|
ᠮᠠᠯ ᠵᠢᠭᠦᠷᠳᠡᠨ ᠢ ᠲᠡᠵᠢᠭᠡᠭᠦ ᠠᠷᠭ᠎ᠠ |
|
|
ᠨᠡᠶᠢᠲᠡᠯᠡᠭᠰᠡᠨ ᠴᠠᠭ᠄
2015/12/4
|
|
ᠨᠢᠭᠡ᠂ ᠰᠦᠨᠢ ᠢᠳᠡᠰᠢᠯᠡᠭᠰᠡᠨ ᠠᠳᠤᠭᠤ ᠴᠠᠳᠳᠠᠭ᠃ ᠶᠠᠷᠤ ᠶᠢᠨ ᠦᠭᠡᠨ ᠳᠤ ︽ᠠᠳᠤᠭᠤ ᠰᠦᠨᠢ ᠢᠳᠡᠰᠢᠯᠡᠭᠦ ᠦᠭᠡᠢ ᠪᠤᠯ ᠦᠯᠤ ᠲᠠᠷᠭᠤᠯᠠᠮᠤᠢ︾ ᠭᠡᠳᠡᠭ᠃ ᠠᠳᠤᠭᠤ᠂ ᠡᠯᠵᠢᠭᠡ᠂ ᠯᠠᠭᠤᠰᠠ ᠪᠤᠯ ᠭᠠᠭᠴᠠ ᠬᠤᠳᠤᠭᠤᠳᠤ ᠲᠠᠢ ᠲᠡᠵᠢᠭᠡᠪᠤᠷᠢ ᠪᠤᠯᠬᠤᠷ ᠢᠳᠡᠰᠢᠯᠡᠵᠤ ᠤᠷᠤᠭᠤᠯᠤᠠᠠᠰᠠᠨ ᠲᠡᠵᠢᠭᠡᠯ ᠡᠪᠡᠰᠤ ᠪᠤᠷᠳᠤᠭ᠎ᠠ ᠪᠠᠨ ᠲᠦᠷᠪᠡᠨ ᠴᠠᠭ ᠴᠤ ᠪᠤᠯᠤᠯ ᠦᠭᠡᠢ ᠪᠠᠷ ᠰᠢᠩᠭᠡᠭᠡᠴᠢᠭᠡᠳᠡᠭ᠃ ᠡᠶᠢᠮᠤ ᠠᠴᠠ ᠠᠳᠤᠭᠤ ᠰᠦᠨᠢ ᠢᠳᠡᠰᠢᠯᠡᠮᠡᠨᠵᠢᠨ ᠰᠠᠶ᠋ᠢ ᠴᠠᠳᠳᠠᠭ ᠪᠠᠶᠢᠨ᠎ᠠ᠃ ᠬᠤᠶᠠᠷ᠂ ᠬᠤᠨᠢ ᠢᠮᠠᠭᠠᠨ ᠳᠤ ᠡᠯᠭᠦᠮᠡᠯ ᠡᠪᠡᠰᠤ ᠢᠳᠡᠭᠦᠯᠪᠡᠯ ᠰᠠᠶᠢᠨ᠃ ᠬᠤᠨᠢ ᠢᠮᠠᠭ᠎ᠠ ᠪᠤᠯ ᠴᠠᠪᠠᠷ ᠠᠮᠢᠳᠠᠨ ᠪᠤᠯᠬᠤᠷ ᠲᠡᠵᠢᠭᠡᠯ ᠡᠪᠡᠰᠤ ᠶᠢ ᠨᠢ ᠭᠡᠷᠪᠡ ᠬᠠᠰᠢᠶ᠎ᠠ ᠰᠠᠷᠠᠪᠴᠢᠨ ᠳᠤᠨᠢ ᠬᠠᠮᠢᠶ᠎ᠠ ᠨᠠᠮᠢᠶ᠎ᠠ ᠦᠭᠡᠢ ᠬᠠᠶᠠᠴᠢᠬᠠᠪᠠᠯ ᠭᠤᠯᠤᠭᠠᠳ ᠢᠳᠡᠰᠢᠯᠡᠭᠦ ᠪᠠᠨ ᠪᠠᠶᠢᠴᠢᠬᠠᠳᠠᠭ᠃ ᠢᠡᠭᠭᠢᠪᠡᠯ ᠡᠪᠡᠰᠤ ᠪᠤᠷᠳᠤᠭ᠎ᠠ ᠪᠠᠨ ᠰᠦᠢᠳᠭᠡᠭᠦ ᠪᠠᠷ ᠦᠯᠤ ᠪᠠᠷᠠᠮ ᠬᠤᠨᠢ ᠢᠮᠠᠭᠠᠨ ᠤ ᠲᠠᠷᠭᠤ ᠭᠦᠴᠤ ᠲᠠᠢ ᠪᠤᠯᠵᠤ ᠲᠠᠷᠭᠤᠯᠠᠬᠤ ᠶᠢ ᠨᠢ ᠴᠤ ᠨᠦᠯᠦᠭᠡᠯᠡᠭᠦ ᠶᠤᠮ᠃ ᠡᠯᠭᠦᠮᠡᠯ ᠡᠪᠡᠰᠤ ᠪᠠᠷ ᠬᠤᠨᠢ ᠢᠮᠠᠭ᠎ᠠ ᠶᠢ ᠲᠠᠵᠢᠭᠡᠪᠡᠯ ᠢᠳᠡᠰᠢᠯᠡᠭᠦ ᠲᠤᠷᠠᠳᠡᠢ ᠪᠦᠭᠡᠳ ᠡᠪᠡᠰᠤ ᠪᠤᠷᠳᠤᠭᠠᠨ ᠳᠤ ᠴᠤ ᠭᠠᠮᠳᠠᠢ ᠪᠠᠶᠢᠳᠠᠭ᠃ ᠭᠤᠷᠪᠡ᠂ ᠲᠠᠤᠯᠠᠢ ᠶᠢ ᠬᠤᠯᠢᠮᠠᠭ ᠲᠡᠵᠢᠭᠡᠯ ᠪᠤᠷᠳᠤᠭ᠎ᠠ ᠪᠠᠷ ᠲᠡᠵᠢᠭᠡᠪᠡᠯ ᠠᠰᠢᠭ ᠰᠢᠮ᠎ᠠ ᠨᠢ ᠨᠡᠮᠡᠭᠳᠡᠳᠡᠭ᠃ ᠲᠠᠤᠯᠠᠢ ᠶᠢᠨ ᠨᠤᠤᠰᠤᠨ ᠳᠤ ᠤᠭᠤᠷᠠᠭ ᠤᠨ ᠪᠦᠷᠢᠯᠳᠦᠭᠦᠨ ᠲᠠᠢ ᠶᠤᠮ᠃ ᠤᠷᠳᠤ ᠨᠤᠤᠰᠤᠳᠤ ᠲᠠᠤᠯᠠᠢ ᠶᠢ ᠭᠠᠭᠴᠠᠬᠠᠨ ᠵᠤᠶᠢᠯ ᠤᠨ ᠲᠡᠵᠢᠭᠡᠯ ᠪᠤᠷᠳᠤᠭ᠎ᠠ ᠪᠠᠷ ᠲᠡᠵᠢᠭᠡᠪᠡᠯ ᠨᠤᠤᠰᠤᠨ ᠭᠠᠷᠤᠯᠳᠠ ᠶᠢ ᠨᠢ ᠨᠦᠯᠦᠭᠡᠯᠡᠨ᠂ ᠲᠡᠵᠢᠭᠡᠯ ᠪᠤᠷᠳᠤᠭ᠎ᠠ ᠪᠠᠨ ᠰᠦᠢᠳᠭᠡᠭᠦ ᠳᠤ ᠭᠦᠷᠦᠨ᠎ᠠ᠃ ᠭᠡᠷᠪᠡ ᠬᠤᠯᠢᠮᠠᠭ ᠲᠡᠵᠢᠭᠡᠯ ᠪᠤᠷᠳᠤᠭ᠎ᠠ ᠪᠠᠷ ᠬᠤᠯᠢᠵᠤ ᠲᠡᠵᠢᠭᠡᠪᠡᠯ ᠲᠡᠵᠢᠭᠡᠯ ᠪᠤᠷᠳᠤᠭᠠᠨ ᠳᠠᠬᠢ ᠠᠳᠠᠯᠢ ᠪᠤᠰᠤ ᠰᠢᠪᠳᠤᠷᠳᠤ ᠭᠦᠴᠢᠯ ᠨᠢ ᠬᠠᠷᠢᠯᠴᠠᠨ ᠬᠤᠯᠢᠯᠳᠤᠭᠠᠳ ᠤᠭᠤᠷᠠᠭ ᠤᠨ ᠰᠢᠮ᠎ᠠ ᠲᠡᠵᠢᠭᠡᠯ ᠨᠢ ᠡᠯᠪᠡᠭᠵᠢᠵᠤ᠂ ᠡᠭᠦᠨ ᠤ ᠤᠯᠠᠮ ᠢᠶᠠᠷ ᠦᠰᠤ ᠨᠤᠤᠰᠤ ᠨᠢ ᠦᠨᠳᠦᠷᠵᠢᠵᠤ ᠭᠠᠷᠤᠯᠳᠠ ᠨᠢ ᠨᠡᠮᠡᠭᠳᠡᠭᠦ ᠪᠤᠯᠤᠨ᠎ᠠ᠃ ᠲᠦᠷᠪᠡ᠂ ᠵᠢᠭᠦᠷᠳᠡᠨ ᠢ ᠭᠦᠭᠡ ᠨᠤᠭᠤᠭ᠎ᠠ ᠪᠠᠷ ᠲᠡᠵᠢᠭᠡᠪᠡᠯ ᠲᠡᠵᠢᠭᠡᠯ ᠪᠤᠷᠳᠤᠭ᠎ᠠ ᠳᠤ ᠭᠠᠮᠳᠠᠢ ᠪᠠᠶᠢᠳᠠᠭ᠃ ᠭᠦᠭᠡ ᠨᠤᠭᠤᠭ᠎ᠠ᠂ ᠭᠡᠭᠡᠷ᠎ᠠ ᠶᠢᠨ ᠨᠤᠭᠤᠭ᠎ᠠ᠂ ᠭᠦᠭᠡ ᠡᠪᠡᠰᠤ ᠪᠤᠯᠤᠨ ᠨᠢᠯᠬ᠎ᠠ ᠮᠤᠳᠤᠨ ᠤ ᠨᠠᠪᠴᠢᠨ ᠳᠤ ᠡᠯᠪᠡᠭ ᠲᠡᠯᠪᠡᠭ ᠰᠢᠮ᠎ᠠ ᠲᠡᠵᠢᠭᠡᠯᠳᠤ ᠪᠤᠳᠠᠰ ᠪᠤᠯᠤᠨ ᠸᠢᠲ᠋ᠠᠮᠢᠨ ᠠᠭᠤᠯᠤᠠᠠᠳᠠᠵᠤ ᠪᠠᠶᠢᠳᠠᠭ᠃ ᠭᠦᠭᠡ ᠲᠡᠵᠢᠭᠡᠯ ᠪᠤᠷᠳᠤᠭ᠎ᠠ ᠶᠢ ᠨᠠᠷᠢᠨ ᠭᠡᠷᠴᠢᠵᠤ᠂ ᠨᠠᠷᠢᠯᠢᠭ ᠪᠤᠷᠳᠤᠭ᠎ᠠ ᠲᠠᠢ ᠬᠤᠯᠢᠵᠤ᠂ ᠲᠠᠭᠢᠶ᠎ᠠ᠂ ᠨᠤᠭᠤᠰᠤ᠂ ᠭᠠᠯᠠᠭᠤ ᠵᠡᠷᠭᠡ ᠵᠢᠭᠦᠷᠳᠡᠨ ᠢ ᠲᠡᠵᠢᠭᠡᠪᠡᠯ ᠨᠠᠷᠢᠯᠢᠭ ᠪᠤᠷᠳᠤᠭ᠎ᠠ ᠶᠢ ᠶᠡᠭᠡ ᠪᠠᠷ ᠠᠷᠪᠢᠯᠠᠬᠤ ᠮᠦᠷᠳᠡᠭᠡᠨ ᠪᠠᠰᠠ ᠢᠳᠡᠰᠢᠯᠡᠭᠦ ᠲᠤᠷᠠᠰᠢᠯ ᠢ ᠨᠢ ᠨᠡᠮᠡᠭᠳᠡᠭᠦᠯᠦᠨ᠂ ᠵᠤᠶᠢᠯ ᠪᠦᠷᠢ ᠶᠢᠨ ᠭᠡᠮ ᠭᠢᠵᠢᠭ ᠢ ᠰᠡᠷᠭᠡᠶᠢᠯᠡᠵᠤ ᠴᠢᠳᠠᠳᠠᠭ᠃
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|