ᠲᠠᠭᠢᠶᠠᠨ ᠤ ᠹᠠᠱᠢ ᠤᠭᠤᠳᠠᠯᠢᠭ ᠭᠡᠮ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠲᠠᠭᠢᠶᠠᠨ  ᠤ ᠹᠠᠱᠢ ᠤᠭᠤᠳᠠᠯᠢᠭ ᠭᠡᠮ ᠪᠤᠯ ᠵᠠᠯᠠᠭᠤ ᠲᠠᠭᠢᠶ᠎ᠠ ᠳᠤ ᠦᠷᠭᠦᠯᠵᠢ ᠲᠤᠭᠢᠶᠠᠯᠳᠤᠳᠠᠭ ᠨᠢᠭᠡ ᠵᠤᠶᠢᠯ  ᠤᠨ ᠲᠦᠷᠭᠡᠨ ᠴᠢᠨᠠᠷᠳᠡᠢ ᠭᠦᠷᠦᠯᠴᠡᠭᠦᠶᠢᠴᠡ ᠴᠢᠨᠠᠷ  ᠤᠨ ᠬᠠᠯᠳᠠᠪᠤᠷᠢᠳᠤ ᠭᠡᠮ ᠪᠤᠯᠤᠨ᠎ᠠ᠃ ᠭᠤᠤᠯᠳᠠᠭᠤ 3 ~ 6 ᠭᠠᠷᠠᠭ ᠪᠤᠯᠤᠠᠠᠰᠠᠨ ᠴᠤᠷᠪᠠᠭ᠎ᠠ ᠳᠤ ᠡᠭᠦᠰᠦᠨ᠎ᠠ᠂ ᠬᠠᠯᠳᠠᠪᠤᠷᠢᠯᠠᠬᠤ ᠭᠡᠮᠵᠢᠶ᠎ᠠ ᠨᠢ 100% ᠳᠤ ᠭᠦᠷᠴᠤ᠂ ᠭᠡᠮᠨᠡᠭᠦ ᠭᠡᠮᠵᠢᠶ᠎ᠠ ᠨᠢ 40% ~ 80% ᠳᠤ ᠭᠦᠷᠴᠤ᠂ ᠦᠭᠦᠯᠳᠡ ᠨᠢ ᠶᠠᠷᠤ ᠳᠡᠭᠡᠨ 30% ᠤᠷᠴᠢᠮ ᠪᠠᠶᠢᠵᠤ᠂ ᠭᠡᠨᠡᠳᠳᠡ ᠡᠭᠦᠰᠭᠦ ᠭᠡᠯᠪᠡᠷᠢ ᠪᠠᠷ ᠲᠠᠷᠬᠠᠨ ᠲᠡᠯᠭᠡᠷᠡᠨ᠎ᠠ᠂ ᠭᠤᠤᠯᠳᠠᠭᠤ ᠭᠡᠮ  ᠤᠨ ᠬᠤᠤᠷᠳᠠᠯ ᠳᠤ ᠪᠤᠵᠠᠷᠳᠤᠠᠠᠰᠠᠨ ᠲᠡᠵᠢᠭᠡᠯ ᠪᠤᠷᠳᠤᠭ᠎ᠠ ᠪᠠᠷ ᠲᠡᠵᠢᠭᠡᠭᠦ ᠪᠠ ᠪᠤᠭᠢᠷ ᠤᠰᠤ ᠪᠠᠷ ᠤᠰᠤᠯᠠᠬᠤ ᠪᠠᠷ ᠲᠠᠮᠵᠢᠵᠤ ᠡᠭᠦᠰᠦᠭᠡᠳ ᠭᠦᠷᠦᠯᠴᠡᠭᠦᠶᠢᠴᠡ ᠴᠢᠨᠠᠷᠳᠠᠢ ᠪᠠᠷ ᠬᠠᠯᠳᠠᠪᠤᠷᠢᠯᠠᠳᠠᠭ᠃
     ᠲᠤᠰ ᠭᠡᠮ ᠨᠢ ᠲᠠᠭᠢᠶᠠᠨ  ᠤ ᠲᠦᠪ ᠮᠡᠳᠡᠷᠡᠯ  ᠤᠨ ᠭᠢᠵᠢᠭ ᠠᠴᠠ ᠭᠡᠯᠳᠦᠷᠢᠭᠦᠯᠭᠦ ᠡᠷᠭᠡᠳᠡᠨ — ᠹᠠᠱᠢ ᠤᠭᠤᠳᠠᠯᠢᠭ ᠨᠢ ᠭᠦᠨᠳᠤ ᠨᠤᠴᠢᠳᠠᠢ ᠡᠪᠳᠡᠯᠡᠭᠳᠡᠵᠤ᠂ ᠭᠢᠵᠢᠭ ᠠᠴᠠ ᠭᠡᠯᠳᠦᠷᠢᠭᠦᠯᠭᠦ  ᠶᠢ ᠭᠢᠵᠠᠭᠠᠷᠯᠠᠬᠤ ᠦᠢᠯᠡᠳᠦᠯ ᠲᠠᠢ ᠪᠠᠶᠢᠵᠤ᠂ ᠲᠠᠭᠢᠶᠠᠨ  ᠤ ᠪᠤᠰᠤᠳ ᠭᠡᠮ ᠭᠢᠵᠢᠭ  ᠢ ᠡᠰᠡᠷᠭᠦᠴᠡᠭᠦ ᠴᠢᠳᠠᠪᠤᠷᠢ  ᠶᠢ ᠲᠤᠷᠤᠠᠠᠰᠢᠯᠠᠭᠤᠯᠬᠤ ᠪᠤᠶᠤ ᠭᠢᠵᠢᠭ ᠠᠴᠠ ᠭᠡᠯᠳᠦᠷᠢᠭᠦᠯᠭᠦ  ᠶᠢ ᠲᠤᠷᠤᠠᠠᠰᠢᠯᠠᠭᠤᠯᠤᠨ᠎ᠠ᠂ ᠡᠰᠡᠭᠦᠯ᠎ᠠ ᠭᠦᠴᠤᠨ ᠦᠭᠡᠢ ᠪᠤᠯᠭᠠᠨ᠎ᠠ᠃ ᠤᠳᠤᠬᠠᠨ ᠳᠤ ᠮᠠᠨ  ᠤ ᠤᠯᠤᠰ᠂ ᠤᠷᠤᠨ  ᠤ ᠲᠠᠭᠢᠶ᠎ᠠ ᠲᠡᠵᠢᠭᠡᠭᠦ ᠦᠢᠯᠡᠰ ᠲᠤ ᠲᠤᠰ ᠭᠡᠮ  ᠤᠨ ᠬᠤᠤᠷ ᠭᠦᠨᠦᠭᠡᠯ ᠲᠤᠶᠢᠯ  ᠤᠨ ᠭᠦᠨᠳᠤ ᠨᠤᠴᠢᠳᠠᠢ ᠪᠠᠶᠢᠬᠤ ᠪᠤᠯᠬᠤᠷ ᠡᠷᠭᠡᠪᠰᠢ ᠲᠡᠭᠡᠳᠤ ᠭᠡᠮᠵᠢᠶ᠎ᠠ ᠪᠠᠷ ᠴᠢᠬᠤᠯᠠᠴᠢᠯᠠᠬᠤ ᠭᠡᠷᠡᠭᠳᠡᠢ᠃ ᠡᠮᠴᠢᠯᠡᠪᠤᠷᠢ  ᠶᠢᠨ ᠢᠯᠡᠷᠡᠭᠦᠯᠦᠭᠰᠡᠨ ᠨᠢ᠂ ᠴᠤᠭ ᠰᠦᠯᠳᠡ ᠨᠢ ᠪᠠᠭᠤᠷᠠᠵᠤ᠂ ᠢᠳᠡᠰᠢ ᠭᠤᠯᠤᠨ᠎ᠠ᠂ ᠡᠭᠡᠯᠵᠢᠯᠡᠭᠦ ᠴᠢᠨᠠᠷᠳᠡᠢ ᠪᠠᠷ ᠴᠢᠴᠠᠭ᠎ᠠ ᠠᠯᠳᠠᠵᠤ᠂ ᠴᠡᠴᠡᠷᠡᠭᠦ ᠪᠦᠭᠡᠳ ᠰᠦᠷᠡᠭᠡᠢ ᠲᠠᠮᠢᠷᠳᠠᠨ᠎ᠠ᠃ ᠵᠠᠳᠠᠯᠤᠨ ᠪᠠᠶᠢᠴᠠᠭᠠᠠᠠᠰᠠᠨ ᠳᠤ ᠴᠡᠭᠡᠵᠢᠨ ᠭᠡᠰᠡᠭ  ᠤᠨ ᠪᠤᠯᠴᠢᠩ ᠮᠢᠬ᠎ᠠ ᠪᠤᠯᠤᠨ ᠭᠦᠯ  ᠤᠨ ᠭᠡᠰᠡᠭ  ᠤᠨ ᠪᠤᠯᠴᠢᠩ ᠮᠢᠬ᠎ᠠ ᠠᠴᠠ ᠨᠢ ᠴᠢᠰᠤ ᠭᠠᠷᠴᠤ᠂ ᠤᠰᠤ ᠦᠭᠡᠶᠢᠳᠡᠭᠦᠯᠵᠤ᠂ ᠹᠠᠱᠢ ᠤᠭᠤᠳᠠᠯᠢᠭ ᠨᠢ ᠬᠠᠪᠤᠳᠤᠠᠠᠰᠠᠨ ᠪᠠᠶᠢᠪᠠ᠃
     ᠤᠷᠢᠳᠴᠢᠯᠠᠨ ᠰᠡᠷᠭᠡᠶᠢᠯᠡᠭᠦ᠄ ᠠᠷᠢᠭᠤᠳᠬᠠᠬᠤ ︵ᠲᠠᠭᠢᠶ᠎ᠠ ᠠᠷᠢᠭᠤᠳᠬᠠᠬᠤ ᠪᠠᠭᠳᠠᠨ᠎ᠠ︶ ᠠᠵᠢᠯ  ᠢ ᠰᠠᠶᠢᠳᠤᠷ ᠭᠢᠵᠤ᠂ ᠡᠷᠳᠡ  ᠶᠢᠨ ᠬᠤᠭᠤᠴᠠᠭᠠᠨ  ᠤ ᠬᠠᠯᠳᠠᠪᠤᠷᠢᠯᠠᠯ  ᠢ ᠰᠡᠷᠭᠡᠶᠢᠯᠡᠭᠦ ᠪᠦᠭᠡᠳ ᠭᠢᠵᠢᠭ ᠠᠴᠠ ᠭᠡᠯᠳᠦᠷᠢᠭᠦᠯᠭᠦ ᠲᠠᠷᠢᠯᠭ᠎ᠠ  ᠶᠢ ᠤᠷᠢᠳᠴᠢᠯᠠᠨ ᠲᠠᠷᠢᠬᠤ ᠪᠤᠯ ᠲᠤᠰ ᠭᠡᠮ  ᠢ ᠰᠡᠷᠭᠡᠶᠢᠯᠡᠭᠦ ᠬᠤᠶᠠᠷ ᠵᠠᠩᠭᠢᠯᠠᠭ᠎ᠠ  ᠶᠢᠨ ᠴᠢᠨᠠᠷᠳᠠᠢ ᠠᠷᠭ᠎ᠠ ᠭᠡᠮᠵᠢᠶ᠎ᠠ ᠪᠤᠯᠤᠨ᠎ᠠ᠃
       ᠴᠤᠷᠪᠠᠭ᠎ᠠ  ᠶᠢ ᠠᠷᠢᠭᠤᠳᠬᠠᠬᠤ ᠠᠵᠢᠯ  ᠢ ᠴᠢᠩᠭ᠎ᠠ ᠨᠢᠮᠪᠠᠢ ᠭᠢᠵᠤ᠂ ᠶᠡᠭᠡ ᠭᠡᠮᠵᠢᠶᠠᠨ  ᠤ ᠭᠡᠮ  ᠤᠨ ᠬᠤᠤᠷᠳᠠᠯ ᠲᠠᠭᠢᠶᠠᠨ ᠰᠦᠷᠦᠭ ᠲᠤ ᠬᠠᠯᠳᠠᠪᠤᠷᠢᠯᠠᠨ ᠲᠠᠭᠢᠶ᠎ᠠ  ᠶᠢ ᠭᠡᠮᠨᠡᠭᠦᠯᠭᠦ ᠠᠴᠠ ᠰᠡᠷᠭᠡᠶᠢᠯᠡᠭᠦ ᠭᠡᠷᠡᠭᠳᠡᠢ᠃ ᠴᠤᠷᠪᠠᠭ᠎ᠠ  ᠶᠢᠨ ᠬᠤᠭᠤᠴᠠᠭᠠᠨ ᠳᠤ ᠡᠳᠤᠷ ᠪᠦᠷᠢ ᠬᠤᠶᠠᠷ ᠤᠳᠠᠭ᠎ᠠ ᠲᠠᠭᠢᠶᠠᠨ ᠰᠦᠷᠦᠭ ᠲᠠᠢ ᠬᠠᠮᠳᠤ ᠰᠦᠷᠴᠢᠨ ᠠᠷᠢᠭᠤᠳᠬᠠᠬᠤ  ᠶᠢᠨ ᠲᠠᠭᠠᠤ ᠡᠷᠭᠡᠪᠰᠢ ᠡᠯ᠎ᠠ ᠵᠤᠶᠢᠯ  ᠤᠨ ᠡᠷᠡᠭᠦᠯ ᠬᠠᠮᠠᠭᠠᠯᠠᠯ ᠭᠢᠵᠢᠭ ᠰᠡᠷᠭᠡᠶᠢᠯᠡᠭᠦ ᠠᠷᠭ᠎ᠠ ᠭᠡᠮᠵᠢᠶ᠎ᠠ  ᠶᠢ ᠭᠦᠴᠦᠷᠭᠡᠭᠵᠢᠭᠦᠯᠪᠡᠯ ᠵᠤᠭᠢᠨ᠎ᠠ᠃
      ᠠᠷᠢᠭᠤᠳᠬᠠᠵᠤ ᠪᠠᠷᠬᠠᠰᠠᠨ  ᠤ ᠲᠠᠷᠠᠭ᠎ᠠ᠂ ᠤᠶᠢᠯᠠᠭᠠᠵᠤ ᠪᠦᠭᠦᠢ ᠡᠭᠡ  ᠶᠢᠨ ᠡᠰᠡᠷᠭᠦ ᠪᠠᠶ᠎ᠠ  ᠶᠢᠨ ᠭᠢᠷᠢ ᠭᠡᠮᠵᠢᠶ᠎ᠠ  ᠶᠢ ᠦᠨᠳᠦᠰᠦᠯᠡᠨ ᠭᠢᠵᠢᠭ ᠠᠴᠠ ᠭᠡᠯᠳᠦᠷᠢᠭᠦᠯᠭᠦ ᠲᠠᠰ ᠲᠠᠷᠠᠭᠠᠯᠠᠯ  ᠢ ᠲᠤᠠᠠᠳᠠᠭᠠᠬᠤ ᠭᠡᠷᠡᠭᠳᠡᠢ᠃ ᠡᠰᠡᠷᠭᠦ ᠪᠡᠶ᠎ᠠ  ᠶᠢᠨ ᠭᠢᠷᠢ ᠭᠡᠮᠵᠢᠶ᠎ᠠ ᠨᠢ ᠦᠨᠳᠤᠷ ᠦᠶ᠎ᠠ ᠳᠤ ᠶᠠᠷᠤ ᠳᠡᠭᠡᠨ 18 ~ 21 ᠡᠳᠤᠷ ᠪᠤᠶᠤ 35 ~ 40 ᠡᠳᠤᠷ ᠪᠤᠯᠪᠠᠯ ᠲᠤᠰᠪᠤᠷᠢ ᠨᠢᠭᠡ ᠤᠳᠠᠭ᠎ᠠ ᠬᠤᠤᠰ ᠦᠷᠳᠡᠭᠳᠤ ᠪᠤᠶᠤ ᠤᠯᠠᠨ ᠦᠷᠳᠡᠭᠳᠤ ᠬᠤᠤᠷᠳᠠᠯ  ᠢᠶᠠᠷ ᠪᠠᠭ᠎ᠠ ᠢᠳᠡᠪᠭᠢᠵᠢᠭᠦᠯᠦᠭᠰᠡᠨ ᠸᠠᠺᠼᠢᠨ  ᠢᠶᠠᠷ ᠲᠠᠭᠢᠶ᠎ᠠ ᠪᠠᠨ ᠤᠰᠤᠯᠠᠵᠤ ᠭᠢᠵᠢᠭ ᠠᠴᠠ ᠭᠡᠯᠳᠦᠷᠢᠭᠦᠯᠦᠨ᠎ᠠ︔ ᠡᠰᠡᠷᠭᠦ ᠪᠡᠶ᠎ᠠ  ᠶᠢᠨ ᠭᠢᠷᠢ ᠭᠡᠮᠵᠢᠶ᠎ᠠ ᠲᠤᠤᠷ᠎ᠠ ᠦᠶ᠎ᠠ ᠳᠤ ᠠᠩᠬᠠᠨ  ᠤ ᠰᠡᠷᠭᠡᠶᠢᠯᠡᠯᠳᠡ  ᠶᠢ 10 ᠡᠳᠤᠷ ᠤᠷᠢᠳᠴᠢᠯᠠᠵᠤ ᠭᠢᠭᠦ ᠭᠡᠷᠡᠭᠳᠡᠢ᠃ ᠦᠷ᠎ᠠ  ᠶᠢᠨ ᠲᠠᠭᠢᠶ᠎ᠠ ᠳᠤ ᠹᠠᠱᠢ ᠤᠭᠤᠳᠠᠯᠢᠭ ᠭᠡᠮᠳᠤ ᠲᠤᠰᠤᠯᠢᠭ ᠡᠳ᠋  ᠤᠨ ᠢᠳᠡᠪᠭᠢ ᠦᠭᠡᠶᠢᠳᠡᠭᠦᠯᠭᠦ ᠸᠠᠺᠼᠢᠨ  ᠤ ᠲᠠᠷᠢᠯᠭ᠎ᠠ ᠲᠠᠷᠢᠠᠠᠰᠠᠨ ᠦᠭᠡᠢ ᠦᠶ᠎ᠠ ᠳᠤ᠂ ᠲᠡᠭᠦᠨ  ᠤ ᠲᠠᠸᠠᠷ  ᠤᠨ ᠴᠤᠷᠪᠠᠭ᠎ᠠ ᠳᠤᠨᠢ 1 ~ 3 ᠡᠳᠤᠷ ᠲᠤ ᠠᠩᠬᠠᠨ  ᠤ ᠰᠡᠷᠭᠡᠶᠢᠯᠡᠯᠳᠡ ᠭᠢᠨ᠎ᠠ᠂ ᠭᠡᠪᠡᠴᠤ ᠬᠤᠤᠷᠳᠠᠯ  ᠤᠨ ᠭᠦᠴᠤ ᠪᠠᠷ ᠪᠠᠭ᠎ᠠ ᠸᠠᠺᠼᠢᠨ  ᠢ ᠰᠤᠩᠭᠤᠪᠠᠯ ᠵᠤᠭᠢᠨ᠎ᠠ᠃ ᠤᠰᠤ ᠪᠠᠷ ᠤᠰᠤᠯᠠᠨ ᠭᠢᠵᠢᠭ ᠠᠴᠠ ᠭᠡᠯᠳᠦᠷᠢᠭᠦᠯᠭᠦ ᠳᠤ ᠤᠳᠠᠭ᠎ᠠ ᠪᠦᠷᠢ  ᠶᠢᠨ ᠤᠰᠤᠯᠠᠬᠤ ᠴᠠᠭ  ᠢ 4 ~ 6 ᠴᠠᠭ ᠭᠢᠵᠠᠭᠠᠷᠯᠠᠨ᠎ᠠ᠂ ᠡᠭᠦᠨ  ᠤ ᠲᠠᠭᠠᠤ ᠪᠠᠰᠠ ᠲᠠᠮᠦᠷᠯᠢᠭ  ᠤᠨ ᠢᠶᠤᠨ ᠠᠭᠤᠯᠤᠠᠠᠰᠠᠨ ᠪᠤᠵᠠᠷᠳᠤᠯ ᠦᠭᠡᠢ ᠴᠢᠨᠠᠷ ᠰᠠᠶᠢᠳᠠᠢ ᠤᠰᠤᠨ ᠲᠡᠭᠡᠷ᠎ᠠ 0.2%  ᠤᠨ ᠲᠤᠰᠤ ᠦᠭᠡᠶᠢᠳᠡᠭᠦᠯᠦᠭᠰᠡᠨ ᠰᠦ ᠪᠤᠶᠤ 2%  ᠤᠨ ᠲᠤᠰᠤ ᠦᠭᠡᠶᠢᠳᠡᠭᠦᠯᠦᠭᠰᠡᠨ ᠰᠢᠨ᠎ᠠ ᠦᠨᠢᠶᠠᠨ ᠰᠦ  ᠶᠢ ᠨᠡᠮᠡᠭᠦ ᠪᠠ ᠤᠰᠤᠯᠠᠬᠤ ᠪᠠᠭᠠᠵᠢ  ᠶᠢᠨ ᠲᠤᠭ᠎ᠠ ᠭᠡᠮᠵᠢᠶ᠎ᠠ  ᠶᠢ ᠬᠠᠨᠭ᠍ᠭᠠᠮᠵᠢᠳᠡᠢ ᠪᠠᠶᠢᠯᠭᠠᠬᠤ  ᠶᠢ ᠠᠩᠬᠠᠷᠬᠤ ᠭᠡᠷᠡᠭᠳᠡᠢ᠃
       ᠲᠡᠭᠡᠷᠡᠭᠢ ᠲᠤᠷᠠᠳᠤᠠᠠᠰᠠᠨ ᠠᠷᠭ᠎ᠠ ᠭᠡᠮᠵᠢᠶ᠎ᠠ  ᠶᠢ ᠠᠪᠤᠠᠠᠰᠠᠨ  ᠤ ᠲᠠᠷᠠᠭ᠎ᠠ ᠮᠦᠨ ᠯᠡ ᠲᠤᠰᠠ ᠭᠠᠷᠤᠠᠠᠰᠠᠨ ᠦᠭᠡᠢ ᠪᠤᠯ᠂ ᠦᠨᠳᠤᠷ ᠰᠡᠷᠭᠡᠶᠢᠯᠡᠯᠳᠡ  ᠶᠢᠨ ᠴᠢᠰᠤᠨ ᠴᠠᠶᠢᠪᠠᠨᠭ᠌ ︵0.1 ᠮᠢᠯᠢᠯᠢᠲᠷ/ ᠲᠠᠭᠢᠶ᠎ᠠ︶ ᠪᠤᠶᠤ ᠦᠨᠳᠤᠷ ᠰᠡᠷᠭᠡᠶᠢᠯᠡᠯᠳᠡ  ᠶᠢᠨ ᠦᠨᠳᠡᠭᠡᠨ ᠰᠢᠷ᠎ᠠ  ᠶᠢ ᠵᠢᠭᠳᠡ ᠬᠤᠯᠢᠵᠤ ᠡᠭᠡᠳᠡᠭ ︵1 ᠮᠢᠯᠢᠯᠢᠲᠷ/ ᠲᠠᠭᠢᠶ᠎ᠠ︶ ᠪᠤᠯᠭᠠᠭᠠᠳ ᠲᠠᠷᠢᠯᠭ᠎ᠠ ᠲᠠᠷᠢᠪᠠᠯ ᠢᠯᠡᠷᠭᠡᠢ ᠡᠮᠨᠡᠨ ᠵᠠᠰᠠᠬᠤ ᠠᠴᠢ ᠲᠤᠰᠠᠳᠠᠢ ᠪᠤᠯᠪᠠᠴᠤ ᠡᠷᠭᠡᠪᠰᠢ ᠡᠷᠳᠡ ᠠᠴᠠ ᠭᠠᠷᠳᠠᠵᠤ ᠭᠢᠭᠦ  ᠶᠢ ᠠᠩᠬᠠᠷᠬᠤ ᠭᠡᠷᠡᠭᠳᠡᠢ᠃ ᠬᠠᠯᠳᠠᠪᠤᠷᠢᠯᠠᠵᠤ ᠭᠡᠮᠨᠡᠭᠰᠡᠨ ᠬᠤᠭᠤᠴᠠᠭᠠᠨ ᠳᠤ ᠪᠠᠰᠠ ᠬᠠᠮ ᠨᠤᠷᠯᠦ᠋ᠲ᠋ᠢᠨ ᠬᠠᠪᠳᠠᠭᠠᠢ  ᠶᠢ ᠲᠤᠷᠰᠢᠨ ᠭᠡᠷᠡᠭᠯᠡᠵᠤ ᠡᠮᠨᠡᠨ ᠵᠠᠰᠠᠵᠤ ᠪᠤᠯᠤᠨ᠎ᠠ᠂ ᠡᠮ  ᠤᠨ ᠭᠡᠮᠵᠢᠶ᠎ᠠ  ᠶᠢ ᠲᠠᠭᠢᠶ᠎ᠠ ᠪᠦᠷᠢ ᠳᠤ ᠡᠳᠤᠷ ᠲᠤ ᠨᠢᠭᠡ ᠬᠠᠪᠳᠠᠭᠠᠢ ᠦᠭᠭᠦᠨ᠎ᠠ᠂ ᠲᠡᠵᠢᠭᠡᠯ ᠳᠤᠨᠢ ᠬᠤᠯᠢᠵᠤ ᠦᠷᠭᠦᠯᠵᠢᠯᠡᠨ 3 ᠡᠳᠤᠷ ᠦᠭᠴᠤ ᠲᠡᠵᠢᠭᠡᠪᠡᠯ ᠲᠠᠭᠢᠶᠠᠨ  ᠤ ᠪᠡᠶ᠎ᠠ  ᠶᠢᠨ ᠦᠪᠡᠷᠮᠢᠴᠡ ᠪᠤᠰᠤ ᠴᠢᠨᠠᠷ  ᠤᠨ ᠭᠢᠵᠢᠭ ᠠᠴᠠ ᠭᠡᠯᠳᠦᠷᠢᠭᠦᠯᠭᠦ ᠴᠢᠳᠠᠪᠤᠷᠢ  ᠶᠢ ᠲᠦᠷᠭᠡᠨ ᠲᠡᠭᠡᠭᠰᠢᠯᠡᠭᠦᠯᠦᠨ᠎ᠠ᠃ ᠭᠢᠳᠡᠳ ᠡᠪᠡᠰᠤᠨ ᠡᠮ ︵ᠵᠢᠱᠢᠶᠡᠯᠡᠪᠡᠯ ᠭᠤᠸᠠᠨ ᠨᠡᠩ ᠰᠠᠨ︶  ᠢᠶᠠᠷ ᠲᠤᠰ ᠭᠡᠮ  ᠢ ᠡᠷᠳᠡ  ᠶᠢᠨ ᠬᠤᠭᠤᠴᠠᠭᠠᠨ ᠳᠤ ᠡᠮᠨᠡᠪᠡᠯ ᠪᠠᠰᠠ ᠨᠡᠯᠢᠶᠡᠳ ᠰᠠᠶᠢᠨ ᠡᠮᠴᠢᠯᠡᠭᠡᠨ  ᠤ ᠠᠴᠢ ᠲᠤᠰᠠᠳᠠᠢ ᠪᠠᠶᠢᠳᠠᠭ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ