠤᠯᠠᠨ ᠲᠥᠮᠡᠨ ᠤ ᠬᠢᠨᠠᠯᠲᠠ ᠲᠠᠯᠪᠢᠬᠤ ᠠᠷᠭ᠎ᠠ ᠵᠠᠮ ᠢ ᠰᠢᠯᠤᠭᠤᠳᠬᠠᠵᠤ᠂ ᠰᠢᠨ᠎ᠡ ᠵᠠᠭᠤᠴᠢᠯᠠᠭᠤᠷ ᠤᠨ ᠬᠢᠨᠠᠯᠲᠠ ᠲᠠᠯᠪᠢᠬᠤ ᠦᠢᠯᠡᠳᠦᠯ ᠢ ᠪᠠᠳᠠᠷᠠᠭᠤᠯᠵᠤ᠂ ᠬᠢᠨᠠᠯᠲᠠ ᠶᠢᠨ ᠲᠣᠣᠷ ᠢ ᠭᠠᠵᠠᠷ ᠪᠦᠬᠦᠨ ᠳᠤ ᠲᠠᠳᠠᠵᠤ᠂ ᠳᠠᠯᠳᠠ ᠣᠷᠣᠵᠤ ᠴᠢᠨᠠᠷ ᠨᠢ ᠬᠤᠪᠢᠷᠠᠭᠰᠠᠨ ︽ᠳᠥᠷᠪᠡᠨ ᠰᠤᠷᠲᠠᠯ︾᠎ ᠢ ᠭᠦᠨ ᠮᠠᠯᠲᠠᠬᠤ ᠬᠡᠷᠡᠭᠲᠡᠢ᠃ ᠬᠠᠷᠢᠭᠤᠴᠠᠯᠭ᠎ᠠ ᠨᠡᠬᠡᠮᠵᠢᠯᠡᠬᠦ ᠡᠨᠡᠬᠦ ᠬᠤᠷᠴᠠ ᠵᠡᠪᠰᠡᠭ ᠢ ᠰᠠᠶᠢᠲᠤᠷ ᠠᠰᠢᠭᠯᠠᠵᠤ᠂ ᠪᠡᠶᠡᠴᠢ ᠴᠤᠭᠴᠠ ᠶᠢᠨ ᠬᠠᠷᠢᠭᠤᠴᠠᠯᠭ᠎ᠠ ᠪᠠ ᠬᠢᠨᠠᠯᠲᠠ ᠲᠠᠯᠪᠢᠬᠤ ᠬᠠᠷᠢᠭᠤᠴᠠᠯᠭ᠎ᠠ ᠶᠢ ᠴᠢᠩᠭᠠᠳᠬᠠᠵᠤ᠂ ᠠᠰᠠᠭᠤᠳᠠᠯ ᠨᠢ ᠲᠣᠪᠣᠶᠢᠮ᠎ᠠ ᠭᠠᠵᠠᠷ ᠣᠷᠣᠨ ᠪᠠ ᠰᠠᠯᠠᠭ᠎ᠠ ᠮᠥᠴᠢᠷ ᠲᠤ ᠴᠢᠩᠭ᠎ᠠ ᠬᠠᠷᠢᠭᠤᠴᠠᠯᠭ᠎ᠠ ᠨᠡᠬᠡᠮᠵᠢᠯᠡᠵᠦ᠂ ᠠᠷᠪᠢᠴᠢ ᠭᠠᠮᠲᠠᠢ ᠪᠣᠯᠪᠠᠰᠤᠨ ᠠᠷᠢᠭᠤᠨ ᠴᠢᠬᠡᠴᠢ ᠪᠠᠷ ᠪᠠᠶᠠᠷ ᠳᠤᠷᠠᠰᠬᠠᠯ ᠤᠨ ᠡᠳᠦᠷ ᠢᠶᠠᠨ ᠥᠩᠭᠡᠷᠡᠭᠦᠯᠬᠦ ᠶᠢ ᠪᠠᠲᠤᠯᠠᠬᠤ ᠬᠡᠷᠡᠭᠲᠡᠢ᠃ ᠥᠷᠭᠡᠨ ᠤᠯᠠᠨ ᠰᠠᠬᠢᠯᠭ᠎ᠠ ᠪᠠᠲᠤ ᠪᠠᠶᠢᠴᠠᠭᠠᠬᠤ ᠺᠠᠳ᠋ᠷ ᠲᠡᠷᠢᠭᠦᠯᠡᠨ ᠲᠥᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠠᠮᠢᠶ᠎ᠠ ᠪᠦᠬᠦᠢ ᠱᠠᠭᠠᠷᠳᠠᠯᠭ᠎ᠠ ᠶᠤᠰᠤᠭᠠᠷ᠂ ᠤᠬᠠᠮᠰᠠᠷ ᠠᠴᠠ ᠪᠠᠨ ᠰᠠᠬᠢᠯᠭ᠎ᠠ ᠪᠠᠲᠤ ᠶᠢ ᠵᠢᠷᠤᠮᠯᠠᠵᠤ᠂ ᠳᠦᠷᠢᠮ ᠶᠣᠰᠣ ᠶᠢ ᠡᠷᠬᠢᠮᠯᠡᠬᠦ ᠦᠯᠢᠭᠡᠷ ᠳᠠᠭᠤᠷᠢᠶᠠᠯ ᠪᠣᠯᠬᠤ ᠬᠡᠷᠡᠭᠲᠡᠢ᠃      ᠮᠡᠳᠡᠭᠳᠡᠯ ᠢ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ ᠪᠠᠲᠤ ᠬᠢᠨᠠᠨ ᠪᠠᠶᠢᠴᠠᠭᠠᠬᠤ ᠲᠢᠩᠬᠢᠮ ᠤᠨ ᠢᠯᠡᠴᠢᠯᠡᠨ ᠮᠡᠳᠡᠭᠦᠯᠬᠦ ᠤᠲᠠᠰᠤ᠄ 0471 —12388︔ ᠢᠯᠡᠴᠢᠯᠡᠨ ᠮᠡᠳᠡᠭᠦᠯᠬᠦ ᠰᠦᠯᠵᠢᠶ᠎ᠡ᠄ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠵᠠᠬᠢᠲᠠᠯ ᠰᠤᠷᠪᠤᠯᠵᠢᠯᠠᠯ ᠤᠨ ᠠᠯᠪᠠᠨ ᠭᠡᠷ ︵ᠪᠠᠶᠢᠴᠠᠭᠠᠬᠤ ᠲᠢᠩᠬᠢᠮ ᠤᠨ ᠢᠯᠡᠴᠢᠯᠡᠬᠦ ᠲᠥᠪ︶᠎ ᠶᠢ ᠨᠡᠶᠢᠲᠡᠯᠡᠭᠰᠡᠨ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号