ᠴᠠᠬᠢᠯᠭᠠᠨ ᠵᠤᠭᠰᠤᠬᠤ ᠡ᠊ᠨᠳᠡᠯ ᠢ ᠶᠠᠭᠠᠬᠢᠵᠤ ᠦᠢᠯᠠᠭᠠᠬᠤ ᠪᠤᠢ
ᠨᠡᠶᠢᠲᠡᠯᠡᠭᠰᠡᠨ ᠴᠠᠭ᠄
2015/3/2
      ᠴᠠᠬᠢᠯᠭᠠᠨ ᠭᠡᠨᠡᠳᠳᠡ ᠵᠤᠭᠰᠤᠭᠰᠠᠨ ᠠᠴᠠ ᠪᠤᠯᠵᠤ ᠴᠠᠬᠢᠯᠭᠠᠨ ᠭᠡᠷᠡᠭᠰᠡᠯ ᠡᠪᠳᠡᠭᠳᠡᠵᠤ᠂ ᠡ᠊ᠨᠳᠡᠯ ᠡᠬᠦᠰᠬᠦ ᠶᠢᠨ  ᠲᠠᠭᠠᠤ ᠬᠥᠮᠥᠰ ᠤᠨ ᠭᠡᠪ ᠤᠨ ᠠᠮᠢᠳᠤᠷᠠᠯ ᠢ ᠰᠢᠭᠤᠳ ᠨᠥᠯᠥᠭᠡᠯᠡᠳᠡᠭ᠃              ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ              ○ ᠴᠠᠬᠢᠯᠭᠠᠨ ᠵᠤᠭᠰᠤᠬᠤ ᠤᠴᠢᠷ ᠲᠤᠬᠢᠶᠠᠯᠳᠤᠪᠠᠯ᠂ ᠭᠠᠷ ᠳ᠋ᠧᠩ ᠵᠡᠷᠭᠡ ᠭᠡᠷᠡᠯᠳᠥᠬᠦᠯᠭᠡ ᠶᠢᠨ ᠪᠠᠭᠠᠵᠢ ᠶᠢ  ᠠᠰᠢᠭᠯᠠᠨ᠂ ᠡᠩ ᠲᠡᠷᠢᠬᠦᠨ ᠳᠤ ᠲᠤᠳᠤᠭᠠᠳᠤ ᠳᠠᠬᠢ ᠴᠠᠬᠢᠯᠭᠠᠨ ᠲᠥᠭᠦᠬᠡᠭᠴᠢ ᠶᠢᠨ ᠨᠡᠭᠡᠭᠡᠯᠳᠡ ᠬᠠᠭᠠᠯᠳᠠ᠂ ᠴᠠᠬᠢᠯᠭᠠᠨ  ᠵᠢᠭᠤᠳᠠᠭᠤᠷ ᠤᠨ ᠬᠠᠮᠠᠭᠠᠯᠠᠭᠤᠷ ᠢᠶᠠᠨ  ᠪᠠᠶᠢᠴᠠᠭᠠᠵᠤ ᠪᠠᠶᠢᠭᠠᠷᠠᠢ᠃              ○ ᠬᠠᠮᠠᠭᠠᠯᠠᠭᠤᠷ ᠤᠳᠠᠰᠤ ᠨᠢ ᠬᠠᠶᠢᠯᠤᠭᠳᠠᠨ ᠲᠠᠰᠤᠷᠠᠭᠰᠠᠨ ᠪᠤᠯ ᠲᠡᠷᠦ᠋ᠢᠬᠠᠨ ᠰᠤᠯᠢᠬᠤ ᠭᠡᠷᠡᠭᠳᠡᠢ᠂ ᠭᠡᠪᠡᠴᠤ  ᠵᠡᠰ᠂ ᠲᠡᠮᠥᠷ᠂ ᠲᠤᠭᠤᠯᠭᠠᠨ ᠤᠳᠠᠰᠤ ᠪᠠᠷ ᠤᠷᠤᠯᠠᠭᠤᠯᠵᠤ ᠪᠤᠯᠬᠤ ᠥᠭᠡᠢ᠃ ᠬᠠᠮᠠᠭᠠᠯᠠᠭᠤᠷ ᠤᠳᠠᠰᠤ  ᠶᠢ ᠰᠤᠯᠢᠬᠤ   ᠳᠠᠭᠠᠨ ᠪᠡᠭᠡᠯᠢ ᠵᠡᠬᠦᠬᠦ ᠪᠤᠶᠤ ᠮᠤᠳᠤᠨ ᠰᠠᠨᠳᠠᠯᠢ ᠲᠡᠭᠡᠷ᠎ᠡ ᠵᠤᠭᠰᠤᠵᠤ᠂ ᠴᠠᠬᠢᠯᠭᠠᠨ ᠥᠯᠥ ᠬᠥᠶᠥᠬᠦ ᠬᠥᠨᠳᠡᠶᠢᠷᠡᠬᠦᠯᠬᠦ  ᠠᠷᠭ᠎ᠠ ᠭᠡᠮᠵᠢᠶ᠎ᠡ ᠠᠪᠴᠤ᠂ ᠴᠠᠬᠢᠯᠭᠠᠨ ᠳᠤ ᠴᠤᠬᠢᠭᠳᠠᠬᠤ ᠠᠴᠠ  ᠰᠡᠷᠭᠡᠶᠢᠯᠡᠨ᠎ᠡ᠃              ○ ᠴᠠᠬᠢᠯᠭᠠᠨ ᠬᠥᠴᠥᠨ ᠤ ᠰᠠᠯᠠᠭ᠎ᠠ ᠮᠥᠴᠢᠷ ᠲᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠵᠤ ᠵᠠᠪᠳᠤᠨ  ᠠᠪᠤᠷᠠᠵᠤ ᠵᠠᠰᠠᠭᠤᠯᠬᠤ ᠪᠠᠷ ᠤᠳᠠᠰᠤᠳᠠᠵᠤ ᠪᠤᠯᠤᠨ᠎ᠠ᠃             ᠲᠤᠰᠬᠠᠢ ᠮᠡᠷᠭᠡᠵᠢᠯᠳᠡᠨ ᠤ ᠰᠠᠨᠠᠭᠤᠯᠤᠮᠵᠢ              ◇ ᠭᠡᠷ ᠡᠷᠥᠭᠡ ᠳᠡᠭᠡᠨ ᠯᠠ᠂ ᠭᠠᠷ ᠳ᠋ᠧᠩ ᠵᠡᠷᠭᠡ ᠪᠠᠴᠢᠮ ᠪᠠᠶᠢᠳᠠᠯ ᠢ ᠠᠷᠭᠠᠴᠠᠬᠤ ᠳᠤ ᠭᠡᠷᠡᠭᠯᠡᠬᠦ ᠭᠡᠷᠡᠯᠳᠥᠬᠦᠯᠭᠡ   ᠶᠢᠨ ᠪᠠᠭᠠᠵᠢ ᠪᠡᠯᠡᠳᠭᠡᠵᠤ᠂ ᠲᠤᠭᠳᠠᠭᠰᠠᠨ ᠭᠠᠵᠠᠷ ᠲᠤ ᠲᠠᠯᠪᠢᠬᠤ   ᠶᠢ ᠠᠩᠬᠠᠷᠤᠭᠠᠷᠠᠢ᠃      ◇ ᠴᠠᠬᠢᠯᠭᠠᠨ ᠤ ᠤᠳᠠᠰᠤ ᠬᠠᠭᠤᠴᠢᠷᠠᠭᠰᠠᠨ ᠠᠴᠠ ᠪᠤᠯᠵᠤ ᠴᠠᠬᠢᠯᠭᠠᠨ ᠵᠤᠭᠰᠤᠬᠤ ᠡ᠊ᠨᠳᠡᠯ ᠠᠮᠠᠷᠬᠠᠨ ᠭᠠᠷᠳᠠᠭ  ᠲᠤᠯᠠ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠲᠥᠷᠭᠡᠨ ᠮᠡᠳᠡᠭᠳᠡᠵᠤ ᠰᠤᠯᠢᠬᠤ ᠭᠡᠷᠡᠭᠳᠡᠢ᠃      ◇ ᠭᠡᠷᠪᠡ ᠭᠡᠷ ᠲᠤᠳᠤᠷᠠᠬᠢ ᠨᠥᠬᠦᠴᠡᠯ ᠰᠢᠯᠳᠠᠭᠠᠨ ᠠᠴᠠ ᠪᠤᠯᠵᠤ ᠴᠠᠬᠢᠯᠭᠠᠨ ᠵᠤᠭᠰᠤᠭᠰᠠᠨ ᠪᠢᠰᠢ ᠪᠤᠯ ᠴᠠᠭ  ᠲᠤᠬᠠᠢ ᠳᠤᠨᠢ ᠠᠳᠠᠯ ᠠᠬᠤᠢ ᠶᠢᠨ ᠥᠢᠯᠡᠴᠢᠯᠡᠭᠡᠨ ᠤ ᠬᠠᠮᠢᠶᠠᠷᠤᠯᠳᠠ ᠶᠢᠨ ᠭᠠᠵᠠᠷ ᠪᠤᠶᠤ ᠴᠠᠬᠢᠯᠭᠠᠨ ᠬᠠᠨᠭ᠍ᠭᠠᠬᠤ ᠰᠠᠯᠠᠭ᠎ᠠ  ᠮᠥᠴᠢᠷ ᠲᠠᠢ ᠬᠤᠯᠪᠤᠭ᠎ᠠ ᠠᠪᠬᠤ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号