1 ᠳ᠋ᠦ᠋ᠭᠡᠷ ᠰᠠᠷ᠎ᠠ ᠶᠢᠨ 25 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ | ᠬᠠᠮᠠᠭᠠᠯᠠᠯ ᠲᠥᠯᠥᠪᠯᠡᠭᠡᠲᠦ ᠦᠷᠡᠵᠢᠯ ᠤᠨ ᠵᠥᠪᠯᠡᠯ ᠠᠴᠠ ᠣᠶᠢᠯᠠᠭᠠᠵᠤ ᠮᠡᠳᠡᠭᠰᠡᠨ ᠨᠢ᠂ ᠥᠪᠥᠷ ᠮᠣᠩᠭᠤᠯ ᠤᠨ | ᠮᠣᠩᠭᠤᠯ ᠡᠮᠨᠡᠯᠭᠡ ᠬᠢᠲᠠᠳ ᠡᠮᠨᠡᠯᠭᠡ ᠶᠢᠨ ᠬᠤᠯᠪᠣᠭᠠᠲᠤ ᠴᠣᠭᠴᠠ ︵ᠡᠮᠨᠡᠯᠭᠡ ᠶᠢᠨ ᠬᠤᠯᠪᠣᠭᠠᠲᠤ ᠴᠣᠭᠴᠠ ᠭᠡᠵᠦ | ᠲᠣᠪᠴᠢᠯᠠᠨ᠎ᠠ︶ ᠨᠢ 2014 ᠣᠨ ᠳᠤ ᠪᠠᠶᠢᠭᠤᠯᠤᠭᠳᠠᠭᠰᠠᠨ ᠠᠴᠠ ᠣᠳᠣ ᠪᠣᠯᠲᠠᠯ᠎ᠠ ᠨᠢᠭᠡᠨᠲᠡ 75 ᠡᠮᠨᠡᠯᠭᠡ ᠶᠢᠨ | ᠬᠤᠷᠢᠶ᠎ᠠ ᠡᠮᠨᠡᠯᠭᠡ ᠶᠢᠨ ᠬᠤᠯᠪᠣᠭᠠᠲᠤ ᠴᠣᠭᠴᠠ ᠶᠢᠨ ᠵᠥᠪᠳᠡᠯᠴᠡᠭᠡᠷ ᠲᠣᠭᠲᠠᠵᠤ᠂ ᠡᠮᠨᠡᠯᠭᠡ ᠶᠢᠨ ᠡᠬᠢ ᠪᠠᠶᠠᠯᠢᠭ ᠢ | ᠬᠠᠮᠲᠤᠪᠠᠷ ᠡᠳ᠋ᠯᠡᠬᠦ ᠶᠢ ᠪᠡᠶᠡᠯᠡᠭᠦᠯᠵᠦ᠂ ᠤᠯᠠᠨ ᠲᠦᠮᠡᠨ ᠤ ᠡᠪᠡᠳᠴᠢᠨ ᠦᠵᠡᠭᠦᠯᠵᠦ ᠡᠮᠴᠢᠯᠡᠭᠦᠯᠬᠦ ᠳᠤ ᠳᠥᠭᠦᠮ | ᠦᠵᠡᠭᠦᠯᠪᠡ᠃ | ᠲᠠᠨᠢᠯᠴᠠᠭᠤᠯᠤᠭᠰᠠᠨ ᠢᠶᠠᠷ᠂ ᠥᠪᠥᠷ ᠮᠣᠩᠭᠤᠯ ᠤᠨ ᠮᠣᠩᠭᠤᠯ ᠡᠮᠨᠡᠯᠭᠡ ᠬᠢᠲᠠᠳ ᠡᠮᠨᠡᠯᠭᠡ ᠶᠢᠨ ᠬᠤᠯᠪᠣᠭᠠᠲᠤ | ᠴᠣᠭᠴᠠ ᠪᠣᠯ ᠥᠪᠥᠷ ᠮᠣᠩᠭᠤᠯ ᠤᠨ ᠣᠯᠠᠨ ᠤᠯᠤᠰ ᠤᠨ ᠮᠣᠩᠭᠤᠯ ᠡᠮᠨᠡᠯᠭᠡ ᠶᠢᠨ ᠬᠤᠷᠢᠶ᠎ᠠ ᠪᠠᠷ ᠶᠡᠷᠦᠩᠬᠡᠶ ᠬᠤᠷᠢᠶ᠎ᠠ | ᠪᠣᠯᠭᠠᠵᠤ᠂ ᠥᠪᠥᠷ ᠮᠣᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ᠂ ᠥᠪᠥᠷ ᠮᠣᠩᠭᠤᠯ ᠬᠢᠲᠠᠳ | ᠡᠮᠨᠡᠯᠭᠡ ᠶᠢᠨ ᠬᠤᠷᠢᠶ᠎ᠠ᠂ ᠲᠦᠩᠯᠢᠶᠣᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠡᠮᠨᠡᠯᠭᠡ ᠶᠢᠨ | ᠬᠤᠷᠢᠶ᠎ᠠ ᠪᠠᠷ ᠭᠤᠣᠯ ᠡᠮᠨᠡᠯᠭᠡ ᠶᠢᠨ ᠬᠤᠷᠢᠶ᠎ᠠ ᠪᠣᠯᠭᠠᠵᠤ᠂ ᠪᠦᠬᠦ ᠣᠷᠣᠨ ᠤ ᠡᠯ᠎ᠡ ᠱᠠᠲᠤᠨ ᠤ ᠡᠯ᠎ᠡ ᠲᠥᠷᠥᠯ ᠤᠨ | ᠮᠣᠩᠭᠤᠯ ᠡᠮᠨᠡᠯᠭᠡ ᠬᠢᠲᠠᠳ ᠡᠮᠨᠡᠯᠭᠡ ᠶᠢᠨ ᠬᠤᠷᠢᠶ᠎ᠠ ᠪᠠᠷ ᠬᠤᠪᠢᠶᠠᠷᠢ ᠬᠤᠷᠢᠶ᠎ᠠ ᠪᠣᠯᠭᠠᠭᠰᠠᠨ ᠬᠤᠯᠪᠤᠭᠠᠲᠤ ᠴᠣᠭᠴᠠ | ᠪᠣᠯᠣᠨ᠎ᠠ᠃ ᠡᠮᠨᠡᠯᠭᠡ ᠶᠢᠨ ᠬᠤᠯᠪᠣᠭᠠᠲᠤ ᠴᠣᠭᠴᠠ ᠪᠠᠶᠢᠭᠤᠯᠤᠭᠳᠠᠭᠰᠠᠨ ᠠᠴᠠ ᠨᠠᠰᠢ᠂ ᠡᠮᠨᠡᠯᠭᠡ ᠶᠢᠨ ᠬᠤᠯᠪᠣᠭᠠᠲᠤ | ᠴᠣᠭᠴᠠ ᠶᠢᠨ ᠪᠦᠷᠢᠯᠳᠦᠬᠦᠨ ᠡᠮᠨᠡᠯᠭᠡ ᠶᠢᠨ ᠬᠤᠷᠢᠶ᠎ᠠ ᠬᠤᠭᠤᠷᠤᠨᠳᠤ ᠪᠠᠨ ᠢᠳᠡᠪᠬᠢᠲᠡᠶ ᠪᠠᠷ ᠡᠮᠨᠡᠯᠭᠡ ᠶᠢᠨ | ᠮᠡᠷᠭᠡᠵᠢᠯ ᠤᠨ ᠬᠠᠮᠵᠢᠯᠴᠠᠭ᠎ᠠ ᠬᠢᠵᠦ᠂ ᠡᠮᠨᠡᠯᠭᠡ ᠶᠢᠨ ᠬᠤᠷᠢᠶ᠎ᠠ ᠶᠢᠨ ᠬᠠᠮᠢᠶᠠᠷᠤᠯᠲᠠ ᠶᠢᠨ ᠲᠤᠷᠰᠢᠯᠭ᠎ᠠ ᠪᠠᠨ | ᠰᠤᠯᠢᠯᠴᠠᠵᠤ᠂ ᠠᠯᠤᠰ ᠠᠴᠠ ᠬᠠᠮᠲᠤᠷᠠᠨ ᠣᠨᠣᠰᠢᠯᠠᠬᠤ᠂ ᠱᠠᠳᠤ ᠬᠤᠪᠢᠶᠠᠨ ᠡᠮᠨᠡᠬᠦ᠂ ᠬᠤᠣᠰ ᠴᠢᠭᠯᠡᠯ ᠢᠶᠠᠷ | ᠰᠢᠯᠵᠢᠭᠦᠯᠦᠨ ᠡᠮᠨᠡᠬᠦ᠂ ᠪᠠᠴᠢᠮ ᠬᠦᠨᠳᠦ ᠡᠪᠡᠳᠴᠢᠲᠡᠳ ᠤᠨ ᠰᠠᠭᠠᠳ ᠦᠭᠡᠢ ᠨᠡᠪᠲᠡᠷᠡᠬᠦ ᠵᠠᠮ ᠢ ᠪᠠᠶᠢᠭᠤᠯᠵᠤ᠂ | ᠡᠮᠨᠡᠯᠭᠡ ᠶᠢᠨ ᠬᠤᠯᠪᠣᠭᠠᠲᠤ ᠴᠣᠭᠴᠠ ᠶᠢᠨ ᠡᠮᠨᠡᠯᠭᠡ ᠶᠢᠨ ᠬᠤᠷᠢᠶ᠎ᠠ ᠶᠢᠨ ᠲᠣᠳᠤᠭᠠᠳᠤ ᠪᠠᠨ ᠰᠢᠯᠵᠢᠭᠦᠯᠦᠨ ᠡᠮᠨᠡᠬᠦ | ᠡᠪᠡᠳᠴᠢᠲᠡᠨ ᠢ ᠡᠩ ᠲᠡᠷᠢᠭᠦᠨ ᠳᠤ ᠲᠣᠬᠢᠷᠠᠭᠤᠯᠪᠠ᠃ ᠡᠳᠡᠭᠡᠷ ᠠᠵᠢᠯᠯᠠᠭ᠎ᠠ ᠨᠢ ᠠᠷᠠᠳ ᠤᠯᠠᠨ ᠳᠤ ᠠᠰᠢᠭ | ᠬᠦᠷᠲᠡᠭᠡᠭᠰᠡᠨ ᠤ ᠬᠠᠮᠲᠤ᠂ ᠪᠠᠰᠠ ᠣᠯᠠᠨ ᠲᠦᠮᠡᠨ ᠳᠤ ᠤᠯᠠᠮᠵᠢᠯᠠᠯᠲᠤ ᠠᠨᠠᠭᠠᠬᠤ ᠤᠬᠠᠭᠠᠨ ᠤ ᠳᠠᠪᠠᠭᠤᠯᠢᠭ | ᠣᠨᠴᠠᠯᠢᠭ ᠢ ᠣᠶᠢᠯᠠᠭᠠᠭᠤᠯᠵᠤ᠂ ᠡᠮᠨᠡᠯᠭᠡ ᠶᠢᠨ ᠡᠬᠢ ᠪᠠᠶᠠᠯᠢᠭ ᠢ ᠡᠮᠨᠡᠯᠭᠡ ᠶᠢᠨ ᠬᠤᠯᠪᠣᠭᠠᠲᠤ ᠴᠣᠭᠴᠠ ᠶᠢᠨ | ᠬᠡᠪᠴᠢᠶᠡᠨ ᠳᠣᠲᠣᠷ᠎ᠠ ᠬᠠᠮᠲᠤᠪᠠᠷ ᠡᠳ᠋ᠯᠡᠬᠦ ᠶᠢ ᠪᠡᠶᠡᠯᠡᠭᠦᠯᠪᠡ᠃ | ᠣᠶᠢᠯᠠᠭᠠᠭᠰᠠᠨ ᠢᠶᠠᠷ᠂ ᠣᠶᠢᠷ᠎ᠠ ᠶᠢᠨ ᠵᠢᠯ ᠤᠳ ᠮᠠᠨ ᠤ ᠣᠷᠣᠨ ᠮᠣᠩᠭᠤᠯ ᠡᠮᠨᠡᠯᠭᠡ ᠬᠢᠲᠠᠳ ᠡᠮᠨᠡᠯᠭᠡ ᠶᠢᠨ | ᠦᠢᠯᠡᠴᠢᠯᠡᠭᠡᠨ ᠤ ᠰᠢᠰᠲ᠋ᠧᠮᠵᠢ ᠶᠢ ᠵᠢᠯ ᠳᠠᠷᠠᠭᠠᠯᠠᠨ ᠲᠡᠭᠦᠯᠳᠡᠷᠵᠢᠭᠦᠯᠵᠦ᠂ ᠤᠳᠤ ᠪᠣᠯᠲᠠᠯ᠎ᠠ᠂ ᠪᠥᠬᠦ ᠣᠷᠣᠨ ᠤ | ᠠᠯᠪᠠᠨ ᠠᠴᠠ ᠪᠠᠶᠢᠭᠤᠯᠤᠭᠰᠠᠨ ᠮᠣᠩᠭᠤᠯ ᠡᠮᠨᠡᠯᠭᠡ ᠬᠢᠲᠠᠳ ᠡᠮᠨᠡᠯᠭᠡ ᠶᠢᠨ ᠬᠤᠷᠢᠶ᠎ᠠ ᠨᠢ 2010 ᠣᠨ ᠳᠤ 110 | ᠪᠠᠶᠢᠭᠰᠠᠨ ᠠᠴᠠ ᠪᠠᠨ122 ᠪᠣᠯᠲᠠᠯ᠎ᠠ ᠬᠦᠭᠵᠢᠭᠦᠯᠪᠡ︔ ᠮᠣᠩᠭᠤᠯ ᠡᠮᠨᠡᠯᠭᠡ ᠬᠢᠲᠠᠳ ᠡᠮᠨᠡᠯᠭᠡ ᠶᠢᠨ ᠡᠪᠡᠳᠴᠢᠲᠡᠨ ᠤ | ᠣᠷᠣ ᠨᠢ 2010 ᠣᠨ ᠳᠤ 9000 ᠣᠷᠣ ᠲᠠᠢ ᠪᠠᠶᠢᠭᠰᠠᠨ ᠠᠴᠠ ᠪᠠᠨ 18000 ᠣᠷᠣ ᠲᠠᠢ ᠪᠣᠯᠵᠤ᠂ | ᠲᠡᠭᠢᠨ ᠢᠶᠠᠷ ᠨᠡᠮᠡᠭᠳᠡᠵᠡᠶ︔ ᠮᠣᠩᠭᠤᠯ ᠡᠮ ᠡᠮᠨᠡᠯᠭᠡ ᠬᠢᠲᠠᠳ ᠡᠮ ᠡᠮᠨᠡᠯᠭᠡ ᠶᠢᠨ ᠲᠤᠰᠬᠠᠶ ᠮᠡᠷᠭᠡᠵᠢᠯ ᠤᠨ ᠠᠵᠢᠯᠲᠠᠳ | ᠨᠢ 2010 ᠣᠨ ᠳᠤ 9900 ᠬᠥᠮᠦᠨ ᠪᠠᠶᠢᠭᠰᠠᠨ ᠠᠴᠠ ᠪᠠᠨ 16000 ᠬᠥᠮᠦᠨ ᠪᠣᠯᠵᠤ ᠨᠡᠮᠡᠭᠳᠡᠨ᠂ 61. | 62% ᠢᠶᠠᠷ ᠨᠡᠮᠡᠭᠳᠡᠪᠡ᠃ |