ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠪᠠᠷ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ 2015 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ ᠶᠢᠨ ᠪᠠᠶᠢᠭᠤᠯᠭ᠎ᠠ ᠪᠣᠯᠣᠨ ᠠᠯᠪᠠᠲᠠᠨ ᠤ ᠬᠠᠤᠯᠢ ᠪᠠᠷ ᠯᠠᠪᠯᠠᠯᠲᠠ ᠪᠣᠯᠭᠠᠨ ᠬᠠᠮᠢᠶᠠᠷᠴᠤ | ᠪᠠᠶᠢᠭ᠎ᠠ ᠠᠵᠢᠯ ᠦᠢᠯᠡᠰ ᠤᠨ ᠨᠢᠭᠡᠴᠡ ︵ᠳᠣᠭᠤᠭᠰᠢ ᠯᠠᠪᠯᠠᠯᠲᠠ ᠪᠣᠯᠭᠠᠨ ᠬᠠᠮᠢᠶᠠᠷᠬᠤ ᠨᠢᠭᠡᠴᠡ ᠭᠡᠵᠦ ᠲᠣᠪᠴᠢᠯᠠᠨ᠎ᠠ | ︶ ᠶᠢᠨ ᠠᠯᠪᠠᠲᠠᠨ ᠪᠣᠯᠣᠨ ᠠᠵᠢᠯᠲᠠᠨᠢ ᠢᠯᠡ ᠪᠠᠷ ᠰᠢᠯᠢᠨ ᠰᠣᠩᠭᠤᠬᠤ ᠪᠠᠷ ᠲᠣᠭᠲᠠᠪᠠ᠃ ᠨᠡᠷ᠎ᠡ ᠮᠡᠳᠡᠭᠦᠯᠬᠦ ᠳᠤ | ᠰᠢᠯᠭᠠᠭᠤᠯᠤᠭᠰᠠᠳ ᠰᠠᠶᠢᠨ ᠳᠤᠷ᠎ᠠ ᠠᠴᠠ ᠪᠠᠨ ᠨᠡᠷ᠎ᠡ ᠮᠡᠳᠡᠭᠦᠯᠬᠦ ᠪᠠ ᠵᠣᠬᠢᠶᠠᠨ ᠪᠠᠶᠢᠭᠤᠯᠤᠯᠲᠠ ᠠᠴᠠ ᠲᠠᠨᠢᠯᠴᠠᠭᠤᠯᠬᠤ | ᠠᠷᠭ᠎ᠠ ᠶᠢ ᠠᠪᠴᠤ᠂ ᠨᠡᠷ᠎ᠡ ᠮᠡᠳᠡᠭᠦᠯᠬᠦ ᠴᠠᠭ ᠨᠢ 8 ᠳ᠋ᠤᠭᠠᠷ ᠰᠠᠷ᠎ᠠ ᠶᠢᠨ 1 ᠤ ᠡᠳᠦᠷ ᠤᠨ 9 ᠴᠠᠭ ᠠᠴᠠ 10 ᠤ | ᠡᠳᠦᠷ ᠤᠨ 17 ᠴᠠᠭ ᠪᠣᠯᠤᠨ᠎ᠠ᠃ | ᠡᠨᠡ ᠤᠳᠠᠭᠠᠨ ᠤ ᠢᠯᠡ ᠪᠠᠷ ᠰᠢᠯᠢᠨ ᠰᠣᠩᠭᠤᠬᠤ ᠲᠤᠰᠢᠶᠠᠯ ᠤᠨ ᠪᠠᠶᠢᠷᠢ ᠨᠢ ᠡᠷᠬᠢᠯᠡᠭᠴᠢ ᠭᠡᠰᠢᠭᠦᠨ ᠪᠣᠯᠤᠨ | ᠲᠡᠭᠦᠨ ᠠᠴᠠ ᠳᠣᠷᠣᠭᠰᠢᠬᠢ ᠲᠤᠰᠢᠶᠠᠯ ᠪᠣᠯᠣᠨ᠎ᠠ᠃ ᠠᠶᠢᠮᠠᠭ ᠬᠤᠲᠠ ᠵᠢᠴᠢ ᠲᠡᠭᠦᠨ ᠠᠴᠠ ᠲᠣᠷᠤᠭᠰᠢᠬᠢ | ᠪᠠᠶᠢᠭᠤᠯᠭ᠎ᠠ ᠳᠤ ᠠᠯᠪᠠᠲᠠᠨ ᠢᠶᠠᠷ ᠪᠦᠷᠢᠳᠬᠡᠨ ᠳᠠᠩᠰᠠᠯᠠᠭᠤᠯᠤᠭᠰᠠᠨ ᠮᠦᠷᠲᠡᠭᠡᠨ ᠣᠷᠣᠨ ᠲᠤᠭ᠎ᠠ ᠲᠠᠢ ᠠᠵᠢᠯ ᠤᠨ | ᠪᠠᠶᠢᠷᠢ ᠲᠠᠢ ᠠᠯᠪᠠᠲᠠᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠪᠠᠶᠢᠭᠤᠯᠭ᠎ᠠ ᠪᠣᠯᠣᠨ ᠯᠠᠪᠯᠠᠯᠲᠠ | ᠪᠣᠯᠭᠠᠨ ᠬᠠᠮᠢᠶᠠᠷᠬᠤ ᠨᠢᠭᠡᠴᠡ ᠳᠤ ᠨᠡᠷ᠎ᠡ ᠮᠡᠳᠡᠭᠦᠯᠦᠨ ᠰᠢᠯᠭᠠᠭᠤᠯᠵᠤ ᠪᠣᠯᠤᠨ᠎ᠠ︔ ᠠᠶᠢᠮᠠᠭ ᠬᠤᠲᠠ ᠵᠢᠴᠢ | ᠲᠡᠭᠦᠨ ᠠᠴᠠ ᠳᠣᠲᠣᠭᠰᠢᠬᠢ ᠠᠯᠪᠠᠲᠠᠨ ᠤ ᠬᠠᠤᠯᠢ ᠪᠠᠷ ᠯᠠᠪᠯᠠᠯᠲᠠ ᠪᠣᠯᠭᠠᠨ ᠬᠠᠮᠢᠶᠠᠷᠬᠤ ᠨᠢᠭᠡᠴᠡ ᠳᠤ ᠪᠦᠷᠢᠳᠬᠡᠨ | ᠳᠠᠩᠰᠠᠯᠠᠭᠤᠯᠤᠭᠰᠠᠨ ᠮᠦᠷᠲᠡᠭᠡᠨ ᠣᠷᠣᠨ ᠲᠤᠭ᠎ᠠ ᠲᠠᠢ ᠠᠵᠢᠯ ᠤᠨ ᠪᠠᠶᠢᠷᠢ ᠲᠠᠢ ᠠᠵᠢᠯᠲᠠᠨ ᠵᠥᠪᠬᠡᠨ ᠯᠠᠪᠯᠠᠯᠲᠠ | ᠪᠣᠯᠭᠠᠨ ᠬᠠᠮᠢᠶᠠᠷᠬᠤ ᠨᠢᠭᠡᠴᠡ ᠳᠤ ᠨᠡᠷ᠎ᠡ ᠮᠡᠳᠡᠭᠦᠯᠦᠨ ᠰᠢᠯᠭᠠᠭᠤᠯᠵᠤ ᠪᠣᠯᠤᠨ᠎ᠠ᠃ ᠥᠪᠡᠷᠲᠡᠭᠡᠨ ᠵᠠᠰᠠᠬᠤ ᠣᠷᠣᠨ ᠤ | ᠰᠢᠭᠤᠳ ᠬᠠᠷᠢᠶ᠎ᠠ ᠪᠠᠶᠢᠭᠤᠯᠭ᠎ᠠ ᠶᠢᠨ ᠣᠷᠣᠨ ᠨᠤᠲᠤᠭ ᠲᠤ ᠪᠠᠶᠢᠭᠤᠯᠤᠭᠰᠠᠨ ᠨᠢᠭᠡᠴᠡ ︵ᠡᠭᠴᠡ ᠬᠠᠮᠢᠶᠠᠷᠤᠯᠲᠠ ᠶᠢᠨ | ᠨᠢᠭᠡᠴᠡ᠂ ᠲᠣᠮᠢᠯᠠᠭᠰᠠᠨ ᠨᠢᠭᠡᠴᠡ ᠵᠡᠷᠭᠡ ᠪᠠᠭᠲᠠᠨ᠎ᠠ︶ ᠶᠢᠨ ᠳᠡᠭᠡᠷ᠎ᠡ ᠳᠤᠷᠠᠳᠤᠭᠰᠠᠨ ᠨᠥᠬᠦᠴᠡᠯ ᠳᠤ ᠨᠡᠶᠢᠴᠡᠬᠦ | ᠠᠯᠪᠠᠲᠠᠨ ᠪᠣᠯᠣᠨ ᠠᠵᠢᠯᠲᠠᠨ ᠴᠤ ᠨᠡᠷ᠎ᠡ ᠮᠡᠳᠡᠭᠦᠯᠦᠨ ᠰᠢᠯᠭᠠᠭᠤᠯᠵᠤ ᠪᠣᠯᠤᠨ᠎ᠠ᠃ ᠡᠭᠦᠨ ᠳᠤ ᠲᠥᠪ ᠬᠤᠷᠢᠶ᠎ᠠ | ᠪᠣᠯᠣᠨ ᠤᠯᠤᠰ ᠤᠨ ᠡᠭᠴᠡ ᠬᠠᠮᠢᠶᠠᠷᠤᠯᠲᠠ ᠶᠢᠨ ᠨᠢᠭᠡᠴᠡ᠂ ᠲᠥᠪ ᠬᠤᠷᠢᠶ᠎ᠠ ᠪᠣᠯᠣᠨ ᠲᠥᠷᠥ ᠶᠢᠨ ᠪᠠᠶᠢᠭᠤᠯᠭ᠎ᠠ ᠶᠢᠨ | ᠣᠷᠣᠨ ᠨᠤᠲᠤᠭ ᠲᠤ ᠪᠠᠶᠢᠭᠤᠯᠤᠭᠰᠠᠨ ᠨᠢᠭᠡᠴᠡ ᠪᠠᠭᠲᠠᠬᠤ ᠦᠭᠡᠢ᠃ | ᠨᠡᠷ᠎ᠡ ᠮᠡᠳᠡᠭᠦᠯᠦᠨ ᠰᠢᠯᠭᠠᠭᠤᠯᠤᠭᠰᠠᠳ ᠡᠷᠬᠡᠪᠰᠢ 2 ᠵᠢᠯ ᠠᠴᠠ ᠳᠡᠭᠡᠭᠰᠢ ᠦᠨᠳᠦᠰᠦᠨ ᠱᠠᠲᠤᠨ ᠳᠤ | ᠠᠵᠢᠯᠯᠠᠭᠰᠠᠨ ᠥᠩᠭᠡᠷᠡᠯᠲᠡ ᠪᠣᠯᠣᠨ 2 ᠵᠢᠯ ᠠᠴᠠ ᠳᠡᠭᠡᠭᠰᠢ ᠠᠯᠪᠠᠲᠠᠨ ᠪᠤᠶᠤ ᠠᠯᠪᠠᠲᠠᠨ ᠤ ᠬᠠᠤᠯᠢ ᠪᠠᠷ ᠯᠠᠪᠯᠠᠯᠲᠠ | ᠪᠣᠯᠭᠠᠨ ᠬᠠᠮᠢᠶᠠᠷᠬᠤ ᠨᠢᠭᠡᠴᠡ ᠳᠤ ᠠᠵᠢᠯᠯᠠᠭᠰᠠᠨ ᠥᠩᠭᠡᠷᠡᠯᠲᠡ ᠲᠠᠢ ᠪᠠᠶᠢᠬᠤ ᠬᠡᠷᠡᠭᠲᠡᠢ᠃ ᠠᠵᠢᠯᠯᠠᠭᠰᠠᠨ | ᠥᠩᠭᠡᠷᠡᠯᠲᠡ ᠶᠢ 2015 ᠣᠨ ᠤ 9 ᠳ᠋ᠦ᠋ᠭᠡᠷ ᠰᠠᠷ᠎ᠠ ᠪᠠᠷ ᠬᠢᠵᠠᠭᠠᠷᠯᠠᠨ᠎ᠠ᠃ ᠡᠯ᠎ᠡ ᠰᠢᠯᠢᠨ ᠰᠣᠩᠭᠤᠬᠤ | ᠲᠤᠰᠢᠶᠠᠯ ᠤᠨ ᠪᠠᠶᠢᠷᠢ ᠳᠤ ᠨᠡᠷ᠎ᠡ ᠮᠡᠳᠡᠭᠦᠯᠦᠨ ᠰᠢᠯᠭᠠᠭᠤᠯᠬᠤ ᠬᠥᠮᠦᠨ ᠤ ᠲᠤᠭ᠎ᠠ ᠬᠢᠭᠡᠳ ᠰᠢᠯᠢᠨ ᠰᠣᠩᠭᠤᠬᠤ ᠪᠠᠷ | ᠲᠥᠯᠥᠪᠯᠡᠭᠰᠡᠨ ᠬᠥᠮᠦᠨ ᠤ ᠲᠣᠭᠠᠨ ᠤ ᠬᠠᠷᠢᠴᠠᠯ 5:1 ᠳᠤ ᠬᠦᠷᠪᠡᠯ ᠰᠠᠶ᠋ᠢ ᠰᠢᠯᠭᠠᠯᠲᠠ ᠡᠬᠢᠯᠡᠬᠦ ᠪᠣᠯᠤᠨ᠎ᠠ᠃ | 8 ᠳ᠋ᠤᠭᠠᠷ ᠰᠠᠷ᠎ᠠ ᠶᠢᠨ 30 ᠤ ᠡᠳᠦᠷ ᠪᠢᠷ ᠤᠨ ᠰᠢᠯᠭᠠᠯᠲᠠ ᠬᠢᠨ᠎ᠡ᠂ ᠰᠢᠯᠭᠠᠯᠲᠠ ᠶᠢᠨ ᠭᠠᠵᠠᠷ ᠢ | ᠬᠥᠬᠡᠬᠤᠲᠠ ᠳᠤ ᠲᠣᠬᠢᠷᠠᠭᠤᠯᠵᠤ᠂ ᠰᠢᠯᠭᠠᠯᠲᠠ ᠶᠢᠨ ᠳᠠᠷᠠᠭ᠎ᠠ ᠠᠷᠪᠠᠭᠠᠳ ᠡᠳᠦᠷ ᠲᠤ ᠰᠢᠯᠭᠠᠯᠲᠠ ᠶᠢᠨ ᠬᠢᠷᠢ | ᠪᠦᠲᠦᠮᠵᠢ ᠪᠠᠨ ᠪᠠᠶᠢᠴᠠᠭᠠᠨ ᠯᠠᠪᠯᠠᠵᠤ ᠪᠣᠯᠣᠨ᠎ᠠ᠃ ᠡᠯ᠎ᠡ ᠰᠢᠯᠢᠨ ᠰᠣᠩᠭᠤᠬᠤ ᠪᠠᠶᠢᠭᠤᠯᠭ᠎ᠠ ︵ᠨᠢᠭᠡᠴᠡ︶ ᠶᠢᠨ | ᠰᠢᠯᠢᠨ ᠰᠣᠩᠭᠤᠬᠤ ᠲᠤᠰᠢᠶᠠᠯ ᠤᠨ ᠪᠠᠶᠢᠷᠢ᠂ ᠲᠤᠰᠢᠶᠠᠯ ᠤᠨ ᠬᠢᠷᠢ ᠬᠡᠮ ᠤᠨ ᠨᠥᠬᠦᠴᠡᠯ ᠵᠡᠷᠭᠡ ᠨᠠᠷᠢᠨ ᠪᠠᠶᠢᠳᠠᠯ ᠢ | ᠥᠪᠥᠷ ᠮᠣᠩᠭᠤᠯ ᠤᠨ ᠠᠵᠢᠯᠲᠠᠨ ᠤ ᠶᠠᠪᠤᠳᠠᠯ ᠤᠨ ᠰᠢᠯᠭᠠᠯᠲᠠ ᠶᠢᠨ ᠮᠡᠳᠡᠭᠡ ᠵᠠᠩᠭᠢ ᠶᠢᠨ ᠰᠦᠯᠵᠢᠶᠡᠨ ᠠᠴᠠ ᠡᠷᠢᠨ | ᠯᠠᠪᠯᠠᠵᠤ ᠪᠣᠯᠤᠨ᠎ᠠ᠃ |