|
ᠲᠠᠤᠯᠠᠢ ᠲᠡᠵᠢᠭᠡᠭᠦ ᠦᠷ᠎ᠠ ᠠᠰᠢᠭ ᠢ ᠲᠡᠭᠡᠭᠰᠢᠯᠡᠭᠦᠯᠭᠦ ᠭᠤᠷᠪᠡᠨ ᠰᠢᠨ᠎ᠠ ᠠᠷᠭ᠎ᠠ |
|
|
ᠨᠡᠶᠢᠲᠡᠯᠡᠭᠰᠡᠨ ᠴᠠᠭ᠄
2015/12/4
|
|
ᠨᠢᠭᠡ᠂ ᠲᠠᠤᠯᠠᠢ ᠶᠢ ᠪᠤᠭᠤᠳᠠᠢ ᠶᠢᠨ ᠲᠠᠯᠬ᠎ᠠ ᠶᠢᠨ ᠤᠭᠢ ᠪᠠᠷ ᠲᠠᠵᠢᠭᠡᠨ᠎ᠡ᠃ ᠨᠠᠷᠢᠮᠤ ᠶᠢᠨ ᠪᠤᠳᠠᠭ᠎ᠠ᠂ ᠨᠠᠷᠢᠮᠤ ᠶᠢᠨ ᠲᠠᠯᠬ᠎ᠠ᠂ ᠪᠤᠭᠤᠳᠠᠢ ᠶᠢᠨ ᠲᠠᠯᠬ᠎ᠠ ᠶᠢᠨ ᠤᠭᠢ ᠶᠢ ᠬᠤᠯᠢᠵᠤ ᠲᠠᠤᠯᠠᠢ ᠪᠠᠨ ᠲᠡᠵᠢᠭᠡᠨ᠎ᠡ᠃ ᠡᠭᠦᠨ ᠢ ᠬᠤᠯᠢᠬᠤ ᠬᠠᠷᠢᠴᠠᠯ ᠭᠢᠭᠡᠳ ᠭᠡᠷᠡᠭᠯᠡᠭᠦ ᠭᠡᠮᠵᠢᠶ᠎ᠠ ᠨᠢ ᠭᠡᠪᠡᠯ᠂ ᠨᠢᠭᠡ ᠲᠠᠤᠯᠠᠢ ᠳᠤ ᠡᠳᠤᠷ ᠪᠦᠷᠢ ᠨᠢᠭᠡ ᠯᠠᠩ ᠨᠠᠷᠢᠮᠤ ᠶᠢᠨ ᠪᠤᠳᠠᠭ᠎ᠠ᠂ ᠨᠢᠭᠡ ᠯᠠᠩ ᠨᠠᠷᠢᠮᠤ ᠶᠢᠨ ᠲᠠᠯᠬ᠎ᠠ ᠪᠠ 0.2 ᠯᠠᠩ ᠪᠤᠭᠤᠳᠠᠢ ᠶᠢᠨ ᠲᠠᠯᠬ᠎ᠠ ᠶᠢᠨ ᠤᠭᠢ ᠶᠢ ᠦᠭᠭᠦᠨ᠎ᠠ᠃ ᠰᠢᠨᠵᠢᠯᠡᠭᠦ ᠤᠬᠠᠭᠠᠨ ᠤ ᠦᠢᠯᠡᠳᠦᠯᠭᠡ ᠭᠡᠷᠡᠴᠢᠯᠡᠭᠰᠡᠨ ᠨᠢ᠂ ᠲᠤᠰ ᠠᠷᠭ᠎ᠠ ᠪᠠᠷ ᠲᠠᠤᠯᠠᠢ ᠲᠡᠵᠢᠭᠡᠪᠡᠯ ᠪᠠᠶ᠎ᠠ ᠶᠢᠨ ᠭᠦᠨᠳᠤ ᠨᠢ ᠰᠠᠷ᠎ᠠ ᠳᠤ ᠲᠤᠮᠳᠠᠴᠢ ᠪᠠᠷ 0.5 ᠺᠢᠯᠤᠭ᠍ᠷᠡᠮ ᠨᠡᠮᠡᠭᠳᠡᠵᠤ ᠪᠠᠶᠢᠠᠠᠰᠠᠨ ᠠᠴᠠ ᠪᠠᠨ ᠨᠢᠭᠡ ᠺᠢᠯᠤᠭ᠍ᠷᠡᠮ ᠪᠤᠯᠵᠤ ᠨᠡᠮᠡᠭᠳᠡᠨ᠎ᠠ᠃ ᠨᠤᠤᠰᠤᠨ ᠭᠠᠷᠤᠯᠳᠠ ᠨᠢ ᠴᠤ ᠤᠤᠯ ᠤᠨ ᠬᠢ ᠠᠴᠠ ᠪᠠᠨ 2.5 ᠯᠠᠩ ᠪᠤᠯᠵᠤ ᠨᠡᠮᠡᠭᠳᠡᠭᠦ ᠪᠦᠭᠡᠳ ᠲᠠᠤᠯᠠᠢ ᠶᠢᠨ ᠭᠡᠮ ᠭᠢᠵᠢᠭ ᠢ ᠡᠰᠡᠷᠭᠦᠴᠡᠭᠦ ᠴᠢᠳᠠᠪᠤᠷᠢ ᠵᠢᠴᠢ ᠦᠷᠡᠵᠢᠯ ᠤᠨ ᠴᠢᠳᠠᠪᠤᠷᠢ ᠨᠢ ᠴᠦᠮ ᠠᠳᠠᠯᠢ ᠪᠤᠰᠤ ᠭᠡᠮᠵᠢᠶ᠎ᠠ ᠪᠠᠷ ᠲᠡᠭᠡᠭᠰᠢᠯᠡᠭᠦ ᠪᠤᠯᠤᠨ᠎ᠠ᠃ ᠬᠤᠶᠠᠷ᠂ ᠲᠠᠤᠯᠠᠢ ᠶᠢ ᠴᠢᠭᠢᠭ ᠤᠨ ᠤᠯᠠᠭᠠᠨ ᠬᠤᠷᠤᠬᠠᠢ ᠪᠠᠷ ᠲᠡᠵᠢᠭᠡᠨ᠎ᠡ᠃ ᠲᠠᠤᠯᠠᠢ ᠲᠡᠵᠢᠭᠡᠭᠦ ᠲᠤᠰᠬᠠᠢ ᠡᠷᠦᠭᠡ ᠶᠢᠨ ᠲᠤᠷᠰᠢᠯᠭ᠎ᠠ ᠶᠢ ᠦᠨᠳᠦᠰᠦᠯᠡᠪᠡᠯ᠂ ᠴᠢᠭᠢᠭ ᠤᠨ ᠤᠯᠠᠭᠠᠨ ᠬᠤᠷᠤᠬᠠᠢ ᠪᠠᠷ ᠲᠠᠤᠯᠠᠢ ᠲᠡᠵᠢᠭᠡᠪᠡᠯ ᠦᠰᠦᠯᠳᠡ ᠪᠤᠶᠢᠵᠢᠯᠳᠡ ᠨᠢ ᠲᠦᠷᠭᠡᠰᠭᠦ ᠮᠦᠷᠳᠡᠭᠡᠨ ᠨᠤᠤᠰᠤᠨ ᠭᠠᠷᠤᠯᠳᠠ ᠨᠢ ᠴᠤ ᠨᠡᠮᠡᠭᠳᠡᠨ᠎ᠠ᠃ ᠡᠭᠦᠨ ᠤ ᠪᠤᠳᠠᠳᠠᠢ ᠠᠷᠭ᠎ᠠ ᠪᠠᠷᠢᠯ ᠨᠢ ᠭᠡᠪᠡᠯ᠂ ᠠᠮᠢᠳᠤ ᠴᠢᠭᠢᠭ ᠤᠨ ᠤᠯᠠᠭᠠᠨ ᠬᠤᠷᠤᠬᠠᠢ ᠶᠢ ᠪᠤᠴᠠᠯᠤᠠᠠᠰᠠᠨ ᠤᠰᠤᠨ ᠳᠤ ᠲᠡᠪᠳᠦᠭᠡᠵᠤ᠂ ᠬᠠᠶᠢᠴᠢ ᠪᠠᠷ ᠬᠠᠶᠢᠴᠢᠯᠠᠭᠠᠳ ᠨᠠᠷᠢᠯᠢᠭ ᠪᠤᠷᠳᠤᠭ᠎ᠠ ᠳᠤᠨᠢ ᠬᠤᠯᠢᠵᠤ᠂ ᠡᠳᠤᠷ ᠲᠤ ᠦᠷᠯᠦᠭᠡ᠂ ᠤᠷᠤᠢ ᠬᠤᠶᠠᠷ ᠤᠳᠠᠭ᠎ᠠ ᠬᠤᠪᠢᠶᠠᠨ ᠲᠡᠵᠢᠭᠡᠨ᠎ᠡ᠃ ᠡᠭᠢᠯᠡᠭᠡᠳ ᠨᠢᠭᠡ ᠲᠠᠤᠯᠠᠢ ᠶᠢᠨ ᠲᠡᠵᠢᠭᠡᠯ ᠪᠤᠷᠳᠤᠭ᠎ᠠ ᠪᠦᠷᠢ ᠳᠤᠨᠢ 1 ~ 2 ᠯᠠᠩ ᠴᠢᠭᠢᠭ ᠤᠨ ᠤᠯᠠᠭᠠᠨ ᠬᠤᠷᠤᠬᠠᠢ ᠬᠤᠯᠢᠵᠤ᠂ ᠬᠤᠶᠢᠰᠢᠳᠠ ᠠᠭᠠᠵᠢᠮ ᠢᠶᠠᠷ ᠭᠡᠮᠵᠢᠶ᠎ᠠ ᠶᠢ ᠨᠢ ᠨᠡᠮᠡᠭᠳᠡᠭᠦᠯᠵᠤ ᠪᠤᠯᠤᠨ᠎ᠠ᠃ ᠭᠤᠷᠪᠡ᠂ ᠲᠠᠤᠯᠠᠢ ᠶᠢ ᠰᠦ ᠤᠤᠭᠤᠯᠭᠠᠬᠤ ᠠᠷᠭ᠎ᠠ ᠪᠠᠷ ᠲᠡᠵᠢᠭᠡᠨ᠎ᠡ᠃ ᠲᠠᠤᠯᠠᠢ ᠵᠤᠯᠵᠠᠭᠠᠯᠬᠠᠰᠠᠨ ᠤ ᠲᠠᠷᠠᠭ᠎ᠠ᠂ ᠠᠯᠠᠰᠢᠨ ᠳᠤ ᠭᠡᠷᠡᠭᠯᠡᠭᠦ ᠮᠢᠬᠠᠨ ᠤ ᠲᠠᠤᠯᠠᠢ ᠪᠠᠷ ︿ᠠᠰᠠᠷᠬᠠᠴᠢ﹀ ᠪᠤᠯᠭᠠᠵᠤ ᠰᠦ ᠤᠤᠭᠤᠯᠭᠠᠬᠤ ᠡᠭᠦᠷᠭᠡ ᠶᠢ ᠭᠦᠢᠴᠡᠳᠭᠡᠯᠭᠡᠨ᠂ ᠡᠮ᠎ᠠ ᠲᠠᠤᠯᠠᠢ ᠪᠠᠨ ᠦᠷᠭᠦᠯᠵᠢᠯᠡᠨ ᠭᠡᠭᠡᠯᠳᠦᠭᠦᠯᠦᠨᠠ᠃ ᠡᠨᠡ ᠭᠦ ᠠᠷᠭ᠎ᠠ ᠪᠠᠷ ᠠᠷᠠᠴᠢᠯᠠᠨ ᠲᠡᠵᠢᠭᠡᠪᠡᠯ ᠲᠠᠤᠯᠠᠢ ᠶᠢᠨ ᠵᠤᠯᠵᠠᠭᠠᠯᠠᠬᠤ ᠨᠢ ᠨᠢᠭᠡ ᠲᠠᠭᠢᠨ ᠨᠡᠮᠡᠭᠳᠡᠵᠤ᠂ ᠲᠠᠤᠯᠠᠢ ᠨᠢᠭᠡᠪᠤᠷᠢ ᠠᠴᠠ ᠨᠢᠭᠡ ᠤᠳᠠᠭ᠎ᠠ ᠳᠤ 2 ~ 3 ᠯᠠᠩ ᠨᠤᠤᠰᠤ ᠬᠠᠶᠢᠴᠢᠯᠠᠬᠤ ᠮᠦᠷᠳᠡᠭᠡᠨ ᠠᠷᠠᠴᠢᠯᠠᠭ᠎ᠠ ᠲᠡᠵᠢᠭᠡᠯᠭᠡ ᠪᠠ ᠬᠠᠮᠢᠶᠠᠷᠤᠯᠳᠠ ᠨᠢ ᠰᠠᠶᠢᠨ ᠪᠤᠯ ᠪᠠᠰᠠ 6 ᠯᠠᠩ ᠨᠤᠤᠰᠤᠨ ᠤ ᠭᠠᠷᠤᠯᠳᠠ ᠲᠠᠢ ᠴᠤ ᠪᠤᠯᠵᠤ ᠮᠡᠳᠡᠭᠦ ᠶᠤᠮ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|