|
ᠦᠷ᠎ᠠ ᠶᠢᠨ ᠲᠠᠤᠯᠠᠢ ᠶᠢ ᠢᠯᠭᠠᠬᠤ ᠠᠷᠭ᠎ᠠ |
|
|
ᠨᠡᠶᠢᠲᠡᠯᠡᠭᠰᠡᠨ ᠴᠠᠭ᠄
2015/12/4
|
|
ᠨᠢᠭᠡ᠂ ᠡᠷ᠎ᠠ ᠡᠮ᠎ᠠ ᠶᠢ ᠢᠯᠭᠠᠬᠤ᠄ ᠨᠢᠳᠤ ᠪᠠᠨ ᠨᠡᠭᠡᠭᠡᠭᠰᠡᠨ ᠨᠢᠯᠬ᠎ᠠ ᠪᠦᠵᠦᠩ ᠤᠨ ᠪᠡᠯᠭᠡ ᠶᠢᠨ ᠡᠷᠭᠡᠳᠡᠨ ᠢ ᠪᠠᠶᠢᠴᠠᠭᠠᠨ᠎ᠠ᠃ ᠵᠡᠭᠦᠨ ᠭᠠᠷ ᠢᠶᠠᠷ ᠢᠶᠠᠨ ᠲᠠᠤᠯᠠᠢ ᠶᠢᠨ ᠴᠢᠭᠢ ᠪᠤᠯᠤᠨ ᠭᠦᠵᠦᠭᠦᠤ ᠶᠢ ᠨᠢ ᠪᠠᠷᠢᠵᠤ᠂ ᠪᠠᠷᠠᠭᠤᠨ ᠭᠠᠷ ᠤᠨ ᠲᠤᠯᠤᠪᠤᠷ ᠬᠤᠷᠤᠭᠤ ᠪᠤᠯᠤᠨ ᠲᠤᠮᠳᠠ ᠬᠤᠷᠤᠭᠤ ᠪᠠᠷ ᠢᠶᠠᠨ ᠲᠠᠤᠯᠠᠢ ᠶᠢᠨ ᠰᠡᠭᠦᠯ ᠢ ᠬᠠᠪᠴᠢᠵᠤ᠂ ᠡᠷᠡᠭᠡᠢ ᠬᠤᠷᠤᠭᠤ ᠪᠠᠷ ᠢᠶᠠᠨ ᠪᠡᠯᠭᠡ ᠶᠢᠨ ᠡᠷᠭᠡᠳᠡᠨ ᠢ ᠲᠡᠭᠡᠭᠰᠢ ᠲᠦᠯᠭᠢᠪᠡᠯ ᠡᠷ᠎ᠡ ᠲᠠᠤᠯᠠᠢ ᠶᠢᠨ ᠪᠡᠯᠭᠡ ᠶᠢᠨ ᠡᠷᠭᠡᠳᠡᠨ ᠲᠡᠭᠡᠷ᠎ᠡ O ᠭᠡᠯᠪᠡᠷᠢ ᠢᠯᠡᠷᠡᠵᠤ᠂ ᠲᠡᠭᠦᠨᠴᠢᠯᠡᠨ ᠭᠦᠳᠦᠶᠢᠵᠤ ᠭᠠᠷᠤᠨ᠎ᠠ᠃ ᠡᠮ᠎ᠠ ᠲᠠᠤᠯᠠᠢ ᠶᠢᠨ ᠪᠡᠯᠭᠡ ᠶᠢᠨ ᠡᠷᠭᠡᠳᠡᠨ ᠪᠤᠯ V ᠭᠡᠯᠪᠡᠷᠢᠳᠡᠢ ᠪᠠᠶᠢᠵᠤ᠂ ᠲᠤᠤᠷᠠᠳᠤ ᠦᠨᠴᠤᠭ᠌ ᠨᠢ ᠬᠤᠰᠭᠢᠨᠠᠭ ᠤᠨ ᠰᠦᠪᠡ ᠭᠦᠷᠳᠡᠯ᠎ᠠ ᠰᠤᠠᠵᠢᠷᠠᠵᠤ ᠤᠨᠴᠠᠭᠠᠢ ᠭᠦᠳᠦᠶᠢᠵᠤ ᠭᠠᠷᠬᠤ ᠶᠠᠭᠤᠮ᠎ᠠ ᠦᠭᠡᠢ ᠶᠤᠮ᠃ ᠬᠤᠶᠠᠷ᠂ ᠨᠠᠰᠤ ᠰᠢᠳᠤ ᠶᠢ ᠨᠢ ᠢᠯᠭᠠᠨ ᠲᠤᠳᠤᠯᠬᠤ᠄ ᠲᠠᠤᠯᠠᠢ ᠶᠢᠨ ᠭᠦᠯ ᠤᠨ ᠬᠤᠷᠤᠭᠤᠨ ᠤ ᠪᠠᠶᠢᠳᠠᠯ ᠢ ᠦᠨᠳᠦᠰᠦᠯᠡᠵᠤ ᠢᠯᠭᠠᠨ ᠲᠤᠳᠤᠯᠠᠨ᠎ᠠ᠃ ᠵᠠᠯᠠᠭᠤ ᠲᠠᠤᠯᠠᠢ ᠶᠢᠨ ᠭᠦᠯ ᠤᠨ ᠬᠤᠷᠤᠭᠤ ᠨᠢ ᠤᠬᠤᠷ᠂ ᠨᠠᠷᠢᠨ᠂ ᠲᠡᠭᠰᠢᠭᠡᠨ ᠪᠠᠶᠢᠵᠤ᠂ ᠭᠢᠯᠦᠭᠡᠷ ᠦᠰᠤᠨ ᠳᠤᠨᠢ ᠪᠤᠭᠤᠠᠠᠳ᠋ᠬᠠᠰᠠᠨ ᠪᠠᠶᠢᠳᠠᠭ᠃ ᠴᠠᠭᠠᠨ ᠲᠠᠤᠯᠠᠢ ᠶᠢᠨ ᠭᠦᠯ ᠤᠨ ᠬᠤᠷᠤᠭᠤᠨ ᠤ ᠤᠭ ᠨᠢ ᠶᠠᠭᠠᠨ ᠦᠡᠭᠭᠡᠳᠡᠢ ᠪᠠᠶᠢᠵᠤ᠂ ᠬᠤᠷᠤᠭᠤᠨ ᠤ ᠦᠵᠦᠭᠦᠷ ᠨᠢ ᠴᠠᠭᠠᠨ ᠪᠠᠶᠢᠳᠠᠭ᠃ ᠨᠠᠰᠤ ᠭᠦᠢᠴᠡᠭᠰᠡᠨ ᠪᠦᠳᠦᠭᠦᠨ ᠲᠠᠤᠯᠠᠢ ᠶᠢᠨ ᠭᠦᠯ ᠤᠨ ᠬᠤᠷᠤᠭᠤᠨ ᠤ ᠪᠦᠳᠦᠭᠦᠨ ᠨᠠᠷᠢᠨ ᠨᠢ ᠵᠢᠭᠳᠡ ᠪᠦᠭᠡᠳ ᠰᠢᠯᠪᠢ ᠶᠢᠨ ᠭᠡᠰᠡᠭ ᠲᠤᠨᠢ ᠤᠷᠳᠤ ᠰᠢᠭ᠋ ᠦᠰᠤ ᠲᠠᠢ ᠶᠤᠮ᠃ ᠤᠷᠳᠤ ᠨᠤᠤᠰᠤᠳᠤ ᠲᠠᠤᠯᠠᠢ ᠶᠢᠨ ᠭᠦᠯ ᠤᠨ ᠬᠤᠷᠤᠭᠤᠨ ᠤ ᠤᠯᠠᠭᠠᠨ ᠴᠠᠭᠠᠨ ᠦᠡᠭᠭᠡ ᠨᠢ ᠲᠡᠩᠴᠡᠭᠦᠤ ᠪᠠᠶᠢᠳᠠᠭ᠃ ᠭᠦᠭᠰᠢᠨ ᠲᠠᠤᠯᠠᠢ ᠶᠢᠨ ᠭᠦᠯ ᠤᠨ ᠬᠤᠷᠤᠭᠤ ᠨᠢ ᠪᠦᠳᠦᠭᠦᠨ ᠮᠦᠷᠳᠡᠭᠡᠨ ᠤᠷᠳᠤ᠂ ᠬᠤᠷᠤᠭᠤ ᠶᠢᠨ ᠦᠵᠦᠭᠦᠷ ᠨᠢ ᠭᠤᠬ᠎ᠠ ᠭᠡᠯᠪᠡᠷᠢᠳᠡᠢ ᠮᠤᠷᠤᠶᠢᠠᠠᠰᠠᠨ ᠪᠦᠭᠡᠳ ᠬᠠᠭᠠᠰ ᠢᠯᠡᠭᠦᠤ ᠨᠢ ᠬᠤᠷᠤᠭᠤᠨ ᠤ ᠦᠰᠤᠨ ᠤ ᠭᠠᠳᠠᠨ᠎ᠠ ᠴᠤᠬᠤᠶᠢᠵᠤ ᠭᠠᠷᠤᠠᠠᠰᠠᠨ ᠪᠠᠶᠢᠳᠠᠭ᠂ ᠦᠰᠤ ᠨᠢ ᠪᠦᠳᠦᠭᠦᠯᠢᠭ ᠪᠦᠭᠡᠳ ᠵᠠᠯᠠᠭᠤ ᠲᠠᠤᠯᠠᠢ ᠶᠢᠨ ᠬᠢ ᠲᠠᠢ ᠠᠳᠠᠯᠢ ᠲᠠᠶᠢᠮᠤ ᠭᠦᠯᠢᠭᠡᠷ ᠪᠢᠰᠢ ᠶᠤᠮ᠃ ᠭᠦᠭᠰᠢᠨ ᠴᠠᠭᠠᠨ ᠲᠠᠤᠯᠠᠢ ᠶᠢᠨ ᠭᠦᠯ ᠤᠨ ᠬᠤᠷᠤᠭᠤᠨ ᠤ ᠴᠠᠭᠠᠨ ᠨᠢ ᠤᠯᠠᠭᠠᠨ ᠠᠴᠠ ᠪᠠᠨ ᠠᠷᠪᠢᠨ ᠪᠠᠶᠢᠳᠠᠭ᠃ ᠨᠠᠰᠤ ᠰᠢᠳᠤ ᠶᠢ ᠨᠢ ᠢᠯᠭᠠᠨ ᠲᠤᠳᠤᠯᠬᠤ ᠳᠤ ᠪᠠᠰᠠ ᠰᠢᠳᠤᠨ ᠤ ᠦᠡᠭᠭᠡ ᠪᠤᠯᠤᠨ ᠵᠢᠠᠠᠰᠠᠭᠠᠯ᠂ ᠠᠷᠠᠰᠤᠨ ᠤ ᠵᠤᠵᠠᠭᠠᠨ ᠨᠢᠮᠭᠡᠨ ᠵᠡᠷᠭᠡ ᠶᠢ ᠨᠢ ᠦᠵᠡᠵᠤ ᠪᠤᠯᠤᠨ᠎ᠠ᠃ ᠵᠠᠷᠢᠮ ᠭᠦᠮᠦᠰ ᠭᠦᠭᠰᠢᠨ ᠲᠠᠤᠯᠠᠢ ᠶᠢᠨ ᠭᠦᠯ ᠤᠨ ᠬᠤᠷᠤᠭᠤ ᠶᠢ ᠭᠦᠯᠦᠭᠡᠷ ᠤᠬᠤᠷ ᠪᠤᠯᠭᠠᠵᠤ ᠵᠠᠰᠠᠭᠠᠳ ᠨᠠᠰᠤ ᠭᠦᠢᠴᠡᠭᠰᠡᠨ ᠪᠦᠳᠦᠭᠦᠨ ᠲᠠᠤᠯᠠᠢ ᠪᠤᠯᠭᠠᠨ ᠬᠤᠳᠠᠯᠳᠤᠬᠤ ᠶᠠᠪᠤᠳᠠᠯ ᠴᠤ ᠭᠠᠷᠳᠠᠭ ᠪᠤᠯᠬᠤᠷ ᠡᠭᠦᠨ ᠢ ᠤᠨᠴᠠ ᠠᠩᠬᠠᠷᠤᠨ ᠭᠡᠷᠰᠡᠤᠯᠡᠭᠦ ᠭᠡᠷᠡᠭᠳᠡᠢ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|