ᠥᠪᠥᠷ ᠮᠣᠩᠭᠤᠯ ᠤᠨ 4 ᠠᠶᠢᠮᠠᠭ ᠬᠤᠲᠠ ᠤᠨᠳᠤᠤ ᠭᠠᠵᠠᠷ ᠲᠤ ᠡᠮᠨᠡᠬᠦᠯᠬᠦ ᠶᠢ ᠲᠠᠰᠤᠯᠤᠨ ᠪᠤᠲᠤᠬᠤ ᠪᠤᠯᠪᠠ
ᠨᠡᠶᠢᠲᠡᠯᠡᠭᠰᠡᠨ ᠴᠠᠭ᠄
2016/1/8
     ᠥᠪᠡᠷᠲᠡᠭᠡᠨ ᠵᠠᠰᠠᠬᠤ ᠣᠷᠣᠨ ᠤ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠶᠢᠨ ᠨᠢᠭᠡᠳᠦᠯᠲᠡᠶ ᠪᠠᠶᠢᠷᠢᠯᠠᠭᠤᠯᠤᠯᠲᠠ ᠶᠣᠰᠣᠭᠠᠷ᠂ ᠬᠥᠬᠡᠬᠤᠲᠠ᠂ ᠰᠢᠯᠢ ᠶᠢᠨ ᠭᠤᠣᠯ ᠠᠶᠢᠮᠠᠭ᠂ ᠮᠠᠨᠵᠤᠤᠷ ᠬᠤᠲᠠ ᠪᠤᠯᠤᠨ ᠡᠷᠢᠶᠡᠨ ᠬᠤᠲᠠ ᠶᠢᠨ ᠭᠠᠵᠠᠷ ᠣᠷᠣᠨ ᠨᠢ ᠤᠨᠳᠤᠤ ᠭᠠᠵᠠᠷ ᠲᠤ ᠡᠮᠨᠡᠬᠦᠯᠬᠦ ᠶᠢ ᠲᠠᠰᠤᠯᠤᠨ ᠪᠤᠲᠤᠬᠤ ᠪᠤᠯᠪᠠ᠃ ᠡᠨᠡ ᠨᠢ ᠬᠦᠬᠡᠬᠤᠲᠠ ᠶᠢᠨ ᠳᠠᠭᠠᠳᠬᠠᠯ ᠳᠤ ᠣᠷᠣᠯᠴᠠᠬᠠᠰᠠᠨ ᠬᠥᠮᠦᠰ ᠰᠢᠯᠢ ᠶᠢᠨ ᠭᠤᠣᠯ ᠠᠶᠢᠮᠠᠭ᠂ ᠮᠠᠨᠵᠤᠤᠷ ᠬᠤᠲᠠ ᠪᠤᠯᠤᠨ ᠡᠷᠢᠶᠡᠨ ᠬᠤᠲᠠ ᠶᠢᠨ ᠭᠠᠵᠠᠷ ᠣᠷᠣᠨ ᠳᠤ ᠺᠠᠷᠲ ᠢᠶᠠᠷ ᠡᠮᠨᠡᠭᠦᠯᠦᠨ ᠡᠮ ᠬᠤᠳᠠᠯᠳᠤᠨ ᠠᠪᠴᠦ ᠪᠣᠯᠤᠨ᠎ᠠ ᠭᠡᠰᠡᠨ ᠢ ᠬᠠᠷᠠᠭᠤᠯᠪᠠ᠃      ᠲᠠᠨᠢᠯᠴᠠᠭᠤᠯᠤᠭᠰᠠᠨ ᠢᠶᠠᠷ᠂ ᠣᠨᠳᠣᠣ ᠭᠠᠵᠠᠷ ᠲᠤ ᠲᠠᠰᠣᠯᠣᠨ ᠪᠤᠳᠤᠬᠤ ᠭᠡᠳᠡᠭ ᠨᠢ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠭᠰᠠᠨ ᠬᠦᠮᠦᠰ ᠬᠥᠬᠡᠬᠤᠲᠠ ᠵᠡᠷᠭᠡ ᠭᠠᠵᠠᠷ ᠣᠷᠣᠨ ᠤ ᠨᠡᠷᠡᠰ ᠲᠤ ᠵᠢᠭᠰᠠᠭᠠᠭᠰᠠᠨ ᠲᠤᠭᠲᠠᠭᠰᠠᠨ ᠬᠤᠶᠠᠷ ᠪᠠᠶᠢᠭᠤᠯᠤᠮᠵᠢ ︵ᠡᠮ ᠡᠮᠨᠡᠯᠭᠡ ᠶᠢᠨ ᠳᠠᠭᠠᠳᠬᠠᠯ ᠤᠨ ᠴᠢᠭ᠋ ᠢᠶᠠᠷ ᠲᠤᠭᠲᠠᠭᠠᠭᠰᠠᠨ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠪᠣᠯᠤᠨ ᠡᠮᠨᠡᠯᠭᠡ ᠶᠢᠨ ᠳᠠᠭᠠᠳᠬᠠᠯ ᠤᠨ ᠴᠢᠬ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ︶᠎ ᠶᠢᠨ ᠠᠯᠢ ᠨᠢᠭᠡᠨ ᠳᠤᠨᠢ ᠡᠮᠨᠡᠬᠦᠯᠬᠦ ᠪᠠ ᠡᠮ ᠬᠤᠳᠠᠯᠳᠤᠨ ᠠᠪᠬᠤ ᠳᠤ ᠴᠥᠮ  ᠬᠤᠶᠠᠳᠤᠭᠠᠷ ᠦᠶ᠎ᠡ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠺᠠᠷᠲ ︵ᠥᠪᠥᠷ ᠮᠣᠩᠭᠤᠯ ᠤᠨ ᠬᠥᠳᠡᠭᠡ ᠲᠣᠰᠬᠤᠨ ᠤ ᠢᠲᠡᠭᠡᠮᠵᠢ ᠶᠢᠨ ᠲᠠᠷᠬᠠᠭᠠᠭᠰᠠᠨ︶᠎ ᠢᠶᠠᠷ ᠰᠢᠭᠤᠳ ᠲᠠᠰᠤᠯᠤᠨ ᠪᠤᠳᠤᠵᠤ ᠪᠤᠯᠬᠤ ᠶᠢ ᠵᠢᠭᠠᠵᠤ ᠪᠤᠢ᠃ ᠡᠨᠡ ᠬᠦ ᠠᠵᠢᠯ ᠢ ᠦᠷᠨᠢᠬᠦᠯᠦᠭᠰᠡᠨ ᠨᠢ ᠮᠠᠨ ᠤ ᠤᠷᠤᠨ ᠳᠤ ᠰᠠᠭᠤᠷᠢᠰᠢᠵᠤ ᠪᠠᠶᠢᠬᠤ᠂ ᠠᠯᠪᠠᠨ ᠶᠠᠪᠤᠳᠠᠯ ᠢᠶᠠᠷ ᠭᠠᠳᠠᠭᠰᠢ ᠭᠠᠷᠬᠤ᠂ ᠲᠦᠷᠦᠯ ᠰᠠᠳᠤᠨ ᠢᠶᠠᠨ ᠡᠷᠭᠢᠵᠦ ᠦᠵᠡᠬᠦ᠂  ᠵᠢᠭᠤᠯᠴᠢᠯᠠᠬᠤ ᠵᠡᠷᠭᠡ ᠠᠵᠢᠯᠳᠠᠨ ᠠᠵᠢᠯᠴᠢᠳ ᠤᠨ ᠡᠮᠨᠡᠯᠭᠡ ᠶᠢᠨ ᠳᠠᠭᠠᠳᠬᠠᠯ ᠳᠤ ᠣᠷᠣᠯᠴᠠᠬᠠᠰᠠᠨ ᠬᠥᠮᠦᠰ ᠬᠥᠬᠡᠬᠤᠲᠠ᠂ ᠰᠢᠯᠢ ᠶᠢᠨ ᠭᠤᠣᠯ ᠠᠶᠢᠮᠠᠭ᠂ ᠡᠷᠢᠶᠡᠨ ᠬᠤᠳᠠ᠂ ᠮᠠᠨᠵᠤᠤᠷ ᠬᠤᠲᠠ ᠶᠢᠨ ᠭᠠᠵᠠᠷ ᠣᠷᠣᠨ ᠳᠤ ᠥᠪᠥᠷ ᠮᠣᠩᠭᠤᠯ ᠤᠨ ᠬᠤᠶᠠᠷ ᠱᠠᠲᠤᠨ ᠤ ᠴᠢᠭ᠋ ᠢᠶᠠᠷ ᠲᠣᠭᠲᠠᠭᠠᠭᠰᠠᠨ ᠪᠠᠶᠢᠭᠤᠯᠤᠮᠵᠢ ᠳᠤ ᠺᠠᠷᠲ ᠢᠶᠠᠷ ᠡᠮᠨᠡᠬᠦᠯᠬᠦ ᠪᠠ ᠡᠮ ᠬᠤᠳᠠᠯᠳᠤᠨ ᠠᠪᠬᠤ ᠳᠤ ᠲᠦᠭᠦᠮ ᠦᠵᠡᠭᠦᠯᠵᠦ᠂ ᠡᠷᠬᠢᠯᠡᠨ ᠭᠦᠢᠴᠡᠳᠬᠡᠬᠦ ᠪᠠᠶᠢᠭᠤᠯᠤᠮᠵᠢ ᠳᠤ ᠳᠠᠬᠢᠨᠳᠠ ᠡᠭᠦᠳᠡᠨ ᠡᠮᠨᠡᠯᠭᠡ ᠶᠢᠨ ᠵᠠᠷᠤᠳᠠᠯ ᠤᠨ ᠳᠠᠩᠰᠠ ᠲᠠᠶᠢᠯᠬᠤ ᠶᠠᠷᠰᠢᠭ ᠲᠦᠪᠡᠭ ᠠᠴᠠ ᠵᠠᠶᠢᠯᠠᠰᠬᠢᠵᠦ᠂ ᠳᠠᠭᠠᠳᠬᠠᠯ ᠳᠤ ᠤᠷᠤᠯᠴᠠᠭᠰᠠᠳ ᠤᠨ ᠡᠮᠨᠡᠬᠦᠯᠬᠦ ᠳᠠᠷᠤᠭᠠᠰᠤ ᠶᠢ ᠬᠥᠩᠭᠡᠷᠡᠭᠦᠯᠪᠡ᠃      ᠣᠶᠢᠯᠠᠭᠠᠭᠰᠠᠨ ᠢᠶᠠᠷ᠂ ᠡᠨᠡ ᠤᠳᠠᠭᠠᠨ ᠤ ᠤᠨᠳᠤᠤ ᠭᠠᠵᠠᠷ ᠲᠤ ᠡᠮᠨᠡᠬᠦᠯᠬᠦ ᠴᠢᠭ᠋ ᠢᠶᠠᠷ ᠲᠤᠭᠲᠠᠭᠠᠭᠰᠠᠨ ᠬᠤᠶᠠᠷ ᠪᠠᠶᠢᠭᠤᠯᠤᠮᠵᠢ ᠶᠢᠨ ᠬᠥᠬᠡᠬᠤᠲᠠ ᠣᠷᠣᠨ ︵ᠥᠪᠡᠷᠲᠡᠭᠡᠨ ᠵᠠᠰᠠᠬᠤ ᠣᠷᠣᠨ ᠤ ᠲᠤᠰ ᠱᠠᠲᠤ︶᠎ ᠳᠤ ᠥᠪᠥᠷ ᠮᠣᠩᠭᠤᠯ ᠤᠨ ᠡᠮᠨᠡᠯᠭᠡ ᠶᠢᠨ ᠶᠡᠭᠡ ᠰᠤᠷᠭᠠᠭᠤᠯᠢ ᠶᠢᠨ ᠬᠠᠷᠢᠶᠠᠲᠤ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠨ ᠤᠯᠤᠰ ᠤᠨ ᠮᠣᠩᠭᠤᠯ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠲᠠᠳ ᠡᠮᠨᠡᠯᠭᠡ ᠶᠢᠨ ᠬᠤᠷᠢᠶ᠎ᠠ᠂ ᠬᠥᠬᠡᠬᠤᠲᠠ ᠶᠢᠨ ᠨᠢᠭᠡᠳᠦᠭᠡᠷ ᠡᠮᠨᠡᠯᠭᠡ ᠶᠢᠨ ᠬᠤᠷᠢᠶ᠎ᠠ᠂ ᠬᠥᠬᠡᠬᠤᠲᠠ ᠶᠢᠨ ᠴᠤᠤ ᠵᠢᠦᠢ ᠨᠢᠳᠦᠨ ᠤ ᠡᠮᠨᠡᠯᠭᠡ ᠶᠢᠨ ᠬᠤᠷᠢᠶ᠎ᠠ᠂ ᠬᠦᠸᠧ ᠳ᠋ᠠ ᠡᠮ ᠤᠨ ᠳᠡᠯᠭᠡᠬᠦᠷ᠂ ᠲᠦᠡᠭ ᠯᠢᠩ ᠡᠮ ᠤᠨ ᠳᠡᠯᠭᠡᠬᠦᠷ᠂ ᠲᠢᠶᠡᠠ ᠼᠢ ᠡᠮ ᠤᠨ ᠳᠡᠯᠭᠡᠬᠦᠷ᠂ ᠯᠠᠨ ᠲᠢᠶᠠᠨ ᠡᠮ ᠤᠨ ᠳᠡᠯᠬᠡᠬᠦᠷ᠂ ᠸᠠᠨ ᠮᠢᠨ ᠡᠮ ᠤᠨ ᠳᠡᠯᠭᠡᠬᠦᠷ᠂ ᠬᠤᠢ ᠹᠧᠩ ᠳᠠᠩ ᠡᠮ ᠤᠨ ᠳᠡᠯᠭᠡᠭᠦᠷ᠂ ᠵᠢᠩ ᠶᠤᠸᠠᠨ ᠡᠮ ᠤᠨ ᠳᠡᠯᠭᠡᠬᠦᠷ᠂ ᠰᠠᠢ ᠪᠸᠢ ᠨᠦᠸ᠋ ᠴᠢᠦᠸᠠᠢ ᠰᠢᠶᠠᠨ ᠲᠠᠩ ᠡᠮ ᠤᠨ ᠳᠡᠯᠭᠡᠬᠦᠷ᠂ ᠪᠸᠢ ᠢᠦᠢ ᠡᠮ ᠤᠨ ᠳᠡᠯᠭᠡᠭᠦᠷ ᠵᠡᠷᠭᠡ 35 ᠡᠮᠴᠢᠯᠡᠭᠡᠨ ᠤ ᠪᠠᠶᠢᠭᠤᠯᠤᠮᠵᠢ ᠵᠢᠴᠢ ᠡᠮ ᠤᠨ ᠳᠡᠯᠭᠡᠭᠦᠷ ᠢ ᠪᠠᠭᠲᠠᠭᠠᠵᠤ᠂ ᠮᠠᠨᠵᠤᠤᠷ ᠲᠤ ᠮᠠᠨᠵᠤᠤᠷ ᠬᠤᠲᠠ ᠶᠢᠨ ᠨᠢᠭᠡᠳᠦᠭᠡᠷ ᠡᠮᠨᠡᠯᠭᠡ ᠶᠢᠨ ᠬᠤᠷᠢᠶ᠎ᠠ᠂ ᠮᠠᠨᠵᠤᠤᠷ ᠬᠤᠲᠠ ᠶᠢᠨ ᠬᠢᠲᠠᠳ ᠮᠣᠩᠭᠤᠯ ᠡᠮᠨᠡᠯᠭᠡ ᠶᠢᠨ ᠬᠤᠷᠢᠶ᠎ᠠ ᠵᠡᠷᠭᠡ 7 ᠡᠮᠴᠢᠯᠡᠭᠡᠨ ᠤ ᠪᠠᠶᠢᠭᠤᠯᠤᠮᠵᠢ ᠵᠢᠴᠢ ᠡᠮ ᠤᠨ ᠳᠡᠯᠭᠡᠭᠦᠷ ᠢ ᠪᠠᠭᠲᠠᠭᠠᠵᠤ᠂ ᠡᠷᠢᠶᠡᠨ ᠬᠤᠲᠠ ᠳᠤ ᠡᠷᠢᠶᠡᠨ ᠬᠤᠲᠠ ᠶᠢᠨ ᠡᠮᠨᠡᠯᠭᠡ ᠶᠢᠨ ᠬᠤᠷᠢᠶ᠎ᠠ ᠵᠡᠷᠭᠡ 10 ᠡᠮᠴᠢᠯᠡᠭᠡᠨ ᠤ ᠪᠠᠶᠢᠭᠤᠯᠤᠮᠵᠢ ᠵᠢᠴᠢ ᠡᠮ ᠤᠨ ᠳᠡᠯᠭᠡᠭᠦᠷ ᠢ ᠪᠠᠭᠲᠠᠭᠠᠪᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号