ᠭᠠᠵᠠᠷ ᠴᠥᠮᠥᠷᠡᠬᠦ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2015/3/2
     ᠭᠠᠵᠠᠷ ᠴᠥᠮᠥᠷᠡᠬᠦ ᠭᠡᠳᠡᠭ ᠪᠤᠯ ᠭᠠᠵᠠᠷ ᠤᠨ ᠭᠠᠳᠠᠷᠭᠤ ᠶᠢᠨ ᠴᠢᠯᠠᠭᠤ ᠪᠤᠶᠤ ᠬᠥᠷᠥᠰᠥ ᠰᠢᠷᠤᠢ ᠨᠢ ᠪᠠᠶᠢᠭᠠᠯᠢ   ᠶᠢᠨ ᠥᠢᠯᠡᠳᠥᠯ ᠪᠤᠶᠤ ᠬᠥᠮᠥᠨ ᠲᠥᠷᠥᠯᠬᠢᠳᠡᠨ ᠤ ᠥᠢᠯᠡᠳᠴᠤ ᠬᠥᠳᠡᠯᠭᠡᠭᠰᠡᠨ ᠭᠠᠵᠠᠷ ᠲᠤᠤᠷᠠᠬᠢ ᠪᠠᠷᠢᠯᠭ᠎ᠠ ᠶᠢᠨ  ᠨᠥᠯᠥᠭᠡᠯᠡᠯ ᠢᠶᠠᠷ ᠴᠥᠮᠥᠷᠡᠵᠤ ᠤᠷᠤᠭᠰᠠᠨ ᠠᠴᠠ ᠪᠤᠯᠵᠤ ᠭᠠᠵᠠᠷ ᠤᠨ ᠭᠠᠳᠠᠷᠭᠤ ᠳᠤ ᠴᠥᠮᠥᠷᠡᠵᠤ ᠤᠷᠤᠭᠰᠠᠨ ᠨᠥᠭᠡ  ᠭᠠᠷᠬᠤ ᠥᠵᠡᠭᠳᠡᠯ ᠪᠤᠶᠤ ᠶᠠᠪᠤᠴᠠ ᠶᠢ ᠭᠡᠯᠡᠨ᠎ᠡ᠃              ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ              ○ ᠪᠠᠷᠢᠯᠭ᠎ᠠ ᠶᠢᠨ ᠤᠢᠢᠷ᠎ᠠ ᠬᠠᠪᠢ ᠪᠠᠷ ᠴᠥᠮᠥᠷᠡᠭᠰᠡᠨ ᠨᠥᠭᠡ ᠶᠢ ᠲᠡᠷᠦ᠋ᠢᠬᠠᠨ ᠪᠥᠭᠯᠡᠵᠤ᠂ ᠪᠠᠷᠢᠯᠭ᠎ᠠ  ᠶᠢᠨ  ᠯᠠᠪᠳᠠᠭᠤᠨ ᠲᠤᠭᠳᠠᠭᠤᠨ ᠪᠠᠶᠢᠬᠤ ᠶᠢ ᠨᠥᠯᠥᠭᠡᠯᠡᠬᠦ ᠠᠴᠠ ᠰᠡᠷᠭᠡᠶᠢᠯᠡᠬᠦ ᠭᠡᠷᠡᠭᠳᠡᠢ᠃              ○ ᠪᠠᠷᠢᠯᠭ᠎ᠠ ᠶᠢᠨ ᠤᠢᠢᠷ᠎ᠠ ᠬᠠᠪᠢ ᠪᠠᠷ ᠭᠠᠷᠤᠭᠰᠠᠨ ᠭᠠᠵᠠᠷ ᠤᠨ ᠠᠩ ᠵᠠᠪᠰᠠᠷ ᠢ ᠲᠠᠷᠦ᠋ᠢᠬᠠᠨ ᠪᠥᠭᠯᠡᠵᠤ᠂  ᠤᠰᠤ ᠤᠷᠤᠰᠤᠨ ᠤᠷᠤᠬᠤ ᠠᠴᠠ  ᠰᠡᠷᠭᠡᠶᠢᠯᠡᠨ᠎ᠡ᠃              ○ ᠬᠥᠳᠡᠭᠡ ᠭᠠᠳᠠᠨ᠎ᠠ ᠶᠠᠪᠤᠬᠤ ᠪᠤᠶᠤ ᠮᠠᠯ ᠬᠠᠷᠢᠭᠤᠯᠬᠤ ᠳᠠᠭᠠᠨ ᠴᠥᠮᠥᠷᠡᠬᠦ ᠠᠶᠤᠯ ᠲᠠᠢ ᠭᠠᠵᠠᠷ  ᠲᠤ ᠤᠴᠢᠵᠤ  ᠪᠤᠯᠬᠤ ᠥᠭᠡᠢ᠃             ᠲᠤᠰᠬᠠᠢ ᠮᠡᠷᠭᠡᠵᠢᠯᠳᠡᠨ ᠤ ᠰᠠᠨᠠᠭᠤᠯᠤᠮᠵᠢ              ◇ ᠭᠠᠵᠠᠷ ᠢ ᠨᠢ ᠮᠠᠯᠳᠠᠵᠤ ᠬᠥᠨᠳᠡᠶᠢᠯᠡᠭᠰᠡᠨ ᠤᠷᠤᠨ ᠳᠠᠬᠢ ᠰᠠᠭᠤᠭᠠᠯᠢ ᠠᠷᠠᠳ ᠭᠡᠷ ᠪᠠᠶᠢᠰᠢᠩ ᠤᠨ  ᠢᠶᠠᠨ  ᠡᠮᠥᠨᠡᠬᠦᠷ ᠬᠤᠶᠢᠭᠤᠷᠬᠢ ᠭᠠᠵᠠᠷ ᠲᠤ ᠢᠯᠡᠷᠭᠡᠢ ᠬᠤᠪᠢᠷᠠᠯᠳᠠ ᠭᠠᠷᠬᠤ᠂ ᠠᠩ ᠵᠠᠪᠰᠠᠷ ᠭᠠᠷᠬᠤ ᠵᠡᠷᠭᠡ ᠥᠵᠡᠭᠳᠡᠯ ᠢ  ᠥᠷᠬᠦᠯᠵᠢ ᠠᠩᠬᠠᠷᠬᠤ ᠭᠡᠷᠡᠭᠳᠡᠢ᠃              ◇ ᠶᠡᠭᠡ ᠪᠤᠷᠤᠭᠠᠨ ᠤᠷᠤᠭᠰᠠᠨ ᠥᠶ᠎ᠡ ᠳᠤ ᠭᠠᠵᠠᠷ ᠲᠡᠭᠡᠷᠡᠬᠢ ᠤᠰᠤ ᠶᠡᠭᠡ ᠭᠡᠮᠵᠢᠶ᠎ᠡ ᠪᠠᠷ᠂ ᠮᠠᠰᠢ ᠲᠥᠷᠭᠡᠨ   ᠢᠶᠠᠷ ᠭᠠᠵᠠᠷ ᠲᠤ ᠰᠢᠮᠡᠳᠥᠨ ᠤᠷᠤᠵᠤ ᠪᠠᠶᠢᠬᠤ ᠡᠰᠡᠬᠦ ᠶᠢ  ᠠᠩᠬᠠᠷᠤᠭᠠᠷᠠᠢ᠃              ◇ ᠭᠠᠵᠠᠷ ᠤᠨ ᠭᠠᠳᠠᠷᠭᠤ ᠳᠤ ᠴᠠᠭᠠᠷᠢᠬ ᠭᠡᠯᠪᠡᠷᠢ ᠲᠠᠢ ᠠᠩ ᠵᠠᠪᠰᠠᠷ ᠭᠠᠷᠴᠤ ᠲᠠᠰᠤᠷᠠᠯᠳᠠ ᠥᠭᠡᠢ ᠶᠡᠭᠡᠰᠴᠤ᠂  ᠵᠠᠷᠢᠮ ᠭᠡᠰᠡᠭ ᠭᠠᠵᠠᠷ ᠲᠤᠨᠢ ᠬᠥᠳᠦ᠋ᠢᠬᠦ ᠪᠤᠶᠤ ᠬᠤᠳᠦ᠋ᠢᠵᠤ ᠪᠠᠶᠢᠪᠠᠯ᠂ ᠲᠠᠷᠦ᠋ᠢᠬᠠᠨ ᠵᠠᠶᠢᠯᠠᠬᠤ ᠶᠢᠨ ᠬᠠᠮᠳᠤ  ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠮᠡᠳᠡᠬᠦᠯᠬᠦ ᠭᠡᠷᠡᠭᠳᠡᠢ᠂ ᠬᠠᠷᠢᠨ ᠭᠡᠨᠡᠨ ᠪᠤᠳᠤᠯ ᠢᠶᠠᠷ ᠤᠤᠯ ᠭᠠᠵᠠᠷ ᠲᠠᠭᠠᠨ  ᠪᠤᠶᠤ ᠭᠡᠷ ᠤᠷᠤᠨ ᠳᠠᠭᠠᠨ ᠬᠤᠷᠭᠤᠳᠠᠵᠤ ᠪᠤᠯᠬᠤ ᠥᠭᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号