ᠤᠷᠭᠠᠨᠢᠬ ᠬᠠᠶᠢᠯᠤᠭᠤᠯᠤᠭᠴᠢ ᠡᠳ᠋ ᠪᠤᠯ ᠭᠤᠤᠯ ᠨᠢ ᠤᠰᠤᠨ ᠳᠤ ᠬᠢᠯᠪᠠᠷ ᠠᠭᠤᠰᠳᠠᠭ ᠥᠭᠡᠢ ᠲᠤᠰᠤ | ᠂ ᠮᠤᠳᠤᠨ ᠤ ᠲᠠᠪᠠᠷᠬᠠᠢ᠂ ᠪᠤᠳᠤᠬᠤ ᠮᠠᠲ᠋ᠧᠷᠢᠶᠠᠯ᠂ ᠯᠠ᠂ ᠨᠡᠬᠦᠷᠡᠰᠤ ᠤᠰᠤᠳᠦ᠋ᠷᠥᠭᠴᠢ ᠵᠡᠷᠭᠡ ᠤᠷᠭᠠᠨᠢᠬ ᠬᠢᠮᠢ | ᠶᠢᠨ ᠨᠡᠶᠢᠯᠡᠯ ᠪᠤᠳᠠᠰ ᠤᠨ ᠰᠢᠩᠭᠡᠨ ᠢ ᠵᠢᠭᠠᠵᠤ ᠪᠤᠢ᠃ ᠡᠳᠡᠭᠡᠷ ᠪᠤᠳᠠᠰ ᠨᠢ ᠴᠥᠮ ᠬᠥᠮᠥᠨ ᠤ ᠪᠡᠶ᠎ᠡ ᠮᠠᠬᠠᠪᠤᠳ ᠢ | ᠬᠤᠤᠷᠳᠠᠭᠤᠯᠳᠠᠭ᠃ ᠬᠠᠮᠤᠭ ᠤᠨ ᠪᠠᠶᠢᠡᠭᠭᠤ ᠬᠠᠷᠠᠭᠳᠠᠳᠠᠭ ᠨᠢ ᠪᠧᠨ᠋ᠽᠧᠨ᠂ ᠮᠧᠲ᠋ᠢᠯᠳᠤ ᠪᠧᠨ᠋ᠽᠢᠨ᠂ ᠺᠠᠰᠢᠯᠤᠯ᠂ | ᠴᠢᠶ᠋ᠢᠤ᠂ ᠡᠲ᠋ᠠᠨ᠂ ᠡᠾᠯᠤᠷᠤᠹᠤᠷᠮ᠂ ᠡᠾᠯᠤᠷᠳᠤ ᠡᠲ᠋ᠠᠨ᠂ ᠡᠲ᠋ᠢᠯ ᠡᠲ᠋ᠧᠷ᠂ ᠮᠧᠲ᠋ᠢᠯ ᠠᠯᠺᠥᠥᠯ᠂ ᠠᠼᠧᠲ᠋ᠤᠨ᠂ | ᠬᠥᠬᠦᠷᠯᠢᠭ ᠨᠡᠬᠦᠷᠡᠰᠥᠳᠦ᠋ᠷᠥᠭᠴᠢ ᠵᠡᠷᠭᠡ ᠪᠤᠯᠤᠨ᠎ᠠ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ●ᠬᠤᠤᠷᠳᠠᠯ ᠤᠨ ᠠᠳᠡᠯ ᠡᠬᠦᠰᠥᠭᠰᠡᠨ ᠭᠠᠵᠠᠷ ᠤᠷᠤᠨ ︵ᠢᠯᠠᠩᠭᠤᠶ᠎ᠠ ᠰᠠᠯᠬᠢᠨ ᠤ ᠲᠤᠤᠷ᠎ᠠ ᠲᠠᠯ᠎ᠠ | ᠳᠤ ᠪᠠᠶᠢᠭ᠎ᠠ︶ ᠤ ᠬᠥᠮᠥᠰ ᠲᠠᠷᠦ᠋ᠢᠬᠠᠨ ᠵᠠᠶᠢᠯᠠᠬᠤ ᠪᠤᠶᠤ ᠲᠤᠬᠠᠢ ᠶᠢᠨ ᠭᠠᠵᠠᠷ ᠲᠠᠭᠠᠨ ᠪᠠᠷᠢᠯᠭ᠎ᠠ ᠶᠢᠨ ᠲᠤᠳᠤᠷ᠎ᠠ | ᠲᠠᠯᠳᠠᠯᠠᠬᠤ ᠭᠡᠷᠡᠭᠳᠡᠢ᠃ | ●ᠬᠤᠤᠷᠳᠠᠭᠳᠠᠭᠰᠠᠨ ᠬᠥᠮᠥᠨ ᠢ ᠱᠠᠯᠠᠪᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ | ᠰᠢᠯᠵᠢᠬᠦᠯᠵᠤ᠂ ᠪᠤᠬᠢᠷᠳᠤᠭᠰᠠᠨ ᠬᠤᠪᠴᠠᠰᠤ ᠬᠤᠨᠠᠷ ᠢ ᠨᠢ ᠲᠠᠶᠢᠴᠢᠵᠤ᠂ ᠶᠡᠭᠡ ᠭᠡᠮᠵᠢᠶ᠋ᠨᠨ ᠤ ᠴᠡᠪᠡᠷ ᠤᠰᠤ ᠪᠤᠶᠤ | ᠰᠠᠪᠤᠩ ᠲᠠᠢ ᠤᠰᠤ ᠪᠠᠷ ᠪᠤᠬᠢᠷᠳᠤᠭᠰᠠᠨ ᠠᠷᠠᠰᠤ ᠬᠥᠷᠥᠰᠤ ᠶᠢ ᠨᠢ ᠰᠠᠶᠢᠳᠤᠷ ᠴᠡᠪᠡᠷᠯᠡᠨ ᠤᠬᠢᠶᠠᠬᠤ ᠶᠢᠨ ᠬᠠᠮᠳᠤ | ᠲᠤᠯᠠᠭᠠᠬᠠᠨ ᠪᠠᠶᠢᠯᠭᠠᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠴᠡᠪᠡᠷ ᠤᠰᠤ ᠪᠠᠷ ᠥᠷᠬᠦᠯᠵᠢᠯᠡᠨ ᠨᠠᠭᠠᠳᠤ ᠵᠠᠬ᠎ᠠ | ᠶᠢᠨ 10 ᠮᠢᠨᠦ᠋ᠲ ᠠᠴᠠ ᠲᠡᠭᠡᠭᠰᠢ ᠵᠠᠶᠢᠯᠠᠨ ᠤᠬᠢᠶᠠᠬᠤ ᠭᠡᠷᠡᠭᠳᠡᠢ᠃ | ●ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠭᠢᠯᠭᠡᠬᠦ ᠪᠠ ᠡᠮᠴᠢᠯᠡᠭᠦᠯᠦᠨ᠎ᠡ᠃ | | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ | ᠰᠢᠯᠵᠢᠭᠦᠯᠤᠨᠠ᠃ | ◇ᠬᠤᠤᠷᠳᠤ ᠪᠤᠳᠠᠰ ᠢ ᠲᠡᠷᠦ᠋ᠢᠬᠠᠨ ᠪᠠᠶᠢᠴᠠᠭᠠᠨ ᠲᠤᠳᠤᠯᠬᠤ ᠭᠡᠷᠡᠳᠡᠢ᠃ | ◇ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠨ ᠬᠥᠮᠥᠰ ᠢ ᠨᠢᠬᠳᠠ ᠠᠵᠢᠭᠯᠠᠨ ᠪᠠᠶᠢᠴᠠᠭᠠᠵᠤ᠂ | ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠠᠴᠠ ᠰᠡᠷᠭᠡᠶᠢᠯᠡᠨ᠎ᠡ᠃ |