|
ᠰᠤᠩᠭᠢᠨ᠎ᠠ ᠪᠠᠷ ᠮᠠᠯ ᠵᠢᠭᠦᠷᠳᠡᠨ ᠤ ᠭᠡᠮ ᠭᠢᠵᠢᠭ ᠢ ᠡᠮᠨᠡᠨ ᠵᠠᠰᠠᠬᠤ |
|
|
ᠨᠡᠶᠢᠲᠡᠯᠡᠭᠰᠡᠨ ᠴᠠᠭ᠄
2015/12/4
|
|
ᠰᠤᠩᠭᠢᠨ᠎ᠠ ᠭᠤᠰᠤᠭᠤᠨ ᠠᠮᠳᠠ ᠲᠠᠢ᠂ ᠴᠢᠨᠠᠷ ᠬᠠᠯᠠᠭᠤᠨ ᠪᠤᠯᠬᠤᠷ ᠲᠤᠯᠠᠭᠠᠨ ᠢ ᠰᠠᠯᠪᠢᠵᠤ᠂ ᠰᠡᠷᠢᠭᠦᠨ ᠢ ᠠᠷᠢᠯᠭᠠᠨ᠂ ᠰᠢᠭᠡᠰᠤ ᠶᠢ ᠭᠠᠳ᠋ᠬᠠᠰᠢᠯᠠᠭᠤᠯᠵᠤ᠂ ᠴᠠᠷ ᠢ ᠬᠤᠪᠬᠤᠯᠵᠤ᠂ ᠬᠤᠳᠤᠭᠤᠳᠤ ᠶᠢ ᠰᠠᠶᠢᠵᠢᠷᠠᠭᠤᠯᠤᠨ᠂ ᠪᠠᠺᠲ᠋ᠧᠷᠢ ᠶᠢ ᠲᠠᠷᠤᠬᠤ ᠵᠡᠷᠭᠡ ᠤᠯᠠᠨ ᠵᠤᠶᠢᠯ ᠤᠨ ᠡᠮᠴᠢᠯᠡᠭᠡᠨ ᠤ ᠲᠤᠰᠠᠳᠠᠢ ᠶᠤᠮ᠃ ᠮᠠᠯ ᠤᠨ ᠡᠮᠴᠢ ᠶᠢᠨ ᠡᠮᠴᠢᠯᠡᠭᠡᠨ ᠤ ᠲᠤᠷᠰᠢᠯᠭ᠎ᠠ ᠭᠡᠷᠡᠴᠢᠯᠡᠭᠰᠡᠨ ᠨᠢ᠂ ᠰᠤᠩᠭᠢᠨ᠎ᠠ ᠶᠢ ᠪᠤᠰᠤᠳ ᠡᠮᠳᠤ ᠪᠤᠳᠠᠰ ᠲᠠᠢ ᠬᠠᠪᠰᠤᠷᠤᠭᠤᠯᠤᠨ ᠭᠡᠷᠡᠭᠯᠡᠪᠡᠯ ᠮᠠᠯ ᠵᠢᠭᠦᠷᠳᠡᠨ ᠤ ᠤᠯᠠᠨ ᠵᠤᠶᠢᠯ ᠤᠨ ᠭᠡᠮ ᠭᠢᠵᠢᠭ ᠢ ᠡᠮᠨᠡᠨ ᠵᠠᠰᠠᠵᠤ ᠲᠡᠶᠢᠯᠭᠦ ᠪᠦᠭᠡᠳ ᠨᠡᠯᠢᠶᠡᠳ ᠰᠠᠶᠢᠨ ᠵᠠᠰᠠᠪᠤᠷᠢ ᠠᠪᠳᠠᠭ ᠪᠠᠶᠢᠨ᠎ᠠ᠃ 1. ᠡᠮ᠎ᠠ ᠭᠠᠭ᠋ᠠᠢ ᠶᠢᠨ ᠤᠷᠤᠭ᠎ᠠ ᠤᠷᠤᠬᠤ ᠦᠭᠡᠢ ᠶᠢ ᠵᠠᠰᠠᠬᠤ᠄ 150 ᠭᠷᠡᠮ ᠰᠤᠩᠭᠢᠨ᠎ᠠ᠂ 250 ᠭᠷᠡᠮ ᠭᠤᠭᠤᠳ᠂ 100 ᠭᠷᠡᠮ ᠨᠢᠴᠦᠭᠦᠨ ᠬᠤᠪᠤᠯᠤ ᠶᠢᠨ ᠨᠠᠪᠴᠢ ᠶᠢ ᠬᠤᠯᠢᠵᠤ ᠨᠦᠳᠦᠭᠡᠳ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠠ᠂ ᠡᠳᠤᠷ ᠲᠤ ᠨᠢᠭᠡ ᠤᠳᠠᠭ᠎ᠠ᠂ ᠵᠠᠯᠭᠠᠭ᠎ᠠ ᠪᠠᠷ ᠭᠤᠷᠪᠡᠨ ᠤᠳᠠᠭ᠎ᠠ ᠲᠡᠵᠢᠭᠡᠪᠡᠯ ᠤᠷᠤᠭ᠎ᠠ ᠤᠷᠤᠵᠤ ᠭᠡᠭᠡᠯᠳᠦᠳᠡᠭ ᠪᠠᠶᠢᠨ᠎ᠠ᠃ 2. ᠠᠵᠢᠷᠭᠠᠨ ᠭᠠᠭ᠋ᠠᠢ ᠶᠢᠨ ᠲᠦᠮᠦᠰᠤ ᠤᠨᠵᠢᠢᠠᠠᠰᠠᠨ ᠭᠡᠮ ᠢ ᠵᠠᠰᠠᠬᠤ᠄ 200 ᠭᠷᠡᠮ ᠰᠤᠩᠭᠢᠨ᠎ᠠ ᠶᠢᠨ ᠴᠠᠭᠠᠨ᠂ 10 ᠭᠷᠡᠮ ᠶᠠᠷᠮ᠎ᠠ᠂ 50 ᠭᠷᠡᠮ ᠪᠠᠭᠪᠠᠭ᠋ᠠᠢ ᠴᠡᠴᠡᠭ᠂ 20 ᠭᠷᠡᠮ ᠰᠢᠷ᠎ᠠ ᠮᠠᠶᠢᠯᠠᠰᠤ ᠶᠢ ᠬᠤᠯᠢᠵᠤ ᠤᠰᠤᠨ ᠳᠤ ᠴᠢᠨᠠᠭᠠᠳ ᠰᠢᠭᠠᠷᠤ ᠶᠢ ᠨᠢ ᠱᠦᠭᠦᠨ ᠬᠠᠶᠠᠵᠤ ᠰᠢᠭᠦᠰᠤ ᠪᠠᠷ ᠨᠢ ᠭᠠᠭ᠋ᠠᠢ ᠶᠢᠨ ᠤᠨᠵᠢᠢᠠᠠᠰᠠᠨ ᠲᠦᠮᠤᠰᠤ ᠶᠢ ᠤᠭᠢᠶᠠᠨ᠎ᠠ᠂ ᠡᠳᠤᠷ ᠲᠤ 3 ~ 4 ᠤᠳᠠᠭ᠎ᠠ᠂ ᠵᠠᠯᠭᠠᠭ᠎ᠠ ᠪᠠᠷ 2 ~ 3 ᠡᠳᠤᠷ ᠤᠭᠢᠶᠠᠪᠠᠯ ᠡᠳᠡᠭᠡᠷᠡᠴᠢᠭᠡᠨ᠎ᠡ᠃ 3. ᠭᠡᠷ ᠤᠨ ᠲᠡᠵᠢᠭᠡᠪᠤᠷᠢ ᠶᠢᠨ ᠤᠳᠠᠭᠠᠨ ᠴᠢᠨᠠᠷᠳᠡᠢ ᠬᠠᠮᠠᠷ ᠤᠨ ᠦᠷᠪᠢᠰᠦᠯ ᠢ ᠵᠠᠰᠠᠬᠤ᠄ ᠰᠤᠩᠭᠢᠨ᠎ᠠ ᠶᠢᠨ ᠰᠢᠭᠦᠰᠤ ᠶᠢ ᠰᠢᠬᠠᠵᠤ ᠠᠪᠤᠭᠠᠳ ᠲᠡᠩᠴᠡᠭᠦᠤ ᠭᠡᠮᠵᠢᠶᠠᠨ ᠤ ᠰᠢᠯᠭᠠᠪᠤᠷ ᠲᠠᠢ ᠬᠤᠯᠢᠵᠤ ᠬᠠᠮᠠᠷ ᠤᠨ ᠭᠦᠨᠳᠡᠢ ᠳᠤᠨᠢ ᠲᠤᠰᠤᠭᠠᠨ᠎ᠠ᠂ ᠡᠳᠤᠷ ᠲᠤ 3 ~ 5 ᠤᠳᠠᠭ᠎ᠠ᠂ ᠵᠠᠯᠭᠠᠭ᠎ᠠ ᠪᠠᠷ 7 ~ 8 ᠡᠳᠤᠷ ᠲᠤᠰᠤᠭᠠᠪᠠᠯ ᠪᠤᠯᠴᠢᠬᠠᠨ᠎ᠠ᠃ 4. ᠮᠠᠯ ᠤᠨ ᠬᠠᠮᠠᠭᠤ ᠶᠢ ᠵᠠᠰᠠᠬᠤ᠄ ᠭᠦᠭᠦᠷ ᠢ ᠰᠤᠩᠭᠢᠨ᠎ᠠ ᠶᠢᠨ ᠨᠠᠪᠴᠢᠨ ᠳᠤ ᠬᠤᠯᠢᠵᠤ ᠬᠠᠳᠠᠭᠠᠭᠠᠳ ᠲᠠᠯᠬ᠎ᠠ ᠪᠤᠯᠭᠠᠨ ᠨᠢᠴᠠᠯᠵᠤ ᠲᠠᠯᠬᠠᠳ᠋ᠬᠠᠰᠠᠨ ᠤ ᠲᠠᠷᠠᠭ᠎ᠠ ᠲᠡᠭᠡᠷ᠎ᠠ ᠨᠢ ᠭᠠᠭ᠋ᠠᠢ ᠶᠢᠨ ᠲᠤᠰᠤ ᠭᠢᠵᠤ ᠵᠢᠭᠤᠷᠠᠭᠠᠳ ᠬᠠᠮᠠᠭᠤᠷᠬᠠᠰᠠᠨ ᠭᠡᠰᠡᠭ ᠲᠤᠨᠢ ᠲᠦᠷᠭᠢᠨ᠎ᠠ᠂ ᠡᠳᠤᠷ ᠲᠤ 3 ᠤᠳᠠᠭ᠎ᠠ᠂ ᠵᠠᠯᠭᠠᠭᠠᠳ 3 ~ 4 ᠡᠳᠤᠷ ᠲᠦᠷᠭᠢᠪᠡᠯ ᠡᠳᠡᠭᠡᠷᠡᠴᠢᠭᠡᠨ᠎ᠡ᠃ 5. ᠡᠭᠡ ᠮᠠᠯ ᠤᠨ ᠭᠡᠭᠡᠯ ᠭᠦᠳᠡᠯᠦᠭᠡᠳ ᠵᠤᠠᠠᠰᠤᠬᠤ ᠦᠭᠡᠢ ᠭᠡᠮ ᠢ ᠵᠠᠰᠠᠬᠤ᠄ 500 ᠭᠷᠡᠮ ᠰᠤᠩᠭᠢᠨ᠎ᠠ ᠶᠢ ᠨᠠᠷᠢᠬᠠᠨ ᠭᠡᠷᠴᠢᠭᠡᠳ ᠤᠰᠤᠨ ᠳᠤ ᠴᠢᠨᠠᠵᠤ ᠰᠢᠭᠠᠷᠤ ᠶᠢ ᠨᠢ ᠱᠦᠭᠦᠨ ᠬᠠᠶᠠᠵᠤ᠂ ᠤᠯᠠᠨ ᠤᠳᠠᠭ᠎ᠠ ᠴᠢᠳᠬᠤᠵᠤ ᠤᠤᠭᠤᠯᠭᠠᠨ᠎ᠠ᠃ 6. ᠠᠳᠤᠭᠤᠨ ᠤ ᠴᠢᠴᠠᠭ᠎ᠠ ᠠᠯᠳᠠᠬᠤ ᠭᠡᠮ ᠢ ᠵᠠᠰᠠᠬᠤ᠄ ᠨᠢᠭᠡ ᠤᠳᠠᠭ᠎ᠠ ᠶᠢᠨ ᠵᠤᠷ ᠲᠤ ᠰᠤᠩᠭᠢᠨ᠎ᠠ ᠶᠢᠨ ᠴᠠᠭᠠᠨ᠂ ᠨᠠᠷᠢᠮᠤ ᠶᠢ ᠲᠤᠰᠪᠤᠷᠢ 250 ᠭᠷᠡᠮ ᠠᠪᠴᠤ᠂ ᠲᠦᠭᠦᠭᠡᠢ ᠭᠠ᠂ ᠴᠢᠪᠠᠭ᠎ᠠ ᠶᠢ ᠲᠤᠰᠪᠤᠷᠢ 120 ᠭᠷᠡᠮ ᠬᠤᠯᠢᠵᠤ ᠤᠰᠤᠨ ᠳᠤ ᠴᠢᠨᠠᠭᠠᠳ ᠤᠤᠭᠤᠯᠭᠠᠨ᠎ᠠ᠂ ᠡᠳᠤᠷ ᠲᠤ ᠨᠢᠭᠡ ᠵᠤᠷ᠂ ᠵᠠᠯᠭᠠᠭᠠᠳ 3 ~ 5 ᠵᠤᠷ ᠤᠤᠭᠤᠯᠭᠠᠨ᠎ᠠ᠃ 7. ᠭᠠᠭ᠋ᠠᠢ ᠪᠤᠯᠤᠨ ᠦᠭᠡᠷ ᠤᠨ ᠭᠢᠮᠤᠷᠠᠭ᠎ᠠ ᠶᠢ ᠵᠠᠰᠠᠬᠤ᠄ 10 ᠰᠢᠷᠭᠡᠭ ᠰᠤᠩᠭᠢᠨ᠎ᠠ ᠳᠤ 500 ~1000 ᠭᠷᠡᠮ ᠲᠦᠭᠦᠭᠡᠢ ᠭᠠᠨ ᠶᠢ ᠨᠢᠭᠡ ᠤᠳᠠᠭ᠎ᠠ ᠶᠢᠨ ᠵᠤᠷ ᠲᠤ ᠬᠤᠯᠢᠵᠤ ᠨᠠᠶᠢᠷᠠᠭᠤᠯᠤᠭᠠᠳ ᠲᠠᠭᠢᠨ ᠤᠰᠤᠨ ᠳᠤ ᠴᠢᠨᠠᠵᠤ ᠰᠢᠭᠠᠷᠤ ᠶᠢ ᠨᠢ ᠱᠦᠭᠦᠨ ᠠᠪᠴᠤ ᠬᠠᠶ᠋ᠬᠠᠰᠠᠨ ᠤ ᠲᠠᠷᠠᠭ᠎ᠠ ᠨᠢᠭᠡ ᠯᠡ ᠤᠳᠠᠭ᠎ᠠ ᠳᠤ ᠴᠢᠳᠬᠤᠨ ᠤᠤᠭᠤᠯᠭᠠᠨ᠎ᠠ᠃ ᠡᠳᠤᠷ ᠲᠤ ᠨᠢᠭᠡ ᠵᠤᠷ ᠢᠶᠠᠷ ᠵᠠᠯᠭᠠᠭᠠᠳ 1 ~ 2 ᠵᠤᠷ ᠤᠤᠭᠤᠯᠭᠠᠨ᠎ᠠ᠃ 8. ᠠᠳᠤᠭᠤᠨ ᠤ ᠭᠡᠳᠡᠰᠤ ᠲᠠᠳᠠᠪᠠᠯᠵᠠᠬᠤ ᠭᠡᠮ ᠢ ᠵᠠᠰᠠᠬᠤ᠄ 7 ᠰᠢᠷᠭᠡᠭ ᠰᠤᠩᠭᠢᠨ᠎ᠠ᠂ 30 ᠭᠷᠡᠮ ᠬᠠᠭᠤᠷᠤᠠᠠᠰᠠᠨ ᠲᠠᠪᠤᠰᠤ᠂ 120 ᠮᠢᠯᠢᠯᠢᠲᠷ ᠬᠠᠷ᠎ᠠ ᠠᠷᠢᠭᠢ ᠶᠢ ᠬᠤᠯᠢᠵᠤ ᠨᠠᠶᠢᠷᠠᠭᠤᠯᠤᠭᠠᠳ ᠲᠠᠭᠢᠨ ᠤᠰᠤᠨ ᠳᠤ ᠴᠢᠨᠠᠵᠤ ᠴᠢᠳᠬᠤᠨ ᠤᠤᠭᠤᠯᠭᠠᠪᠠᠯ ᠲᠤᠤᠷ᠎ᠡ ᠪᠠᠨ ᠲᠤᠰᠠ ᠭᠠᠷᠳᠠᠭ᠃ 9. ᠮᠠᠯ ᠤᠨ ᠲᠤᠭᠤᠷᠠᠢ ᠶᠢᠨ ᠭᠡᠮᠨᠡᠭᠰᠡᠨ ᠢ ᠵᠠᠰᠠᠬᠤ᠄ 7 ᠰᠢᠷᠭᠡᠭ ᠰᠤᠩᠭᠢᠨ᠎ᠠ ᠶᠢᠨ ᠴᠠᠭᠠᠨ ᠢ ᠴᠠᠭᠠᠨ ᠰᠢᠭᠢᠷ ᠲᠠᠢ ᠬᠤᠯᠢᠵᠤ ᠨᠦᠳᠦᠵᠤ ᠲᠠᠭᠢᠨ ᠲᠤᠭᠤᠭᠠᠨ ᠳᠤ ᠭᠢᠵᠤ ᠬᠠᠭᠤᠷᠴᠤ ᠬᠠᠯᠠᠭᠠᠭᠠᠳ ᠭᠡᠮᠨᠡᠭᠰᠡᠨ ᠭᠡᠰᠡᠭ ᠲᠤᠨᠢ ᠰᠢᠪᠠᠵᠤ ᠱᠠ ᠪᠦᠰ ᠢᠶᠠᠷ ᠪᠤᠭᠤᠵᠤ ᠲᠠᠯᠪᠢᠨ᠎ᠠ᠃ ᠡᠳᠤᠷ ᠲᠤ 2 ᠤᠳᠠᠭ᠎ᠠ ᠰᠤᠯᠢᠵᠤ᠂ ᠵᠠᠯᠭᠠᠭᠠᠳ 5 ~ 7 ᠡᠳᠤᠷ ᠡᠮᠨᠡᠨ ᠵᠠᠰᠠᠪᠠᠯ ᠡᠳᠡᠭᠡᠷᠡᠴᠢᠭᠡᠨ᠎ᠡ᠃ 10. ᠠᠳᠤᠭᠤᠨ ᠤ ᠦᠶ᠎ᠠ ᠭᠡᠰᠢᠭᠦᠤ ᠶᠢᠨ ᠭᠡᠮ ᠢ ᠵᠠᠰᠠᠬᠤ᠄ 90 ~ 120 ᠭᠷᠡᠮ ᠰᠤᠩᠭᠢᠨ᠎ᠠ ᠶᠢᠨ ᠴᠠᠭᠠᠨ ᠳᠤ 30 ᠭᠷᠡᠮ ᠬᠠᠳᠠᠭᠠᠠᠠᠰᠠᠨ ᠯᠠᠵᠤᠤ ᠶᠢᠨ ᠲᠠᠯᠬ᠎ᠠ᠂ 30 ᠭᠷᠡᠮ ᠲᠦᠭᠦᠭᠡᠢ ᠭᠠ ᠶᠢ ᠬᠤᠯᠢᠵᠤ ᠨᠦᠳᠦᠭᠡᠳ ᠪᠠᠭᠠᠬᠠᠨ ᠰᠢᠭ᠋ ᠬᠠᠷ᠎ᠠ ᠠᠷᠢᠭᠢ ᠨᠡᠮᠡᠵᠤ ᠨᠠᠶᠢᠷᠠᠭᠤᠯᠤᠠᠠᠰᠠᠨ ᠤ ᠲᠠᠷᠠᠭ᠎ᠠ ᠦᠶ᠎ᠠ ᠭᠡᠰᠢᠭᠦᠤ ᠲᠡᠭᠡᠷ᠎ᠠ ᠨᠢ ᠲᠦᠷᠭᠢᠵᠤ ᠱᠠ ᠪᠦᠰ ᠢᠶᠠᠷ ᠪᠤᠭᠤᠵᠤ ᠲᠠᠯᠪᠢᠨ᠎ᠠ᠃ ᠡᠳᠤᠷ ᠠᠯᠤᠰᠯᠠᠬᠤ ᠪᠦᠷᠢ ᠨᠢᠭᠡ ᠤᠳᠠᠭ᠎ᠠ ᠰᠤᠯᠢᠵᠤ ᠦᠭᠭᠦᠨ᠎ᠠ᠃ 10 ᠡᠳᠤᠷ ᠢ ᠨᠢᠭᠡ ᠡᠮᠴᠢᠯᠡᠭᠡᠨ ᠤ ᠬᠤᠭᠤᠴᠠᠭ᠎ᠠ ᠪᠤᠯᠭᠠᠵᠤ᠂ ᠵᠠᠯᠭᠠᠭᠠᠳ 2 ~ 3 ᠡᠮᠴᠢᠯᠡᠭᠡᠨ ᠤ ᠬᠤᠭᠤᠴᠠᠭ᠎ᠠ ᠡᠮᠨᠡᠨ ᠵᠠᠰᠠᠪᠠᠯ ᠡᠳᠡᠭᠡᠷᠡᠭᠦ ᠪᠤᠯᠤᠨ᠎ᠠ᠃ 11. ᠮᠠᠯ ᠵᠢᠭᠦᠷᠳᠡᠨ ᠭᠢᠮᠤᠷᠠᠭᠠᠳ ᠬᠠᠨᠢᠶᠠᠪᠠᠯ ᠰᠤ᠋ ᠭᠸᠡᠭ ︵苏梗︶᠂ ᠲᠦᠭᠦᠭᠡᠢ ᠭᠠ᠂ ᠵᠦᠷᠵᠢ ᠶᠢᠨ ᠬᠠᠯᠢᠰᠤ ᠶᠢ ᠴᠢᠨᠠᠵᠤ᠂ ᠲᠡᠭᠡᠷ᠎ᠠ ᠨᠢ ᠨᠢᠴᠠᠯᠤᠠᠠᠰᠠᠨ ᠰᠤᠩᠭᠢᠨ᠎ᠠ ᠶᠢᠨ ᠴᠠᠭᠠᠨ ᠨᠡᠮᠡᠵᠤ ᠤᠤᠭᠤᠯᠭᠠᠨ᠎ᠠ᠃ 12. ᠮᠠᠯ ᠲᠡᠵᠢᠭᠡᠪᠤᠷᠢ ᠶᠢᠨ ᠰᠢᠭᠡᠰᠤᠨ ᠤ ᠰᠦᠪᠡ ᠴᠢᠯᠠᠭᠤᠰᠢᠷᠠᠬᠤ ᠶᠢ ᠵᠠᠰᠠᠬᠤ ᠳᠤ᠂ ᠰᠤᠩᠭᠢᠨ᠎ᠠ ᠶᠢᠨ ᠴᠠᠭᠠᠨ ᠢ ᠨᠢᠴᠠᠯᠤᠨ ᠪᠠᠯ ᠲᠠᠢ ᠬᠤᠯᠢᠵᠤ ᠨᠢᠴᠠᠯᠵᠤ᠂ ᠭᠦᠴᠢᠷᠭᠡᠢ ᠶᠢᠨ ᠭᠡᠰᠡᠭ ᠲᠤᠨᠢ ᠲᠦᠷᠭᠢᠵᠤ ᠦᠭᠭᠦᠨ᠎ᠠ᠃ 1 3. ᠮᠠᠯ ᠲᠡᠵᠢᠭᠡᠪᠤᠷᠢ ᠶᠢᠨ ᠪᠠᠭᠠᠰᠤ ᠨᠢ ᠬᠠᠳᠠᠵᠤ ᠪᠠᠶᠢᠪᠠᠯ ᠰᠤᠩᠭᠢᠨ᠎ᠠ ᠪᠤᠯᠤᠨ ᠪᠠᠯ ᠢ 2᠄1 ᠶᠢᠨ ᠬᠠᠷᠢᠴᠠᠯ ᠢᠶᠠᠷ ᠨᠢᠴᠠᠯᠤᠭᠠᠳ ᠤᠰᠤ ᠪᠠᠷ ᠲᠠᠷᠤᠭᠤᠯᠵᠤ ᠤᠤᠭᠤᠯᠭᠠᠨ᠎ᠠ᠃ 14. ᠮᠠᠯ ᠲᠠᠵᠢᠭᠡᠪᠤᠷᠢ ᠶᠢᠨ ᠭᠦᠵᠡᠭᠡ ᠭᠦᠭᠡᠭᠡᠭᠦ ᠳᠤ᠂ 250 ᠭᠷᠡᠮ ᠰᠤᠩᠭᠢᠨ᠎ᠠ ᠶᠢᠨ ᠴᠠᠭᠠᠨ ᠢ ᠨᠢᠴᠠᠯᠤᠨ ᠲᠡᠵᠢᠭᠡᠭᠦ ᠪᠤᠶᠤ 30 ᠮᠢᠨᠦ᠋ᠲ ᠤᠨ ᠲᠠᠷᠠᠭ᠎ᠠ ᠲᠠᠭᠢᠨ ᠲᠡᠭᠡᠷ᠎ᠡ ᠠᠴᠠ ᠨᠢ 500 ᠭᠷᠡᠮ ᠲᠤᠰᠤ ᠤᠤᠭᠤᠯᠭᠠᠨ᠎ᠠ᠃ 15. ᠵᠠᠷᠢᠮ ᠮᠠᠯ ᠤᠨ ᠬᠤᠳᠤᠭᠤᠳᠤ ᠨᠢ ᠰᠡᠷᠢᠭᠦᠳᠡᠵᠤ᠂ ᠰᠢᠯᠦᠰᠤ ᠭᠤᠭᠤᠵᠢᠭᠤᠯᠤᠨ ᠰᠢᠩᠭᠡᠭᠡᠭᠦ ᠦᠭᠡᠢ ᠪᠤᠯ 250 ᠭᠷᠡᠮ ᠰᠤᠩᠭᠢᠨ᠎ᠠ ᠲᠡᠭᠡᠷ᠎ᠠ 50 ᠭᠷᠡᠮ ᠲᠦᠭᠦᠭᠡᠢ ᠭᠠ ᠶᠢ ᠨᠡᠮᠡᠵᠤ ᠨᠢᠴᠠᠯᠤᠭᠠᠳ ᠤᠤᠭᠤᠯᠭᠠᠨ᠎ᠠ᠃ 16. ᠵᠠᠷᠢᠮ ᠮᠠᠯ ᠤᠨ ᠰᠢᠷᠬ᠎ᠠ ᠰᠤᠷᠪᠢ ᠨᠢ ᠢᠳᠡᠭᠡᠯᠡᠵᠤ ᠢᠯᠵᠢᠷᠡᠭᠰᠡᠨ ᠭᠠᠵᠠᠷ ᠪᠠᠶᠢᠪᠠᠯ ᠰᠤᠩᠭᠢᠨ᠎ᠠ ᠶᠢᠨ ᠴᠠᠭᠠᠨ ᠢ ᠤᠰᠤᠨ ᠳᠤ ᠴᠢᠨᠠᠵᠤ ᠡᠳᠤᠷ ᠲᠤ ᠬᠤᠶᠠᠷ ᠤᠳᠠᠭ᠎ᠠ ᠤᠭᠢᠶᠠᠨ ᠱᠠᠪᠰᠢᠨ᠎ᠠ᠃ 17. ᠮᠠᠯ ᠲᠡᠵᠢᠭᠡᠪᠤᠷᠢ ᠤᠠᠠᠰᠢᠨ ᠪᠦᠭᠡᠯᠵᠢᠵᠤ ᠪᠠᠶᠢᠪᠠᠯ 50 ᠭᠷᠡᠮ ᠰᠤᠩᠭᠢᠨ᠎ᠠ ᠶᠢᠨ ᠴᠠᠭᠠᠨ᠂ 200 ᠭᠷᠡᠮ ᠲᠦᠭᠦᠭᠡᠢ ᠭᠠ᠂ 50 ᠭᠷᠡᠮ ᠲᠠᠪᠤᠰᠤ ᠶᠢ ᠬᠠᠮᠳᠤ ᠨᠢᠴᠠᠯᠤᠨ ᠨᠦᠳᠦᠭᠡᠳ ᠪᠦᠯᠢᠶᠡᠨ ᠤᠰᠤ ᠪᠠᠷ ᠲᠠᠷᠤᠭᠤᠯᠤᠨ ᠤᠤᠭᠤᠯᠭᠠᠨ᠎ᠠ᠃ 18. ᠮᠠᠯ ᠲᠡᠵᠢᠭᠡᠪᠤᠷᠢ ᠠᠭᠤᠰᠭᠢᠨ ᠤ ᠦᠷᠪᠢᠰᠦᠯ ᠳᠤ ᠨᠡᠷᠪᠡᠭᠳᠡᠪᠡᠯ ᠰᠤᠩᠭᠢᠨ᠎ᠠ ᠶᠢᠨ ᠴᠠᠭᠠᠨ᠂ ᠰᠠᠷᠢᠮᠰᠠᠭ ᠢ ᠲᠤᠰᠪᠤᠷᠢ 50 ᠭᠷᠡᠮ᠂ 10 ᠰᠢᠷᠭᠡᠭ ᠴᠢᠭᠢᠭ ᠤᠨ ᠤᠯᠠᠭᠠᠨ ᠬᠤᠷᠤᠬᠠᠢ ᠪᠠ 50 ᠭᠷᠡᠮ ᠴᠠᠭᠠᠨ ᠰᠢᠭᠢᠷ ᠢ ᠬᠠᠮᠳᠤ ᠳᠤᠨᠢ ᠨᠢᠴᠠᠯᠤᠭᠠᠳ ᠤᠰᠤ ᠪᠠᠷ ᠲᠠᠷᠤᠭᠤᠯᠵᠤ ᠤᠤᠭᠤᠯᠭᠠᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|