2015 ᠣᠨ ᠤ ᠤᠯᠠᠭᠠᠨᠪᠠᠭᠠᠲᠤᠷ · ᠳᠤᠮᠳᠠᠳᠤ ᠤᠯᠤᠰ ᠤᠨ ᠬᠢᠩᠭᠠᠨ ᠠᠶᠢᠮᠠᠭ · ᠮᠣᠩᠭᠤᠯ ᠤᠯᠤᠰ ᠤᠨ ᠳᠤᠷᠤᠨᠠᠭᠤᠪᠢ ᠠᠶᠢᠮᠠᠭ ᠤᠨ ᠬᠤᠶᠠᠳᠤᠭᠠᠷ ᠬᠤᠭᠤᠴᠠᠭᠠᠨ ᠤ ᠪᠡᠯᠡ ᠣᠷᠣᠭᠤᠯᠤᠯᠲᠠ ᠶᠢᠨ ᠠᠷᠠᠯᠵᠢᠶᠠᠨ ᠤ ᠵᠥᠪᠯᠡᠨ ᠶᠠᠷᠢᠯᠴᠠᠬᠤ ᠬᠤᠷᠠᠯ ᠳᠠᠬᠢᠨᠲᠠ ᠡᠯᠪᠡᠭ ᠳᠡᠯᠪᠡᠭ ᠦᠷ᠎ᠡ ᠪᠦᠲᠦᠭᠡᠯ ᠤᠯᠪᠠ
ᠨᠡᠶᠢᠲᠡᠯᠡᠭᠰᠡᠨ ᠴᠠᠭ᠄
2015/8/18
     ᠬᠢᠨᠭ᠍ᠭᠠᠨ ᠠᠶᠢᠮᠠᠭ ᠤᠨ ᠠᠶᠢᠮᠠᠭ ᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠠᠶᠢᠮᠠᠭ ᠤᠨ ᠳᠠᠷᠤᠬ᠎ᠠ ᠳ᠋ᠦ᠋ ᠰᠢᠦᠸᠠᠢ ᠵᠢᠶᠦ᠋ᠨ᠂ ᠠᠶᠢᠮᠠᠭ ᠤᠨ ᠳᠡᠳ᠋ ᠳᠠᠷᠤᠭ᠎ᠠ ᠼᠦᠢ ᠵᠢᠩ ᠶᠢᠩ ᠮᠤᠩᠭᠤᠯ ᠤᠯᠤᠰ ᠤᠨ ᠬᠤᠷᠠᠯ ᠳᠤ ᠤᠷᠤᠯᠴᠠᠭᠰᠠᠨ ᠤᠳᠤᠷᠢᠳᠤᠯᠭ᠎ᠠ ᠨᠠᠷ ᠲᠠᠢ ᠬᠠᠮᠲᠤᠪᠠᠷ ᠭᠠᠷ ᠤᠨ ᠦᠰᠦᠭ ᠵᠢᠷᠤᠬᠤ ᠶᠤᠰᠤᠯᠠᠯ ᠢ ᠬᠡᠷᠡᠴᠢᠯᠡᠪᠡ      8 ᠳ᠋ᠤᠭᠠᠷ ᠰᠠᠷ᠎ᠠ ᠶᠢᠨ 15᠎ ᠤ ᠡᠳᠦᠷ᠂ ︽2015 ᠣᠨ ᠤ ᠤᠯᠠᠭᠠᠨᠪᠠᠭᠠᠲᠤᠷ · ᠳᠤᠮᠳᠠᠳᠤ ᠤᠯᠤᠰ ᠤᠨ ᠬᠢᠩᠭᠠᠨ ᠠᠶᠢᠮᠠᠭ · ᠮᠣᠩᠭᠤᠯ ᠤᠯᠤᠰ ᠤᠨ ᠳᠤᠷᠤᠨᠠᠭᠤᠪᠢ ᠠᠶᠢᠮᠠᠭ ᠤᠨ ᠬᠤᠶᠠᠳᠤᠭᠠᠷ ᠬᠤᠭᠤᠴᠠᠭᠠᠨ ᠤ ᠪᠡᠯᠡ ᠣᠷᠣᠭᠤᠯᠤᠯᠲᠠ ᠶᠢᠨ ᠠᠷᠠᠯᠵᠢᠶᠠᠨ ᠤ ᠵᠥᠪᠯᠡᠨ ᠶᠠᠷᠢᠯᠴᠠᠬᠤ ᠬᠤᠷᠠᠯ︾ ᠤᠯᠠᠭᠠᠨᠪᠠᠭᠠᠲᠤᠷ ᠬᠤᠲᠠ ᠶᠢᠨ ᠲᠦᠰᠢᠨ ᠪᠠᠭᠤᠳᠠᠯ ᠳᠤ ᠶᠠᠪᠤᠭᠳᠠᠵᠤ᠂ 300 ᠭᠠᠷᠤᠢ ᠮᠣᠩᠭᠤᠯ ᠤᠯᠤᠰ ᠤᠨ ᠠᠵᠤ ᠠᠬᠤᠶᠢᠯᠠᠯᠲᠠᠨ᠂ 150 ᠭᠠᠷᠤᠢ ᠬᠢᠨᠭ᠍ᠭᠠᠨ ᠠᠶᠢᠮᠠᠭ ᠤᠨ ᠠᠵᠤ ᠠᠬᠤᠶᠢᠯᠠᠯᠲᠠᠨ ᠬᠤᠷᠠᠯ ᠳᠤ ᠤᠷᠤᠯᠴᠠᠨ ᠵᠦᠪᠯᠡᠨ ᠶᠠᠷᠢᠯᠴᠠᠪᠠ᠃ ᠠᠶᠢᠮᠠᠭ ᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠠᠶᠢᠮᠠᠭ ᠤᠨ ᠳᠠᠷᠤᠭ᠎ᠠ ᠳ᠋ᠦ᠋ ᠰᠢᠤᠸᠠᠢ ᠵᠢᠶᠦ᠋ᠨ᠂ ᠠᠶᠢᠮᠠᠭ ᠤᠨ ᠳᠡᠳ᠋ ᠳᠠᠷᠤᠭ᠎ᠠ ᠼᠦᠢ ᠵᠢᠩ ᠶᠢᠩ ᠵᠢᠴᠢ ᠮᠣᠩᠭᠤᠯ ᠤᠯᠤᠰ ᠤᠨ ᠶᠡᠭᠡ ᠬᠤᠷᠠᠯ ᠤᠨ ᠭᠡᠰᠢᠭᠦᠨ ᠤᠶᠤᠨᠭᠡᠷᠡᠯ᠂ ᠡᠳ᠋ ᠤᠨ ᠵᠠᠰᠠᠭ ᠤᠨ ᠶᠠᠮᠤᠨ ᠤ ᠳᠡᠳ᠋ ᠳᠠᠷᠤᠭ᠎ᠠ ᠫᠦᠷᠪᠦ᠂ ᠳᠤᠷᠤᠨᠠᠭᠤᠪᠢ ᠠᠶᠢᠮᠠᠭ ᠤᠨ ᠳᠠᠷᠤᠭ᠎ᠠ ᠪᠠᠳᠮᠠᠰᠦ᠋ᠷᠦᠩ᠂ ᠨᠡᠶᠢᠰᠯᠡᠯ ᠤᠨ ᠵᠥᠪᠯᠡᠯᠭᠡᠨ ᠤ ᠬᠤᠷᠠᠯ ᠤᠨ ᠪᠠᠶᠢᠡᠭᠭᠤ ᠶᠢᠨ ᠭᠡᠰᠢᠭᠦᠨ᠂ ᠮᠢᠱᠧᠯ ᠪᠦᠯᠦᠭᠯᠡᠯ ᠤᠨ ᠶᠡᠷᠦᠩᠭᠡᠶᠢᠯᠡᠭᠴᠢ ᠡᠩᠭᠡ · ᠠᠮᠤᠭᠤᠯᠠᠩ᠂ ᠮᠣᠩᠭᠤᠯ ᠤᠯᠤᠰ ᠤᠨ ᠪᠡᠯᠡ ᠣᠷᠣᠭᠤᠯᠤᠯᠲᠠ ᠶᠢᠨ ᠲᠤᠪᠴᠢᠶᠠᠨ ᠤ ᠬᠤᠯᠪᠣᠭᠳᠠᠯ ᠪᠦᠬᠦᠢ ᠤᠳᠤᠷᠢᠳᠤᠯᠭ᠎ᠠ ᠨᠠᠷ ᠡᠬᠢᠯᠡᠬᠦ ᠶᠣᠰᠣᠯᠠᠯ ᠳᠤ ᠣᠷᠣᠯᠴᠠᠵᠤ᠂ ᠼᠦᠢ ᠵᠢᠩ ᠶᠢᠩ᠂ ᠡᠩᠭᠡ · ᠠᠮᠤᠭᠤᠯᠠᠩ ᠲᠤᠰ ᠲᠤᠰ ᠬᠠᠯᠠᠭᠤᠮᠰᠤᠭ ᠶᠠᠷᠢᠶ᠎ᠠ ᠲᠠᠯᠪᠢᠪᠠ᠃      ᠼᠦᠢ ᠵᠢᠩ ᠶᠢᠩ ᠡᠩ ᠲᠡᠷᠢᠭᠦᠨ ᠳᠤ ᠮᠣᠩᠭᠤᠯ ᠤᠯᠤᠰ ᠤᠨ ᠡᠳ᠋ ᠤᠨ ᠵᠠᠰᠠᠭ ᠤᠨ ᠶᠠᠮᠤᠨ᠂ ᠪᠡᠯᠡ ᠣᠷᠣᠭᠤᠯᠤᠯᠲᠠ ᠶᠢᠨ ᠲᠣᠪᠴᠢᠶ᠎ᠠ᠂ ᠳᠤᠷᠤᠨᠠᠭᠤᠪᠢ ᠠᠶᠢᠮᠠᠭ ᠤᠨ ᠵᠠᠰᠠᠭ ᠤᠨ ᠣᠷᠳᠣᠨ᠂ ᠮᠢᠱᠧᠯ ᠪᠦᠯᠦᠭᠯᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠤᠯᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠳᠠᠯᠳᠤᠭᠠᠨ ᠤ ᠲᠢᠩᠬᠢᠮ᠂ ᠠᠷᠠᠯᠵᠢᠶ᠎ᠠ ᠶᠢ ᠠᠬᠢᠭᠤᠯᠬᠤ ᠨᠡᠶᠢᠭᠡᠮᠯᠢᠭ᠂ ᠢᠳᠡᠭᠡᠨ ᠤᠮᠳᠠᠭᠠᠨ ᠬᠢᠭᠡᠳ ᠵᠣᠴᠢᠳ ᠤᠨ ᠪᠠᠭᠤᠳᠠᠯ ᠤᠨ ᠨᠡᠶᠢᠭᠡᠮᠯᠢᠭ᠂ ᠵᠢᠴᠢ ᠳᠤᠮᠳᠠᠳᠤ ᠮᠣᠩᠭᠤᠯ ᠬᠤᠶᠠᠷ ᠤᠯᠤᠰ ᠤᠨ ᠠᠵᠤ ᠠᠬᠤᠶᠢᠯᠠᠯᠲᠠᠳ ᠲᠤᠰ ᠤᠳᠠᠭᠠᠨ ᠤ ᠠᠵᠢᠯᠯᠠᠭ᠎ᠠ ᠳᠤ ᠬᠦᠴᠦᠲᠡᠶ ᠳᠡᠮᠵᠢᠯᠭᠡ  ᠦᠵᠡᠭᠦᠯᠦᠭᠰᠡᠨ ᠳᠤ ᠲᠠᠯᠠᠷᠬᠠᠵᠤ ᠪᠠᠶᠢᠬᠤ ᠪᠠᠨ ᠢᠯᠡᠳᠭᠡᠪᠡ᠃ ᠲᠡᠷᠡ ᠵᠢᠭᠠᠵᠤ ᠭᠠᠷᠭᠠᠭᠰᠠᠨ ᠨᠢ᠂ ᠣᠷᠴᠢᠮ ᠤᠨ ᠵᠢᠯ ᠤᠳ ᠲᠤ᠂ ᠬᠢᠩᠭᠠᠨ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠨᠢ ᠤᠯᠤᠰ ᠤᠨ ︽ᠨᠢᠭᠡ ᠪᠦᠰᠡ ᠨᠢᠭᠡ ᠵᠠᠮ︾᠂ ᠥᠪᠡᠷᠲᠡᠭᠡᠨ ᠵᠠᠰᠠᠬᠤ ᠣᠷᠣᠨ ᠤ ᠤᠮᠠᠷᠠᠰᠢ ᠨᠡᠭᠡᠭᠡᠬᠦ ᠪᠠᠶᠢᠯᠳᠤᠬᠤ ᠪᠣᠳᠣᠯᠭ᠎ᠠ ᠶᠢᠨ ᠱᠠᠭᠠᠷᠳᠠᠯᠭ᠎ᠠ ᠶᠢᠨ ᠪᠠᠶᠢᠷᠢᠯᠠᠭᠤᠯᠤᠯᠲᠠ  ᠶᠢ ᠲᠤᠤᠱᠯᠠᠭᠤᠯᠤᠨ ᠨᠠᠶᠢᠳᠠᠪᠤᠷᠢᠵᠢᠭᠤᠯᠬᠤ ᠲᠤᠭᠤᠷᠢᠨ ᠳᠤ᠂ ᠮᠣᠩᠭᠤᠯ ᠤᠯᠤᠰ ᠯᠤᠭ᠎ᠠ ᠶᠢᠨ ᠰᠣᠯᠢᠯᠴᠠᠭ᠎ᠠ ᠪᠠ ᠬᠠᠮᠲᠤᠷᠠᠯᠴᠠᠭ᠎ᠠ ᠶᠢ ᠴᠢᠩᠭᠠᠳᠬᠠᠬᠤ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠤᠮᠠᠷᠠᠰᠢ ᠨᠡᠭᠡᠭᠡᠬᠦ ᠶᠢ ᠳᠥᠯᠭᠢᠨ ᠠᠬᠢᠭᠤᠯᠬᠤ ᠶᠠᠪᠤᠳᠠᠯ ᠢ ᠢᠮᠠᠭᠲᠠ ᠪᠦᠬᠦ ᠠᠶᠢᠮᠠᠭ ᠤᠨ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠪᠦᠬᠦ ᠲᠠᠯ᠎ᠠ ᠳᠤ ᠬᠤᠯᠪᠣᠭᠳᠠᠬᠤ ᠲᠣᠪᠤᠶᠢᠮ᠎ᠠ ᠪᠠᠶᠢᠷᠢᠨ ᠳᠤ ᠲᠠᠯᠪᠢᠵᠤ᠂ ᠮᠣᠩᠭᠤᠯ ᠤᠯᠤᠰ ᠤᠨ ᠵᠠᠰᠠᠭ ᠤᠨ ᠣᠷᠳᠣᠨ᠂ ᠠᠵᠤ ᠠᠬᠤᠶᠢᠯᠠᠯ ᠪᠤᠯᠤᠨ ᠠᠷᠠᠳ ᠤᠨ ᠬᠤᠭᠤᠷᠣᠨᠳᠣᠬᠢ ᠪᠦᠬᠦ ᠲᠠᠯ᠎ᠠ᠂ ᠣᠯᠠᠨ ᠬᠦᠷᠢᠶᠡᠨ ᠤ ᠰᠣᠯᠢᠯᠴᠠᠭ᠎ᠠ ᠬᠠᠮᠲᠤᠷᠠᠯᠴᠠᠭ᠎ᠠ ᠶᠢ ᠢᠳᠡᠪᠬᠢᠲᠠᠢ ᠠᠬᠢᠭᠤᠯᠵᠤ᠂ ᠳᠤᠮᠳᠠᠳᠤ ᠮᠣᠩᠭᠤᠯ ᠤᠨ ᠰᠣᠯᠢᠯᠴᠠᠭ᠎ᠠ ᠬᠠᠮᠲᠤᠷᠠᠯᠴᠠᠭ᠎ᠠ ᠦᠷᠨᠢᠭᠦᠯᠬᠦ ᠶᠢ ᠴᠢᠨᠠᠭᠰᠢᠳᠠ ᠬᠦᠭᠵᠢᠬᠦᠯᠬᠦ ᠶᠢ ᠠᠬᠢᠭᠤᠯᠪᠠ᠃ ᠬᠢᠩᠭᠠᠨ ᠠᠶᠢᠮᠠᠭ ᠪᠣᠯ ᠵᠡᠭᠦᠨ ᠬᠤᠶᠢᠲᠤ ᠠᠽᠢᠶ᠎ᠠ ᠶᠢᠨ ᠦᠷᠦᠴᠡᠨ ᠳᠤ ᠪᠠᠶᠢᠷᠢᠯᠡᠵᠤ᠂ ᠷᠠᠰᠢᠶᠠᠨ — — ᠰᠦᠮᠪᠦᠢ ᠪᠣᠭᠤᠮᠲᠠ ᠪᠠᠷ ᠮᠣᠩᠭᠤᠯ ᠤᠯᠤᠰ ᠤᠨ ᠳᠤᠷᠤᠨᠠᠭᠤᠪᠢ ᠠᠶᠢᠮᠠᠭ ᠲᠠᠢ ᠵᠠᠯᠭᠠᠯᠳᠤᠵᠤ᠂ ᠰᠢᠨ᠎ᠡ ᠪᠠᠷ ᠪᠠᠶᠢᠭᠤᠯᠬᠤ ᠧᠦ᠋ᠷᠣᠫᠠ ᠠᠽᠢᠶ᠎ᠠ ᠶᠢᠨ ᠡᠬᠡ ᠬᠠᠭᠤᠷᠠᠶ ᠶᠢᠨ ᠬᠥᠭᠦᠷᠭᠡ ᠶᠢᠨ ᠡᠷᠭᠡᠪᠰᠢ ᠦᠡᠭᠭᠡᠷᠡᠬᠦ ᠭᠠᠵᠠᠷ ᠪᠠ ᠴᠢᠬᠤᠯᠠ ᠵᠠᠩᠬᠢᠯᠠᠭ᠎ᠠ ᠪᠤᠯᠤᠨ᠎ᠠ᠃ ᠷᠠᠰᠢᠶᠠᠨ — — ᠰᠦᠮᠪᠦᠢ ᠪᠣᠭᠤᠮᠲᠠ ᠶᠢᠨ ᠧᠦ᠋ᠷᠣᠫᠠ ᠠᠽᠢᠶ᠎ᠠ ᠶᠢᠨ ᠠᠵᠤ ᠠᠬᠤᠶ ᠠᠷᠠᠯᠵᠢᠶᠠᠨ ᠤ ᠶᠡᠭᠡ ᠵᠠᠮ ᠢ ᠨᠡᠪᠲᠡᠷᠡᠭᠦᠯᠬᠦ ᠨᠢ ᠤᠯᠤᠰ ᠤᠨ ᠳᠤᠲᠤᠭᠠᠲᠤ ᠳᠠᠭᠠᠨ ᠵᠡᠭᠦᠨ ᠬᠤᠶᠢᠲᠤ ᠶᠢᠨ ᠠᠵᠤ ᠠᠬᠤᠶ ᠶᠢᠨ ᠲᠤᠭᠤᠷᠢᠭ ᠪᠣᠯᠤᠨ ᠴᠠᠩᠴᠦ᠋ᠨ ᠭᠢᠷᠢᠨ ᠲᠥᠮᠡᠨᠵᠢᠶᠠᠩ ᠴᠢᠯᠦᠭᠡᠲᠠᠢ ᠤᠨ ᠨᠡᠭᠡᠭᠡᠨ ᠬᠦᠭᠵᠢᠬᠦᠯᠬᠦ ᠤᠳᠤᠷᠢᠳᠤᠮᠵᠢ ᠲᠤᠭᠤᠷᠢᠭ ᠢ ᠪᠦᠷᠢᠯᠳᠦᠬᠦᠯᠵᠤ᠂ ᠬᠦᠬᠡ ᠮᠦᠷᠡᠨ ᠤ ᠭᠤᠷᠪᠠᠯᠵᠢᠨ ᠬᠤᠶᠢᠭ᠂ ᠵᠦᠵᠢᠶᠠᠩ ᠮᠥᠷᠡᠨ ᠤ ᠭᠤᠷᠪᠠᠯᠵᠢᠨ ᠬᠤᠶᠢᠭ ᠤᠨ ᠠᠵᠤ ᠠᠬᠤᠶ ᠶᠢᠨ ᠲᠤᠭᠤᠷᠢᠭ ᠬᠦᠷᠲᠡᠯ᠎ᠡ ᠰᠤᠨᠤᠯᠵᠠᠭᠤᠯᠵᠤ᠂  ᠭᠠᠳᠠᠭᠰᠢ ᠪᠠᠨ ᠮᠣᠩᠭᠤᠯ ᠤᠯᠤᠰ᠂ ᠣᠷᠣᠰ ᠤᠨ ᠵᠡᠭᠦᠨ ᠬᠤᠶᠢᠲᠤ ᠠᠽᠢᠶ᠎ᠠ ᠶᠢᠨ ᠣᠷᠣᠨ ᠤ ᠣᠯᠠᠨ ᠤᠯᠤᠰ ᠤᠨ ᠪᠠᠶᠢᠯᠳᠤᠬᠤ ᠪᠣᠳᠣᠯᠭ᠎ᠠ ᠶᠢᠨ ᠶᠡᠭᠡ ᠵᠠᠮ ᠲᠠᠢ ᠵᠠᠯᠭᠠᠯᠳᠤᠵᠤ᠂ ︽ᠨᠢᠭᠡ ᠪᠦᠰᠡ ᠨᠢᠭᠡ ᠵᠠᠮ︾᠎ ᠤᠨ ᠪᠠᠶᠢᠯᠳᠤᠬᠤ ᠪᠣᠳᠣᠯᠭ᠎ᠠ ᠶᠢ ᠬᠡᠷᠡᠭᠵᠢᠬᠦᠯᠬᠦ ᠴᠢᠬᠤᠯᠠ ᠣᠷᠣᠨ ᠪᠠᠶᠢᠷᠢ ᠶᠢᠨ ᠳᠠᠪᠠᠭᠤᠯᠢᠭ ᠲᠠᠯ᠎ᠠ  ᠎ ᠲᠠᠢ ᠶᠤᠮ᠃ ᠡᠭᠦᠨ ᠤ ᠬᠠᠮᠲᠤ᠂ ᠬᠢᠩᠭᠠᠨ ᠠᠶᠢᠮᠠᠭ ᠲᠤ ᠡᠯᠪᠡᠭ ᠪᠠᠶᠠᠯᠢᠭ ᠡᠬᠢ ᠪᠠᠶᠠᠯᠢᠭ ᠤᠨ ᠳᠠᠪᠠᠭᠤᠯᠢᠭ ᠲᠠᠯ᠎ᠠ ᠲᠠᠢ ᠮᠦᠷᠲᠡᠭᠡᠨ ᠬᠤᠷᠴᠢᠨ ᠤ ᠲᠠᠯ᠎ᠠ ᠨᠤᠲᠤᠭ᠂ ᠬᠥᠯᠥᠨ ᠪᠤᠶᠢᠷ ᠤᠨ ᠲᠠᠯ᠎ᠠ ᠨᠤᠲᠤᠭ᠂ ᠰᠢᠯᠢ ᠶᠢᠨ ᠭᠤᠤᠯ ᠤᠨ ᠲᠠᠯ᠎ᠠ ᠨᠤᠲᠤᠭ ᠪᠤᠯᠤᠨ ᠮᠣᠩᠭᠤᠯ ᠤᠨ ᠲᠠᠯ᠎ᠠ ᠨᠤᠲᠤᠭ ᠵᠡᠷᠭᠡ ᠳᠥᠷᠪᠡᠨ ᠲᠠᠯ᠎ᠠ ᠨᠤᠲᠤᠭ ᠤᠨ ᠠᠭᠤᠯᠵᠠᠷ ᠲᠤ ᠪᠤᠢ᠃ ᠣᠶ ᠰᠢᠭᠤᠶ᠂ ᠨᠠᠭᠤᠷ ᠪᠦᠷᠢᠲᠦ᠂ ᠮᠥᠰᠥ ᠴᠠᠰᠤ᠂ ᠭᠠᠯᠲᠤ ᠠᠭᠤᠯᠠ ᠶᠢᠨ ᠦᠯᠡᠳᠡᠭᠳᠡᠯ ᠵᠡᠷᠭᠡ ᠮᠠᠰᠢ ᠣᠯᠠᠨ ᠵᠢᠭᠤᠯᠴᠢᠯᠠᠯ ᠤᠨ ᠡᠯᠧᠮᠧᠨ᠋ᠲ ᠪᠦᠷᠢᠳᠦᠬᠦᠯᠦᠭᠰᠡᠨ ᠷᠠᠰᠢᠶᠠᠨ ᠪᠤᠯ ᠨᠡᠩ ᠴᠤ ᠥᠪᠡᠷᠲᠡᠭᠡᠨ ᠵᠠᠰᠠᠬᠤ ᠣᠷᠣᠨ᠂ ᠴᠢᠨᠠᠭᠰᠢᠯᠠᠨ ᠳᠤᠮᠳᠠᠳᠤ ᠤᠯᠤᠰ ᠤᠨ ᠠᠯᠳᠠᠷᠲᠤ ᠵᠢᠭᠤᠯᠴᠢᠯᠠᠯ ᠤᠨ ᠦᠵᠡᠮᠵᠢᠲᠦ ᠣᠷᠣᠨ ᠪᠤᠯᠬᠤ ᠪᠦᠭᠡᠳ ᠪᠡᠶ᠎ᠡ ᠰᠤᠪᠢᠯᠠᠬᠤ ᠰᠤᠳᠤᠨ ᠭᠠᠵᠠᠷ ᠶᠤᠮ ᠬᠡᠪᠡ᠃      ᠼᠦᠢ ᠵᠢᠩ ᠶᠢᠩ ᠬᠡᠯᠡᠭᠰᠡᠨ ᠨᠢ᠂ ᠬᠢᠩᠭᠠᠨ ᠠᠶᠢᠮᠠᠭ ᠥᠪᠡᠷ ᠤᠨ ᠣᠷᠣᠨ ᠪᠠᠶᠢᠷᠢ ᠶᠢᠨ ᠳᠠᠪᠠᠭᠤᠯᠢᠭ ᠲᠠᠯ᠎ᠠ ᠬᠢᠭᠡᠳ ᠡᠬᠢ ᠪᠠᠶᠠᠯᠢᠭ ᠤᠨ ᠳᠠᠪᠠᠭᠤᠯᠢᠭ ᠲᠠᠯ᠎ᠠ ᠪᠠᠨ ᠭᠦᠢᠴᠡᠳ ᠪᠠᠳᠠᠷᠠᠭᠤᠯᠵᠤ᠂ ᠤᠯᠤᠰ ᠤᠨ ︽ᠨᠢᠭᠡ ᠪᠦᠰᠡ ᠨᠢᠭᠡ ᠵᠠᠮ︾᠂ ᠥᠪᠡᠷᠲᠡᠭᠡᠨ ᠵᠠᠰᠠᠬᠤ ᠣᠷᠣᠨ ᠤ ᠤᠮᠠᠷᠠᠰᠢ ᠨᠡᠭᠡᠭᠡᠬᠦ ᠪᠠᠶᠢᠯᠳᠤᠬᠤ ᠪᠣᠳᠣᠯᠭ᠎ᠠ ᠶᠢᠨ ᠬᠠᠷᠠᠯᠲᠠ ᠲᠠᠢ ᠨᠢᠭᠲᠠ ᠤᠶᠠᠯᠳᠤᠨ᠂  ᠬᠢᠯᠢ ᠳᠠᠭᠠᠤ ᠨᠡᠭᠡᠭᠡᠨ ᠬᠥᠭᠵᠢᠭᠦᠯᠵᠦ ᠨᠡᠭᠡᠭᠡᠯᠲᠡ ᠬᠢᠬᠦ ᠠᠵᠤ ᠠᠬᠤᠶ ᠶᠢᠨ ᠪᠦᠰᠡ ᠶᠢᠨ ᠪᠠᠶᠢᠭᠤᠯᠤᠯᠲᠠ ᠶᠢ ᠯᠠᠪᠳᠠᠭᠤᠨ ᠢᠶᠠᠷ ᠠᠬᠢᠭᠤᠯᠵᠤ᠂ ᠬᠢᠩᠭᠠᠨ ᠠᠶᠢᠮᠠᠭ ᠪᠣᠯᠤᠨ ᠮᠣᠩᠭᠤᠯ ᠤᠯᠤᠰ ᠤᠨ ᠠᠵᠤ ᠠᠬᠤᠶ ᠠᠷᠠᠯᠵᠢᠶᠠᠨ ᠤ ᠶᠠᠪᠤᠯᠴᠠᠭ᠎ᠠ᠂ ᠬᠥᠮᠦᠨ ᠰᠣᠶᠣᠯ ᠤᠨ ᠰᠣᠯᠢᠯᠴᠠᠭ᠎ᠠ ᠵᠡᠷᠭᠡ ᠣᠯᠠᠨ ᠬᠦᠷᠢᠶᠡᠨ ᠳᠠᠬᠢ ᠪᠦᠬᠦ ᠲᠠᠯ᠎ᠠ ᠶᠢᠨ ᠪᠣᠳᠠᠲᠤ ᠶᠢ ᠡᠷᠬᠢᠮᠯᠡᠬᠦ ᠬᠠᠮᠲᠤᠷᠠᠯᠴᠠᠭ᠎ᠠ ᠶᠢ ᠦᠷᠨᠢᠭᠦᠯᠬᠦ ᠶᠢ ᠤᠯᠠᠮ ᠨᠢᠭᠡ ᠠᠯᠬᠤᠮ ᠳᠥᠯᠭᠢᠨ ᠠᠬᠢᠭᠤᠯᠵᠤ᠂ ᠬᠤᠶᠠᠷ ᠲᠠᠯ᠎ᠠ ᠪᠠᠷ ᠢᠶᠠᠨ ᠬᠠᠷᠢᠯᠴᠠᠨ ᠠᠰᠢᠭ ᠣᠯᠭᠤᠵᠤ ᠬᠠᠮᠲᠤ ᠪᠠᠷ ᠠᠰᠢᠭ ᠬᠦᠷᠳᠡᠬᠦ ᠬᠥᠭᠵᠢᠯᠲᠡ ᠶᠢ ᠪᠡᠶᠡᠯᠡᠭᠦᠯᠦᠨ᠎ᠡ ᠬᠡᠪᠡ᠃      ᠮᠣᠩᠭᠤᠯ ᠤᠯᠤᠰ ᠤᠨ ᠨᠡᠶᠢᠰᠯᠡᠯ ᠤᠨ ᠵᠥᠪᠯᠡᠯᠭᠡᠨ ᠤ ᠪᠠᠶᠢᠡᠭᠭᠤ ᠶᠢᠨ ᠭᠡᠰᠢᠭᠦᠨ ᠮᠢᠱᠧᠯ ᠪᠦᠯᠦᠭᠯᠡᠯ ᠤᠨ ᠶᠡᠷᠦᠩᠭᠡᠶᠢᠯᠡᠭᠴᠢ ᠡᠩᠭᠡ · ᠠᠮᠤᠭᠤᠯᠠᠩ ᠪᠠᠶᠠᠷ ᠤᠨ ᠦᠭᠡᠨ ᠳᠡᠭᠡᠨ᠂ ᠮᠢᠱᠧᠯ ᠪᠦᠯᠦᠭᠯᠡᠯ ᠨᠢ ᠬᠢᠩᠭᠠᠨ ᠠᠶᠢᠮᠠᠭ ᠎ ᠯᠤᠭ᠎ᠠ ᠬᠠᠮᠲᠤᠷᠠᠨ ᠠᠵᠢᠯᠯᠠᠬᠤ ᠰᠠᠶᠢᠨ ᠰᠠᠶᠢᠬᠠᠨ ᠰᠠᠭᠤᠷᠢ ᠲᠠᠢ ᠶᠤᠮ᠃ ᠡᠨᠡ ᠵᠢᠯ ᠤᠨ 7 ᠳ᠋ᠤᠭᠠᠷ ᠰᠠᠷ᠎ᠠ ᠳᠤ᠂ ᠬᠢᠨᠭ᠍ᠭᠠᠨ ᠠᠶᠢᠮᠠᠭ ᠤᠨ ᠤᠯᠠᠭᠠᠨᠬᠠᠳᠠ ᠬᠤᠲᠠ ᠳᠤ ᠡᠷᠭᠢᠯᠡᠭᠰᠡᠨ ︽2015 ᠣᠨ ᠤ ᠬᠢᠩᠭᠠᠨ ᠠᠶᠢᠮᠠᠭ · ᠳᠤᠮᠳᠠᠳᠤ ᠮᠣᠩᠭᠤᠯ ᠤᠨ ᠣᠯᠠᠨ ᠤᠯᠤᠰ ᠤᠨ  ᠪᠦᠬᠢᠷᠳᠦᠯ ᠦᠭᠡᠢ ᠦᠢᠯᠡᠳᠬᠦᠨ ᠤ ᠦᠵᠡᠰᠬᠦᠯᠡᠩ︾᠂ ︽ᠮᠣᠩᠭᠤᠯ ᠤᠨ ᠡᠳᠦᠷ · ᠮᠣᠩᠭᠤᠯ ᠤᠯᠤᠰ ᠤᠨ ᠲᠣᠮᠣ ᠬᠡᠯᠪᠡᠷᠢ ᠶᠢᠨ ᠤᠯᠠᠨ ᠤᠯᠤᠰ ᠤᠨ ᠰᠣᠶᠣᠯ ᠤᠨ ᠰᠣᠯᠢᠯᠴᠠᠭ᠎ᠠ︾᠂ ︽ᠳᠥᠷᠪᠡᠳᠦᠭᠡᠷ ᠬᠤᠭᠤᠴᠠᠭᠠᠨ ᠤ ᠳᠤᠮᠳᠠᠳᠤ ᠣᠷᠣᠰ ᠮᠣᠩᠭᠤᠯ  ᠤᠨ ᠠᠮᠲᠠᠲᠤ ᠢᠳᠡᠭᠡᠨ ᠤ ᠪᠠᠶᠠᠷ︾ ᠭᠤᠷᠪᠠᠨ ᠲᠤᠮᠤ ᠠᠵᠢᠯᠯᠠᠭ᠎ᠠ ᠯᠤᠲᠤ ᠶᠡᠭᠡ ᠠᠮᠵᠢᠯᠲᠠ ᠣᠯᠤᠭᠰᠠᠨ ᠪᠠᠶᠢᠨ᠎ᠠ᠂ ᠡᠨᠡ ᠨᠢ ᠳᠤᠮᠳᠠᠳᠤ ᠮᠣᠩᠭᠤᠯ ᠤᠨ ᠠᠵᠤ ᠠᠬᠤᠶ ᠠᠷᠠᠯᠵᠢᠶᠠᠨ ᠤ ᠬᠠᠮᠲᠤᠷᠠᠯᠴᠠᠭ᠎ᠠ ᠪᠠᠨ ᠠᠬᠢᠭᠤᠯᠵᠤ᠂ ᠬᠤᠶᠠᠷ ᠤᠯᠤᠰ ᠤᠨ ᠠᠷᠠᠳ ᠲᠦᠮᠡᠨ ᠤ ᠬᠠᠷᠢᠯᠴᠠᠨ ᠤᠶᠢᠯᠠᠭᠠᠯᠴᠠᠬᠤ ᠳᠤ ᠬᠠᠮᠲᠤᠷᠠᠨ ᠠᠵᠢᠯᠯᠠᠬᠤ ᠶᠡᠭᠡ ᠬᠠᠭᠠᠯᠭ᠎ᠠ ᠶᠢ ᠨᠡᠭᠡᠭᠡᠪᠡ ᠬᠡᠵᠠᠢ᠃ ᠲᠡᠷᠡ ᠬᠡᠯᠡᠬᠦ ᠳᠡᠭᠡᠨ᠂ ᠮᠣᠩᠭᠤᠯ ᠤᠯᠤᠰ ᠨᠢ ᠬᠢᠩᠭᠠᠨ ᠠᠶᠢᠮᠠᠭ ᠯᠤᠭ᠎ᠠ ᠠᠭᠤᠯᠠ ᠤᠰᠤ ᠵᠠᠯᠭᠠᠯᠳᠤᠵᠤ᠂ ᠬᠤᠶᠠᠷ ᠤᠷᠤᠨ ᠤ ᠬᠤᠭᠤᠷᠣᠨᠳᠣᠬᠢ ᠨᠥᠬᠦᠷᠯᠡᠯ ᠤᠨ ᠰᠠᠭᠤᠷᠢ ᠵᠤᠵᠠᠭᠠᠨ ᠪᠠᠶᠢᠵᠤ᠂ ᠬᠤᠶᠠᠷ ᠲᠠᠯ᠎ᠠ ᠪᠠᠷ ᠢᠶᠠᠨ ᠠᠵᠤ ᠠᠬᠤᠶ ᠠᠷᠠᠯᠵᠢᠶᠠᠨ ᠤ ᠶᠠᠪᠤᠯᠴᠠᠭ᠎ᠠ᠂ ᠠᠭᠤᠷᠬᠠᠶ ᠶᠢᠨ ᠡᠬᠢ ᠪᠠᠶᠠᠯᠢᠭ ᠤᠨ ᠨᠡᠭᠡᠭᠡᠨ ᠠᠰᠢᠭᠯᠠᠯᠲᠠ᠂ ᠲᠠᠷᠢᠶᠠᠯᠠᠩ ᠮᠠᠯ ᠠᠵᠤ ᠠᠬᠤᠶ ᠶᠢᠨ ᠬᠠᠮᠲᠤᠷᠠᠯᠴᠠᠭ᠎ᠠ᠂ ᠵᠢᠭᠤᠯᠴᠢᠯᠠᠯ ᠤᠨ ᠬᠠᠮᠲᠤᠷᠠᠯᠴᠠᠭ᠎ᠠ᠂ ᠬᠥᠮᠦᠨ ᠰᠣᠶᠣᠯ ᠤᠨ ᠰᠣᠯᠢᠯᠴᠠᠭ᠎ᠠ ᠵᠡᠷᠭᠡ ᠲᠠᠯ᠎ᠠ ᠪᠠᠷ ᠰᠠᠷᠠᠭᠤᠯ ᠠᠭᠤᠳᠠᠮ ᠠᠯᠤᠰ ᠢᠷᠡᠭᠡᠳᠦᠶ ᠲᠠᠢ ᠪᠠᠶᠢᠨ᠎ᠠ᠂ ᠮᠣᠩᠭᠤᠯ ᠤᠯᠤᠰ ᠤᠨ ᠲᠠᠯ᠎ᠠ ᠠᠴᠠ ᠬᠢᠩᠭᠠᠨ ᠠᠶᠢᠮᠠᠭ ᠤᠨ ᠡᠯ᠎ᠡ  ᠡᠲᠡᠭᠡᠳ ᠤᠨ ᠬᠢᠨ ᠮᠣᠩᠭᠤᠯ ᠤᠯᠤᠰ ᠲᠤ ᠢᠷᠡᠵᠤ ᠪᠡᠯᠡ ᠣᠷᠣᠭᠤᠯᠵᠤ ᠠᠳᠠᠯ ᠦᠢᠯᠡᠰ ᠪᠤᠰᠬᠠᠬᠤ᠂ ᠵᠢᠭᠤᠯᠴᠢᠯᠠᠨ ᠲᠣᠭᠤᠷᠢᠬᠤ ᠶᠢ ᠴᠢᠩ ᠰᠡᠳᠬᠢᠯ ᠠᠴᠠ ᠪᠠᠨ ᠪᠠᠶᠠᠷᠯᠠᠨ ᠤᠭᠲᠤᠵᠤ ᠪᠠᠶᠢᠨ᠎ᠠ᠂ ᠨᠥᠬᠦᠷᠯᠡᠯ ᠬᠢᠭᠡᠳ ᠬᠠᠮᠲᠤᠷᠠᠯᠴᠠᠭ᠎ᠠ ᠶᠢᠨ ᠬᠤᠯᠪᠣᠭᠠᠰᠤ ᠪᠠᠷ ᠬᠤᠶᠠᠷ ᠲᠠᠯ᠎ᠠ ᠪᠠᠷ ᠢᠶᠠᠨ ᠬᠠᠮᠲᠤᠳᠠ ᠬᠦᠭᠵᠢᠨ᠂ ᠬᠠᠷᠢᠯᠴᠠᠨ ᠠᠰᠢᠭ ᠣᠯᠭᠤᠵᠤ ᠬᠠᠮᠲᠤ ᠪᠠᠷ ᠠᠰᠢᠭ ᠭᠥᠷᠳᠡᠬᠦ ᠬᠥᠭᠦᠷᠭᠡ ᠬᠤᠯᠪᠤᠰᠤᠬᠠᠢ ᠬᠡᠪᠡ᠃      ᠵᠦᠪᠯᠡᠨ ᠶᠠᠷᠢᠯᠴᠠᠬᠤ ᠬᠤᠷᠠᠯ ᠤᠨ ᠠᠬᠤᠢ ᠪᠠᠶᠢᠳᠠᠯ ᠨᠥᠬᠦᠷᠰᠡᠭ ᠪᠥᠭᠡᠳ ᠬᠠᠯᠠᠭᠤᠮᠰᠤᠭ ᠠᠭᠤᠷ ᠠᠮᠢᠰᠬᠤᠯ ᠢᠶᠠᠷ ᠪᠢᠯᠬᠠᠵᠤ᠂ ᠴᠢᠩ ᠦᠨᠡᠨᠴᠢ ᠪᠥᠭᠡᠳ ᠦᠨᠡᠨ ᠪᠤᠳᠠᠲᠠᠢ ᠵᠦᠪᠯᠡᠨ ᠶᠡᠷᠢᠯᠴᠠᠪᠠ᠃ ᠳᠤᠮᠳᠠᠳᠤ ᠮᠣᠩᠭᠤᠯ ᠬᠤᠶᠠᠷ ᠤᠯᠤᠰ ᠤᠨ ᠣᠷᠣᠨ ᠨᠤᠲᠤᠭ ᠤᠨ ᠵᠠᠰᠠᠭ ᠤᠨ ᠣᠷᠳᠣᠨ ᠬᠢᠭᠡᠳ ᠠᠵᠤ ᠠᠬᠤᠶᠢᠯᠠᠯ ᠨᠡᠶᠢᠲᠡ 19 ᠲᠦᠷᠦᠯ ᠤᠨ ᠭᠡᠷ᠎ᠡ ᠲᠤᠭᠲᠠᠵᠤ᠂ ᠡᠬᠦᠨ ᠳᠤ ᠵᠠᠰᠠᠭ ᠤᠨ ᠣᠷᠳᠣᠨ ᠤ ᠬᠤᠭᠤᠷᠣᠨᠳᠣᠬᠢ ᠵᠦᠪᠯᠡᠯᠴᠡᠭᠡᠷ 3᠂ ᠠᠷᠠᠯᠵᠢᠶᠠᠨ ᠤ ᠲᠦᠷᠦᠯ 10᠂ ᠰᠣᠶᠣᠯ ᠤᠨ ᠰᠤᠯᠢᠯᠴᠠᠭᠠᠨ ᠤ ᠲᠦᠷᠦᠯ 2᠂ ᠵᠢᠭᠤᠯᠴᠢᠯᠠᠯ ᠤᠨ ᠬᠠᠮᠲᠤᠷᠠᠯᠴᠠᠭ᠎ᠠ ᠶᠢᠨ ᠲᠦᠷᠦᠯ 2᠂ ᠲᠠᠷᠢᠶᠠᠯᠠᠩ ᠮᠠᠯ ᠠᠵᠤ ᠠᠬᠤᠶ ᠶᠢᠨ  ᠲᠦᠷᠦᠯ 2 ᠪᠠᠶᠢᠵᠤ᠂ ᠭᠡᠷ᠎ᠡ ᠲᠣᠭᠲᠠᠭᠰᠠᠨ ᠪᠦᠬᠦ ᠲᠤᠭ᠎ᠠ ᠨᠢ 3.2 ᠳ᠋ᠦᠡᠭᠰᠢᠭᠤᠷ ᠲᠥᠭᠦᠷᠢᠭ ᠠᠷᠠᠳ ᠤᠨ ᠵᠤᠭᠤᠰ ᠢ ᠳᠠᠪᠠᠪᠠ᠃ ᠰᠢᠨᠬᠤᠸᠠ ᠬᠤᠷᠢᠶ᠎ᠠ᠂ ︽ᠠᠷᠠᠳ ᠤᠨ ᠡᠳᠦᠷ ᠤᠨ ᠰᠣᠨᠢᠨ︾ ᠪᠣᠯᠤᠨ ᠳᠤᠮᠳᠠᠲᠤ ᠤᠯᠤᠰ ᠤᠨ ᠤᠯᠠᠨ ᠤᠯᠤᠰ ᠤᠨ ᠷᠠᠳᠢᠤ᠋  ᠲᠧᠯᠸᠢᠰ ᠨᠡᠪᠲᠡᠷᠡᠭᠦᠯᠭᠡ ᠶᠢᠨ ᠬᠤᠷᠢᠶ᠎ᠠ ᠶᠢᠨ ᠮᠤᠩᠭᠤᠯ ᠤᠯᠤᠰ ᠲᠤ ᠰᠠᠭᠤᠭ᠎ᠠ ᠰᠠᠯᠪᠤᠷᠢ ᠬᠤᠷᠢᠶ᠎ᠠ᠂ ᠮᠣᠩᠭᠤᠯ ᠤᠯᠤᠰ ᠤᠨ ᠤᠯᠤᠰ ᠤᠨ ᠲᠧᠯᠸᠢᠰ ᠬᠤᠷᠢᠶ᠎ᠠ ᠪᠤᠯᠤᠨ ᠤᠯᠠᠭᠠᠨᠪᠠᠭᠠᠲᠤᠷ ᠬᠤᠲᠠ ᠵᠡᠷᠭᠡ ᠣᠯᠠᠨ ᠵᠠᠭᠤᠴᠢᠯᠠᠭᠤᠷ ᠲᠤᠰ ᠠᠵᠢᠯᠯᠠᠭᠠᠨ ᠤ ᠪᠦᠬᠦ ᠶᠠᠪᠤᠴᠠ ᠶᠢ ᠮᠡᠳᠡᠭᠡᠯᠡᠭᠰᠡᠨ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号