8 ᠳ᠋ᠤᠭᠠᠷ ᠰᠡᠷ᠎ᠠ ᠶᠢᠨ 6 ᠤ ᠡᠳᠣᠷ᠂ ᠠᠷᠪᠠᠳᠣᠭᠠᠷ ᠬᠤᠭᠤᠴᠠᠭᠠᠨ ᠤ ᠪᠥᠬᠦ ᠣᠯᠣᠰ ᠤᠨ ᠴᠥᠬᠡᠨ ᠳᠣᠭᠠᠳᠣ | ᠥᠨᠳᠥᠰᠥᠳᠡᠨ ᠤ ᠣᠯᠠᠮᠵᠢᠯᠠᠯᠳᠣ ᠲᠠᠮᠢᠷ ᠤᠨ ᠴᠣᠬᠯᠠᠭᠠᠨ ᠤ ᠭᠠᠯ ᠪᠠᠮᠪᠠᠷ ᠢ ᠪᠤᠳᠠᠳᠠᠢ ᠭᠠᠵᠠᠷ ᠢᠶᠠᠷ ᠲᠠᠮᠵᠢᠭᠤᠯᠬᠤ | ᠠᠵᠢᠯᠯᠠᠭ᠎ᠠ ᠣᠷᠳᠣᠰ ᠬᠤᠳᠠ ᠶᠢᠨ ᠳ᠋ᠥᠩᠱᠧᠩ ᠳᠣᠭᠤᠷᠢᠬ ᠠᠴᠠ ᠡᠬᠢᠯᠠᠵᠤ᠂ ᠡᠵᠡᠨ ᠬᠤᠷᠤᠭ᠎ᠠ ᠬᠤᠰᠢᠭᠤ᠂ ᠬᠢᠶ᠎ᠠ | ᠪᠠᠭᠰᠢ ᠰᠢᠨ᠎ᠠ ᠳᠣᠭᠤᠷᠢᠬ ᠲᠤ ᠶᠠᠪᠣᠬᠳᠠᠪᠠ᠃ | ᠣᠯᠣᠰ ᠤᠨ ᠥᠨᠳᠣᠰᠣᠳᠠᠨ ᠤ ᠬᠡᠷᠡᠭ ᠡᠷᠬᠢᠯᠡᠬᠦ ᠵᠥᠪᠯᠠᠯ ᠤᠨ ᠲᠡᠳ᠋ ᠡᠷᠬᠢᠯᠡᠭᠴᠢ ᠳ᠋ᠠᠨᠵᠣᠣᠷ ᠠᠮᠪᠠᠨ | ᠣᠷᠣᠯᠴᠠᠬᠰᠠᠨ ᠪᠥᠬᠡᠳ ᠭᠠᠯ ᠪᠠᠮᠪᠠᠷ ᠲᠠᠮᠵᠢᠭᠤᠯᠬᠤ ᠠᠵᠢᠯᠯᠠᠭ᠎ᠠ ᠡᠬᠢᠯᠡᠭᠰᠡᠨ ᠢ ᠵᠡᠷᠯᠡᠪᠡ᠃ ᠥᠪᠡᠷᠳᠡᠬᠡᠨ ᠵᠠᠰᠠᠬᠤ | ᠣᠷᠣᠨ ᠤ ᠲᠠᠳ᠋ ᠲᠡᠷᠢᠬᠦᠯᠡᠭᠴᠢ ᠯᠢᠣ ᠰᠢᠨ ᠯᠧ᠂ ᠣᠯᠣᠰ ᠤᠨ ᠥᠨᠳᠥᠰᠥᠳᠡᠨ ᠤ ᠬᠡᠷᠡᠭ ᠡᠷᠬᠢᠯᠡᠬᠦ ᠵᠥᠪᠯᠡᠯ᠂ | ᠤᠯᠤᠰ ᠤᠨ ᠪᠡᠶ᠎ᠡ ᠶᠢᠨ ᠲᠠᠮᠢᠷ ᠤᠨ ᠶᠠᠷᠣᠩᠬᠡᠢ ᠳᠣᠪᠴᠢᠶ᠎ᠠ᠂ ᠥᠪᠡᠷᠳᠡᠬᠡᠨ ᠵᠠᠰᠠᠬᠤ ᠣᠷᠣᠨ ᠤ ᠬᠠᠮᠢᠶ᠎ᠠ ᠪᠥᠬᠦᠢ | ᠰᠠᠯᠠᠭ᠎ᠠ ᠮᠥᠴᠢᠷ ᠪᠣᠯᠣᠨ ᠣᠷᠳᠣᠰ ᠬᠤᠳᠠ ᠶᠢᠨ ᠬᠠᠮᠢᠶ᠎ᠠ ᠪᠥᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠳᠠᠨ | ᠡᠬᠢᠯᠡᠬᠦ ᠶᠣᠰᠣᠯᠠᠯ ᠳᠤ ᠣᠷᠣᠯᠴᠠᠪᠠ᠃ | ᠥᠷᠯᠥᠬᠡ ᠶᠢᠨ 10 ᠴᠠᠬ ᠲᠤ᠂ ᠭᠠᠯ ᠪᠠᠮᠪᠠᠷ ᠳᠠᠮᠵᠢᠭᠤᠯᠬᠤ ᠠᠵᠢᠯᠯᠠᠭ᠎ᠠ ᠡᠬᠢᠯᠠᠪᠠ᠃ ᠣᠷᠳᠣᠰ | ᠬᠤᠳᠠ ᠶᠢᠨ ᠨᠠᠮ ᠤᠨ ᠬᠤᠷᠢᠶ᠎ᠠ ᠶᠢᠨ ᠱᠥᠵᠢ ᠪᠠᠢ ᠢᠣᠢ ᠭᠠᠩ ᠭᠠᠯ ᠪᠠᠮᠪᠠᠷ ᠢ ᠳᠣᠰ ᠬᠤᠭᠤᠴᠠᠭᠠᠨ ᠤ ᠳᠠᠮᠢᠷ ᠤᠨ | ᠴᠤᠭᠯᠠᠭᠠᠨ ᠤ ᠨᠢᠬᠡᠳᠦᠬᠡᠷ ᠭᠠᠯ ᠪᠠᠮᠪᠠᠷᠴᠢᠨ᠂ ᠰᠢᠯᠢ ᠶᠢᠨ ᠭᠤᠣᠯ ᠠᠶᠢᠮᠠᠬ ᠤᠨ ᠬᠥᠪᠡᠬᠡᠳᠥ ᠰᠢᠷ᠎ᠠ ᠬᠤᠰᠢᠭᠤᠠ ᠳᠤ | ᠨᠣᠳᠤᠬ ᠲᠠᠢ᠂ ᠪᠥᠬᠦ ᠣᠯᠣᠰ ᠤᠨ ᠥᠨᠳᠥᠰᠥᠳᠡᠨ ᠤ ᠪᠠᠶ᠎ᠠ ᠶᠢᠨ ᠲᠠᠮᠢᠷ ᠤᠨ ᠲᠡᠷᠢᠬᠦᠨ ᠤ ᠬᠤᠪᠢ ᠬᠥᠮᠥᠨ᠂ ᠪᠥᠬᠦ | ᠣᠯᠣᠰ ᠤᠨ ᠣᠯᠠᠨ ᠳᠥᠮᠠᠨᠴᠢ ᠪᠡᠶ᠎ᠠ ᠶᠢᠨ ᠲᠠᠮᠢᠷ ᠤᠨ ᠲᠡᠷᠢᠬᠦᠨ ᠤ ᠬᠤᠪᠢ ᠬᠥᠮᠥᠨ ᠯᠢ ᠰᠢᠶᠦ᠋ᠨ ᠳᠤ ᠲᠠᠮᠵᠢᠭᠤᠯᠣᠨ | ᠥᠭᠴᠣ᠂ ᠲᠠᠷᠠᠭ᠎ᠠ ᠪᠠᠷ ᠨᠢ 20 ᠬᠥᠮᠥᠨ ᠳᠤ ᠲᠠᠮᠵᠢᠭᠤᠯᠤᠨ ᠳ᠋ᠥᠩᠱᠧᠩ ᠳᠣᠭᠤᠷᠢᠬ ᠲᠠᠬᠢ ᠲᠠᠮᠵᠢᠭᠤᠯᠬᠤ | ᠠᠵᠢᠯᠯᠠᠭ᠎ᠠ ᠳᠠᠭᠤᠰᠴᠣ᠂ ᠥᠳᠠ ᠶᠢᠨ ᠬᠤᠶᠢᠨᠠᠬᠢ 15 ᠴᠠᠬ ᠲᠤ᠂ ᠡᠵᠡᠨ ᠬᠤᠷᠤᠭ᠎ᠠ ᠬᠤᠰᠢᠭᠤᠨ ᠳᠠᠬᠢ 16 | ᠬᠥᠮᠥᠨ ᠤ ᠭᠠᠯ ᠪᠠᠮᠪᠠᠷ ᠲᠠᠮᠵᠢᠭᠤᠯᠬᠤ ᠠᠵᠢᠯᠯᠠᠭ᠎ᠠ ᠶᠠᠪᠣᠬᠳᠠᠨ᠂ 14 ᠴᠠᠬ ᠲᠤ᠂ ᠬᠢᠶ᠎ᠠ ᠪᠠᠭᠰᠢ ᠰᠢᠨ᠎ᠠ | ᠳᠣᠭᠤᠷᠢᠬ ᠲᠠᠬᠢ 20 ᠬᠥᠮᠥᠨ ᠤ ᠭᠠᠯ ᠪᠠᠮᠪᠡᠷ ᠲᠠᠮᠵᠢᠭᠤᠯᠬᠤ ᠠᠵᠢᠯᠯᠠᠭ᠎ᠠ ᠠᠮᠵᠢᠯᠳᠠ ᠲᠠᠢ ᠳᠠᠭᠤᠰᠴᠣ᠂ ᠡᠶᠢᠨᠬᠦ | ᠳᠣᠰ ᠬᠤᠭᠤᠴᠠᠭᠠᠨ ᠤ ᠳᠠᠮᠢᠷ ᠤᠨ ᠴᠤᠭᠯᠠᠭᠠᠨ ᠤ 56 ᠡᠳᠦᠷ ᠤᠨ ᠭᠠᠯ ᠪᠠᠮᠪᠠᠷ ᠲᠠᠮᠵᠢᠭᠤᠯᠬᠤ ᠠᠵᠢᠯᠯᠠᠭ᠎ᠠ | ᠥᠨᠳᠥᠷᠯᠡᠪᠡ᠃ | ᠳᠣᠰ ᠬᠤᠭᠤᠴᠠᠭᠠᠨ ᠤ ᠳᠠᠮᠢᠷ ᠤᠨ ᠴᠤᠭᠯᠠᠭᠠᠨ ᠤ ᠭᠠᠯ ᠪᠠᠮᠪᠠᠷ ᠲᠠᠮᠵᠢᠭᠤᠯᠬᠤ ᠠᠵᠢᠯᠯᠠᠭ᠎ᠠ 6 ᠳ᠋ᠤᠭᠠᠷ | ᠰᠡᠷ᠎ᠠ ᠶᠢᠨ12 ᠤᠨ ᠡᠳᠣᠷ᠂ ᠣᠳᠤᠬ ᠤᠨ ᠡᠮᠣᠨᠠᠳᠣ ᠬᠤᠰᠢᠭᠤᠨ ᠤ ᠪᠣᠷᠣᠪᠠᠯᠭᠠᠰᠣᠨ ᠳᠠᠬᠢ ᠶᠡᠨ ᠠᠠ ᠤ | ᠥᠨᠳᠣᠰᠥᠳᠡᠨ ᠤ ᠲᠡᠬᠡᠳᠥ ᠰᠣᠷᠭᠠᠭᠤᠯᠢ ᠶᠢᠨ ᠬᠠᠭᠤᠴᠢᠨ ᠪᠠᠭᠤᠷᠢ ᠠᠴᠠ ᠡᠬᠢᠯᠡᠵᠣ᠂ 8 ᠳ᠋ᠤᠭᠠᠷ ᠰᠡᠷ᠎ᠠ ᠶᠢᠨ 6 ᠤ | ᠡᠳᠣᠷ ᠪᠣᠯᠳᠠᠯ᠎ᠠ 56 ᠡᠳᠣᠷ ᠰᠥᠯᠵᠢᠶᠡᠨ ᠲᠡᠬᠡᠷ᠎ᠠ ᠭᠠᠯ ᠪᠠᠮᠪᠠᠷ ᠲᠠᠮᠵᠢᠭᠤᠯᠬᠤ ᠠᠵᠢᠯᠯᠠᠭ᠎ᠠ ᠦᠷᠨᠢᠬᠦᠯᠵᠤ᠂ | ᠰᠥᠯᠵᠢᠶᠡᠨ ᠤ ᠳᠠᠮᠵᠢᠭᠤᠯᠭ᠎ᠠ ᠳᠤ ᠣᠷᠣᠯᠴᠠᠬᠰᠠᠨ ᠬᠥᠮᠥᠨ 32 ᠳᠥᠮᠠ ᠳᠤ ᠬᠥᠷᠪᠠ᠃ |