ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡᠨ ᠳᠤᠷᠠᠰᠬᠠᠯ ᠬᠠᠭᠤᠴᠢ ᠰᠤᠳᠤᠯᠬᠤ ᠭᠠᠵᠠᠷ | ᠣᠶᠢᠷ᠎ᠠ ᠳᠤ ᠤᠯᠠᠭᠠᠨᠬᠠᠳᠠ ᠬᠤᠲᠠ ᠶᠢᠨ ᠠᠤᠬᠠᠨ ᠬᠤᠰᠢᠭᠤᠨ ᠠᠴᠠ 4000 ᠵᠢᠯ ᠤᠨ ᠡᠮᠦᠨᠡᠬᠢ ᠬᠦᠷᠡᠯ | ᠵᠡᠪᠰᠡᠭ ᠤᠨ ᠦᠶ᠎ᠡ ᠶᠢᠨ ᠰᠢᠶᠠ ᠵᠢᠶ᠋ᠨ ᠳ᠋ᠢᠶᠠᠨ ᠤ ᠳᠣᠣᠷᠠᠳᠤ ᠳᠠᠪᠬᠤᠷᠭ᠎ᠠ ᠶᠢᠨ ᠰᠣᠶᠣᠯ ᠤᠨ ᠦᠯᠡᠳᠡᠭᠳᠡᠯ ᠢ | ᠢᠯᠡᠷᠡᠭᠦᠯᠪᠡ᠃ | ᠰᠢᠶᠠ ᠵᠢᠶ᠋ᠨ ᠳ᠋ᠢᠶᠠᠨ ᠤ ᠳᠣᠣᠷᠠᠳᠤ ᠳᠠᠪᠬᠤᠷᠭ᠎ᠠ ᠶᠢᠨ ᠰᠣᠶᠣᠯ ᠪᠣᠯ ᠳᠤᠮᠳᠠᠳᠤ ᠤᠯᠤᠰ ᠤᠨ ᠤᠮᠠᠷᠠᠲᠤ | ᠣᠷᠣᠨ ᠤ ᠬᠦᠷᠡᠯ ᠵᠡᠪᠰᠡᠭ ᠤᠨ ᠦᠶ᠎ᠡ ᠶᠢᠨ ᠰᠤᠶᠤᠯ ᠮᠥᠨ᠂ ᠬᠠᠮᠤᠭ ᠠᠩᠬ᠎ᠠ ᠥᠪᠥᠷ ᠮᠣᠩᠭᠤᠯ ᠤᠨ ᠰᠢᠶᠠ ᠵᠢᠶ᠋ᠨ | ᠳ᠋ᠢᠶᠠᠨ ᠤ ᠪᠠᠭᠤᠷᠢ ᠶᠢᠨ ᠳᠣᠣᠷᠠᠳᠤ ᠳᠠᠪᠬᠤᠷᠭ᠎ᠠ ᠠᠴᠠ ᠢᠯᠡᠷᠡᠭᠦᠯᠦᠭᠰᠡᠨ ᠠᠴᠠ ᠢᠩᠭᠢᠵᠦ ᠨᠡᠷᠡᠯᠡᠵᠡᠢ᠃ ᠬᠠᠭᠤᠴᠢ | ᠰᠤᠳᠤᠯᠭᠠᠲᠠᠨ ᠠᠴᠠ ᠲᠣᠰ ᠤᠳᠠᠭᠠᠨ ᠤ ᠰᠢᠨ᠎ᠡ ᠢᠯᠡᠷᠡᠭᠦᠯᠦᠭᠰᠡᠨ ᠰᠢᠶᠠ ᠵᠢᠶ᠋ᠨ ᠳ᠋ᠢᠶᠠᠨ ᠤ ᠪᠠᠭᠤᠷᠢ ᠶᠢᠨ ᠳᠣᠣᠷᠠᠳᠤ | ᠳᠠᠪᠬᠤᠷᠭ᠎ᠠ ᠶᠢᠨ ᠰᠣᠶᠣᠯ ᠤᠨ ᠦᠯᠡᠳᠡᠭᠳᠡᠯ ᠢ ᠨᠠᠷᠢᠨ ᠭᠤᠣᠯ ᠰᠣᠶᠣᠯ ᠤᠨ ᠦᠯᠡᠳᠡᠭᠳᠡᠯ ᠬᠡᠮᠡᠨ ᠮᠣᠩᠭᠤᠯ ᠢᠶᠠᠷ | ᠨᠡᠷᠡᠯᠡᠵᠡᠢ᠃ | ᠨᠠᠷᠢᠨ ᠭᠤᠣᠯ ᠰᠣᠶᠣᠯ ᠤᠨ ᠬᠠᠭᠤᠴᠢᠳ ᠠᠭᠤᠳᠠᠯᠤᠭᠰᠠᠨ ᠲᠠᠯᠠᠪᠠᠢ ᠨᠢ ᠪᠠᠷᠤᠭ 550 ᠲᠡᠭᠰᠢ | ᠳᠥᠷᠪᠡᠯᠵᠢᠨ ᠮᠧᠲᠷ᠂ 15 ᠰᠠᠭᠤᠷᠢ ᠭᠡᠷ ᠤᠨ ᠪᠠᠭᠤᠴᠠ ᠢᠯᠡᠷᠡᠭᠦᠯᠵᠦ᠂ ᠲᠣᠰᠪᠤᠷᠢ ᠭᠠᠵᠠᠷ ᠤᠨ ᠭᠠᠳᠠᠷᠭᠤ ᠶᠢᠨ | ᠬᠡᠯᠪᠡᠷᠢ ᠪᠠ ᠬᠠᠭᠠᠰ ᠨᠦᠬᠡᠨ ᠬᠡᠯᠪᠡᠷᠢ᠂ ᠬᠠᠪᠲᠠᠭᠠᠢ ᠵᠤᠤᠪᠠᠩ ᠬᠡᠯᠪᠡᠷᠢ ᠪᠠᠷ ᠭᠤᠣᠯᠯᠠᠵᠤ᠂ ᠡᠭᠦᠨ ᠤ ᠬᠠᠮᠲᠤ 17 | ᠰᠠᠭᠤᠷᠢ ᠦᠨᠡᠰᠦᠨ ᠨᠦᠬᠡ ᠢᠯᠡᠷᠡᠭᠦᠯᠪᠡ᠃ ᠬᠠᠭᠤᠴᠢᠳ ᠤᠨ ᠬᠤᠶᠢᠲᠤ ᠲᠠᠯ᠎ᠠ ᠠᠴᠠ ᠪᠠᠬᠢᠯᠡᠯᠲᠡ ᠶᠢᠨ ᠭᠤᠤ | ᠢᠯᠡᠷᠡᠭᠦᠯᠵᠦ᠂ ᠪᠠᠷᠠᠭᠤᠨ ᠠᠴᠠ ᠵᠡᠭᠦᠨᠰᠢ ᠠᠭᠠᠵᠢᠮ ᠢᠶᠠᠷ ᠥᠷᠭᠡᠰᠴᠦ᠂ ᠬᠠᠮᠤᠭ ᠤᠨ ᠥᠷᠭᠡᠨ ᠨᠢ 13 ᠮᠧᠲᠷ ᠲᠤ | ᠬᠦᠷᠪᠡ᠃ ᠭᠡᠷ ᠤᠨ ᠪᠠᠭᠤᠷᠢ ᠪᠠ ᠭᠠᠵᠠᠷ ᠤᠨ ᠳᠠᠪᠬᠤᠷᠭ᠎ᠠ ᠠᠴᠠ ᠪᠦᠷ ᠬᠠᠭᠤᠴᠢ ᠪᠣᠳᠠᠰ ᠢᠯᠡᠷᠡᠭᠦᠯᠵᠦ᠂ ᠴᠢᠯᠠᠭᠤᠨ | ᠵᠡᠪᠰᠡᠭ᠂ ᠶᠠᠰᠤᠨ ᠵᠡᠪᠰᠡᠭ᠂ ᠱᠠᠭᠠᠵᠠᠩ ᠵᠡᠪᠰᠡᠭ᠂ ᠬᠠᠰ ᠬᠡᠷᠡᠭᠰᠡᠯ ᠪᠠ ᠬᠦᠷᠡᠯ ᠵᠡᠪᠰᠡᠭ ᠵᠡᠷᠭᠡ ᠲᠡᠦᠬᠡᠨ | ᠳᠤᠷᠠᠰᠬᠠᠯ ᠵᠦᠢᠯ 180 ᠭᠠᠷᠤᠢ ᠶᠢ ᠢᠯᠡᠷᠡᠭᠦᠯᠪᠡ᠃ | ᠬᠠᠭᠤᠴᠢᠳ ᠪᠠ ᠬᠠᠭᠤᠴᠢ ᠪᠣᠳᠠᠰ ᠤᠨ ᠠᠩᠬᠠᠨ ᠤ ᠵᠠᠳᠠᠯᠤᠯᠲᠠ ᠠᠴᠠ ᠦᠵᠡᠪᠡᠯ᠂ ᠨᠠᠷᠢᠨ ᠭᠤᠣᠯ | ᠬᠠᠭᠤᠴᠢᠳ ᠤᠨ ᠰᠣᠶᠣᠯ ᠤᠨ ᠬᠠᠷᠢᠶᠠᠯᠠᠭᠲᠤᠨ ᠨᠢ ᠬᠠᠷᠢᠴᠠᠩᠭᠤᠢ ᠳᠠᠩ ᠴᠤᠯᠭᠤᠢ᠂ ᠪᠦᠷ ᠰᠢᠶᠠ ᠵᠢᠶ᠋ᠨ ᠳ᠋ᠢᠶᠠᠨ ᠤ | ᠪᠠᠭᠤᠷᠢ ᠶᠢᠨ ᠳᠣᠣᠷ᠎ᠠ ᠳᠠᠪᠬᠤᠷᠭ᠎ᠠ ᠶᠢᠨ ᠰᠣᠶᠣᠯ ᠤᠨ ᠦᠯᠡᠳᠡᠭᠳᠡᠯ ᠪᠣᠯᠣᠨ᠎ᠠ᠃ | ᠣᠶᠢᠯᠭᠠᠭᠰᠠᠨ ᠢᠶᠠᠷ᠂ ᠲᠤᠰ ᠬᠠᠭᠤᠴᠢᠳ ᠢ ᠢᠯᠡᠷᠡᠭᠦᠯᠦᠭᠰᠡᠨ ᠨᠢ ᠰᠢᠶᠠ ᠵᠢᠶ᠋ᠨ ᠳ᠋ᠢᠶᠠᠨ ᠤ ᠪᠠᠭᠤᠷᠢ ᠶᠢᠨ | ᠳᠣᠣᠷ᠎ᠠ ᠳᠠᠪᠬᠤᠷᠭ᠎ᠠ ᠶᠢᠨ ᠰᠣᠶᠣᠯ ᠤᠨ ᠪᠦᠬᠦᠶᠢᠯᠡ ᠳᠦᠷᠰᠦ ᠪᠠᠶᠢᠳᠠᠯ᠂ ᠨᠡᠩ ᠢᠯᠠᠩᠭᠤᠶ᠎ᠠ ᠠᠶᠢᠯ ᠠᠶᠢᠮᠠᠭ ᠤᠨ | ᠪᠠᠶᠢᠷᠢᠰᠢᠯ ᠵᠢᠴᠢ ᠭᠡᠷ ᠪᠠᠶᠢᠰᠢᠩ ᠤᠨ ᠪᠠᠷᠢᠯᠭ᠎ᠠ ᠶᠢᠨ ᠬᠡᠯᠪᠡᠷᠢ ᠵᠡᠷᠭᠡ ᠰᠡᠳᠦᠪ᠂ ᠨᠡᠩ ᠴᠢᠨᠠᠭᠰᠢᠯᠠᠪᠠᠯ ᠳᠤᠮᠳᠠᠳᠤ | ᠤᠯᠤᠰ ᠤᠨ ᠤᠮᠠᠷᠠᠲᠤ ᠶᠢᠨ ᠬᠦᠷᠡᠯ ᠵᠡᠪᠰᠡᠭ ᠤᠨ ᠦᠶ᠎ᠡ ᠶᠢᠨ ᠬᠠᠭᠤᠴᠢ ᠰᠤᠳᠤᠯᠤᠯ ᠤᠨ ᠣᠷᠣᠨ | ᠬᠤᠪᠢᠶᠠᠷᠢ ᠶᠢᠨ ᠣᠨᠴᠠᠯᠢᠭ ᠢ ᠰᠤᠳᠤᠯᠬᠤ ᠳᠤ ᠴᠢᠬᠤᠯᠠ ᠪᠣᠳᠠᠰ ᠤᠨ ᠮᠠᠲ᠋ᠧᠷᠢᠶᠠᠯ ᠣᠯᠭᠤᠭᠰᠠᠨ ᠪᠠᠶᠢᠨ᠎ᠠ᠃ | |