ᠭ᠊ᠦ᠋ᠳᠡᠭᠡ ᠲᠤᠰᠬᠤᠨ ᠤ ᠡᠵᠡᠩᠨᠡᠯᠳᠡ ᠶᠢᠨ ᠭᠤᠤᠯ ᠴᠤᠭᠴᠠ ᠶᠢ ᠳᠦᠷᠭᠡᠳᠭᠡᠨ ᠪᠤᠶᠢᠵᠢᠭᠤᠯᠬᠤ ᠶᠢ ᠭᠡᠷᠬᠢᠨ | ᠤᠢᠢᠯᠠᠭᠠᠬᠤ ᠪᠤᠢ︖ | — — ︽ᠬᠦᠳᠡᠭᠡ ᠳᠤᠰᠬᠤᠨ ᠤ ᠭᠠᠵᠠᠷ ᠰᠢᠷᠦᠢ ᠶᠢᠨ ᠡᠵᠡᠩᠨᠡᠯᠳᠡ ᠶᠢᠨ ᠡᠷᠭᠡ ᠶᠢ ᠡᠮᠬᠢ | ᠲᠢᠭᠯᠢᠮ ᠲᠠᠢ ᠰᠢᠯᠵᠢᠬᠦᠯᠬᠦ ᠶᠢ ᠬᠦᠳᠦᠯᠦᠨ ᠵᠢᠯᠤᠭᠤᠳᠴᠤ ᠲᠠᠷᠢᠶᠠᠯᠠᠩ ᠤᠨ ᠵᠤᠬᠢᠬᠤ ᠭᠡᠪᠴᠢᠶᠡᠳᠦ ᠡᠵᠡᠩᠨᠡᠯᠲᠡ ᠶᠢ | ᠬᠦᠭᠵᠢᠬᠦᠯᠬᠦ ᠳᠤᠬᠠᠢ ᠰᠠᠨᠠᠯ︾ ᠤᠨ ᠳᠠᠶᠢᠯᠦᠮᠵᠢ ︵ᠨᠢᠬᠡ︶ | | ᠲᠤᠰ ᠰᠣᠨᠢᠨ ᠤ ᠰᠣᠷᠪᠤᠯᠵᠢᠯᠠᠭᠴᠢ ᠰᠢᠯᠢᠨᠭᠡᠷᠡᠯ | ᠤᠢᠢᠷ᠎ᠠ ᠳᠤ ᠨᠠᠮ ᠤᠨ ᠲᠦᠪ ᠬᠤᠷᠢᠶ᠎ᠠ ᠪᠤᠯᠤᠨ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ | ᠲᠢᠩᠬᠢᠮ ᠠᠴᠠ ︽ᠬᠦᠳᠡᠭᠡ ᠳᠤᠰᠬᠤᠨ ᠤ ᠭᠠᠵᠠᠷ ᠰᠢᠷᠦᠢ ᠶᠢᠨ ᠡᠵᠡᠩᠨᠡᠯᠳᠡ ᠶᠢᠨ ᠡᠷᠭᠡ ᠶᠢ ᠡᠮᠬᠢ ᠲᠢᠭᠯᠢᠮ ᠲᠠᠢ | ᠰᠢᠯᠵᠢᠬᠦᠯᠬᠦ ᠶᠢ ᠬᠦᠳᠦᠯᠦᠨ ᠵᠢᠯᠤᠭᠤᠳᠴᠤ ᠲᠠᠷᠢᠶᠠᠯᠠᠩ ᠤᠨ ᠵᠤᠬᠢᠬᠤ ᠭᠡᠪᠴᠢᠶᠡᠳᠦ ᠡᠵᠡᠩᠨᠡᠯᠲᠡ ᠶᠢ ᠬᠦᠭᠵᠢᠬᠦᠯᠬᠦ | ᠳᠤᠬᠠᠢ ᠰᠠᠨᠠᠯ︾ ︵ᠲᠤᠤᠷ᠎ᠠ ︽ᠰᠠᠨᠠᠯ︾ ᠬᠡᠵᠤ ᠲᠦᠬᠦᠮᠴᠢᠯᠡᠶᠠ︶ ᠢ ᠳᠠᠷᠤᠮᠠᠯᠯᠠᠨ ᠲᠠᠷᠬᠠᠭᠠᠵᠤ᠂ ︽ᠰᠢᠨ᠎ᠠ ᠮᠠᠶ᠋ᠢᠭ | ᠤᠨ ᠲᠠᠷᠢᠶᠠᠯᠠᠩ ᠤᠨ ᠡᠵᠡᠩᠨᠡᠯᠳᠡ ᠶᠢᠨ ᠭᠤᠤᠯ ᠴᠤᠭᠴᠠ ᠶᠢ ᠳᠦᠷᠭᠡᠳᠭᠡᠨ ᠪᠠᠶᠢᠭᠤᠯᠤᠨ᠎ᠠ︾ ᠬᠡᠵᠤ ᠲᠤᠷᠠᠳᠴᠠᠢ᠃ | ᠲᠠᠬᠡᠪᠡᠯ ᠮᠠᠨ ᠤ ᠤᠷᠤᠨ ᠪᠤᠳᠠᠳᠤ ᠪᠠᠶᠢᠳᠠᠯ ᠳᠠᠭᠠᠨ ᠵᠤᠬᠢᠴᠠᠭᠤᠯᠤᠨ ᠰᠢᠨ᠎ᠠ ᠮᠠᠶ᠋ᠢᠭ ᠤᠨ ᠲᠠᠷᠢᠶᠠᠯᠠᠩ ᠤᠨ | ᠡᠵᠡᠩᠨᠡᠯᠳᠡ ᠶᠢᠨ ᠭᠤᠤᠯ ᠴᠤᠭᠴᠠ ᠶᠢᠨ ᠪᠠᠶᠢᠭᠤᠯᠤᠯᠳᠠ ᠶᠢ ᠬᠡᠷᠬᠢᠨ ᠲᠦᠷᠬᠡᠳᠬᠡᠬᠦ ᠪᠤᠢ︖ ᠪᠠᠶᠢᠭᠤᠯᠤᠯᠳᠠ ᠶᠢᠨ | ᠶᠠᠪᠤᠴᠠ ᠳᠤ ᠶᠠᠭᠤ ᠶᠢ ᠠᠩᠬᠠᠷᠬᠤ ᠴᠢᠬᠤᠯᠠᠳᠠᠢ ᠪᠤᠢ︖ ᠡᠳᠡᠬᠡᠷ ᠠᠰᠠᠭᠤᠯᠳᠠ ᠶᠢ ᠡᠪᠤᠷᠯᠡᠨ ᠰᠤᠷᠪᠤᠯᠵᠢᠯᠠᠭᠴᠢ | ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠡᠶᠢᠬᠡᠮ ᠤᠨ ᠰᠤᠳᠤᠯᠭᠠᠨ ᠤ ᠭᠠᠵᠠᠷ | ᠤᠨ ᠳᠡᠳ᠋ ᠳᠠᠷᠤᠭ᠎ᠠ᠂ ᠰᠤᠳᠤᠯᠤᠭᠴᠢ ᠤᠷᠤᠨᠴᠢ ᠭᠤᠸᠠᠢ ᠶᠢ ᠰᠤᠷᠪᠤᠯᠵᠢᠯᠠᠵᠤ᠂ ᠬᠠᠷᠢᠭᠤᠯᠳᠠ ᠤᠯᠬᠤ ᠶᠢ ᠵᠤᠷᠢᠯ᠎ᠠ᠃ | | ᠰᠤᠷᠪᠤᠯᠵᠢᠯᠠᠭᠴᠢ᠄ ︽ᠰᠠᠨᠠᠯ︾ ᠳᠤ ︽ᠭᠡᠷ ᠪᠦᠯᠢ ᠶᠢᠨ ᠡᠵᠡᠩᠨᠡᠯᠳᠡ ᠶᠢᠨ ᠰᠠᠭᠤᠷᠢ ᠦᠢᠯᠡᠳᠦᠯ ᠢ | ᠪᠠᠳᠠᠷᠠᠭᠤᠯᠤᠨ᠎ᠠ︾ ᠭᠡᠰᠡᠨ ᠪᠠᠶᠢᠨ᠎ᠠ᠃ ᠡᠨᠡ ᠲᠠᠯ᠎ᠠ ᠪᠠᠷ ᠶᠠᠭᠤ ᠶᠢ ᠠᠩᠬᠠᠷᠬᠤ ᠴᠢᠬᠤᠯᠠᠳᠠᠢ ᠪᠤᠢ︖ | ᠤᠷᠤᠨᠴᠢ᠄ ᠤᠳᠤᠬᠠᠨ ᠳᠤ ᠮᠠᠨ ᠤ ᠤᠷᠤᠨ ᠮᠠᠯᠵᠢᠬᠤ ᠲᠠᠷᠢᠶᠠᠯᠠᠬᠤ ᠤᠷᠤᠨ ᠤ ᠭᠡᠷ ᠪᠦᠯᠢ ᠶᠢᠨ | ᠡᠵᠡᠩᠨᠡᠯᠳᠡ ᠶᠢᠨ ᠰᠠᠭᠤᠷᠢᠨ ᠳᠡᠭᠡᠷ᠎ᠠ ᠭᠡᠪᠴᠢᠶ᠎ᠠ ᠶᠢ ᠨᠢ ᠦᠷᠭᠡᠳᠭᠡᠡ᠂ ᠤᠳᠤ ᠦᠶ᠎ᠠ ᠶᠢᠨ ᠮᠠᠯ ᠠᠵᠦ ᠠᠬᠤᠢ | ᠲᠠᠷᠢᠶᠠᠯᠠᠩ ᠢ ᠬᠦᠴᠦᠯᠡᠨ ᠬᠦᠭᠵᠢᠬᠦᠯᠵᠤ ᠪᠤᠢ᠃ ᠶᠠᠭᠤᠨ ᠤ ᠡᠮᠤᠨ᠎ᠠ ︽ᠰᠠᠨᠠᠯ︾ ᠳᠤ ᠳᠤᠷᠠᠳᠤᠭᠰᠠᠨ ︽ | ᠳᠤᠰᠬᠠᠢᠢᠵᠢᠭᠰᠠᠨ᠂ ᠡᠷᠴᠢᠮᠵᠢᠭᠰᠡᠨ ᠲᠠᠷᠢᠶᠠᠯᠠᠩ ᠦᠢᠯᠡᠳᠪᠦᠷᠢᠯᠡᠯ ᠡᠷᠬᠢᠯᠡᠳᠡᠭ ᠭᠡᠷ ᠪᠦᠯᠢ ᠶᠢᠨ ᠲᠠᠷᠢᠶᠠᠯᠠᠩ ᠤᠨ | ᠳᠠᠯᠠᠪᠠᠢ ᠶᠢ ᠭᠤᠤᠯᠳᠠᠯᠭ᠎ᠠ ᠲᠠᠢ ᠪᠤᠶᠢᠵᠢᠭᠤᠯᠬᠤ︾ ᠭᠡᠳᠡᠭ ᠤᠨ ᠪᠠᠷᠢᠮᠵᠢᠶ᠎ᠠ ᠶᠢ ᠳᠤᠳᠤᠷᠬᠠᠢᠢᠯᠠᠬᠤ ᠭᠡᠷᠡᠭᠳᠡᠢ᠃ | ᠭᠠᠵᠠᠷ ᠤᠷᠤᠨ ᠤ ᠡᠬᠢ ᠪᠠᠶᠠᠯᠢᠭ ᠤᠨ ᠪᠠᠶᠢᠷᠢᠰᠢᠭᠤᠯᠤᠯᠳᠠ ᠶᠢᠨ ᠠᠳᠠᠯᠢ ᠪᠤᠰᠤ ᠶᠢ ᠦᠨᠳᠤᠰᠤᠯᠡᠨ ᠶᠠᠮᠠᠷ ᠪᠠᠷᠢᠮᠵᠢᠶ᠎ᠠ | ᠳᠤ ᠬᠦᠷᠬᠡᠬᠦ ᠭᠡᠷ ᠪᠦᠯᠢ ᠶᠢᠨ ᠮᠠᠯᠵᠢᠯ ᠤᠨ ᠳᠠᠯᠠᠪᠠᠢ ᠪᠤᠯᠤᠨ ᠲᠠᠷᠢᠶᠠᠯᠠᠩ ᠤᠨ ᠳᠠᠯᠠᠪᠠᠢ ᠶᠢ ︽ᠨᠠᠷᠠᠰ ᠤᠨ ᠭᠠᠷᠴᠠᠭ︾ | ᠲᠤ ᠤᠷᠤᠭᠤᠯᠬᠤ ᠠᠵᠢᠯ ᠢ ᠨᠠᠷᠢᠯᠢᠭ ᠬᠢᠬᠦ ᠴᠢᠬᠤᠯᠠᠳᠠᠢ᠃ ᠭᠡᠳᠦᠢ ᠭᠡᠪᠴᠢᠶ᠎ᠠ ᠲᠠᠢ ᠶᠢ ᠨᠢ ᠭᠡᠪᠴᠢᠶᠡᠵᠢᠭᠰᠡᠨ ᠭᠡᠵᠦ | ᠳᠤᠭᠳᠠᠭᠠᠬᠤ ᠳᠤᠬᠠᠢ ᠤᠷᠤᠨ ᠨᠤᠳᠤᠭ ᠤᠨ ᠵᠠᠰᠠᠭ ᠤᠨ ᠤᠷᠳᠤᠨ ᠵᠢᠴᠢ ᠮᠠᠯᠴᠢᠨ ᠲᠠᠷᠢᠶᠠᠴᠢᠨ ᠬᠠᠮᠳᠤ ᠪᠠᠷ | ᠶᠠᠷᠢᠯᠴᠠᠨ ᠵᠦᠪᠳᠡᠯᠴᠡᠬᠦ ᠴᠢᠬᠤᠯᠠᠳᠠᠢ ᠶᠤᠮ᠃ ᠡᠬᠦᠨ ᠳᠤ ᠪᠠᠰᠠ ᠬᠢᠨᠠᠨ ᠬᠠᠮᠢᠶᠠᠷᠬᠤ ᠪᠠᠶᠢᠭᠤᠯᠤᠮᠵᠢ ᠶᠢ | ᠪᠦᠷᠢᠨᠰᠢᠬᠦᠯᠵᠦ᠂ ᠳᠦᠪ ᠭᠤᠤᠯᠴᠢ ᠪᠠᠷ ᠰᠢᠯᠭᠠᠨ ᠳᠤᠭᠳᠠᠭᠠᠬᠤ ᠶᠢᠨ ᠬᠠᠮᠳᠤ ᠢᠯᠡ ᠪᠠᠷ ᠨᠡᠶᠢᠳᠡᠯᠡᠪᠡᠯ ᠰᠠᠶᠢᠨ᠃ | ᠰᠤᠷᠪᠤᠯᠵᠢᠯᠠᠭᠴᠢ᠄ ᠮᠠᠯᠵᠢᠬᠤ ᠤᠷᠤᠨ ᠳᠤ ᠬᠠᠮᠳᠤ ᠶᠢᠨ ᠡᠵᠡᠩᠨᠡᠯᠳᠡ ᠶᠢᠨ ᠰᠢᠨ᠎ᠠ ᠬᠡᠯᠪᠡᠷᠢ ᠶᠢ | ᠰᠦᠪᠡᠭᠴᠢᠯᠡᠬᠦ ᠳᠤ ᠶᠠᠭᠤ ᠶᠢ ᠴᠡᠬᠡᠷᠯᠡᠬᠦ ᠪᠤᠢ︖ | ᠤᠷᠤᠨᠴᠢ᠄ ᠰᠢᠨ᠎ᠠ ᠡᠵᠡᠩᠨᠡᠯᠳᠡ ᠶᠢᠨ ᠭᠤᠤᠯ ᠴᠤᠭᠴᠠ ᠶᠢ ᠪᠠᠶᠢᠭᠤᠯᠬᠤ ᠭᠡᠳᠡᠭ ᠨᠢ ᠬᠠᠮᠤᠭ ᠶᠡᠭᠡ | ᠬᠠᠤᠯᠢ ᠴᠠᠭᠠᠵᠠ ᠶᠢᠨ ᠭᠤᠤᠯ ᠴᠤᠭᠴᠠ ᠶᠢ ᠪᠠᠶᠢᠭᠤᠯᠬᠤ ᠶᠠᠪᠤᠳᠠᠯ ᠮᠦᠨ᠃ ᠵᠢᠱᠢᠶᠡᠯᠡᠪᠡᠯ ᠮᠠᠯᠴᠢᠨ ᠲᠠᠷᠢᠶᠠᠴᠢᠨ ᠤ | ᠪᠠᠶᠢᠭᠤᠯᠤᠭᠰᠠᠨ ᠬᠤᠷᠰᠢᠶ᠎ᠠ ᠪᠤᠯ ᠳᠠᠷᠤᠢ ᠬᠠᠤᠯᠢ ᠶᠢᠨ ᠡᠷᠭᠡᠳᠡᠨ ᠢᠶᠠᠷ ᠭᠤᠤᠯ ᠴᠤᠭᠴᠠ ᠪᠤᠯᠭᠠᠭᠰᠠᠨ ᠨᠡᠶᠢᠳᠡ ᠶᠢᠨ | ᠦᠮᠴᠢᠯᠡᠯ ᠤᠨ ᠵᠤᠬᠢᠶᠠᠨ ᠪᠠᠶᠢᠭᠤᠯᠤᠯᠳᠠ ᠶᠢᠨ ᠭᠡᠯᠪᠡᠷᠢ ᠪᠠᠷ ᠤᠷᠤᠰᠢᠵᠦ ᠪᠤᠢ᠃ ᠡᠨᠡ ᠪᠤᠯ ᠨᠢᠬᠡ ᠵᠦᠢᠯ ᠤᠨ ᠰᠢᠨ᠎ᠠ | ᠬᠡᠯᠪᠡᠷᠢ ᠶᠢᠨ ᠡᠵᠡᠩᠨᠡᠯᠳᠡ ᠶᠢᠨ ᠭᠤᠤᠯ ᠴᠤᠭᠴᠠ ᠪᠠᠶᠢᠭ᠎ᠠ᠃ ︽ᠰᠠᠨᠠᠯ︾ ᠳᠤ ︽ᠨᠦᠬᠦᠴᠡᠯ ᠲᠠᠢ ᠭᠠᠵᠠᠷ | ᠤᠷᠤᠨ ᠨᠢ ᠲᠠᠷᠢᠶᠠᠴᠢᠳ ᠤᠨ ᠬᠦᠰᠡᠯ ᠢ ᠦᠨᠳᠦᠰᠦᠯᠡᠨ ᠲᠠᠷᠢᠶᠠᠨ ᠭᠠᠵᠠᠷ ᠢ ᠨᠢᠬᠡᠳᠦᠯᠳᠡᠢ ᠵᠠᠯᠭᠠᠯᠳᠤᠭᠤᠯᠤᠨ | ᠳᠡᠭᠰᠢᠯᠡᠨ ᠵᠠᠰᠠᠵᠦ᠂ ᠭᠠᠵᠠᠷ ᠰᠢᠷᠦᠢ ᠶᠢ ᠬᠤᠪᠢ ᠪᠠᠷ ᠨᠤᠭᠤᠯᠤᠨ ᠬᠡᠮᠵᠢᠶᠡᠯᠡᠵᠦ᠂ ᠡᠷᠭᠡ ᠶᠢ ᠡᠷᠦᠬᠡ ᠳᠤ | ᠳᠤᠳᠤᠷᠬᠠᠢᠢᠯᠠᠨ᠂ ᠡᠵᠡᠩᠨᠡᠯᠳᠡ ᠠᠴᠠ ᠤᠯᠤᠭᠰᠠᠨ ᠠᠰᠢᠬ ᠤᠷᠤᠯᠭ᠎ᠠ ᠪᠠᠨ ᠤᠷᠤᠭᠤᠯᠤᠭᠰᠠᠨ ᠬᠤᠪᠢ ᠶᠤᠰᠤᠭᠠᠷ | ᠬᠤᠪᠢᠶᠠᠷᠢᠯᠠᠵᠦ ᠪᠤᠯᠤᠨ᠎ᠠ ᠁︾ ᠭᠡᠵᠦ ᠪᠤᠢ᠃ ᠲᠠᠬᠡᠭᠰᠡᠬᠡᠷ ᠮᠠᠨ ᠤ ᠮᠠᠯᠵᠢᠬᠤ ᠤᠷᠤᠨ ᠳᠤ ᠨᠤᠳᠤᠭ | ᠪᠡᠯᠴᠢᠬᠡᠷ ᠢᠶᠠᠨ ᠭᠡᠷᠬᠢᠨ ᠬᠡᠮᠵᠢᠶᠡᠯᠡᠬᠦ ᠪᠤᠢ ᠭᠡᠬᠦ ᠠᠰᠠᠭᠤᠳᠠᠯ ᠲᠤᠷᠠᠳᠤᠭᠳᠠᠬᠤ ᠨᠢ ᠵᠠᠶᠢᠯᠠᠰᠢ ᠦᠬᠡᠢ᠃ ᠲᠠᠷᠢᠶᠠᠨ | ᠭᠠᠵᠠᠷ ᠢ ᠬᠡᠮᠵᠢᠶᠡᠯᠡᠬᠦ ᠳᠤ ᠬᠠᠷᠢᠴᠠᠩᠭᠤᠢ ᠪᠠᠷ ᠬᠢᠯᠪᠡᠷ ᠰᠢᠬ ᠪᠠᠶᠢᠵᠤ᠂ ᠲᠠᠷᠢᠶᠠᠨ ᠭᠠᠵᠠᠷ ᠤᠨ ᠶᠠᠰᠤ ᠴᠢᠨᠠᠷ ᠢ | ᠳᠤᠭᠳᠠᠭᠠᠬᠤ ᠳᠤ ᠴᠦ ᠬᠢᠯᠪᠡᠷ ᠪᠠᠶᠢᠳᠠᠭ ᠶᠤᠮ᠃ ᠮᠠᠯ ᠤᠨ ᠪᠡᠯᠴᠢᠬᠡᠷ ᠬᠠᠷᠢᠨ ᠪᠠᠶᠢᠭᠠᠯᠢ ᠶᠢᠨ ᠤᠷᠴᠢᠨ ᠠᠬᠤᠢ ᠪᠠ | ᠠᠭᠤᠷ ᠠᠮᠢᠰᠬᠤᠯ ᠳᠤ ᠶᠡᠭᠡ ᠨᠦᠯᠦᠬᠡᠯᠡᠭᠳᠡᠳᠡᠭ ᠪᠤᠯᠬᠤᠷ ᠨᠤᠳᠤᠭ ᠪᠡᠯᠴᠢᠬᠡᠷ ᠢ ᠬᠡᠮᠵᠢᠶᠡᠯᠡᠬᠦ ᠦᠨ᠎ᠠ ᠬᠠᠩᠰᠢ ᠮᠠᠰᠢ | ᠳᠤᠭᠳᠠᠪᠤᠷᠢ ᠦᠬᠡᠢ᠂ ᠰᠢᠯᠵᠢᠯᠳᠡ ᠶᠢᠨ ᠬᠤᠭᠤᠴᠠᠭ᠎ᠠ ᠤᠬᠤᠷ ᠪᠠᠶᠢᠵᠦ᠂ ᠮᠠᠯᠴᠢᠳ ᠴᠤ ᠨᠤᠳᠤᠭ ᠪᠡᠯᠴᠢᠬᠡᠷ ᠤᠨ | ᠡᠵᠡᠩᠨᠡᠯᠳᠡ ᠶᠢᠨ ᠡᠷᠬᠡ ᠪᠠᠨ ᠤᠷᠳᠤ ᠬᠤᠭᠤᠴᠠᠭ᠎ᠠ ᠪᠠᠷ ᠰᠢᠯᠵᠢᠬᠦᠯᠬᠦ ᠳᠤᠷ᠎ᠠ ᠦᠬᠡᠢ ᠪᠠᠶᠢᠳᠠᠭ᠃ ᠡᠶᠢᠮᠤ ᠪᠤᠯᠬᠤᠷ | ᠲᠠᠷᠢᠶᠠᠨ ᠭᠠᠵᠠᠷ ᠤᠨ ᠡᠵᠡᠩᠨᠡᠯᠳᠡ ᠶᠢᠨ ᠡᠷᠬᠡ ᠶᠢᠨ ᠰᠢᠯᠵᠢᠬᠦᠯᠦᠯᠳᠡ ᠶᠢ ᠮᠠᠯᠵᠢᠬᠤ ᠤᠷᠤᠨ ᠳᠤ ᠦᠬᠦᠮᠡᠯ ᠢᠶᠠᠷ | ᠳᠠᠭᠤᠷᠢᠶᠠᠨ ᠬᠡᠷᠡᠭᠵᠢᠬᠦᠯᠬᠦ ᠶᠢ ᠴᠡᠬᠡᠷᠯᠡᠬᠦ ᠬᠡᠷᠡᠭᠳᠠᠢ᠃ | ᠰᠤᠷᠪᠤᠯᠵᠢᠯᠠᠭᠴᠢ᠄ ᠳᠡᠭᠡᠪᠡᠯ ᠡᠬᠦᠨ ᠢ ᠦᠷᠳᠡᠭᠯᠡᠬᠦ ᠲᠤᠬᠢᠳᠠᠢ ᠠᠷᠭ᠎ᠠ ᠬᠡᠮᠵᠢᠶ᠎ᠠ ᠪᠠᠶᠢᠬᠤ ᠤᠤ︖ | ᠤᠷᠤᠨᠴᠢ᠄ ᠮᠠᠯᠴᠢᠳ ᠤᠨ ᠮᠠᠯ ᠤᠨᠤᠭ᠎ᠠ ᠶᠢ ᠬᠡᠮᠵᠢᠶᠡᠯᠡᠵᠦ ᠳᠡᠶᠢᠯᠬᠦ ᠪᠢᠰᠢᠤ︕ ᠤᠤᠯ ᠤᠨ | ᠪᠠᠷᠢᠭᠠᠳᠠ ᠨᠢᠬᠡᠲᠦᠯ ᠤᠨ ᠦᠶᠡᠰ ᠲᠤ ᠮᠠᠯ ᠤᠨᠤᠭ᠎ᠠ ᠪᠠᠷ ᠬᠤᠪᠢ ᠤᠷᠤᠭᠤᠯᠵᠦ ᠪᠠᠶᠢᠭᠰᠠᠨ ᠠᠮᠵᠢᠯᠳᠠ ᠲᠠᠢ ᠵᠢᠱᠢᠶ᠎ᠠ | ᠤᠯᠠᠨ ᠪᠠᠶᠢᠭᠰᠠᠨ ᠳᠤᠯᠠ ᠡᠬᠦᠨ ᠢᠶᠠᠷ ᠯᠠᠪᠯᠠᠯᠳᠠ ᠪᠤᠯᠭᠠᠵᠦ ᠴᠤ ᠪᠤᠯᠤᠨ᠎ᠠ᠃ ᠨᠤᠳᠤᠭ ᠪᠡᠯᠴᠢᠬᠡᠷ ᠤᠨ | ᠬᠡᠮᠵᠢᠶᠡᠯᠡᠯᠳᠡ ᠨᠢ ᠨᠡᠩ ᠠᠮᠢᠳᠤᠯᠢᠭ ᠪᠤᠳᠠᠳᠠᠢ ᠠᠷᠭ᠎ᠠ ᠬᠡᠮᠵᠢᠶ᠎ᠠ ᠶᠢ ᠱᠠᠭᠠᠷᠳᠠᠳᠠᠭ᠃ ᠡᠬᠦᠨ ᠢ ᠪᠤᠳᠠᠳᠠᠶᠢᠵᠢᠭᠤᠯᠬᠤ | ᠳᠤ ᠮᠠᠯᠵᠢᠬᠤ ᠤᠷᠤᠨ ᠤ ᠦᠪᠡᠷ ᠤᠨ ᠬᠢᠨᠢ ᠦᠪᠡᠷᠮᠢᠴᠡ ᠮᠡᠷᠭᠡᠵᠢᠯ ᠤᠨ ᠡᠯᠧᠮᠧᠨ᠋ᠲ ᠢ ᠬᠦᠨᠳᠦᠳᠭᠡᠵᠦ᠂ ᠠᠰᠢᠬ | ᠳᠤᠰᠠ ᠶᠢ ᠬᠤᠪᠢᠶᠠᠷᠢᠯᠠᠬᠤ ᠬᠠᠷᠢᠴᠠᠯ ᠢ ᠬᠦᠢᠴᠡᠳ ᠪᠤᠳᠤᠯᠬᠢᠯᠠᠪᠠᠯ ᠵᠤᠬᠢᠨ᠎ᠠ᠃ | ᠰᠤᠷᠪᠤᠯᠵᠢᠯᠠᠭᠴᠢ᠄ ︽ᠰᠠᠨᠠᠯ︾ ᠳᠤ ᠪᠠᠰᠠ ︽ᠲᠠᠷᠢᠶᠠᠴᠢᠨ ᠡᠷᠦᠬᠡ ᠶᠢᠨ ᠬᠤᠭᠤᠷᠤᠨᠳᠤᠬᠢ | ᠬᠠᠮᠳᠤᠷᠠᠭᠰᠠᠨ ᠡᠵᠡᠩᠨᠡᠯᠳᠡ ᠶᠢ ᠳᠦᠷᠭᠡᠳᠭᠡᠨ ᠬᠦᠭᠵᠢᠬᠦᠯᠦᠨ᠎ᠠ︾ ᠬᠡᠮᠡᠨ ᠲᠤᠷᠠᠳᠴᠦ᠂ ᠬᠦᠳᠡᠭᠡ ᠳᠤᠰᠬᠤᠨ ᠤ | ᠬᠤᠷᠰᠢᠭᠰᠠᠨ ᠮᠦᠩᠬᠦᠨ ᠬᠦᠢᠯᠬᠡᠬᠡ ᠶᠢ ᠪᠤᠶᠢᠵᠢᠭᠤᠯᠤᠨ ᠬᠦᠭᠵᠢᠬᠦᠯᠵᠤ᠂ ᠳᠠᠷᠢᠶᠠᠴᠢᠳ ᠤᠨ ᠳᠤᠰᠬᠠᠢ | ᠬᠤᠷᠰᠢᠶ᠎ᠠ ᠶᠢᠨ ᠬᠤᠯᠪᠤᠭᠠᠳᠤ ᠬᠤᠷᠰᠢᠶ᠎ᠠ ᠶᠢ ᠬᠦᠭᠵᠢᠬᠦᠯᠬᠦ ᠶᠢ ᠬᠦᠳᠦᠯᠦᠨ ᠵᠢᠯᠤᠭᠤᠳᠬᠤ ᠭᠡᠷᠡᠭᠳᠡᠢ ᠭᠡᠬᠦ ᠮᠡᠳᠦ ᠪᠠᠷ | ᠱᠠᠭᠠᠷᠳᠠᠯ᠎ᠠ᠃ ᠡᠨᠡ ᠲᠤᠬᠠᠢ ᠦᠵᠡᠯᠳᠡ ᠪᠠᠨ ᠶᠠᠷᠢᠬᠤ ᠤᠤ︖ | ᠤᠷᠤᠨᠴᠢ᠄ ᠮᠠᠨ ᠤ ᠮᠠᠯᠵᠢᠬᠤ ᠤᠷᠤᠨ ᠳᠤ ᠲᠠᠩ ᠭᠠᠭᠴᠠ ᠪᠡᠶ᠎ᠠ ᠪᠠᠨ ᠳᠠᠭᠠᠭᠠᠨ ᠮᠠᠯ ᠠᠵᠤ ᠠᠬᠤᠢ | ᠡᠷᠬᠢᠯᠡᠵᠦ ᠪᠠᠶᠢᠭ᠎ᠠ ᠮᠠᠯᠴᠢᠨ ᠵᠤᠩᠬᠢᠯᠠᠬᠤ ᠳᠤᠭ᠎ᠠ ᠶᠢ ᠡᠵᠡᠯᠡᠵᠤ᠂ ᠮᠠᠯᠴᠢᠳ ᠤᠨ ᠳᠤᠰᠬᠠᠢ ᠬᠤᠷᠰᠢᠶ᠎ᠠ | ᠭᠠᠭᠴᠠᠭᠠᠷ ᠢᠶᠠᠨ ᠵᠠᠬ᠎ᠠ ᠳᠡᠯᠭᠡᠬᠦᠷ ᠲᠤ ᠴᠡᠷᠢᠭᠯᠡᠬᠦ ᠭᠡᠭᠴᠢ ᠮᠠᠰᠢ ᠬᠦᠴᠢᠷᠳᠡᠢ ᠶᠤᠮ᠃ ᠡᠨᠡ ᠲᠠᠯ᠎ᠠ ᠪᠠᠷ ︽ᠰᠠᠨᠠᠯ︾ | ᠳᠤ ᠮᠠᠰᠢ ᠤᠯᠠᠨ ᠳᠦᠷᠦ ᠶᠢᠨ ᠪᠤᠳᠤᠯᠭ᠎ᠠ ᠶᠢᠨ ᠳᠡᠮᠵᠢᠯᠬᠡ ᠦᠵᠡᠬᠦᠯᠬᠦ ᠶᠢ ᠲᠤᠷᠠᠳᠴᠠᠢ᠃ ᠡᠨᠡ ᠨᠢ ᠮᠠᠯᠴᠢᠳ ᠤᠨ | ᠳᠤᠰᠬᠠᠢ ᠬᠤᠷᠰᠢᠶ᠎ᠠ ᠨᠤᠭᠤᠳ ᠲᠤ ᠬᠤᠯᠪᠤᠭᠠᠳᠤ ᠬᠤᠷᠰᠢᠶ᠎ᠠ ᠪᠠᠶᠢᠭᠤᠯᠤᠨ ᠵᠠᠬ᠎ᠠ ᠳᠡᠯᠭᠡᠬᠦᠷ ᠲᠤ ᠴᠡᠷᠢᠭᠯᠡᠬᠦ ᠬᠤᠪᠤᠷ | ᠨᠠᠨᠳᠢᠨ ᠠᠵᠠ ᠲᠤᠬᠢᠶᠠᠯ ᠢ ᠤᠯᠭᠤᠪᠠ᠃ ᠡᠨᠡ ᠲᠠᠯ᠎ᠠ ᠶᠢᠨ ᠠᠵᠢᠯ ᠢ ᠭᠠᠭᠴᠠ ᠵᠠᠰᠠᠭ ᠤᠨ ᠤᠷᠳᠤᠨ ᠬᠢᠪᠡᠯ | ᠪᠤᠯᠴᠢᠬᠠᠬᠤ ᠪᠢᠰᠢ᠂ ᠠᠳᠠᠯᠢ ᠪᠤᠰᠤ ᠲᠠᠯ᠎ᠠ ᠶᠢᠨ ᠬᠢᠨ ᠦᠪᠡᠷ ᠤᠨ ᠦᠵᠡᠯᠳᠡ ᠪᠠᠷᠢᠮᠳᠠᠯᠠᠯ ᠪᠠ ᠬᠦᠰᠡᠯ | ᠱᠠᠭᠠᠷᠳᠠᠯᠭ᠎ᠠ ᠪᠠᠨ ᠴᠢᠯᠦᠬᠡᠳᠡᠢ ᠲᠠᠯᠬᠡᠵᠤ᠂ ᠪᠤᠰᠤᠳ ᠤᠨ ᠠᠰᠢᠬ ᠳᠤᠰᠠ ᠶᠢ ᠴᠤ ᠪᠤᠳᠤᠯᠬᠢᠯᠠᠬᠤ ᠭᠡᠷᠡᠭᠳᠡᠢ ᠶᠤᠮ᠃ | ᠰᠤᠷᠪᠤᠯᠵᠢᠯᠠᠭᠴᠢ᠄ ︽ᠰᠠᠨᠠᠯ︾ ᠳᠤ ︽ᠠᠵᠦ ᠠᠬᠤᠢᠢᠯᠠᠯᠵᠢᠭᠰᠠᠨ ᠡᠵᠡᠩᠨᠡᠯᠳᠡ ᠲᠤ ᠳᠤᠬᠢᠷᠠᠬᠤ | ᠤᠳᠤ ᠦᠶ᠎ᠠ ᠶᠢᠨ ᠲᠠᠷᠢᠵᠦ ᠳᠡᠵᠢᠬᠡᠬᠦ ᠦᠢᠯᠡᠰ ᠢ ᠬᠦᠭᠵᠢᠬᠦᠯᠬᠦ ᠶᠢ ᠵᠤᠷᠢᠭᠵᠢᠭᠤᠯᠤᠨ᠎ᠠ︾ ᠭᠡᠵᠤ ᠲᠤᠷᠠᠳᠤᠯ᠎ᠠ᠃ | ᠡᠨᠡ ᠲᠠᠯ᠎ᠠ ᠪᠠᠷ ᠶᠠᠭᠤ ᠶᠢ ᠠᠩᠬᠠᠷᠴᠦ᠂ ᠶᠠᠭᠠᠬᠢᠵᠤ ᠬᠢᠪᠡᠯ ᠵᠤᠬᠢᠬᠤ ᠪᠤᠢ︖ | ᠤᠷᠤᠨᠴᠢ᠄ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠳᠦᠬᠡᠭᠳᠡᠬᠦᠨ ᠢ ᠡᠳ᠋ᠰᠢᠬᠦᠯᠦᠨ | ᠪᠤᠯᠪᠠᠰᠤᠷᠠᠭᠤᠯᠵᠤ᠂ ᠬᠦᠢᠯᠬᠡᠬᠡᠵᠤ ᠪᠤᠷᠤᠯᠠᠭᠤᠯᠬᠤ ᠪᠠᠷ ᠭᠤᠤᠯ ᠪᠤᠯᠭᠠᠭᠰᠠᠨ ᠲᠠᠭᠠᠭᠤᠯᠤᠭᠴᠢ ᠠᠵᠤ ᠠᠬᠤᠢᠢᠯᠠᠯ ᠢ | ᠪᠤᠶᠢᠵᠢᠭᠤᠯᠤᠨ ᠬᠦᠭᠵᠢᠬᠦᠯᠬᠦ ᠬᠡᠷᠡᠭᠳᠠᠢ᠃ ᠲᠠᠶᠢᠮᠤ ᠪᠢᠰᠢ᠂ ᠬᠡᠷᠪᠡ ᠠᠵᠤ ᠠᠬᠤᠶᠢᠯᠠᠯ ᠤᠳ ᠭᠠᠵᠠᠷ ᠰᠢᠷᠦᠢ | ᠨᠦᠬᠡᠴᠡᠯᠡᠬᠦ ᠮᠡᠳᠤ ᠶᠢᠨ ᠤᠨᠳᠤᠤ ᠵᠤᠷᠢᠯᠭ᠎ᠠ ᠲᠠᠢ ᠪᠤᠯᠤᠭᠰᠠᠭᠠᠷ ᠮᠠᠯᠴᠢᠨ ᠲᠠᠷᠢᠶᠠᠴᠢᠨ ᠳᠤ ᠬᠡᠮᠵᠢᠶᠡᠯᠡᠰᠢ ᠦᠬᠡᠢ | ᠬᠤᠬᠢᠷᠠᠯ ᠤᠴᠠᠷᠠᠭᠤᠯᠵᠤ ᠮᠡᠳᠡᠨ᠎ᠠ᠃ ᠠᠵᠦ ᠠᠬᠤᠢᠢᠯᠠᠯ ᠢ ᠲᠡᠳᠬᠦᠨ ᠲᠠᠮᠵᠢᠵᠤ ᠪᠠᠶᠢᠭᠠᠳ ᠮᠠᠯᠴᠢᠨ | ᠲᠠᠷᠢᠶᠠᠴᠢᠨ ᠲᠠᠢ ᠠᠰᠢᠬ ᠳᠤᠰᠠ ᠶᠢᠨ ᠨᠢᠭᠳᠠ ᠬᠠᠷᠢᠴᠠᠭ᠎ᠠ ᠶᠢ ᠪᠠᠶᠢᠭᠤᠯᠵᠦ᠂ ᠬᠠᠷᠢᠯᠴᠠᠨ ᠠᠰᠢᠭᠳᠠᠢ ᠪᠦᠭᠡᠳ ᠡᠷᠭᠡ | ᠳᠡᠭᠰᠢ ᠠᠷᠠᠯᠵᠢᠶᠠᠨ ᠤ ᠰᠠᠭᠤᠷᠢᠨ ᠳᠡᠭᠡᠷ᠎ᠠ ᠬᠠᠤᠯᠢ ᠴᠠᠭᠠᠵᠠ ᠶᠢᠨ ᠭᠡᠷ᠎ᠠ ᠶᠢᠨ ᠳᠦᠷᠢᠮ ᠢ ᠭᠡᠷᠡᠭᠵᠢᠬᠦᠯᠬᠦ ᠭᠡᠷᠡᠭᠳᠡᠢ᠃ | ᠬᠠᠷᠢᠯᠴᠠᠨ ᠠᠰᠢᠬ ᠳᠤᠰᠠ ᠲᠠᠢ ᠡᠶᠢᠮᠤᠷᠬᠦ ᠬᠠᠷᠢᠴᠠᠭ᠎ᠠ ᠰᠠᠶ᠋ᠢ ᠤᠷᠳᠤ ᠤᠳᠠᠭᠠᠨ ᠳᠤᠭᠳᠠᠵᠦ᠂ ᠦᠷᠨᠢᠨ ᠬᠦᠭᠵᠢᠵᠤ | ᠲᠠᠶᠢᠯᠬᠦ ᠶᠤᠮ᠃ ︽ᠰᠠᠨᠠᠯ︾ ᠳᠤ ᠲᠤᠷᠠᠳᠤᠭᠰᠠᠨ ︽ᠤᠯᠠᠨ ᠭᠡᠯᠪᠡᠷᠢ ᠶᠢᠨ ᠲᠠᠷᠢᠶᠠᠯᠩ ᠤᠨ ᠬᠤᠯᠢᠮᠠᠭ ᠦᠮᠴᠢᠯᠡᠯ | ᠤᠨ ᠠᠵᠦ ᠠᠬᠤᠢ ᠶᠢ ᠬᠦᠭᠵᠢᠬᠦᠯᠬᠦ ᠬᠡᠷᠡᠭᠳᠠᠢ︾ ᠬᠡᠳᠡᠭ ᠨᠢ ᠨᠡᠶᠢᠳᠡ ᠶᠢᠨ ᠦᠮᠴᠢᠯᠡᠯ ᠳᠤ ᠬᠤᠪᠢ ᠶᠢᠨ ᠦᠮᠴᠢᠯᠡᠯ | ᠪᠠᠭᠳᠠᠯᠴᠠᠭᠰᠠᠨ ᠤᠯᠠᠨ ᠬᠡᠯᠪᠡᠷᠢ ᠶᠢᠨ ᠦᠮᠴᠢᠯᠡᠯ ᠤᠨ ᠬᠡᠯᠪᠡᠷᠢ ᠶᠢ ᠳᠡᠮᠵᠢᠨ ᠬᠦᠭᠵᠢᠬᠦᠯᠬᠦ ᠶᠢ ᠵᠢᠭᠠᠵᠤ ᠪᠤᠢ᠃ | ᠵᠢᠱᠢᠶᠡᠯᠡᠪᠡᠯ᠂ ᠲᠠᠶᠢᠪᠤᠰᠧ ᠬᠤᠰᠢᠭᠤᠨ ᠤ ᠪᠤᠤᠴᠠᠩ ᠲᠤ ᠨᠢᠬᠡᠨ ᠢᠳᠡᠰᠢᠨ ᠨᠤᠭᠤᠭ᠎ᠠ ᠶᠢᠨ ᠠᠷᠠᠯᠵᠢᠶ᠎ᠠ ᠶᠢᠨ | ᠨᠡᠶᠢᠳᠡ ᠶᠢᠨ ᠦᠮᠴᠢᠯᠡᠯ ᠤᠨ ᠳᠤᠮᠤ ᠵᠠᠬ᠎ᠠ ᠳᠡᠯᠭᠡᠬᠦᠷ ᠪᠤᠢ᠃ ᠭᠡᠪᠡᠴᠤ ᠲᠠᠬᠦᠨ ᠤ ᠲᠤᠳᠤᠷᠠᠬᠢ ᠮᠠᠰᠢ ᠤᠯᠠᠨ ᠵᠢᠵᠢᠭ | ᠰᠠᠩ ᠬᠦᠮᠦᠷᠬᠡ ᠨᠦᠭᠦᠳ ᠢ ᠪᠤᠯ ᠲᠠᠪᠤ ᠭᠤᠷᠪᠠᠨ ᠲᠠᠷᠢᠶᠠᠯᠠᠬᠤ ᠡᠷᠦᠬᠡ ᠠᠴᠠ ᠬᠦᠷᠦᠩᠬᠡ ᠴᠤᠭᠯᠠᠭᠤᠯᠤᠨ | ᠪᠠᠶᠢᠭᠤᠯᠤᠭᠰᠠᠨ ᠪᠤᠶᠤ ᠳᠠᠩ ᠭᠠᠭᠴᠠ ᠪᠠᠷ ᠢᠶᠠᠨ ᠪᠡᠯᠡ ᠤᠷᠤᠭᠤᠯᠵᠦ ᠪᠠᠶᠢᠭᠤᠯᠤᠭᠰᠠᠨ ᠠᠵᠢ᠃ ᠡᠨᠡ ᠪᠤᠯ ᠳᠠᠷᠤᠢ | ᠳᠤᠮᠤ ᠨᠡᠶᠢᠳᠡ ᠶᠢᠨ ᠦᠮᠴᠢᠯᠡᠯ ᠤᠨ ᠠᠵᠤ ᠠᠬᠤᠢ ᠳᠤᠳᠤᠷ᠎ᠠ ᠵᠢᠵᠢᠭ ᠵᠢᠵᠢᠭ ᠬᠤᠪᠢ ᠶᠢᠨ ᠦᠮᠴᠢᠯᠡᠯ ᠤᠨ ᠠᠵᠤ | ᠠᠬᠤᠢ ᠲᠠᠷᠬᠠᠭᠰᠠᠨ ᠨᠢᠬᠡᠨ ᠠᠮᠵᠢᠯᠳᠠ ᠲᠠᠢ ᠵᠢᠱᠢᠶ᠎ᠠ ᠪᠤᠯᠤᠨ᠎ᠠ᠃ | ᠰᠤᠷᠪᠤᠯᠵᠢᠯᠠᠭᠴᠢ᠄ ︽ᠰᠠᠨᠠᠯ︾ ᠳᠤ ︽ᠰᠢᠨ᠎ᠠ ᠮᠠᠶ᠋ᠢᠭ ᠤᠨ ᠲᠠᠷᠢᠶᠠᠯᠠᠩ ᠤᠨ ᠡᠵᠡᠩᠨᠡᠯᠳᠡ ᠶᠢᠨ | ᠭᠤᠤᠯ ᠴᠤᠭᠴᠠ ᠶᠢ ᠳᠡᠮᠵᠢᠬᠦ ᠡᠷᠴᠢᠮ ᠢᠶᠠᠨ ᠴᠢᠩᠭᠠᠷᠠᠭᠤᠯᠤᠨ᠎ᠠ︾᠂ ︽ᠦᠢᠯᠡᠳᠪᠦᠷᠢ ᠬᠤᠳᠠᠯᠳᠤᠭᠠᠨ ᠤ ᠠᠵᠦ | ᠠᠬᠤᠢᠢᠯᠠᠯ ᠤᠨ ᠲᠠᠷᠢᠶᠠᠴᠢᠨ ᠡᠷᠦᠬᠡ ᠶᠢᠨ ᠳᠠᠭᠠᠭᠠᠴᠢᠯᠠᠭᠰᠠᠨ ᠭᠠᠵᠠᠷ ᠰᠢᠷᠦᠢ ᠶᠢ ᠳᠦᠷᠢᠶᠡᠰᠦᠯᠡᠬᠦ ᠶᠢ ᠬᠢᠨᠠᠨ | ᠬᠠᠮᠢᠶᠠᠷᠬᠤ ᠪᠠ ᠳᠦᠭᠰᠢᠬᠦᠷᠢ ᠶᠢ ᠰᠡᠷᠭᠡᠶᠢᠯᠡᠬᠦ ᠶᠢ ᠴᠢᠩᠭᠠᠳᠬᠠᠬᠤ ᠭᠡᠷᠡᠭᠳᠡᠢ︾ ᠬᠡᠪᠡ᠃ ᠡᠨᠡ ᠨᠢ ᠶᠠᠭᠤ ᠶᠢ | ᠬᠠᠷᠡᠭᠤᠯᠵᠤ ᠪᠠᠶᠢᠬᠤ ᠪᠤᠢ︖ | ᠤᠷᠤᠨᠴᠢ᠄ ᠳᠦᠷᠦᠯ ᠵᠦᠢᠯ ᠤᠨ ᠪᠡᠯᠡ ᠮᠦᠩᠬᠦ᠂ ᠡᠳ᠋ ᠤᠨ ᠵᠠᠰᠠᠭ᠂ ᠮᠦᠩᠬᠦᠨ ᠬᠦᠢᠯᠬᠡᠬᠡᠨ ᠪᠠ | ᠢᠳᠡᠬᠡᠮᠵᠢᠳᠦ ᠵᠢᠬᠡᠯᠡᠯᠬᠡ ᠵᠡᠷᠭᠡ ᠲᠠᠯ᠎ᠠ ᠶᠢᠨ ᠲᠠᠮᠵᠢᠯᠬᠡ ᠬᠦᠷᠳᠡᠬᠡᠬᠦ ᠡᠳᠡᠬᠡᠳ ᠲᠤ ᠭᠡᠷ ᠪᠦᠯᠢ ᠶᠢᠨ ᠮᠠᠯᠵᠢᠯ ᠤᠨ | ᠲᠠᠯᠠᠪᠠᠢ ᠪᠤᠯᠤᠨ ᠲᠠᠷᠢᠶᠠᠯᠠᠩ ᠤᠨ ᠳᠠᠯᠠᠪᠠᠢ᠂ ᠮᠠᠯᠴᠢᠨ ᠲᠠᠷᠢᠶᠠᠴᠢᠨ ᠤ ᠲᠤᠰᠬᠠᠢ ᠬᠤᠷᠰᠢᠶ᠎ᠠ᠂ ᠲᠠᠭᠠᠭᠤᠯᠤᠭᠴᠢ ᠠᠵᠦ | ᠠᠬᠤᠢᠢᠯᠠᠯ᠂ ᠨᠡᠶᠢᠬᠡᠮ ᠤᠨ ᠦᠢᠯᠡᠴᠢᠯᠡᠭᠡᠨ ᠤ ᠪᠠᠶᠢᠭᠤᠯᠤᠮᠵᠢ ᠵᠡᠷᠭᠡ ᠪᠠᠭᠳᠠᠵᠦ᠂ ᠳᠡᠳᠡᠨ ᠳᠤ ᠳᠡᠮᠵᠢᠯᠬᠡ ᠦᠵᠡᠬᠦᠯᠬᠦ | ᠡᠷᠴᠢᠮ ᠢᠶᠠᠨ ᠴᠢᠩᠭᠠᠷᠠᠭᠤᠯᠬᠤ ᠪᠤᠯᠤᠨ᠎ᠠ᠃ ᠡᠬᠦᠨ ᠳᠤ ᠪᠠᠷᠢᠮᠵᠢᠶ᠎ᠠ ᠪᠠᠨ ᠬᠡᠷᠬᠢᠨ ᠳᠤᠭᠳᠠᠭᠠᠬᠤ᠂ ᠳᠦᠷᠦ ᠶᠢᠨ | ᠪᠤᠳᠤᠯᠭ᠎ᠠ ᠶᠢᠨ ᠦᠢᠯᠡᠳᠦᠯ ᠢ ᠬᠡᠷᠬᠢᠨ ᠪᠠᠳᠠᠷᠠᠭᠤᠯᠬᠤ᠂ ᠡᠷᠭᠡ ᠳᠡᠭᠰᠢ ᠶᠢ ᠭᠡᠷᠬᠢᠨ ᠪᠡᠶᠡᠯᠡᠬᠦᠯᠬᠦ ᠵᠡᠷᠭᠡ ᠪᠤᠳᠠᠳᠠᠢ | ᠠᠰᠠᠭᠤᠳᠠᠯ ᠤᠳ ᠢ ᠰᠢᠢᠳᠪᠦᠷᠢᠯᠡᠬᠦ ᠶᠢᠨ ᠬᠠᠮᠳᠤ ᠵᠢᠯᠤᠭᠤᠳᠤᠮᠵᠢ ᠶᠢᠨ ᠴᠢᠨᠠᠷᠳᠠᠢ ᠵᠦᠢᠯᠡᠰ ᠢ ᠵᠦᠪ ᠪᠠᠶᠢᠷᠢᠰᠢᠭᠤᠯᠵᠦ | ᠂ ᠤᠯᠠᠨ ᠳᠦᠮᠡᠨ ᠳᠤ ᠵᠦᠪ ᠵᠢᠯᠤᠭᠤᠳᠤᠮᠵᠢ ᠬᠦᠷᠳᠡᠭᠡᠬᠦ ᠴᠢᠬᠤᠯᠠᠳᠠᠢ᠃ ᠪᠠᠰᠠ ᠶᠠᠮᠠᠷ ᠠᠵᠤ ᠠᠬᠤᠢᠢᠯᠠᠯ ᠨᠢ ᠤᠬᠤᠷ | ᠬᠤᠭᠤᠴᠠᠭᠠᠨ ᠤ ᠪᠡᠯᠡ ᠴᠤᠭᠯᠠᠭᠤᠯᠬᠤ ᠳᠡᠮᠳᠡᠭᠳᠦ ᠲᠠᠷᠬᠠᠭᠠᠵᠦ ᠪᠤᠯᠬᠤ ᠵᠡᠷᠭᠡ ᠶᠢ ᠪᠤᠳᠠᠳᠠᠢ ᠳᠤᠭᠳᠠᠭᠠᠬᠤ | ᠴᠢᠬᠤᠯᠠᠳᠠᠢ ᠰᠢᠬ ᠪᠤᠳᠤᠭᠳᠠᠵᠦ ᠪᠤᠢ᠃ | ︽ᠦᠢᠯᠡᠳᠪᠦᠷᠢ ᠬᠤᠳᠠᠯᠳᠤᠭᠠᠨ ᠤ ᠠᠵᠦ ᠠᠬᠤᠢᠢᠯᠠᠯ ᠤᠨ ᠲᠠᠷᠢᠶᠠᠴᠢᠨ ᠡᠷᠦᠬᠡ ᠶᠢᠨ | ᠳᠠᠭᠠᠭᠠᠴᠢᠯᠠᠭᠰᠠᠨ ᠭᠠᠵᠠᠷ ᠰᠢᠷᠦᠢ ᠶᠢ ᠳᠦᠷᠢᠶᠡᠰᠦᠯᠡᠬᠦ ᠶᠢ ᠬᠢᠨᠠᠨ ᠬᠠᠮᠢᠶᠠᠷᠬᠤ ᠪᠠ ᠳᠦᠭᠰᠢᠬᠦᠷᠢ ᠶᠢ ᠰᠡᠷᠭᠡᠶᠢᠯᠡᠬᠦ ᠶᠢ | ᠴᠢᠩᠭᠠᠳᠬᠠᠨ᠎ᠠ︾ ᠬᠡᠳᠡᠭ ᠨᠢ ᠭᠤᠤᠯᠳᠠᠭᠤ ᠳᠤᠮᠤ ᠠᠵᠦ ᠠᠬᠤᠢᠢᠯᠠᠯ ᠠᠴᠠ ᠮᠠᠯᠴᠢᠨ ᠲᠠᠷᠢᠶᠠᠴᠢᠨ ᠤ ᠲᠠᠷᠢᠶᠠᠨ | ᠭᠠᠵᠠᠷ᠂ ᠨᠤᠳᠤᠭ ᠪᠡᠯᠴᠢᠬᠡᠷ ᠢ ᠳᠦᠷᠢᠶᠡᠰᠦᠯᠡᠭᠰᠡᠨ ᠤ ᠰᠡᠬᠦᠯᠡᠷ ᠭᠡᠷᠪᠡ ᠠᠶᠤᠯ ᠳᠦᠭᠰᠢᠬᠦᠷᠢ ᠭᠠᠷᠪᠠᠯ ᠭᠡᠨ | ᠬᠠᠷᠢᠭᠤᠴᠠᠬᠤ ᠳᠤᠬᠠᠢ ᠳᠤᠳᠤᠷᠬᠠᠢ ᠪᠠᠷᠢᠮᠳᠠ ᠭᠠᠷᠭᠠᠬᠤ ᠶᠢ ᠵᠢᠭᠠᠵᠤ ᠪᠤᠢ᠃ ᠪᠤᠳᠠᠳᠠᠢ ᠪᠠᠷ ᠬᠡᠯᠡᠪᠡᠯ᠂ ᠠᠵᠦ | ᠠᠬᠤᠢᠢᠯᠠᠯ ᠮᠠᠯᠴᠢᠨ ᠲᠠᠷᠢᠶᠠᠴᠢᠨ ᠤ ᠨᠤᠳᠤᠭ ᠪᠡᠯᠴᠢᠬᠡᠷ᠂ ᠲᠠᠷᠢᠶᠠᠨ ᠭᠠᠵᠠᠷ ᠢ ᠲᠦᠷᠢᠶᠠᠰᠦᠯᠡᠬᠡᠳ ᠤᠯᠠᠨ ᠵᠢᠯ | ᠪᠤᠯᠤᠭᠰᠠᠨ ᠤ ᠲᠠᠷᠠᠭ᠎ᠠ ᠵᠠᠬ᠎ᠠ ᠳᠡᠯᠭᠡᠬᠦᠷ ᠤᠨ ᠦᠨ᠎ᠠ ᠬᠠᠩᠰᠢ ᠬᠤᠪᠢᠷᠠᠭᠰᠠᠨ ᠪᠤᠯᠪᠠᠴᠤ ᠳᠦᠷᠢᠶᠡᠰᠦᠨ ᠦᠨ᠎ᠠ | ᠬᠠᠩᠰᠢ ᠬᠤᠪᠢᠷᠠᠭᠰᠠᠨ ᠦᠬᠡᠢ︔ ᠨᠤᠳᠤᠭ ᠪᠡᠯᠴᠢᠬᠡᠷ᠂ ᠲᠠᠷᠢᠶᠠᠨ ᠭᠠᠵᠠᠷ ᠤᠨ ᠦᠨ᠎ᠠ ᠦᠰᠦᠭᠰᠡᠨ ᠪᠤᠯᠪᠠᠴᠤ | ᠮᠠᠯᠴᠢᠨ ᠲᠠᠷᠢᠶᠠᠴᠢᠨ ᠳᠤ ᠨᠦᠬᠦᠵᠦ ᠦᠭᠬᠦᠭᠰᠡᠨ ᠦᠬᠡᠢ ᠮᠡᠳᠤ ᠶᠢᠨ ᠠᠰᠠᠭᠤᠳᠠᠯ ᠤᠳ ᠢ ᠰᠢᠢᠳᠪᠤᠷᠢᠯᠡᠬᠦ ᠪᠤᠯᠤᠨ᠎ᠠ᠃ | ᠡᠬᠦᠨ ᠳᠤ ᠵᠠᠰᠠᠭ ᠤᠨ ᠤᠷᠳᠤᠨ ᠠᠴᠠ ᠭᠠᠳᠠᠨ᠎ᠠ ᠭᠤᠷᠪᠠᠳᠤᠭᠠᠷ ᠡᠳᠡᠭᠡᠳ ᠪᠠᠶᠢᠵᠦ᠂ ᠨᠡᠶᠢᠳᠡ ᠶᠢᠨ ᠠᠰᠠᠷᠠᠮᠵᠢ ᠶᠢᠨ | ᠬᠡᠯᠪᠡᠷᠢ ᠪᠠᠷ ᠬᠠᠤᠯᠢ ᠴᠠᠭᠠᠵᠠ ᠶᠢᠨ ᠦᠢᠯᠡᠴᠢᠯᠡᠭᠡ ᠬᠠᠩᠭᠠᠬᠤ ᠶᠢ ᠪᠠᠳᠤᠯᠠᠪᠠᠯ ᠵᠤᠬᠢᠨ᠎ᠠ᠃ ᠭᠡᠬᠦ ᠲᠡᠭᠡᠨ ᠵᠠᠰᠠᠭ ᠤᠨ | ᠤᠷᠳᠤᠨ ᠠᠴᠠ ᠵᠠᠷᠤᠳᠠᠯ ᠮᠦᠩᠬᠦ ᠦᠭᠬᠦ ᠵᠡᠷᠭᠡ ᠠᠷᠭ᠎ᠠ ᠪᠠᠷ ᠡᠳᠡᠭᠡᠷ ᠵᠤᠬᠢᠶᠠᠨ ᠪᠠᠶᠢᠭᠤᠯᠤᠯᠳᠠ ᠶᠢ ᠲᠠᠳᠬᠦᠨ ᠲᠠᠮᠵᠢᠬᠦ | ᠴᠢᠬᠤᠯᠠᠳᠠᠢ᠃ | | |