ᠥᠪᠥᠷ ᠵᠠᠰᠠᠭ ᠠᠯᠪᠠᠨ ᠲᠠᠷᠬᠠᠭᠠᠭᠰᠠᠨ ﹇2014﹈ 67 ᠳ᠋ᠤᠭᠠᠷ | ᠲᠤᠭᠠᠳᠤ | | ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠤᠷᠳᠤᠨ᠂ ᠦᠪᠡᠷᠲᠡᠭᠡᠨ ᠵᠠᠰᠠᠬᠤ ᠤᠷᠤᠨ ᠤ | ᠡᠯ᠎ᠡ ᠵᠦᠪᠯᠡᠯ᠂ ᠠᠯᠪᠠᠨ ᠭᠡᠷ᠂ ᠲᠢᠩᠬᠢᠮ᠂ ᠲᠤᠪᠴᠢᠶ᠎ᠡ᠂ ᠡᠯ᠎ᠡ ᠲᠤᠮᠦ ᠠᠵᠤ ᠠᠬᠤᠶᠢᠯᠠᠯ᠂ ᠠᠵᠢᠯ ᠦᠢᠯᠡᠰ ᠤᠨ | ᠨᠢᠭᠡᠴᠡ ᠳᠤ᠄ | ᠤᠤᠯ ᠤᠨ ᠬᠦᠳᠡᠯᠮᠦᠷᠢ ᠪᠠ ᠨᠡᠶᠢᠭᠡᠮ ᠤᠨ ᠪᠠᠳᠣᠯᠠᠭ᠎ᠠ ᠤᠨ ᠶᠠᠮᠣᠨ ᠤ ︽ᠬᠠᠮᠤᠭ ᠤᠨ ᠲᠣᠣᠷ᠎ᠠ | ᠴᠠᠯᠢᠩ ᠤᠨ ᠲᠣᠭᠳᠠᠭᠠᠯ︾ ︵﹇2014﹈ 21 ᠳ᠋ᠤᠭᠡᠷ ᠲᠣᠭᠠᠲᠦ ᠵᠠᠷᠯᠢᠭ︶ ᠢ ᠦᠨᠳᠦᠰᠦᠯᠡᠨ᠂ ᠮᠠᠨ ᠤ | ᠣᠷᠣᠨ ᠤ ᠠᠵᠣ ᠠᠬᠤᠢ ᠶᠢᠨ ᠬᠦᠭᠵᠢᠯᠳᠡ ᠪᠤᠯᠤᠨ ᠠᠵᠢᠯᠲᠠᠨ ᠠᠵᠢᠯᠴᠢᠨ ᠤ ᠴᠠᠯᠢᠩ ᠤᠨ ᠬᠢᠷᠢ ᠬᠡᠮᠵᠢᠶ᠎ᠡ ᠶᠢᠨ | ᠦᠰᠦᠯᠳᠡ ᠶᠢᠨ ᠪᠠᠶᠢᠳᠠᠯ ᠲᠠᠢ ᠣᠶᠠᠯᠳᠣᠭᠤᠯᠵᠣ᠂ ᠦᠪᠡᠷᠳᠡᠭᠡᠨ ᠵᠠᠰᠠᠬᠤ ᠣᠷᠣᠨ ᠤ 2014 ᠣᠨ ᠤ ᠬᠠᠮᠤᠭ ᠤᠨ | ᠲᠤᠤᠷ᠎ᠠ ᠴᠠᠯᠢᠩ ᠤᠨ ᠪᠠᠷᠢᠮᠵᠢᠶ᠎ᠠ ᠪᠤᠯᠤᠨ ᠪᠦᠬᠦᠯᠢ ᠡᠳᠦᠷ ᠤᠨ ᠪᠣᠰᠦ ᠲᠦᠷᠢᠮᠲᠦ ᠠᠵᠢᠯ ᠤᠨ ᠴᠠᠭ ᠤᠨ ᠬᠠᠮᠤᠭ ᠤᠨ | ᠲᠣᠣᠷ᠎ᠠ ᠴᠠᠯᠢᠩ ᠤᠨ ᠪᠠᠷᠢᠮᠵᠢᠶ᠎ᠠ ᠶᠢ ᠲᠣᠬᠢᠷᠠᠭᠤᠯᠬᠤ ᠪᠠᠷ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠠᠴᠠ ᠲᠣᠭᠳᠠᠭᠠᠪᠠ᠃ ᠡᠳᠦᠭᠡ ᠬᠤᠯᠪᠤᠭᠳᠠᠯ ᠪᠦᠬᠦᠢ ᠤᠴᠢᠷ ᠢ ᠲᠣᠣᠷᠠᠬᠢ ᠮᠡᠲᠦ ᠮᠡᠳᠡᠭᠳᠡᠶ᠎ᠡ᠄ | ᠨᠢᠭᠡᠳᠦᠭᠡᠷ ᠲᠦᠷᠦᠯ ᠤᠨ ᠭᠠᠵᠠᠷ ᠣᠷᠣᠨ᠄ ᠬᠦᠬᠡᠬᠤᠳᠠ ᠶᠢᠨ ᠰᠢᠨ᠎ᠡ ᠬᠤᠳᠠ ᠲᠤᠭᠤᠷᠢᠭ ᠵᠡᠷᠭᠡ 15 | ᠲᠣᠭᠤᠷᠢᠭ᠂ ᠡᠷᠢᠶᠡᠨ ᠬᠤᠳᠠ ᠵᠡᠷᠭᠡ 2 ᠠᠰ ᠢᠶᠠᠷ ᠢᠶᠠᠨ ᠲᠦᠯᠦᠪᠯᠡᠭᠡ ᠲᠣᠭᠳᠠᠭᠠᠬᠤ ᠬᠤᠳᠠ ᠪᠤᠯᠤᠨ ᠠᠯᠠᠱᠠ | ᠵᠡᠭᠦᠨ ᠬᠤᠰᠢᠭᠤ ᠵᠡᠷᠭᠡ 10 ᠬᠤᠰᠢᠭᠤᠨ ᠤ ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠨᠢ ᠰᠠᠷ᠎ᠠ ᠳᠤ 1500 | ᠲᠦᠭᠦᠷᠢᠭ᠂ ᠪᠦᠬᠦᠯᠢ ᠡᠳᠦᠷ ᠤᠨ ᠪᠣᠰᠦ ᠲᠦᠷᠢᠮᠲᠦ ᠠᠵᠢᠯᠯᠠᠬᠤ ᠴᠠᠭ ᠤᠨ ᠬᠠᠮᠤᠭ ᠤᠨ ᠲᠣᠣᠷ᠎ᠠ ᠴᠠᠯᠢᠩ ᠤᠨ | ᠪᠠᠷᠢᠮᠵᠢᠶ᠎ᠠ ᠨᠢ ᠴᠠᠭ ᠲᠤ 12.2 ᠲᠦᠭᠦᠷᠢᠭ ᠪᠣᠯᠤᠨ᠎ᠠ᠃ | ᠬᠤᠶᠠᠳᠣᠭᠠᠷ ᠲᠦᠷᠦᠯ ᠤᠨ ᠭᠠᠵᠠᠷ ᠣᠷᠣᠨ᠄ ᠬᠦᠯᠦᠨ ᠪᠤᠶᠢᠷ ᠬᠤᠳᠠ ᠶᠢᠨ ᠬᠠᠶᠢᠯᠠᠷ ᠲᠤᠭᠤᠷᠢᠭ | ᠵᠡᠷᠭᠡ 6 ᠲᠤᠭᠤᠷᠢᠭ᠂ ᠲᠤᠭᠳᠠᠬᠤ ᠰᠢᠶᠠᠨ ᠵᠡᠷᠭᠡ 5 ᠰᠢᠶᠠᠨ᠂ ᠰᠢᠯᠢᠩᠬᠤᠲᠠ ᠵᠡᠷᠭᠡ 3 ᠰᠢᠶᠠᠨ ᠤ ᠲᠡᠰ ᠤᠨ | ᠬᠤᠳᠠ ᠪᠤᠯᠤᠨ ᠠᠷᠣᠨ ᠬᠤᠰᠢᠭᠤ ᠵᠡᠷᠭᠡ 9 ᠬᠤᠰᠢᠭᠤᠨ ᠤ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶ᠎ᠠ ᠨᠢ | ᠰᠠᠷ᠎ᠠ ᠳᠤ 1400 ᠲᠦᠭᠦᠷᠢᠭ᠂ ᠪᠦᠬᠦᠯᠢ ᠡᠳᠦᠷ ᠤᠨ ᠪᠣᠰᠦ ᠲᠦᠷᠢᠮᠲᠦ ᠠᠵᠢᠯᠯᠠᠬᠤ ᠴᠠᠭ ᠤᠨ ᠬᠠᠮᠤᠭ ᠤᠨ | ᠲᠣᠣᠷ᠎ᠠ ᠴᠠᠯᠢᠩ ᠤᠨ ᠪᠠᠷᠢᠮᠵᠢᠶ᠎ᠠ ᠨᠢ ᠴᠠᠭ ᠲᠤ 11.4 ᠲᠦᠭᠦᠷᠢᠭ ᠪᠣᠯᠤᠨ᠎ᠠ᠃ | ᠭᠤᠷᠪᠠᠳᠣᠭᠠᠷ ᠲᠦᠷᠦᠯ ᠤᠨ ᠭᠠᠵᠠᠷ ᠣᠷᠣᠨ᠄ ᠪᠠᠶᠠᠨᠨᠠᠭᠤᠷ ᠬᠤᠳᠠ ᠶᠢᠨ ᠯᠢᠩᠾᠤ ᠲᠤᠭᠤᠷᠢᠭ᠂ | ᠺᠠᠶᠢᠯᠣ ᠰᠢᠶᠠᠨ ᠵᠡᠷᠭᠡ 4 ᠰᠢᠶᠠᠨ᠂ ᠣᠯᠠᠭᠠᠠᠬᠤᠳᠠ ᠵᠡᠷᠭᠡ 3 ᠰᠢᠶᠠᠨ ᠤ ᠲᠡᠰ ᠤᠨ ᠬᠤᠳᠠ ᠪᠣᠯᠣᠨ ᠪᠠᠭᠠᠷᠢᠨ | ᠪᠠᠷᠠᠭᠤᠨ ᠬᠤᠰᠢᠭᠤ ᠵᠡᠷᠭᠡ 16 ᠬᠤᠰᠢᠭᠤᠨ ᠤ ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠨᠢ ᠰᠠᠷ᠎ᠠ ᠳᠤ | 1300 ᠲᠦᠭᠦᠷᠢᠭ᠂ ᠪᠦᠬᠦᠯᠢ ᠡᠳᠦᠷ ᠤᠨ ᠪᠣᠰᠦ ᠲᠦᠷᠢᠮᠲᠦ ᠠᠵᠢᠯᠯᠠᠬᠤ ᠴᠠᠭ ᠤᠨ ᠬᠠᠮᠤᠭ ᠤᠨ ᠲᠣᠣᠷ᠎ᠠ | ᠴᠠᠯᠢᠩ ᠤᠨ ᠪᠠᠷᠢᠮᠵᠢᠶ᠎ᠠ ᠨᠢ ᠴᠠᠭ ᠲᠤ 10.5 ᠲᠦᠭᠦᠷᠢᠭ ᠪᠣᠯᠤᠨ᠎ᠠ᠃ | ᠲᠦᠷᠪᠡᠳᠦᠭᠡᠷ ᠲᠦᠷᠦᠯ ᠤᠨ ᠭᠠᠵᠠᠷ ᠣᠷᠣᠨ᠄ ᠵᠦᠤᠤᠽᠢ ᠰᠢᠶᠠᠨ ᠵᠡᠷᠭᠡ 8 ᠰᠢᠶᠠᠨ᠂ ᠷᠠᠰᠢᠶᠠᠨ | ᠬᠤᠳᠠ ᠵᠡᠷᠭᠡ 3 ᠰᠢᠶᠠᠨ ᠤ ᠲᠡᠰ ᠤᠨ ᠬᠤᠳᠠ ᠪᠤᠯᠤᠨ ᠬᠦᠷᠢᠶ᠎ᠡ ᠬᠤᠰᠢᠭᠤ ᠵᠡᠷᠭᠡ 17 ᠬᠤᠰᠢᠭᠤᠨ ᠤ ᠬᠠᠮᠤᠭ ᠤᠨ | ᠲᠤᠤᠷ᠎ᠠ ᠴᠠᠯᠢᠩ ᠤᠨ ᠪᠠᠷᠢᠮᠵᠢᠶ᠎ᠠ ᠨᠢ ᠰᠠᠷ᠎ᠠ ᠳᠤ 1200 ᠲᠦᠭᠦᠷᠢᠭ᠂ ᠪᠦᠬᠦᠯᠢ ᠡᠳᠦᠷ ᠤᠨ ᠪᠣᠰᠦ ᠲᠦᠷᠢᠮᠲᠦ | ᠠᠵᠢᠯᠯᠠᠬᠤ ᠴᠠᠭ ᠤᠨ ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠨᠢ ᠴᠠᠭ ᠲᠤ 9.7 ᠲᠦᠭᠦᠷᠢᠭ ᠪᠣᠯᠤᠨ᠎ᠠ᠃ | ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠳᠤ ᠪᠠᠭᠳᠠᠬᠤ ᠨᠢ᠄ ᠦᠨᠳᠦᠰᠦᠨ ᠨᠠᠰᠣᠵᠢᠯ ᠤᠨ | ᠲᠠᠭᠠᠳᠬᠠᠯ ᠤᠨ ᠮᠦᠩᠭᠦ᠂ ᠡᠮᠨᠡᠯᠭᠡ ᠶᠢᠨ ᠲᠠᠭᠠᠳᠬᠠᠯ ᠤᠨ ᠮᠦᠩᠭᠦ᠂ ᠠᠵᠢᠯ ᠠᠯᠳᠠᠯᠲᠠ ᠶᠢᠨ ᠲᠠᠭᠠᠳᠬᠠᠯ ᠤᠨ ᠮᠦᠩᠭᠦ | ᠪᠤᠯᠤᠨ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠭᠤᠯᠭ᠎ᠠ ᠶᠢᠨ ᠮᠦᠩᠭᠦ ᠶᠢᠨ ᠬᠤᠪᠢ ᠬᠦᠮᠦᠨ ᠤ ᠲᠤᠰᠢᠶᠠᠬᠤ | ᠬᠡᠰᠡᠭ᠃ | ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠳᠤ ᠳᠣᠣᠷ᠎ᠠ ᠵᠢᠭᠰᠠᠭᠠᠭᠰᠠᠨ ᠠᠭᠤᠯᠭ᠎ᠠ ᠪᠠᠭᠳᠠᠬᠤ | ᠦᠭᠡᠢ᠄ ᠠᠵᠢᠯᠯᠠᠬᠤ ᠴᠠᠭ ᠢ ᠣᠷᠳᠣᠳᠬᠠᠭᠰᠠᠨ ᠤ ᠴᠠᠯᠢᠩ︔ ᠦᠳᠡ ᠶᠢᠨ ᠡᠭᠡᠯᠵᠢ᠂ ᠦᠳᠡᠰᠢ ᠶᠢᠨ ᠡᠭᠡᠯᠵᠢ᠂ | ᠦᠨᠳᠦᠷ ᠲᠣᠯᠠᠭᠠᠨ᠂ ᠲᠣᠣᠷ᠎ᠠ ᠲᠣᠯᠠᠭᠠᠨ᠂ ᠬᠤᠳᠳᠤᠭ ᠳᠣᠣᠷ᠎ᠠ᠂ ᠬᠤᠣᠷ ᠪᠠ ᠬᠦᠨᠦᠭᠡᠯ ᠲᠠᠢ ᠵᠡᠷᠭᠡ ᠣᠨᠴᠣᠭᠤᠢ | ᠨᠦᠭᠦᠴᠡᠯ ᠤᠨ ᠲᠣᠣᠷᠠᠬᠢ ᠨᠡᠮᠡᠭᠦᠷᠢ︔ ᠬᠠᠣᠯᠢ ᠲᠣᠭᠳᠠᠭᠠᠯ ᠪᠤᠯᠤᠨ ᠣᠯᠣᠰ ᠠᠴᠠ ᠲᠣᠭᠲᠠᠭᠠᠭᠰᠠᠨ | ᠬᠦᠳᠡᠯᠮᠦᠷᠢᠯᠡᠭᠴᠢᠳ ᠤᠨ ᠠᠰᠠᠷᠠᠮᠵᠢ ᠶᠢᠨ ᠣᠯᠭᠤᠮᠵᠢ ᠵᠡᠷᠭᠡ᠃ | ᠡᠭᠦᠨ ᠠᠴᠠ ᠭᠠᠳᠠᠨ᠎ᠠ᠂ ᠪᠦᠬᠦᠯᠢ ᠡᠳᠦᠷ ᠤᠨ ᠪᠣᠰᠦ ᠲᠦᠷᠢᠮᠲᠦ ᠠᠵᠢᠯ ᠣᠯᠣᠭᠰᠠᠨ | ᠬᠦᠳᠡᠯᠮᠦᠷᠢᠯᠡᠭᠴᠢᠳ ᠲᠤ ᠬᠦᠮᠦᠨ ᠬᠡᠷᠡᠭᠯᠡᠬᠦ ᠨᠢᠭᠡᠴᠡ ᠶᠢᠨ ᠦᠭᠬᠦ ᠵᠣᠭᠤᠰᠤᠨ ᠴᠠᠯᠢᠩ ᠨᠢ ᠴᠠᠭ ᠤᠨ ᠬᠠᠮᠤᠭ ᠤᠨ | ᠲᠤᠤᠷ᠎ᠠ ᠴᠠᠯᠢᠩ ᠤᠨ ᠪᠠᠷᠢᠮᠵᠢᠶ᠎ᠠ ᠠᠴᠠ ᠲᠣᠣᠷ᠎ᠠ ᠪᠠᠶᠢᠵᠤ ᠪᠤᠯᠬᠤ ᠦᠭᠡᠢ᠂ ᠨᠢᠭᠡᠴᠡ ᠶᠢᠨ ᠬᠠᠣᠯᠢ ᠶᠣᠰᠣᠭᠠᠷ | ᠲᠤᠰᠢᠶᠠᠬᠤ ᠨᠡᠶᠢᠭᠡᠮ ᠤᠨ ᠪᠠᠳᠣᠯᠠᠭ᠎ᠠ ᠶᠢᠨ ᠵᠠᠷᠤᠳᠠᠯ ᠪᠤᠯᠤᠨ ᠣᠷᠣᠨ ᠰᠠᠭᠤᠴᠠ ᠶᠢᠨ ᠨᠡᠶᠢᠳᠡ ᠶᠢᠨ | ᠬᠤᠷᠠᠮᠳᠣᠭᠤᠯᠭ᠎ᠠ ᠶᠢᠨ ᠮᠦᠩᠭᠦ ᠶᠢ ᠬᠦᠮᠦᠨ ᠬᠡᠷᠡᠭᠯᠡᠬᠦ ᠨᠢᠭᠡᠴᠡ ᠨᠦᠭᠦᠳ ᠲᠤᠭᠳᠠᠭᠠᠯ ᠶᠣᠰᠣᠭᠠᠷ ᠠᠰ ᠲᠤᠨᠢ | ᠲᠤᠰᠢᠶᠠᠬᠤ ᠬᠡᠷᠡᠭᠲᠠᠢ᠃ | ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠶᠢ ᠬᠡᠷᠡᠭᠵᠢᠭᠦᠯᠬᠦ ᠨᠢᠭᠡᠴᠡ ᠪᠦᠬᠦᠨ ᠲᠤᠬᠠᠢ ᠶᠢᠨ | ᠭᠠᠵᠠᠷ ᠤᠨ ᠬᠦᠮᠦᠨ ᠤ ᠬᠦᠴᠥᠨ ᠤ ᠡᠬᠢ ᠪᠠᠶᠠᠯᠢᠭ ᠬᠢᠭᠡᠳ ᠨᠡᠶᠢᠭᠡᠮ ᠤᠨ ᠪᠠᠳᠣᠯᠠᠭ᠎ᠠ ᠶᠢᠨ ᠰᠠᠯᠠᠭ᠎ᠠ ᠮᠦᠴᠢᠷ ᠲᠤ | ᠴᠠᠭ ᠲᠣᠬᠠᠢ ᠳᠤᠨᠢ ᠬᠦᠷᠴᠦ ᠲᠠᠩᠰᠠᠯᠠᠭᠤᠯᠬᠤ ᠬᠡᠷᠡᠭᠲᠠᠢ᠃ | ᠲᠤᠬᠢᠷᠠᠭᠤᠯᠣᠭᠰᠠᠨ ᠤ ᠲᠡᠷᠡᠭᠠᠬᠢ ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠬᠢᠭᠡᠳ ᠪᠦᠬᠦᠯᠢ | ᠡᠳᠦᠷ ᠤᠨ ᠪᠣᠰᠦ ᠲᠦᠷᠢᠮᠲᠦ ᠠᠵᠢᠯᠯᠠᠬᠤ ᠴᠠᠭ ᠤᠨ ᠬᠠᠮᠤᠭ ᠤᠨ ᠲᠣᠣᠷ᠎ᠠ ᠴᠠᠯᠢᠩ ᠤᠨ ᠪᠠᠷᠢᠮᠵᠢᠶ᠎ᠠ ᠶᠢ 2014 | ᠣᠨ ᠤ 7 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ | |