ᠮᠠᠨ ᠤ ᠣᠷᠣᠨ ᠤ ᠶᠠᠫᠣᠨ ᠢ ᠡᠰᠡᠷᠬᠦᠴᠡᠬᠦ ᠡᠮᠦᠨ᠎ᠠ ᠹᠷᠣᠨᠲ ᠢ ᠲᠣᠰᠠᠯᠠᠬᠰᠠᠨ 6 ᠵᠢᠱᠢᠶᠡᠴᠢ ᠶᠠᠫᠣᠨ ᠢ ᠡᠰᠡᠷᠬᠦᠴᠡᠭᠰᠡᠨ ᠲᠠᠶᠢᠨ ᠢᠯᠠᠯᠲᠠ ᠣᠯᠣᠬᠰᠠᠨ 70 ᠵᠢᠯ ᠤᠨ ᠣᠢ ᠶᠢ ᠲᠣᠷᠠᠰᠬᠠᠬᠤ ᠴᠡᠷᠢᠭ ᠰᠢᠯᠭᠠᠨ ᠦᠵᠡᠬᠦ ᠠᠵᠢᠯᠯᠠᠭ᠎ᠠ ᠳᠤ ᠣᠷᠣᠯᠴᠠᠪᠠ
ᠨᠡᠶᠢᠲᠡᠯᠡᠭᠰᠡᠨ ᠴᠠᠭ᠄
2015/9/6
     9 ᠳ᠋ᠤᠭᠠᠷ ᠰᠠᠷ᠎ᠠ ᠶᠢᠨ 3᠎ ᠤ ᠡᠳᠦᠷ ᠶᠠᠪᠣᠬᠲᠠᠬᠰᠠᠨ ᠲᠣᠮᠲᠠᠲᠣ ᠣᠯᠣᠰ ᠤᠨ ᠠᠷᠠᠳ ᠲᠦᠮᠡᠨ ᠤ ᠶᠠᠫᠣᠨ ᠢ ᠡᠰᠡᠷᠬᠦᠴᠡᠭᠰᠨᠨ ᠲᠠᠶᠢᠨ ᠵᠢᠴᠢ ᠲᠡᠯᠡᠭᠡᠢ ᠶᠢᠨ ᠹᠠᠱᠢᠰ ᠢ ᠡᠰᠡᠷᠬᠦᠴᠡᠭᠰᠡᠨ ᠲᠠᠶᠢᠨ ᠢᠯᠠᠯᠲᠠ ᠣᠯᠣᠬᠰᠠᠨ 70 ᠵᠢᠯ ᠤᠨ ᠣᠢ ᠶᠢ ᠲᠣᠷᠠᠰᠬᠠᠬᠤ ᠶᠡᠭᠡ ᠬᠤᠷᠠᠯ ᠤᠨ ᠴᠡᠷᠢᠭ ᠰᠢᠯᠭᠠᠨ ᠦᠵᠡᠬᠦ ᠶᠣᠰᠣᠯᠠᠯ ᠲᠡᠭᠡᠷ᠎ᠡ ᠮᠠᠨ ᠤ ᠣᠷᠣᠨ ᠤ ᠡᠮᠦᠨ᠎ᠡ ᠹᠷᠣᠨᠲ ᠢ ᠲᠣᠰᠠᠯᠠᠬᠰᠠᠨ 6 ᠵᠢᠱᠢᠶᠡᠴᠢ ᠶᠠᠫᠣᠨ ᠢ ᠡᠰᠡᠷᠬᠦᠴᠡᠬᠦ ᠡᠮᠦᠨ᠎ᠡ ᠹᠷᠣᠨᠲ ᠢ ᠲᠣᠰᠠᠯᠠᠬᠰᠠᠨ ᠵᠢᠱᠢᠶᠡᠴᠢᠳ ᠤᠨ ᠲᠡᠷᠭᠡᠨ ᠵᠢᠬᠰᠠᠭᠠᠯ ᠳᠤ ᠢᠯᠡᠷᠡᠵᠦ᠂ ᠠᠬᠠᠮᠠᠳ ᠪᠠᠶᠢᠯᠲᠣᠬᠴᠢᠳ ᠤᠨ ᠵᠢᠬᠰᠠᠭᠠᠯ ᠤᠨ ᠡᠩᠨᠡᠭᠡ ᠲᠠᠢ ᠬᠠᠮᠲᠣ ᠰᠢᠯᠭᠠᠨ ᠦᠵᠡᠬᠦ ᠶᠣᠰᠣᠯᠠᠯ ᠳᠤ ᠣᠷᠣᠯᠴᠠᠬᠰᠠᠨ ᠪᠠᠶᠢᠨ᠎ᠠ᠃      ᠶᠠᠫᠣᠨ ᠢ ᠡᠰᠡᠷᠬᠦᠴᠡᠬᠦ ᠡᠮᠦᠨ᠎ᠠ ᠹᠷᠣᠨᠲ ᠢ ᠲᠣᠰᠠᠯᠠᠬᠰᠠᠨ ᠡᠲᠡᠭᠡᠷ 6 ᠵᠢᠱᠢᠶᠡᠴᠢ ᠪᠣᠯ ᠪᠦᠷ ᠪᠣᠭᠤᠲᠣ ᠬᠤᠲᠠ ᠶᠢᠨ ᠲᠦᠮᠡᠳ ᠪᠠᠷᠠᠭᠤᠨ ᠬᠤᠰᠢᠭᠤᠨ ᠤ ᠵᠢᠦ ᠹᠧᠩ ᠱᠠᠨ ᠬᠠᠮᠢᠶᠠᠷᠣᠯᠲᠠ ᠶᠢᠨ ᠵᠦᠪᠯᠡᠯ ᠤᠨ ᠨᠢᠦ ᠦ᠋ ᠶᠣᠣ ᠲᠣᠰᠬᠤᠨ ᠤ 88 ᠨᠠᠰᠣᠲᠠᠢ ᠵᠠᠩ ᠪᠠᠢ ᠨᠢᠣᠢ᠂ ᠶᠡᠭᠡ ᠰᠣᠪᠣᠷᠭ᠎ᠠ ᠲᠣᠰᠬᠤᠨ ᠤ 85 ᠨᠠᠰᠣᠲᠠᠢ ᠬᠠᠨ ᠯᠠᠢ ᠰᠦᠸᠧ᠂ ᠮᠠᠶᠢᠲᠠᠷᠢ ᠵᠣᠣ ᠪᠠᠯᠭᠠᠰᠣᠨ ᠤ 85 ᠨᠠᠰᠣᠲᠠᠢ ᠶᠠᠨ ᠵᠦᠩ᠂ 93 ᠨᠠᠰᠣᠲᠠᠢ ᠺᠠᠩ ᠼᠦᠨ ᠨᠢᠣᠢ᠂ 80 ᠨᠠᠰᠣᠲᠠᠢ ᠿᠧᠨ ᠰᠢᠶᠣᠣ ᡁᠢ ᠪᠣᠯᠣᠨ ᠰᠠᠭᠠᠯᠢᠴᠢᠨ ᠪᠠᠯᠭᠠᠰᠣᠨ ᠤ 91 ᠨᠠᠰᠣᠲᠠᠢ ᠯᠦ ᠶᠠᠨ ᠨᠢᠣᠢ ᠪᠣᠯᠣᠨ᠎ᠠ᠃      ᠣᠢᠢᠯᠠᠭᠠᠬᠰᠠᠨ ᠶᠢᠡᠷ᠂ ᠮᠠᠨ ᠤ ᠣᠷᠣᠨ ᠤ ᠶᠠᠫᠣᠨ ᠢ ᠡᠰᠡᠷᠬᠦᠴᠡᠬᠦ ᠡᠮᠦᠨ᠎ᠡ ᠹᠷᠣᠨᠲ ᠢ ᠲᠣᠰᠠᠯᠠᠬᠰᠠᠨ 6 ᠵᠢᠱᠢᠶᠠᠴᠢ ᠶᠢ ᠪᠦᠬᠦ ᠣᠷᠣᠨ ᠤ ᠡᠯ᠎ᠠ ᠭᠠᠵᠠᠷ ᠠᠴᠠ ᠰᠣᠩᠭᠤᠨ ᠮᠡᠲᠡᠬᠦᠯᠦᠭᠰᠡᠨ ᠬᠦᠮᠦᠰ ᠤᠨ ᠲᠣᠮᠲᠠ ᠠᠴᠠ ᠱᠠᠲᠣ ᠱᠠᠲᠣ ᠪᠠᠷ ᠬᠢᠨᠠᠨ ᠰᠢᠯᠭᠠᠷᠠᠭᠤᠯᠬᠤ ᠪᠠᠷ ᠲᠠᠮᠵᠢᠨ ᠲᠣᠬᠲᠠᠭᠠᠬᠰᠠᠨ ᠶᠣᠮ᠃ ᠶᠠᠫᠣᠨ ᠢ ᠡᠰᠡᠷᠬᠦᠴᠡᠬᠦ ᠲᠠᠶᠢᠨ ᠤ ᠬᠤᠭᠤᠴᠠᠭᠠᠨ ᠳᠤ ᠲᠡᠲᠡᠨ ᠤ ᠵᠠᠷᠢᠮ ᠨᠢ ᠲᠠᠯᠠᠨ ᠬᠠᠷ᠎ᠠ ᠠᠭᠤᠯᠠ ᠶᠢᠨ ᠶᠠᠫᠣᠨ ᠢ ᠡᠰᠡᠷᠬᠦᠴᠡᠬᠦ ᠫᠠᠷᠲ᠋ᠢᠽᠠᠨ ᠠᠩᠬᠢ ᠳᠤ ᠴᠢᠮᠡᠭᠡ ᠪᠠ ᠠᠮᠣ ᠬᠦᠨᠡᠰᠦ ᠬᠤᠪᠴᠠᠰᠣ ᠬᠤᠨᠠᠷ ᠬᠦᠷᠭᠡᠵᠦ᠂ ᠵᠠᠷᠢᠮ ᠨᠢ ᠫᠠᠷᠲ᠋ᠢᠽᠠᠨ ᠠᠩᠬᠢ ᠶᠢᠨ ᠰᠢᠷᠬᠠᠲᠠᠨ ᠢ ᠭᠡᠷ ᠲᠡᠭᠡᠨ ᠦᠯᠡᠲᠡᠭᠡᠨ ᠰᠢᠷᠬ᠎ᠠ ᠶᠢ ᠨᠢ ᠰᠣᠪᠢᠯᠠᠵᠦ᠂ ᠶᠠᠫᠣᠨ ᠢ ᠡᠰᠡᠷᠬᠦᠴᠡᠭᠰᠡᠨ ᠲᠠᠶᠢᠨ ᠤ ᠢᠯᠠᠯᠲᠠ ᠳᠤ ᠬᠤᠪᠢ ᠨᠡᠮᠡᠷᠢ ᠦᠵᠡᠬᠦᠯᠦᠭᠰᠡᠨ ᠪᠢᠯᠡ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号