6 ᠳ᠋ᠤᠭᠠᠷ ᠰᠠᠷ᠎ᠠ ᠶᠢᠨ 26 ᠤ ᠡᠳᠤᠷ᠂ ᠲᠤᠮᠳᠡᠳᠦ ᠤᠯᠤᠰ · ᠦᠪᠤᠷ ᠮᠤᠩᠭᠤᠯ ᠤᠨ ᠲᠠᠯ᠎ᠠ ᠨᠤᠳᠤᠭ | ᠤᠨ ᠰᠤᠶᠤᠯ ᠤᠨ ᠨᠠᠶᠢᠷ ᠤᠨ ᠵᠤᠬᠢᠶᠠᠨ ᠪᠠᠶᠢᠭᠤᠯᠬᠤ ᠺᠤᠮᠢᠰ᠂ ᠥᠪᠡᠷᠲᠡᠭᠡᠨ ᠵᠠᠰᠠᠬᠤ ᠣᠷᠣᠨ ᠤ ᠰᠣᠨᠢᠨ ᠮᠡᠳᠡᠭᠡ | ᠬᠡᠪᠯᠡᠯ ᠷᠠᠳᠢᠣ᠋ ᠺᠢᠨᠣ᠋ ᠲᠧᠯᠸᠢᠰ ᠤᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ | ᠲᠢᠩᠬᠢᠮ᠂ ᠨᠠᠢᠮᠠᠨ ᠮᠤᠵᠢ ᠣᠷᠣᠨ ᠤ ᠮᠣᠩᠭᠤᠯ ᠬᠡᠯᠡ ᠪᠢᠴᠢᠭ ᠤᠨ ᠠᠵᠢᠯ ᠤᠨ ᠬᠠᠮᠵᠢᠯᠴᠠᠬᠤ ᠳᠣᠭᠤᠶᠢᠯᠠᠩ ᠤᠨ | ᠠᠯᠪᠠᠨ ᠭᠡᠷ ᠠᠴᠠ ᠭᠤᠣᠯᠯᠠᠨ ᠡᠷᠬᠢᠯᠡᠵᠦ᠂ ᠦᠪᠤᠷ ᠮᠤᠩᠭᠤᠯ ᠤᠨ ᠬᠡᠪᠯᠡᠯ ᠤᠨ ᠪᠦᠯᠦᠭᠯᠡᠯ ᠠᠴᠠ ᠲᠠᠭᠠᠭᠠᠨ | ᠡᠷᠬᠢᠯᠡᠭᠰᠡᠨ 2015 ᠦᠪᠤᠷ ᠮᠤᠩᠭᠤᠯ ᠤᠨ ᠦᠪᠡᠷᠳᠡᠭᠡᠨ ᠵᠠᠰᠬᠠᠤ ᠤᠷᠤᠨ ᠤ ᠰᠢᠯᠢᠳᠡᠭ ᠬᠡᠪᠯᠡᠭᠳᠡᠬᠦᠨ ᠵᠢᠴᠢ | ᠲᠤᠮᠳᠡᠳᠦ ᠤᠯᠤᠰ ᠤᠨ ᠮᠤᠩᠭᠤᠯ ᠬᠡᠯᠡᠨ ᠤ ᠬᠡᠪᠯᠡᠭᠳᠡᠭᠦᠨ ᠤ ᠦᠵᠡᠭᠦᠯᠦᠯᠭᠡ ᠦᠪᠤᠷ ᠮᠤᠩᠭᠤᠯ ᠤᠨ ᠦᠵᠡᠰᠭᠦᠯᠡᠩ | ᠤᠨ ᠤᠷᠳᠤᠨ ᠳᠤ ᠡᠬᠢᠯᠡᠪᠡ᠃ | ᠣᠶᠢᠯᠠᠭᠠᠭᠰᠠᠨ ᠢᠶᠠᠷ᠂ ᠲᠤᠰ ᠤᠳᠠᠭᠠᠨ ᠤ ᠦᠵᠡᠭᠦᠯᠦᠯᠭᠡ ᠶᠢᠨ ᠬᠤᠭᠤᠴᠠᠭ᠎ᠠ 3 ᠡᠳᠦᠷ ᠶᠠᠪᠤᠭᠳᠠᠵᠤ | ᠂ ᠦᠨᠳᠦᠰᠦᠲᠡᠨ ᠤ ᠰᠣᠳᠣᠨ ᠪᠦᠲᠦᠭᠡᠯ ᠢ ᠤᠩᠰᠢᠬᠤ᠂ ᠲᠠᠯ᠎ᠠ ᠨᠤᠲᠤᠭ ᠤᠨ ᠰᠣᠶᠣᠯ ᠢ ᠮᠠᠨᠳᠤᠭᠤᠯᠬᠤ ᠪᠠ | ᠦᠨᠳᠦᠰᠦᠲᠡᠨ ᠤ ᠬᠡᠪᠯᠡᠯ ᠢ ᠬᠥᠭᠵᠢᠭᠦᠯᠬᠦ᠂ ᠲᠠᠯ᠎ᠠ ᠨᠤᠲᠤᠭ ᠤᠨ ᠰᠣᠶᠣᠯ ᠢ ᠤᠯᠠᠮᠵᠢᠯᠠᠬᠤ ᠪᠠᠷ ᠭᠤᠣᠯ ᠰᠡᠳᠦᠪ | ᠪᠣᠯᠭᠠᠨ᠂ ᠮᠠᠨ ᠤ ᠤᠯᠤᠰ ᠤᠨ ᠮᠣᠩᠭᠤᠯ ᠬᠡᠯᠡᠨ ᠤ ᠨᠣᠮ ᠪᠢᠴᠢᠭ ᠬᠡᠪᠯᠡᠨ ᠲᠠᠷᠬᠠᠭᠠᠬᠤ ᠦᠢᠯᠡᠰ ᠤᠨ | ᠦᠭᠡᠷᠡᠴᠢᠯᠡᠯᠲᠡ ᠬᠥᠭᠵᠢᠯᠲᠡ ᠶᠢᠨ ᠦᠷ᠎ᠡ ᠪᠦᠲᠦᠭᠡᠯ ᠪᠣᠯᠣᠨ ᠮᠠᠨ ᠤ ᠣᠷᠣᠨ ᠤ ᠮᠣᠩᠭᠤᠯ ᠬᠢᠲᠠᠳ ᠨᠣᠮ | ᠪᠢᠴᠢᠭ ᠤᠨ ᠬᠡᠪᠯᠡᠯ ᠤᠨ ᠦᠢᠯᠡᠰ ᠤᠨ ᠣᠯᠤᠭᠰᠠᠨ ᠠᠮᠵᠢᠯᠲᠠ ᠢ ᠪᠦᠬᠦ ᠲᠠᠯ᠎ᠠ ᠪᠠᠷ ᠳᠡᠯᠭᠡᠨ ᠦᠵᠡᠭᠦᠯᠬᠦ ᠪᠤᠯᠤᠨ᠎ᠠ᠃ | ᠦᠵᠡᠭᠦᠯᠦᠯᠭᠡ ᠶᠢᠨ ᠬᠤᠭᠤᠴᠠᠭᠠᠨ ᠳᠤ᠂ 20 ᠭᠠᠷᠤᠶ ᠬᠡᠪᠯᠡᠯ ᠤᠨ ᠨᠢᠭᠡᠴᠡ ᠦᠵᠡᠭᠦᠯᠦᠯᠭᠡ ᠳᠤ ᠣᠷᠣᠯᠴᠠᠨ᠂ | ᠬᠤᠶᠠᠷ ᠲᠦᠮᠡ ᠭᠠᠷᠤᠢ ᠬᠡᠪᠯᠡᠭᠳᠡᠬᠦᠨ ᠢ ᠳᠡᠯᠭᠡᠨ ᠦᠵᠡᠭᠦᠯᠵᠦ᠂ ᠡᠭᠦᠨ ᠳᠤ ᠮᠣᠩᠭᠤᠯ ᠬᠡᠯᠡᠨ ᠤ ᠬᠡᠪᠯᠡᠭᠳᠡᠬᠦᠨ | 5000 ᠵᠦᠢᠯ ᠬᠦᠷᠬᠦ ᠪᠦᠭᠡᠳ ᠡᠨᠡ ᠨᠢ ᠤᠯᠤᠰ ᠤᠨ ᠳᠣᠲᠣᠭᠠᠳᠤ ᠶᠢᠨ ᠬᠡᠪᠴᠢᠶ᠎ᠡ ᠪᠠᠷ ᠬᠠᠮᠤᠭ ᠤᠨ ᠶᠡᠭᠡ᠂ | ᠲᠥᠷᠥᠯ ᠵᠦᠢᠯ ᠢᠶᠠᠷ ᠬᠠᠮᠤᠭ ᠤᠨ ᠪᠦᠷᠢᠨ ᠮᠣᠩᠭᠤᠯ ᠬᠡᠯᠡᠨ ᠤ ᠬᠡᠪᠯᠡᠭᠳᠡᠬᠦᠨ ᠤ ᠦᠵᠡᠭᠦᠯᠦᠯᠭᠡ ᠪᠣᠯᠣᠨ᠎ᠠ᠃ | ᠦᠵᠡᠭᠦᠯᠦᠯᠭᠡ ᠶᠢᠨ ᠬᠤᠭᠤᠴᠠᠭᠠᠨ ᠳᠤ᠂ ᠪᠠᠰᠠ ︽ᠮᠣᠩᠭᠤᠯ ᠬᠡᠯᠡᠨ ᠤ ᠬᠡᠪᠯᠡᠯ ᠤᠨ ᠶᠠᠷᠢᠯᠴᠠᠭᠠᠨ ᠤ | ᠲᠠᠪᠴᠠᠩ︾᠂ ︽ᠨᠠᠢᠮᠠᠨ ᠮᠤᠵᠢ ᠣᠷᠣᠨ ᠤ ᠰᠢᠯᠢᠳᠡᠭ ᠮᠣᠩᠭᠤᠯ ᠨᠣᠮ ᠪᠢᠴᠢᠭ ᠤᠨ ᠱᠠᠩᠨᠠᠯ ᠰᠢᠯᠭᠠᠷᠠᠭᠤᠯᠬᠤ | ᠠᠵᠢᠯᠯᠠᠭ᠎ᠠ︾ ︽ᠮᠣᠩᠭᠤᠯ ᠢᠶᠠᠷ ᠬᠢᠴᠢᠶᠡᠯᠡᠬᠦ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ | ᠬᠢᠴᠢᠶᠡᠯ ᠠᠴᠠ ᠭᠠᠳᠠᠭᠤᠷᠬᠢ ᠤᠩᠰᠢᠬᠤ ᠨᠣᠮ ᠤᠨ ᠭᠠᠷᠴᠠᠭ ᠢ ᠨᠡᠶᠢᠲᠡᠯᠡᠬᠦ ᠠᠵᠢᠯᠯᠠᠭ᠎ᠠ︾ ᠪᠠ ᠠᠯᠳᠠᠷᠲᠤ | ᠬᠥᠮᠦᠰ ᠤᠨ ᠭᠠᠷ ᠤᠨ ᠦᠰᠦᠭ ᠵᠢᠷᠤᠵᠤ ᠬᠤᠳᠠᠯᠳᠤᠬᠤ ᠨᠣᠮ ᠪᠢᠴᠢᠭ ᠬᠠᠨᠳᠢᠪᠯᠠᠬᠤ ᠵᠡᠷᠭᠡ ᠠᠵᠢᠯᠯᠠᠭ᠎ᠠ ᠡᠷᠬᠢᠯᠡᠬᠦ | ᠪᠣᠯᠣᠨ᠎ᠠ᠃ |