6 ᠰᠠᠷ᠎ᠠ ᠶᠢᠨ 13 ᠤ ᠡᠳᠦᠷ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ 53 ᠳ᠋ᠤᠭᠠᠷ | ᠬᠤᠭᠤᠴᠠᠭᠠᠨ ᠤ ᠤᠳᠤᠷᠢᠳᠬᠤ ᠺᠠᠳ᠋ᠷᠴᠤᠳ ᠤᠨ ᠭᠠᠷᠠᠭ ᠤᠨ ᠠᠮᠠᠷᠠᠯᠲᠠ ᠶᠢᠨ ᠲᠠᠶᠢᠯᠤᠮᠵᠢ ᠡᠷᠬᠢᠯᠡᠵᠦ᠂ ᠭᠠᠳᠠᠭᠠᠳᠤ | ᠬᠠᠷᠢᠯᠴᠠᠭᠠᠨ ᠤ ᠲᠡᠭᠡᠳᠦ ᠰᠤᠷᠭᠠᠭᠤᠯᠢ ᠶᠢᠨ ᠲᠡᠳ᠋ ᠵᠠᠬᠢᠷᠤᠯ ᠵᠢᠶᠠᠩ ᠷᠦᠢ ᠫᠢᠡᠭ ᠢ ᠤᠷᠢᠵᠤ ︽︿ᠨᠢᠭᠡ ᠪᠦᠰᠡ | ᠨᠢᠭᠡ ᠵᠠᠮ﹀ ᠤᠨ ᠪᠠᠶᠢᠯᠳᠤᠬᠤ ᠪᠤᠳᠤᠯᠭ᠎ᠠ ᠶᠢ ᠪᠦᠬᠦ ᠲᠠᠯ᠎ᠠ ᠪᠠᠷ ᠠᠬᠢᠭᠤᠯᠤᠶ᠎ᠠ︾ ᠰᠡᠳᠦᠪ ᠢᠶᠠᠷ ᠶᠠᠷᠢᠶ᠎ᠠ ᠲᠠᠶᠢᠯᠤᠮᠵᠢ | ᠬᠢᠯᠭᠡᠵᠠᠢ᠃ | ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠷᠧᠨ ᠶᠠ ᠫᠢᠩ᠂ | ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ ᠭᠦᠸᠧ ᠴᠢ ᠵᠢᠶᠦ᠋ᠨ᠂ ᠵᠧᠩ ᠹᠦ᠋ ᠲᠢᠶᠡᠨ ᠪᠤᠯᠤᠨ | ᠦᠪᠡᠷᠳᠡᠭᠡᠨ ᠵᠠᠰᠠᠬᠤ ᠤᠷᠤᠨ ᠤ ᠬᠠᠮᠢᠶ᠎ᠡ ᠪᠦᠭᠦᠢ ᠰᠠᠯᠠᠭ᠎ᠠ ᠮᠦᠴᠢᠷ᠂ ᠭᠡᠰᠡᠭ ᠠᠵᠤ ᠠᠬᠤᠢᠢᠯᠠᠯ ᠠᠵᠢᠯ | ᠦᠢᠯᠡᠰ ᠤᠨ ᠨᠢᠭᠡᠴᠡ ᠶᠢᠨ ᠭᠠᠵᠠᠷ ᠤᠨ ᠲᠡᠰ ᠠᠴᠠ ᠲᠡᠭᠡᠭᠰᠢᠬᠢ ᠺᠠᠳ᠋ᠷ ᠨᠠᠷ ᠲᠡᠶᠢᠯᠤᠮᠵᠢ ᠶᠢ ᠰᠤᠨᠤᠰᠤᠬᠰᠠᠨ | ᠪᠠᠶᠢᠨ᠎ᠡ᠃ | ︽ᠨᠢᠭᠡ ᠪᠦᠰᠡ ᠨᠢᠭᠡ ᠵᠠᠮ︾ ᠤᠨ ᠪᠠᠶᠢᠯᠳᠤᠬᠤ ᠪᠤᠳᠤᠯᠭ᠎ᠠ ᠪᠤᠯ ᠰᠢ ᠶᠢᠨ ᠫᠢᠡᠭ ᠨᠦᠬᠦᠷ ᠢᠶᠠᠷ | ᠶᠡᠷᠦᠩᠬᠡᠢ ᠱᠦᠵᠢ ᠪᠤᠯᠭᠠᠭᠰᠠᠨ ᠨᠠᠮ ᠤᠨ ᠲᠦᠪ ᠬᠤᠷᠢᠶ᠎ᠠ ᠶᠢᠨ ᠪᠦᠬᠦ ᠪᠦᠮᠪᠦᠷᠴᠡᠭ ᠤᠨ ᠬᠤᠪᠢᠷᠠᠯᠲᠠ ᠶᠢᠨ ᠪᠠᠶᠢᠳᠠᠯ᠂ | ᠤᠯᠤᠰ ᠤᠨ ᠭᠠᠳᠠᠭᠠᠳᠤ ᠲᠤᠲᠤᠭᠠᠳᠤ ᠶᠢᠨ ᠶᠡᠭᠡ ᠲᠠᠯ᠎ᠠ ᠶᠢᠨ ᠪᠠᠶᠢᠳᠠᠯ ᠳᠤ ᠬᠠᠨᠳᠤᠭᠤᠯᠤᠨ ᠭᠠᠷᠭᠠᠭᠰᠠᠨ ᠴᠢᠬᠤᠯᠠ | ᠶᠡᠭᠡ ᠪᠠᠶᠢᠯᠳᠤᠬᠤ ᠪᠤᠳᠤᠯᠭ᠎ᠠ ᠶᠢᠨ ᠴᠢᠨᠠᠷᠲᠠᠢ ᠰᠢᠢᠳᠪᠦᠷᠢ ᠪᠤᠯᠤᠨ᠎ᠠ᠃ ᠲᠤᠰ ᠤᠳᠠᠭᠠᠨ ᠤ ᠶᠠᠷᠢᠶ᠎ᠠ ᠲᠠᠶᠢᠯᠤᠮᠵᠢ ᠶᠢᠨ | ᠬᠤᠷᠠᠯ ᠲᠡᠭᠡᠷ᠎ᠡ᠂ ᠵᠢᠶᠠᠩ ᠷᠦᠢ ᠫᠢᠡᠭ ︽ᠨᠢᠭᠡ ᠪᠦᠰᠡ ᠨᠢᠭᠡ ᠵᠠᠮ︾ ᠤᠨ ᠪᠠᠶᠢᠯᠳᠤᠬᠤ ᠪᠤᠳᠤᠯᠭ᠎ᠠ ᠶᠢᠨ ︽ | ᠲᠦᠷᠪᠡᠨ ᠶᠡᠭᠡ ᠪᠠᠶᠢᠷᠢ ᠲᠤᠭᠳᠠᠭᠠᠯᠳᠠ︾᠂ ︽ᠵᠢᠷᠭᠤᠭᠠᠨ ᠲᠤᠮᠤ ᠠᠷᠭ᠎ᠠ ᠬᠡᠮᠵᠢᠶ᠎ᠡ︾᠂ ︽ᠲᠠᠪᠤᠨ ᠶᠡᠭᠡ | ᠬᠠᠷᠢᠴᠠᠭ᠎ᠠ︾ ᠶᠢᠨ ᠲᠤᠬᠠᠢ ᠨᠠᠷᠢᠯᠢᠭ ᠤᠨᠤᠪᠴᠢᠲᠠᠢ ᠲᠠᠶᠢᠯᠪᠤᠷᠢᠯᠠᠯᠲᠠ ᠬᠢᠭᠰᠡᠨ ᠪᠠᠶᠢᠨ᠎ᠠ᠃ ᠲᠠᠶᠢᠯᠤᠮᠵᠢ ᠶᠢᠨ | ᠠᠭᠤᠯᠭ᠎ᠠ ᠪᠠᠶᠠᠯᠢᠭ᠂ ᠢᠯᠡᠳᠬᠡᠮᠵᠢ ᠨᠢ ᠤᠨᠤᠪᠴᠢᠲᠠᠢ ᠪᠤᠯᠤᠭᠰᠠᠨ ᠢᠶᠠᠷ ᠮᠠᠰᠢ ᠶᠡᠭᠡ ᠬᠠᠨᠳᠤᠯᠭᠠᠲᠤ ᠴᠢᠨᠠᠷ ᠪᠠ | ᠵᠢᠯᠤᠭᠤᠳᠤᠮᠵᠢ ᠶᠢᠨ ᠴᠢᠨᠠᠷᠲᠠᠢ ᠪᠤᠯᠵᠤ ᠴᠢᠳᠠᠭᠰᠠᠨ ᠪᠠᠶᠢᠨ᠎ᠠ᠃ ᠬᠤᠷᠠᠯ ᠳᠤ ᠤᠷᠤᠯᠴᠠᠭᠰᠠᠳ ᠰᠠᠨᠠᠯ ᠨᠢᠭᠡᠳᠡᠢ | ᠦᠵᠡᠭᠰᠡᠨ ᠨᠢ᠂ ᠲᠤᠰ ᠤᠳᠠᠭᠠᠨ ᠤ ᠲᠠᠶᠢᠯᠤᠮᠵᠢ ᠶᠢᠨ ᠠᠭᠤᠯᠭ᠎ᠠ ᠶᠢ ᠨᠠᠷᠢᠨ ᠬᠢᠨᠠᠮᠠᠭᠠᠢ ᠰᠤᠷᠤᠯᠴᠠᠬᠤ ᠨᠢ ︽ᠨᠢᠭᠡ | ᠪᠦᠰᠡ ᠨᠢᠭᠡ ᠵᠠᠮ︾ ᠤᠨ ᠪᠠᠶᠢᠯᠳᠤᠬᠤ ᠪᠤᠳᠤᠯᠭ᠎ᠠ ᠶᠢ ᠲᠤᠤᠱᠲᠠᠢ ᠰᠠᠶᠢᠨ ᠤᠢᠢᠯᠠᠭᠠᠬᠤ ᠳᠤ ᠮᠠᠰᠢ ᠴᠢᠬᠤᠯᠠ ᠠᠴᠢ | ᠬᠤᠯᠪᠤᠭᠳᠠᠯ ᠲᠠᠢ ᠪᠠᠶᠢᠵᠤ᠂ ᠬᠤᠶᠢᠰᠢᠳᠠ ᠶᠢᠨ ᠠᠵᠢᠯ ᠤᠨ ᠲᠤᠮᠳᠠ ᠪᠠᠨ ᠮᠠᠨ ᠤ ᠤᠷᠤᠨ ᠤ ᠪᠠᠨ ᠪᠤᠲᠠᠲᠠᠢ | ᠪᠠᠶᠢᠳᠠᠯ ᠠᠴᠠ ᠡᠭᠦᠰᠦᠨ᠂ ︽ᠨᠢᠭᠡ ᠪᠦᠰᠡ ᠨᠢᠭᠡ ᠵᠠᠮ︾ ᠤᠨ ᠪᠠᠶᠢᠭᠤᠯᠤᠯᠲᠠ ᠳᠤ ᠨᠡᠮᠡᠷᠢ ᠬᠠᠨᠳᠢᠪ ᠢᠶᠠᠨ ᠡᠷᠭᠦᠨ᠎ᠡ | ᠭᠡᠵᠠᠢ᠃ |