ᠥᠪᠥᠷ ᠮᠣᠩᠭᠤᠯ ᠤᠨ ᠨᠡᠶᠢᠭᠡᠮ ᠤᠨ ᠪᠠᠲᠤᠯᠠᠭ᠎ᠠ ᠶᠢᠨ ᠰᠢᠰᠲ᠋ᠧᠮ ᠡᠳᠦᠷ ᠢᠷᠡᠬᠦᠶ᠎ᠡ ᠲᠡᠭᠦᠯᠳᠡᠷᠵᠢᠵᠦ  ᠪᠠᠲᠤᠯᠠᠭ᠎ᠠ ᠶᠢᠨ ᠴᠢᠳᠠᠪᠤᠷᠢ ᠢᠯᠡᠳᠲᠡ ᠳᠡᠭᠡᠭᠰᠢᠯᠡᠪᠡ
ᠨᠡᠶᠢᠲᠡᠯᠡᠭᠰᠡᠨ ᠴᠠᠭ᠄
2016/11/18
     ᠥᠪᠥᠷ ᠮᠣᠩᠭᠤᠯ ᠤᠨ ᠨᠡᠶᠢᠭᠡᠮ ᠤᠨ ᠳᠠᠭᠠᠳᠬᠠᠯ ᠳᠤ ᠤᠷᠤᠯᠴᠠᠭᠰᠠᠨ ᠪᠦᠷᠬᠦᠴᠡ ᠲᠠᠰᠤᠷᠠᠯᠲᠠ ᠦᠭᠡᠢ ᠥᠷᠭᠡᠳᠴᠦ ᠪᠠᠶᠢᠨ᠎ᠠ᠃ ᠡᠭᠦᠨ ᠤ ᠬᠠᠮᠲᠤ᠂ ᠥᠪᠡᠷᠲᠡᠭᠡᠨ ᠵᠠᠰᠠᠬᠤ ᠣᠷᠣᠨ ᠤ ᠡᠯ᠎ᠡ ᠠᠶᠢᠮᠠᠭ ᠬᠤᠳᠠ ᠨᠤᠭᠤᠳ ᠪᠣᠳᠠᠲᠤ ᠪᠠᠶᠢᠳᠠᠯ ᠢᠶᠠᠨ ᠦᠨᠳᠦᠰᠦᠯᠡᠨ ᠨᠡᠶᠢᠭᠡᠮ ᠤᠨ ᠳᠠᠭᠠᠳᠬᠠᠯ ᠳᠤ ᠤᠷᠤᠯᠴᠠᠬᠤ ᠶᠢ ᠤᠷᠮᠠᠰᠢᠭᠤᠯᠬᠤ ᠲᠦᠷᠦ ᠶᠢᠨ ᠪᠤᠳᠤᠯᠭ᠎ᠠ ᠶᠢ ᠨᠡᠶᠢᠲᠡᠯᠡᠵᠦ᠂ ᠨᠡᠶᠢᠭᠡᠮ ᠤᠨ ᠳᠠᠭᠠᠳᠬᠠᠯ ᠤᠨ ᠬᠢᠨᠠᠨ ᠪᠣᠳᠣᠬᠤ ᠲᠠᠲᠠᠪᠤᠷᠢᠯᠠᠨ ᠬᠤᠷᠢᠶᠠᠬᠤ ᠡᠷᠴᠢᠮ ᠢᠶᠠᠨ ᠴᠢᠩᠭᠠᠷᠠᠭᠤᠯᠤᠨ᠂ ᠮᠡᠳᠡᠭᠦᠯᠬᠦ ᠴᠢᠬᠤᠯᠠᠲᠠᠢ ᠪᠦᠬᠦᠨ ᠢ ᠪᠠᠲᠤᠯᠠᠬᠤ᠂ ᠬᠤᠷᠢᠶᠠᠬᠤ ᠶᠣᠰᠣᠲᠠᠶ ᠶᠢ ᠪᠦᠷ ᠲᠠᠲᠠᠪᠤᠷᠢᠯᠠᠬᠤ ᠶᠢ ᠪᠡᠶᠡᠯᠡᠭᠦᠯᠪᠡ᠃ 9 ᠳ᠋ᠦ᠋ᠭᠡᠷ ᠰᠠᠷ᠎ᠠ ᠶᠢᠨ ᠡᠴᠦᠰ ᠪᠣᠯᠲᠠᠯ᠎ᠠ᠂ ᠪᠦᠬᠦ ᠣᠷᠣᠨ ᠳᠤ ᠨᠡᠶᠢᠳᠡ 591.33 ᠲᠦᠮᠡᠨ ᠬᠥᠮᠦᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠨᠠᠰᠤᠵᠢᠯ ᠤᠨ ᠳᠠᠭᠠᠳᠬᠠᠯ ᠳᠤ ᠤᠷᠤᠵᠤ᠂ 732.88 ᠲᠦᠮᠡᠨ ᠬᠥᠮᠦᠨ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠤᠵᠢᠯ ᠤᠨ ᠳᠠᠭᠠᠳᠬᠠᠯ ᠳᠤ ᠤᠷᠤᠵᠤ᠂ 1011.67 ᠲᠦᠮᠡᠨ ᠬᠥᠮᠦᠨ ᠬᠤᠲᠠ ᠪᠠᠯᠭᠠᠰᠤᠨ ᠤ ᠦᠨᠳᠦᠰᠦᠨ ᠡᠮᠴᠢᠯᠡᠭᠡᠨ ᠤ ᠳᠠᠭᠠᠳᠬᠠᠯ ᠳᠤ ᠤᠷᠤᠵᠤ᠂ 240.85 ᠲᠦᠮᠡᠨ ᠬᠥᠮᠦᠨ ᠠᠵᠢᠯ ᠠᠯᠳᠠᠭᠰᠠᠳ ᠤᠨ ᠳᠠᠭᠠᠳᠬᠠᠯ ᠳᠤ ᠤᠷᠤᠵᠤ᠂ 300.04 ᠲᠦᠮᠡᠨ ᠬᠥᠮᠦᠨ ᠠᠵᠢᠯ ᠠᠴᠠ ᠪᠣᠯᠤᠭᠰᠠᠨ ᠭᠡᠮᠲᠦᠯ ᠤᠨ ᠳᠠᠭᠠᠳᠬᠠᠯ ᠳᠤ ᠤᠷᠤᠵᠤ᠂ 303.68 ᠲᠦᠮᠡᠨ ᠬᠥᠮᠦᠨ ᠦᠷᠡᠵᠢᠯ ᠤᠨ ᠳᠠᠭᠠᠳᠬᠠᠯ ᠳᠤ ᠤᠷᠤᠵᠤ᠂ ᠲᠤᠰ ᠲᠤᠰ ᠣᠨ ᠤ ᠲᠥᠯᠥᠪᠯᠡᠭᠡ ᠶᠢᠨ 90.3%᠂ 99.8%᠂ 99.9%᠂ 100.4%᠂ 100% ᠪᠠ 99.9%᠎ ᠶᠢ ᠪᠡᠶᠡᠯᠡᠭᠦᠯᠵᠡᠢ᠃      ᠥᠪᠡᠷᠲᠡᠭᠡᠨ ᠵᠠᠰᠠᠬᠤ ᠣᠷᠣᠨ ᠤ ᠶᠢᠰᠦᠳᠦᠭᠡᠷ ᠤᠳᠠᠭᠠᠨ ᠤ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠠᠴᠠ ᠨᠠᠰᠢ᠂ ᠥᠪᠥᠷ ᠮᠣᠩᠭᠤᠯ ᠨᠡᠶᠢᠭᠡᠮ ᠤᠨ ᠳᠠᠭᠠᠳᠬᠠᠯ ᠤᠨ ᠬᠠᠷᠠᠭᠠᠯᠵᠠᠯ ᠤᠨ ᠬᠢᠷᠢ ᠲᠦᠪᠰᠢᠨ ᠢ ᠲᠤᠭᠲᠠᠭᠤᠨ ᠢᠶᠠᠷ ᠳᠡᠭᠡᠭᠰᠢᠯᠡᠭᠦᠯᠪᠡ᠃ ᠬᠤᠲᠠ ᠪᠠᠯᠭᠠᠰᠤ ᠶᠢᠨ ᠠᠵᠤ ᠠᠬᠤᠶᠢᠯᠠᠯ ᠤᠨ ᠠᠵᠢᠯᠳᠠᠨ ᠠᠵᠢᠯᠴᠢᠨ ᠤ ᠠᠵᠢᠯ ᠠᠴᠠ ᠪᠠᠨ ᠪᠠᠭᠤᠭᠰᠠᠳ ᠤᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢᠨ ᠬᠢᠷᠢ ᠲᠦᠪᠰᠢᠨ ᠢ 12 ᠵᠢᠯ ᠳᠠᠷᠠᠭᠠᠯᠠᠨ ᠳᠡᠭᠡᠭᠰᠢᠯᠡᠭᠦᠯᠵᠦ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢᠨ ᠬᠢᠷᠢ ᠲᠦᠪᠰᠢᠨ ᠢ ᠳᠡᠭᠡᠭᠰᠢᠯᠡᠭᠦᠯᠪᠡ︔ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠤᠨ ᠡᠳ᠋ ᠤᠨ ᠵᠠᠰᠠᠭ ᠤᠨ ᠨᠥᠬᠦᠪᠥᠷᠢ ᠶᠢ 2011 ᠣᠨ ᠤ ᠬᠥᠮᠦᠨ ᠨᠢᠭᠡᠪᠦᠷᠢ ᠳᠤ ᠵᠢᠯ ᠤᠨ 200 ᠲᠥᠭᠦᠷᠢᠭ ᠪᠠᠶᠢᠭᠰᠠᠨ ᠠᠴᠠ 2016 ᠣᠨ ᠳᠤ ᠬᠥᠮᠦᠨ ᠨᠢᠭᠡᠪᠦᠷᠢ ᠳᠤ ᠵᠢᠯ ᠤᠨ 420 ᠲᠥᠭᠦᠷᠢᠭ ᠪᠤᠯᠲᠠᠯ᠎ᠠ ᠳᠡᠭᠡᠭᠰᠢᠯᠡᠭᠦᠯᠪᠡ᠃ ᠬᠤᠳᠠ ᠪᠠᠯᠭᠠᠰᠤᠨ ᠤ ᠠᠵᠢᠯᠳᠠᠨ ᠠᠵᠢᠯᠴᠢᠨ ᠪᠠ ᠡᠮᠴᠢᠯᠡᠭᠡᠨ ᠤ ᠳᠠᠭᠠᠳᠬᠠᠯ ᠤᠨ ᠲᠥᠷᠥ ᠶᠢᠨ ᠪᠤᠳᠤᠯᠭ᠎ᠠ ᠶᠢᠨ ᠬᠡᠪᠴᠢᠶᠡᠨ ᠳᠣᠲᠣᠷᠠᠬᠢ ᠡᠮᠨᠡᠯᠭᠡ ᠳᠤ ᠰᠠᠭᠤᠬᠤ ᠳᠠᠭᠠᠳᠬᠠᠯ ᠤᠨ ᠬᠠᠷᠢᠴᠠᠯ ᠨᠢ ᠲᠣᠰ ᠲᠣᠰ 85% ᠪᠠ 75%᠎ ᠳᠤ ᠬᠦᠷᠴᠦ᠂ ᠬᠦᠨᠳᠦ ᠣᠨᠴᠠ ᠶᠡᠭᠡ ᠡᠪᠡᠳᠴᠢᠨ ᠤ ᠪᠠᠲᠤᠯᠠᠭ᠎ᠠ ᠶᠢᠨ ᠲᠣᠭᠲᠠᠴᠠ ᠶᠢ ᠲᠡᠭᠦᠯᠳᠡᠷᠵᠢᠭᠦᠯᠵᠦ᠂ 8 ᠵᠦᠢᠯ ᠤᠨ ᠬᠤᠣᠷᠲᠤ ᠬᠠᠪᠤᠳᠠᠷ ᠤᠨ ᠤᠨᠴᠠ ᠲᠤᠰᠤᠯᠲᠤ ᠵᠦᠢᠯ ᠤᠨ ᠡᠮ ᠢ ᠡᠮᠴᠢᠯᠡᠭᠡᠨ ᠤ ᠳᠠᠭᠠᠳᠬᠠᠯ ᠠᠴᠠ ᠥᠭᠬᠦ ᠬᠡᠪᠴᠢᠶᠡᠨ ᠳᠤ ᠤᠷᠤᠭᠤᠯᠪᠠ᠃ ᠠᠵᠤ ᠠᠬᠤᠶᠢᠯᠠᠯ ᠤᠨ ᠠᠵᠢᠯᠲᠠᠨ ᠠᠵᠢᠯᠴᠢᠨ ᠪᠠ ᠠᠵᠢᠯ ᠠᠴᠠ ᠪᠠᠨ ᠪᠠᠭᠤᠭᠰᠠᠳ ᠤᠨ ᠠᠵᠢᠯ ᠤᠨ ᠪᠤᠰᠤ ᠡ᠊ᠨᠳᠡᠯ ᠢᠶᠠᠷ ᠦᠬᠦᠭᠰᠡᠨ ᠨᠥᠭᠴᠢᠭᠰᠡᠳ ᠤᠨ ᠭᠡᠷ ᠪᠦᠯᠢ ᠶᠢᠨ ᠎ ᠬᠢᠨ ᠳᠤ ᠠᠮᠢᠳᠤᠷᠠᠯ ᠤᠨ ᠬᠦᠴᠢᠷᠳᠡᠯ ᠤᠨ ᠨᠥᠬᠦᠪᠥᠷᠢ ᠣᠯᠭᠤᠵᠤ᠂ ᠠᠵᠢᠯ ᠠᠴᠠ ᠪᠣᠯᠤᠭᠰᠠᠨ ᠭᠡᠮᠲᠦᠯ ᠤᠨ ᠬᠥᠮᠦᠰ ᠲᠤ ᠭᠡᠮᠲᠦᠵᠦ ᠵᠡᠮᠳᠡᠭᠳᠡᠭᠰᠡᠨ ᠨᠦᠬᠦᠪᠦᠷᠢ ᠮᠦᠩᠭᠦ ᠤᠯᠭᠤᠬᠤ ᠵᠡᠷᠭᠡ ᠶᠢᠨ ᠪᠠᠷᠢᠮᠵᠢᠶ᠎ᠠ ᠶᠢ ᠪᠦᠷ ᠳᠡᠭᠡᠭᠰᠢᠯᠡᠭᠦᠯᠪᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号