ᠲᠠᠭᠢᠶᠠᠨ ᠤ ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢᠳᠤ ᠭᠡᠮ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

     ᠲᠠᠭᠢᠶᠠᠨ  ᠤ ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢᠳᠤ ᠭᠡᠮ ᠪᠤᠯ ᠴᠢᠰᠤᠨ ᠴᠠᠶᠢᠪᠠᠨᠭ᠌  ᠤᠨ ᠭᠡᠯᠪᠡᠷᠢᠳᠤ ᠪᠦᠳᠦᠭᠦᠨ ᠭᠡᠳᠡᠰᠤᠨ  ᠤ ᠶᠧᠰᠺᠧᠷ ᠰᠠᠪᠬᠠᠨ ᠪᠠᠺᠲ᠋ᠧᠷᠢ ᠠᠴᠠ ᠡᠭᠦᠰᠦᠭᠰᠡᠨ ᠶᠤᠮ᠃ ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢᠳᠤ ᠴᠢᠰᠤᠨ ᠴᠠᠶᠢᠪᠠᠨᠭ᠌  ᠤᠨ ᠭᠡᠯᠪᠡᠷᠢ ᠳᠤ O1᠂ O2᠂ O78 ᠭᠡᠭᠦ ᠭᠤᠷᠪᠡᠨ ᠭᠡᠯᠪᠡᠷᠢ ᠨᠢ ᠤᠯᠠᠨ ᠲᠤᠭᠢᠶᠠᠯᠳᠤᠬᠤ ᠮᠦᠷᠳᠡᠭᠡᠨ ᠢᠯᠡᠷᠭᠡᠢ ᠪᠠᠶᠢᠳᠠᠭ᠃ ᠡᠭᠦᠨ ᠳᠤ ᠲᠠᠭᠢᠶᠠᠨ ᠲᠠᠯᠠᠪᠠᠢ ᠪᠠᠷ ᠭᠤᠤᠯ ᠬᠠᠯᠳᠠᠪᠤᠷᠢᠯᠠᠬᠤ ᠮᠦᠭᠦ  ᠶᠢᠨ ᠰᠢᠰᠲ᠋ᠧᠮ  ᠤᠨ ᠴᠢᠰᠤᠨ ᠴᠠᠶᠢᠪᠠᠨᠭ᠌  ᠤᠨ ᠭᠡᠯᠪᠡᠷᠢᠳᠤ ᠠᠴᠠ ᠰᠠᠯᠭᠠᠵᠤ ᠭᠢᠨᠠᠨ ᠲᠤᠠᠠᠳᠠᠭᠠᠯ ᠭᠢᠪᠠᠯ ᠰᠡᠷᠭᠡᠶᠢᠯᠡᠭᠦ ᠳᠤ ᠠᠰᠢᠠᠠᠳᠠᠢ ᠶᠤᠮ᠃
      ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢ ᠪᠤᠯ ᠵᠢᠭᠦᠷᠳᠡᠨ  ᠤ ᠲᠦᠷᠦᠯ᠂ ᠭᠦᠭᠦᠭᠦᠯ ᠠᠮᠢᠳᠠᠨ ᠪᠤᠶᠤ ᠭᠦᠮᠦᠨ  ᠤ ᠭᠡᠳᠡᠰᠤᠨ ᠳᠤ ᠦᠷᠡᠵᠢᠨ ᠠᠮᠢᠳᠤᠷᠠᠵᠤ ᠪᠠᠭᠠᠰᠤ  ᠶᠢ   ᠨᠢ ᠲᠠᠭᠠᠯᠳᠤᠨ ᠢᠯᠭᠠᠷᠠᠨ᠎ᠠ᠂ ᠡᠨᠡ ᠭᠦ ᠪᠠᠺᠲ᠋ᠧᠷᠢ ᠨᠢ ᠪᠠᠶᠢᠭᠠᠯᠢ ᠳᠤ ᠨᠠᠶᠢᠳᠡᠮ ᠤᠷᠤᠰᠢᠬᠤ ᠪᠦᠭᠡᠳ ᠤᠨᠴᠠᠭᠠᠶᠢᠯᠠᠨ ᠡᠷᠡᠭᠦᠯ ᠬᠠᠮᠠᠭᠠᠯᠠᠯ  ᠤᠨ ᠨᠦᠭᠦᠴᠡᠯ ᠭᠢᠭᠡᠳ ᠠᠷᠠᠴᠢᠯᠠᠭ᠎ᠠ ᠲᠠᠵᠢᠭᠡᠯᠭᠡ ᠬᠠᠮᠢᠶᠠᠷᠤᠯᠳᠠ ᠵᠡᠷᠭᠡ ᠨᠢ ᠵᠤᠭᠢᠰ ᠦᠭᠡᠢ ᠠᠴᠠ ᠪᠤᠯᠵᠤ᠂ ᠲᠠᠭᠢᠶ᠎ᠠ ᠲᠡᠵᠢᠭᠡᠭᠦ ᠲᠠᠯᠠᠪᠠᠢ  ᠶᠢ ᠪᠤᠵᠠᠷᠳᠤᠭᠤᠯᠬᠤ ᠨᠢ ᠨᠡᠩ ᠭᠦᠨᠳᠤ ᠰᠦᠷᠡᠭᠡᠢ ᠶᠤᠮ᠃ ᠲᠤᠰ ᠭᠡᠮ ᠨᠢ ᠠᠳᠠᠯᠢ ᠪᠤᠰᠤ ᠦᠶ᠎ᠠ  ᠶᠢᠨ ᠲᠠᠭᠢᠶ᠎ᠠ ᠳᠤ ᠴᠦᠮ ᠬᠠᠯᠳᠠᠪᠤᠷᠢᠯᠠᠬᠤ ᠮᠦᠷᠳᠡᠭᠡᠨ ᠨᠢᠯᠬ᠎ᠠ ᠴᠤᠷᠪᠠᠭ᠎ᠠ ᠳᠤ ᠨᠡᠩ ᠠᠷᠪᠢᠨ ᠬᠠᠯᠳᠠᠪᠤᠷᠢᠯᠠᠨ᠎ᠠ᠃ ᠵᠢᠯ  ᠤᠨ ᠲᠦᠷᠪᠡᠨ ᠤᠯᠠᠷᠢᠯ ᠳᠤ ᠴᠦᠮ ᠡᠭᠦᠰᠦᠨ᠎ᠠ᠂ ᠭᠡᠳᠡᠯ᠎ᠠ ᠡᠪᠤᠯ ᠬᠠᠪᠤᠷ  ᠤᠨ ᠭᠠᠴᠢᠭ ᠴᠠᠭ ᠪᠤᠶᠤ ᠪᠦᠷᠭᠦᠭ ᠪᠤᠷᠤᠭᠠᠨ ᠴᠢᠭᠢᠭ ᠨᠤᠶᠢᠳᠡᠨ ᠳᠤ ᠨᠡᠩ ᠠᠷᠪᠢᠨ ᠡᠭᠦᠰᠳᠡᠭ ᠪᠠᠶᠢᠨ᠎ᠠ᠃
      ᠴᠤᠷᠪᠠᠭ᠎ᠠ ᠭᠡᠮᠨᠡᠪᠡᠯ ᠤᠯᠠᠩᠭᠢ ᠨᠢ ᠴᠤᠭ ᠰᠦᠯᠳᠡ ᠦᠭᠡᠢ ᠪᠤᠯᠵᠤ᠂ ᠭᠦᠢᠰᠤ ᠨᠢ ᠦᠷᠪᠢᠰᠴᠤ᠂ ᠭᠡᠪᠡᠯᠢ ᠨᠢ ᠲᠦᠭᠦᠷᠴᠤ᠂ ᠴᠢᠴᠠᠭ᠎ᠠ ᠠᠯᠳᠠᠬᠤ ᠪᠤᠶᠤ ᠤᠰᠤ ᠰᠢᠭ᠋ ᠴᠢᠴᠠᠭ᠎ᠠ ᠠᠯᠳᠠᠨ᠎ᠠ᠃ ᠭᠡᠢ  ᠶᠢᠨ ᠤᠭᠤᠳᠠᠨ ᠦᠷᠪᠢᠰᠦᠯ ᠡᠭᠦᠰᠭᠦ ᠦᠶᠡᠰ ᠠᠮᠢᠰᠬᠤᠯ ᠭᠦᠴᠢᠷᠳᠡᠨ᠂ ᠬᠠᠨᠢᠶᠠᠯᠭᠠᠨ ᠭᠡᠷᠴᠢᠭᠢᠨᠡᠵᠤ᠂ ᠦᠳᠤ ᠨᠤᠤᠰᠤ ᠨᠢ ᠰᠤᠯᠠᠷᠠᠨ ᠠᠷᠵᠠᠶᠢᠵᠤ᠂ ᠮᠢᠬᠠᠨ  ᠤ ᠴᠤᠷᠪᠠᠭ᠎ᠠ ᠪᠤᠯ ᠭᠦᠨᠳᠤ  ᠶᠢᠨ ᠨᠡᠮᠡᠭᠳᠡᠯ ᠨᠢ ᠤᠳᠠᠭᠠᠰᠢᠷᠠᠨ᠎ᠠ᠃ ᠭᠡᠳᠡᠰᠤᠨ  ᠤ ᠦᠷᠪᠢᠰᠦᠯ  ᠤᠨ ᠭᠡᠮ ᠲᠠᠢ ᠲᠠᠭᠢᠶ᠎ᠠ ᠳᠤ ᠶᠠᠷᠦᠳᠡ  ᠶᠢᠨ ᠭᠡᠮ ᠪᠠᠶᠢᠬᠤ ᠠᠴᠠ ᠭᠠᠳᠠᠨ᠎ᠠ᠂ ᠪᠠᠰᠠ ᠴᠢᠴᠠᠭ᠎ᠠ ᠠᠯᠳᠠᠬᠤ ᠪᠤᠶᠤ ᠡᠴᠡᠵᠤ ᠲᠤᠷᠠᠵᠤ ᠮᠠᠭᠤᠳ᠋ᠬᠠᠰᠠᠭᠠᠷ ᠪᠠᠶᠢᠭᠠᠳ ᠡᠴᠦᠰ ᠲᠡᠭᠡᠨ ᠦᠭᠦᠳᠡᠭ᠃ ᠦᠶ᠎ᠠ  ᠶᠢᠨ ᠦᠷᠪᠢᠰᠦᠯ ᠲᠠᠢ ᠦᠶᠡᠰ ᠦᠶ᠎ᠠ ᠨᠢ ᠬᠠᠪᠤᠳᠴᠤ ᠲᠤᠭᠤᠯᠳᠠᠳᠠᠭ᠃ ᠨᠢᠳᠤᠨ  ᠤ ᠦᠷᠪᠢᠰᠦᠯ ᠲᠠᠢ ᠪᠤᠯᠪᠠᠯ ᠨᠢᠯᠪᠤᠰᠤ ᠭᠤᠭᠤᠵᠢᠭᠤᠯᠤᠨ᠂ ᠰᠠᠯᠢᠰᠤᠳᠤ ᠪᠦᠷᠭᠦᠪᠴᠢ ᠨᠢ ᠤᠯᠠᠶᠢᠨ ᠡᠪᠡᠷᠯᠢᠭ ᠪᠦᠷᠭᠦᠪᠴᠢ ᠨᠢ ᠪᠤᠯᠠᠩᠭᠢᠷᠳᠤᠵᠤ᠂ ᠭᠦᠨᠳᠤ ᠰᠢᠭ ᠨᠢ ᠰᠤᠬᠤᠷᠳᠠᠭ᠃ ᠮᠡᠳᠡᠷᠡᠯ  ᠤᠨ ᠭᠡᠯᠪᠡᠷᠢᠳᠤ ᠨᠢ ᠲᠠᠷᠢᠭᠢᠨ ᠦᠷᠪᠢᠰᠦᠯ  ᠤᠨ ᠭᠡᠮ  ᠢᠶᠠᠷ ᠢᠯᠡᠷᠡᠳᠡᠭ ᠪᠠᠶᠢᠨ᠎ᠠ᠃
     ᠰᠡᠷᠭᠡᠶᠢᠯᠡᠨ ᠵᠠᠰᠠᠬᠤ᠄ ᠡᠩ  ᠤᠨ ᠦᠶ᠎ᠠ ᠳᠤ ᠤᠷᠴᠢᠨ ᠲᠤᠭᠤᠷᠢᠨ᠂ ᠲᠠᠭᠢᠶ᠎ᠠ  ᠶᠢᠨ ᠡᠭᠦᠷ ᠬᠠᠰᠢᠶ᠎ᠠ  ᠶᠢᠨ ᠡᠷᠡᠭᠦᠯ ᠬᠠᠮᠠᠭᠠᠯᠠᠯ ᠪᠠ ᠠᠷᠢᠭᠤᠳᠬᠠᠬᠤ ᠠᠵᠢᠯ  ᠢ ᠰᠠᠶᠢᠳᠤᠷ ᠭᠢᠵᠤ᠂ ᠪᠤᠯᠬᠤ  ᠶᠢᠨ ᠲᠤᠳᠤᠷ᠎ᠠ ᠤᠷᠴᠢᠨ ᠲᠤᠭᠤᠷᠢᠨ  ᠢ ᠴᠡᠪᠡᠷᠭᠡᠨ ᠪᠠᠶᠢᠯᠭᠠᠵᠤ᠂ ᠪᠤᠵᠠᠷᠳᠤᠯ  ᠤᠨ ᠭᠡᠮᠵᠢᠶ᠎ᠠ  ᠶᠢ ᠪᠠᠭᠠᠰᠬᠠᠬᠤ ᠭᠡᠷᠡᠭᠳᠡᠢ᠃
     ᠡᠮᠨᠡᠨ ᠵᠠᠰᠠᠬᠤ ᠳᠤ ᠶᠠᠷᠤ ᠳᠡᠭᠡᠨ ᠲᠤᠤᠷᠠᠭᠢ ᠡᠮᠳᠤ ᠪᠤᠳᠠᠰ  ᠢ ᠰᠤᠩᠭᠤᠨ ᠭᠡᠷᠡᠭᠯᠡᠳᠡᠭ᠃
     ︵1︶ ᠯᠢᠤᠢ ᠮᠸᠢ ᠰᠤ᠋᠄ 0.1% ~0.2%  ᠤᠨ ᠭᠡᠮᠵᠢᠶ᠎ᠠ ᠪᠠᠷ ᠲᠠᠵᠢᠭᠡᠯ ᠪᠤᠷᠳᠤᠭ᠎ᠠ ᠳᠤᠨᠢ ᠬᠤᠯᠢᠵᠤ᠂ ᠨᠠᠶᠢᠳᠡ 3 ~ 5 ᠡᠳᠤᠷ ᠲᠡᠵᠢᠭᠡᠨ᠎ᠡ᠃
     ︵2︶ ᠴᠢᠩ ᠳ᠋ᠠ ᠮᠸᠢ ᠰᠤ᠋᠄ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 5000 ~ 8000 ᠨᠢᠭᠡᠴᠢ ᠪᠠᠷ ᠪᠤᠯᠴᠢᠩ ᠮᠢᠬᠠᠨ ᠳᠤᠨᠢ ᠡᠳᠤᠷ ᠲᠤ 2 ᠤᠳᠠᠭ᠎ᠠ᠂ ᠨᠠᠶᠢᠳᠡ 3 ᠡᠳᠤᠷ  ᠤᠨ ᠲᠠᠷᠢᠯᠭ᠎ᠠ ᠲᠠᠷᠢᠨ᠎ᠠ᠃
     ︵3︶ ᠺᠠᠨᠠᠮᠢᠰᠤ᠄ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 3000 ᠨᠢᠭᠡᠴᠢ ᠪᠠᠷ ᠪᠤᠯᠴᠢᠩ ᠮᠢᠬᠠᠨ ᠳᠤᠨᠢ ᠡᠳᠤᠷ ᠲᠤ 2 ᠤᠳᠠᠭ᠎ᠠ᠂ ᠨᠠᠶᠢᠳᠡ 3 ᠡᠳᠤᠷ  ᠤᠨ ᠲᠠᠷᠢᠯᠭ᠎ᠠ ᠲᠠᠷᠢᠨ᠎ᠠ᠃
     ︵4︶ ᠹᠦ᠋ ᠫᠠᠢ ᠰᠤᠸᠠᠨ᠄ 0.1%  ᠶᠢᠨ ᠦᠳᠭᠡᠴᠡ ᠪᠠᠷ ᠤᠰᠤᠨ ᠳᠤ ᠬᠤᠯᠢᠵᠤ ᠵᠠᠯᠭᠠᠭ᠎ᠠ ᠪᠠᠷ 5 ᠡᠳᠤᠷ ᠤᠤᠭᠤᠯᠭᠠᠨ᠎ᠠ᠃
     ︵5︶ ᠯᠢ ᠲᠧ ᠯᠢᠩ᠄ 0.03% ~ 0.04%  ᠶᠢᠨ ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ᠂ ᠵᠠᠯᠭᠠᠭ᠎ᠠ ᠪᠠᠷ 3 ~ 5 ᠡᠳᠤᠷ ᠲᠡᠵᠢᠭᠡᠨ᠎ᠡ᠃
     ︵6︶ ᠲᠦ᠋ ᠮᠸᠢ ᠰᠤ᠋᠄ 0.05% ~0.1%  ᠶᠢᠨ ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ᠂ ᠵᠠᠯᠭᠠᠭ᠎ᠠ ᠪᠠᠷ 5 ᠡᠳᠤᠷ ᠲᠡᠵᠢᠭᠡᠨ᠎ᠠ᠃
     ︵7︶ ᠵᠧᠨ ᠨᠦᠸᠧ ᠱᠠ ᠰᠢᠩ᠂ ᠭᠦᠭᠦᠷᠯᠢᠭ ᠠᠮᠢᠨ  ᠤ ᠲᠦᠷᠦᠯ  ᠤᠨ ᠡᠮᠳᠤ ᠪᠤᠳᠠᠰ ︵ᠬᠠᠮ ᠳ᠋ᠢ ᠵᠢᠶᠦ᠋ᠨ ᠵᠢᠩ᠂ ᠬᠠᠮ ᠰᠢᠨ ᠨᠦᠸᠧ ᠮᠢᠩ ᠵᠡᠷᠭᠡ︶  ᠢ ᠭᠡᠷᠡᠭᠯᠡᠨ᠎ᠡ᠃ ᠡᠳᠡᠭᠡᠷ ᠡᠮ  ᠤᠳ  ᠢ ᠭᠡᠷᠡᠭᠯᠡᠭᠦ ᠳᠡᠭᠡᠨ ᠦᠢᠯᠡᠳᠪᠤᠷᠢ  ᠶᠢᠨ ᠲᠤᠳᠤᠷᠬᠠᠶᠢᠯᠠᠯᠳᠠ  ᠶᠢᠨ ᠪᠢᠴᠢᠭ ᠪᠤᠯᠤᠨ ᠭᠡᠷᠡᠭᠯᠡᠭᠦ ᠠᠷᠭ᠎ᠠ ᠨᠤᠭᠤᠳ  ᠢ ᠠᠩᠬᠠᠷᠤᠨ ᠯᠠᠪᠯᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ