ᠮᠠᠨ ᠤ ᠣᠷᠣᠨ ᠤ ᠲᠠᠮᠢᠷᠴᠢᠨ ᠶᠠᠩ ᠶᠤᠸᠠᠢ᠂ ᠸᠠᠩ ᠵᠢᠶᠠᠨ᠂ ᠵᠠᠩ ᠬᠠᠨ ᠣᠶᠢᠷ᠎ᠠ ᠶᠢᠨ ᠡᠳᠦᠷ 3 | ᠮᠢᠨᠦ᠋ᠲ 27 ᠰᠧᠺᠦ᠋ᠨ᠋ᠳ᠋ 37 ᠶᠢᠨ ᠬᠢᠷᠢ ᠪᠦᠲᠥᠮᠵᠢ ᠪᠠᠷ 2014-2015 ᠣᠨ ᠤ ᠪᠥᠬᠦ ᠣᠯᠣᠰ ᠤᠨ ᠲᠦᠷᠭᠡᠨ | ᠲᠠᠰᠢᠯᠲᠡ ᠶᠢᠨ ᠬᠤᠯᠪᠤᠭᠠᠲᠤ ᠤᠷᠤᠯᠳᠤᠭᠠᠨ ᠤ 6 ᠳ᠋ᠤᠭᠠᠷ ᠥᠷᠲᠡᠭᠡ ︵ᠶᠡᠷᠦᠩᠬᠡᠢ ᠰᠢᠢᠳᠪᠦᠷᠢᠲᠦ ᠤᠷᠤᠯᠳᠤᠭᠠᠨ︶ | ᠶᠢᠨ ᠬᠠᠮᠲᠤ ᠶᠢᠨ ᠲᠠᠰᠢᠯᠲᠡ ᠶᠢᠨ ᠲᠥᠷᠥᠯ ᠵᠦᠢᠯ ᠤᠨ ᠤᠷᠤᠯᠳᠤᠭᠠᠨ ᠤ ᠡᠮᠡᠭᠲᠡᠢ ᠶᠢᠨ ᠳᠤᠭᠤᠶᠢᠯᠠᠩ ᠳᠤ | ᠲᠡᠷᠢᠭᠦᠯᠡᠪᠡ᠂ ᠡᠨᠡ ᠪᠣᠯ 2011 ᠣᠨ ᠤ ᠥᠪᠡᠷᠲᠡᠭᠡᠨ ᠵᠠᠰᠠᠬᠤ ᠣᠷᠣᠨ ᠤ ᠡᠪᠦᠯ ᠤᠨ ᠤᠯᠠᠷᠢᠯ ᠤᠨ ᠲᠥᠷᠥᠯ | ᠵᠦᠢᠯ ᠤᠨ ᠪᠡᠶ᠎ᠡ ᠶᠢᠨ ᠲᠠᠮᠢᠷ ᠤᠨ ᠬᠠᠮᠢᠶᠠᠷᠤᠯᠲᠠ ᠶᠢᠨ ᠲᠥᠪ ᠢ ᠰᠡᠷᠭᠦᠭᠡᠨ ᠪᠠᠶᠢᠭᠤᠯᠤᠭᠰᠠᠨ ᠠᠴᠠ ᠨᠠᠰᠢ᠂ ᠮᠠᠨ ᠤ | ᠣᠷᠣᠨ ᠤ ᠲᠦᠷᠭᠡᠨ ᠲᠠᠰᠢᠯᠲᠡ ᠶᠢᠨ ᠲᠠᠮᠢᠷᠴᠢᠨ ᠪᠥᠬᠦ ᠤᠯᠤᠰ ᠤᠨ ᠤᠷᠤᠯᠳᠤᠭᠠᠨ ᠤ ᠬᠠᠮᠲᠤ ᠶᠢᠨ ᠲᠠᠰᠢᠯᠲᠡ ᠶᠢᠨ | ᠲᠥᠷᠥᠯ ᠵᠦᠢᠯ ᠳᠤ ᠤᠯᠤᠭᠰᠠᠨ ᠬᠠᠮᠤᠭ ᠤᠨ ᠰᠠᠶᠢᠨ ᠨᠡᠷ᠎ᠡ ᠶᠢᠨ ᠳᠠᠷᠠᠭᠠᠯᠠᠯ ᠶᠤᠮ᠃ ᠲᠤᠰ ᠥᠷᠲᠡᠭᠡᠨ ᠤ | ᠤᠷᠤᠯᠳᠤᠭᠠᠨ ᠳᠠᠭᠤᠰᠬᠤ ᠶᠢ ᠳᠠᠭᠠᠯᠳᠤᠨ᠂ ᠡᠮᠦᠨ᠎ᠡ 6 ᠥᠷᠲᠡᠭᠡᠨ ᠤ ᠨᠡᠶᠢᠲᠡ ᠬᠤᠪᠢ ᠪᠠᠷ ᠳᠠᠮᠵᠢᠨ᠂ ᠮᠠᠨ ᠤ | ᠣᠷᠣᠨ ᠤ ᠲᠦᠷᠭᠡᠨ ᠲᠠᠰᠢᠯᠲᠡ ᠶᠢᠨ ᠳᠥᠷᠪᠡᠨ ᠲᠠᠮᠢᠷᠴᠢᠨ ᠶᠠᠩ ᠶᠤᠸᠠᠢ᠂ ᠵᠠᠩ ᠬᠠᠨ᠂ ᠸᠠᠩ ᠵᠢᠶᠠᠨ ᠪᠣᠯᠣᠨ ᠯᠢᠦ | ᠮᠧᠩ ᠯᠢᠨ ᠪᠥᠬᠦ ᠤᠯᠤᠰ ᠤᠨ ᠲᠦᠷᠥᠭᠦᠦ 14 ᠨᠡᠷ᠎ᠡ ᠳᠤ ᠣᠷᠣᠵᠣ᠂ 2014-2015 ᠣᠨ ᠤ ᠪᠥᠬᠦ | ᠣᠯᠣᠰ ᠤᠨ ᠲᠦᠷᠭᠡᠨ ᠲᠠᠰᠢᠯᠲᠡ ᠶᠢᠨ ᠭᠠᠭᠴᠠ ᠵᠦᠢᠯ ᠤᠨ ᠮᠠᠩᠯᠠᠢ ᠰᠢᠯᠭᠠᠷᠠᠭᠤᠯᠬᠤ ᠣᠷᠣᠯᠳᠤᠭᠠᠨ ᠳᠤ | ᠣᠷᠣᠯᠴᠠᠬᠤ ᠬᠢᠷᠢ ᠬᠡᠮ ᠢ ᠣᠯᠪᠠ᠃ | |