3 ᠰᠠᠷ᠎ᠠ ᠶᠢᠨ 21 ᠤ ᠦᠲᠡ ᠶᠢᠨ ᠬᠤᠶᠢᠨ᠎ᠠ᠂ ᠲᠠᠪᠤᠳᠤᠭᠠᠷ ᠬᠤᠭᠤᠴᠠᠭᠠᠨ ︵2013-2014︶ | ᠤ ᠦᠪᠦᠷ ᠮᠤᠩᠭᠤᠯ ᠢ ᠲᠤᠬᠳᠤᠯᠤᠭᠤᠯᠤᠬᠰᠠᠨ ᠬᠦᠮᠦᠰ ᠲᠤ ᠱᠠᠩᠨᠠᠯ ᠤᠯᠭᠤᠬᠤ ᠶᠤᠰᠤᠯᠠᠯ ᠦᠪᠦᠷ ᠮᠤᠩᠭᠤᠯ ᠤᠨ | ᠷᠠᠳᠢᠣ᠋ ᠺᠢᠨᠣ᠋ ᠲᠧᠯᠸᠢᠰ ᠲᠤᠭᠠᠴᠢᠯᠠᠬᠰᠠᠨ ᠵᠠᠭᠤᠴᠢᠯᠠᠭᠤᠷ ᠤᠨ ᠲᠦᠪ ᠲᠤ ᠶᠠᠪᠤᠬᠲᠠᠪᠠ᠃ | ᠦᠪᠡᠷᠲᠡᠭᠡᠨ ᠵᠠᠰᠬᠠᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠷᠧᠨ ᠶᠠ ᠫᠢᠩ | ᠂ ᠦᠪᠡᠷᠲᠡᠭᠡᠨ ᠵᠠᠰᠬᠠᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠶᠢᠨ ᠲᠡᠳ᠋ ᠡᠷᠬᠢᠯᠡᠭᠴᠢ ᠬᠤᠷᠴᠠ᠂ ᠦᠪᠡᠷᠲᠡᠭᠡᠨ ᠵᠠᠰᠬᠠᠤ ᠤᠷᠤᠨ ᠤ ᠲᠡᠳ᠋ ᠲᠡᠷᠢᠭᠦᠯᠡᠭᠴᠢ ᠯᠢᠦ ᠰᠢᠨ ᠯᠧ | ᠱᠠᠩᠨᠠᠯ ᠤᠯᠭᠤᠬᠤ ᠶᠣᠰᠣᠯᠠᠯ ᠳᠤ ᠤᠷᠤᠯᠴᠠᠵᠠᠢ᠃ | ᠲᠠᠪᠤᠳᠤᠭᠠᠷ ᠬᠤᠭᠤᠴᠠᠭᠠᠨ ᠤ ᠥᠪᠥᠷ ᠮᠤᠩᠭᠤᠯ ᠢ ᠲᠤᠬᠳᠤᠯᠤᠭᠤᠯᠤᠬᠰᠠᠨ 10 ᠬᠦᠮᠦᠨ ᠪᠤᠯ᠂ | ᠸᠠᠩ ᠬᠤᠢ ᠴᠧᠩ᠂ ᠴᠢᠶᠤᠤ ᠢ ᠵᠢᠢ᠂ ᠭᠦᠩ ᠱᠤᠤ ᠹᠸᠢ᠂ ᠰᠦᠬᠡ᠂ ᠵᠠᠩ ᠴᠧᠩ ᠶᠢᠩ᠂ ᠵᠠᠩ ᠴᠦᠩ ᠢᠤᠢ᠂ | ᠪᠤᠶᠠᠨᠲᠡᠯᠭᠡᠷ᠂ ᠯᠢᠨ ᠭᠠᠨ᠂ ᠽᠠᠩ ᠼᠠᠢ ᠯᠸᠦ᠂ ᠦᠪᠦᠷ ᠮᠤᠩᠭᠤᠯ ᠤᠨ ᠴᠡᠷᠢᠭ ᠤᠨ ᠲᠤᠭᠤᠷᠢᠭ ᠤᠨ 66120 | ᠴᠡᠷᠢᠭ ᠠᠩᠬᠢ ᠶᠢᠨ 74 ᠰᠠᠯᠪᠤᠷᠢ ᠠᠩᠬᠢ ᠪᠤᠯᠤᠨ᠎ᠠ᠃ ᠦᠪᠦᠷ ᠮᠤᠩᠭᠤᠯ ᠢ ᠲᠤᠬᠲᠤᠯᠤᠭᠤᠯᠤᠬᠰᠠᠨ ᠬᠥᠮᠦᠨ ᠢᠶᠠᠷ | ᠨᠡᠷ᠎ᠡ ᠲᠤᠷᠠᠳᠤᠭᠤᠯᠤᠬᠰᠠᠨ 10 ᠬᠦᠮᠦᠨ ᠪᠤᠯ᠂ ᠳ᠋ᠢᠩ ᠶᠤᠤ ᠰᠢᠶᠠᠨ᠂ ᠮᠠ ᠷᠦᠢ ᠴᠢᠶᠠᠩ᠂ ᠸᠠᠩ ᠬᠠᠰ᠂ ᠹᠧᠩ | ᠹᠠ᠂ ᠯᠢᠦ ᠰᠢᠶᠠᠨ ᠯᠢᠶᠠᠩ᠂ ᠶᠠᠩ ᠸᠧᠨ ᠯᠢᠶᠠᠩ᠂ ᡂᠢ ᠴᠢᠶᠠᠩ᠂ ᠬᠦᠸᠧ ᠡᠯ ᠯᠢᠩ᠂ ᠬᠠᠶᠢᠷᠬᠠᠨ᠂ | ᠬᠦᠬᠡᠬᠤᠲᠠ ᠶᠢᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠴᠢᠨᠲᠠᠷ ᠤᠨ ᠡᠷᠭᠡᠲᠡᠨ ᠢᠶᠠᠨ ᠬᠠᠨᠳᠢᠪᠯᠠᠬᠤ ᠰᠠᠶᠢᠨ | ᠲᠤᠷᠠᠴᠤᠤᠯ ᠤᠨ ᠦᠢᠯᠡᠴᠢᠯᠡᠭᠡᠨ ᠤ ᠠᠩᠬᠢ ᠪᠤᠯᠤᠨ᠎ᠠ᠃ ᠬᠤᠶᠠᠷ ᠤᠨᠴᠠᠭᠠᠢ ᠱᠠᠩᠨᠠᠯ ᠬᠦᠷᠲᠡᠭᠰᠡᠨ ᠬᠠᠮᠲᠦ ᠨᠢᠬᠡᠴᠠ | ᠪᠤᠯ ᠪᠤᠭᠤᠲᠦ ᠶᠢᠨ ᠪᠸᠢ ᠯᠢᠶᠠᠩ ᠤᠨ ᠲᠦᠭᠦᠮ ᠪᠦᠲᠦᠴᠡᠲᠦ ᠤᠷᠤᠨ ᠰᠠᠭᠤᠴᠠ ᠶᠢᠨ ᠲᠤᠭᠤᠷᠢᠭ ᠢ ᠦᠭᠡᠷᠡᠴᠢᠯᠡᠨ | ᠵᠠᠰᠠᠬᠰᠠᠨ ᠬᠦᠮᠦᠰ ᠪᠤᠯᠤᠨ ᠬᠢᠩᠭᠠᠨ ᠠᠶᠢᠮᠠᠭ ᠲᠤ ᠬᠠᠶᠢᠷ᠎ᠠ ᠪᠠᠨ ᠰᠠᠴᠤᠬᠰᠠᠨ ᠬᠠᠪᠰᠤᠷᠤᠨ ᠳᠡᠳᠬᠦᠬᠦ ᠠᠩᠬᠢ | ᠪᠤᠯᠤᠨ᠎ᠠ᠃ | ᠲᠤᠰ ᠬᠤᠭᠤᠴᠠᠭᠠᠨ ᠤ ᠦᠪᠦᠷ ᠮᠤᠩᠭᠤᠯ ᠢ ᠲᠤᠬᠲᠤᠯᠤᠭᠤᠯᠤᠬᠰᠠᠨ ᠬᠦᠮᠦᠰ ᠢ ᠰᠢᠯᠭᠠᠷᠠᠭᠤᠯᠬᠤ | ᠠᠵᠢᠯᠯᠠᠭ᠎ᠠ 2014 ᠤᠨ ᠤ 9 ᠰᠠᠷ᠎ᠠ ᠲᠤ ᠡᠬᠢᠯᠡᠭᠰᠡᠨ ᠠᠴᠠ ᠱᠠᠩᠨᠠᠯ ᠤᠯᠭᠤᠬᠤ ᠪᠤᠯᠲᠡᠯ᠎ᠡ᠂ 7 ᠰᠠᠷ᠎ᠠ ᠭᠠᠷᠤᠢ | ᠶᠢᠨ ᠬᠤᠭᠤᠴᠠᠭᠠᠨ ᠳᠤ᠂ ᠪᠦᠬᠦ ᠤᠷᠤᠨ ᠤ 356 ᠲᠦᠮᠡᠨ ᠬᠦᠮᠦᠨ ᠪᠢᠯᠧᠲ ᠦᠭᠴᠤ ᠤᠷᠤᠯᠴᠠᠨ᠂ ᠠᠩᠬᠠᠨ ᠤ | ᠬᠢᠨᠠᠨ ᠰᠢᠯᠭᠠᠷᠠᠭᠤᠯᠤᠯᠲᠠ᠂ ᠡᠴᠦᠰ ᠤᠨ ᠬᠢᠨᠠᠨ ᠰᠢᠯᠭᠠᠷᠠᠭᠤᠯᠤᠯᠲᠠ ᠪᠠᠷ ᠲᠠᠮᠵᠢᠨ᠂ ᠦᠪᠦᠷ ᠮᠤᠩᠭᠤᠯ ᠢ | ᠲᠤᠬᠲᠤᠯᠤᠭᠤᠯᠤᠬᠰᠠᠨ ᠬᠦᠮᠦᠰ ᠢ ᠰᠢᠯᠭᠠᠷᠠᠭᠤᠯᠬᠤ ᠠᠵᠢᠯᠯᠠᠭ᠎ᠠ ᠶᠢᠨ ᠵᠤᠬᠢᠶᠠᠨ ᠪᠠᠶᠢᠭᠤᠯᠬᠤ ᠺᠤᠮᠢᠰ ᠤᠨ ᠲᠠᠷᠤᠭ᠎ᠠ | ᠶᠢᠨ ᠠᠯᠪᠠᠨ ᠬᠤᠷᠠᠯ ᠠᠴᠠ ᠬᠢᠨᠠᠨ ᠲᠤᠬᠲᠠᠭᠠᠬᠰᠠᠨ ᠪᠠᠶᠢᠨ᠎ᠠ᠃ |